☆ ᠰᠠᠷᠠᠭᠤᠯ
ᠲᠦᠰᠢᠶᠠᠳᠤ ᠮᠢᠨᠢ
ᠡᠶ᠎ᠡ ᠬᠤᠩᠭ᠋ᠤᠷ ᠳᠠᠭᠤ ᠪᠠᠷ ᠣᠭᠢᠯᠠᠩᠨᠠᠨ ᠮᠡᠡᠳᠦᠯᠡᠭᠦ ᠳ᠋ᠤ
ᠡᠵᠢ ᠶᠢᠨ ᠪᠦᠪᠠᠢ ᠪᠠᠷ ᠠᠶᠠᠯᠤᠨ ᠳᠤᠰᠤᠭᠰᠠᠨ
ᠦᠪ ᠰᠤᠶᠤᠯ ᠤᠨ ᠵᠢᠷᠭᠠᠯ ᠢ ᠠᠮᠳᠠᠯᠠᠬᠤ ᠳ᠋ᠤ
ᠡᠴᠢᠭᠡ ᠶᠢᠨ ᠮᠦᠰᠢᠶᠠᠳᠤ ᠪᠠᠷ ᠬᠠᠨᠤᠮᠰᠢᠨ ᠪᠠᠶᠠᠰᠤᠭᠰᠠᠨ
ᠵᠢᠷᠦᠭᠡᠨ ᠤ ᠭᠤᠸ᠎ᠠ ᠲᠦᠰᠢᠶᠠᠳᠤ ᠮᠢᠨᠤ
ᠵᠠᠶᠠᠭᠠᠨ ᠤ ᠬᠤᠪᠢᠯᠭᠠᠨ ᠳᠡᠭ᠍ᠷᠢ ᠮᠢᠨᠤ ︕
ᠣᠮᠤᠭ ᠤᠨ ᠰᠠᠭᠢᠭᠤᠰᠤ ᠳᠤᠭᠰᠢᠷᠠᠵᠤ
ᠣᠮᠤᠷᠬᠠᠵᠤ ᠶᠠᠪᠣᠭᠰᠠᠨ ᠮᠦᠴᠡ ᠳ᠋ᠤ
ᠠᠭᠤᠳᠠᠮ ᠪᠠᠭᠳᠠᠭᠠᠮᠵᠢᠳᠤ ᠬᠠᠯᠠᠭᠤᠨ ᠣᠪᠣᠷ ᠵᠢᠠᠷ
ᠬᠠᠯᠠᠮᠵᠢᠯᠠᠵᠤ ᠰᠤᠷᠭᠠᠭᠰᠠᠨ ᠪᠠᠭᠰᠢ ᠮᠢᠨᠤ
ᠣᠬᠠᠭᠠᠨ ᠤ ᠳᠤᠯᠢ ᠪᠣᠵᠠᠷᠳᠠᠨ
ᠪᠠᠯᠠᠷᠳᠠᠵᠤ ᠶᠠᠪᠣᠭᠰᠠᠨ ᠴᠠᠭ ᠳᠤ
ᠣᠶᠠᠬᠠᠨ ᠪᠦᠪᠠᠢ ᠠᠶᠠᠯᠭ᠎ᠠ ᠪᠠᠷ
ᠠᠷᠭᠠᠳᠠᠵᠤ ᠰᠤᠷᠭᠠᠭᠰᠠᠨ ᠡᠵᠢ ᠮᠢᠨᠤ
ᠭᠠᠵᠠᠷ ᠤᠨ ᠬᠤᠯᠠ ᠡᠴᠠ ᠡᠮᠢᠶᠡᠨ
ᠵᠤᠷᠢᠭ ᠠᠯᠳᠠᠭᠰᠠᠨ ᠦᠶ᠎ᠡ ᠳ᠋ᠤ
《ᠭᠠᠳᠠ ᠮᠠᠢ᠌ᠷᠠᠨ》 ᠊ᠢ ᠳᠠᠭᠤᠯᠠᠨ ᠰᠤᠷ ᠭᠡᠵᠤ
ᠰᠦᠰᠦ ᠬᠠᠢ᠌ᠷᠠᠯᠠᠳᠠᠭ ᠡᠴᠢᠭᠡ ᠮᠢᠨᠤ
ᠳᠠᠰᠬᠠᠯ ᠳᠠᠭᠠᠭᠠᠯᠭᠠᠪᠣᠷᠢ ᠳᠤ ᠪᠠᠨ ᠬᠠᠰᠢᠩᠳᠠᠨ
ᠪᠠᠭᠰᠢ ᠪᠠᠨ ᠠᠭᠤᠷᠯᠠᠭᠤᠯᠬᠤ ᠴᠠᠭ ᠳᠤ
ᠪᠢᠴᠢᠭ᠌ ᠤᠨ ᠪᠠᠯᠠᠢ ᠪᠣᠯ ᠰᠤᠬᠤᠷ ᠭᠡᠵᠤ
ᠴᠡᠭᠡᠵᠢᠯᠡᠭᠦᠯᠵᠤ ᠰᠤᠷᠭᠠᠭᠰᠠᠨ ᠨᠠᠷᠠᠨ ᠮᠢᠨᠤ
ᠬᠤᠯᠠ ᠤᠢ᠌ᠷ᠎ᠡ ᠳᠤ ᠪᠠᠨ
ᠬᠤᠷᠳᠤᠨ ᠮᠤᠷᠢᠳᠠᠨ ᠤ ᠦᠯᠦᠭᠡᠢ ᠴᠤᠯᠠ ᠳᠠᠢ
ᠬᠤᠷᠴᠢᠨ ᠨᠤᠳᠤᠭ ᠲᠤ ᠪᠠᠨ
ᠬᠤᠭᠤᠷ ᠤᠨ ᠡᠭᠡᠰᠢᠭ᠌ ᠤᠨ ᠳᠠᠭᠤᠷᠢᠰᠤᠯ ᠳᠠᠢ
ᠠᠭᠤᠳᠠᠮ ᠭᠡᠪᠠᠯᠢ ᠳᠤ ᠪᠠᠨ
ᠪᠠᠳᠤᠴᠠᠭᠠᠨ ᠣᠢ ᠶᠢᠨ ᠪᠠᠭᠰᠢᠷᠠᠯ ᠳᠠᠢ
ᠡᠮᠤᠨ᠎ᠡ ᠬᠤᠷᠮᠤᠢ ᠳᠤ ᠪᠠᠨ
ᠴᠢᠠᠳᠠᠮᠤᠨᠢ ᠠᠭᠤᠯᠠ ᠶᠢᠨ ᠭᠦᠰᠢᠶ᠎ᠡ ᠳᠠᠢ
ᠬᠠᠢ᠌ᠷ᠎ᠠ ᠶᠢᠨ ᠡᠭᠡᠰᠢᠭ᠌ ᠴᠢᠪᠬᠠᠳᠠᠭᠰᠠᠨ
ᠬᠠᠳᠤᠨ ᠬᠤᠤᠯᠢᠨ ᠤ ᠱᠤᠤᠭᠢᠶ᠎ᠠ ᠲᠡᠶ
ᠬᠤᠯᠠ ᠶᠢᠨ ᠵᠤᠴᠢᠨ ᠶᠢᠡᠨ ᠣᠭᠳᠤᠭᠰᠠᠨ
ᠬᠠᠩᠭ᠋ᠠᠯ ᠴᠥᠭᠦᠷᠦᠮ ᠤᠨ ᠦᠵᠠᠮᠵᠢ ᠲᠡᠶ
ᠢᠵᠠᠭᠤᠷ ᠣᠷᠠᠯᠢᠭ ᠶᠢᠡᠨ ᠪᠠᠳᠠᠷᠠᠭᠠᠭᠰᠠᠨ
ᠠᠠᠳᠠᠢ ᠪᠦᠵᠢᠭ᠌ ᠤᠨ ᠳᠠᠭᠤᠯᠠᠯ ᠲᠡᠶ
ᠠᠯᠤᠰ ᠤᠨ ᠪᠠᠷ᠎ᠠ ᠳᠤ ᠰᠥᠡᠳᠡᠷᠯᠡᠭ᠍ᠰᠡᠨ
ᠬᠠᠨ ᠠᠭᠤᠯᠠ ᠶᠢᠨ ᠳᠤᠮᠤᠭ ᠲᠡᠶ
ᠰᠢᠨ᠎ᠡ ᠪᠠᠷ ᠪᠠᠢ᠌ᠭᠤᠯᠤᠭᠰᠠᠨ ᠲᠦᠰᠢᠶᠠᠳᠤ ᠮᠦᠽᠧᠢ
ᠰᠢᠩᠬᠤᠨ ᠨᠠᠷᠠᠨ ᠳᠤ ᠭᠢᠯᠠᠯᠵᠠᠨ᠎ᠠ
ᠰᠢᠨ᠎ᠡ ᠵᠠᠮ ᠤᠨ ᠬᠠᠮᠠᠭᠠᠯᠠᠯᠳᠠ ᠶᠢᠨ ᠣᠢ ᠳ᠋ᠤ
ᠰᠢᠠᠵᠢᠯᠠᠯ ᠤᠨ ᠦᠷᠳᠡᠭᠡ ᠪᠠᠢ᠌ᠭᠤᠯᠤᠭᠳᠠᠨᠠ
ᠦᠨᠳᠦᠷ ᠬᠤᠷᠳᠤᠴᠠᠳᠤ ᠵᠠᠰᠠᠮᠠᠯ ᠵᠠᠮ
ᠦᠷᠤᠨ᠎ᠡ ᠳᠤᠷᠤᠨ᠎ᠠ ᠶᠢ ᠬᠤᠯᠪᠣᠨ᠎ᠠ
ᠡᠶ᠎ᠡ ᠨᠠᠢ᠌ᠷ ᠤᠨ ᠡᠭᠡᠰᠢᠭ᠌ ᠬᠤᠯᠪᠣᠭ᠎ᠠ
ᠳᠦᠷᠪᠠᠨ ᠣᠳᠠᠰᠤᠳᠤ ᠪᠠᠷ ᠳᠠᠮᠵᠢᠨ᠎ᠠ
ᠠᠰᠠᠨ ᠳᠦᠷᠡᠯᠵᠡᠭ᠍ᠰᠡᠨ ᠬᠠᠢ᠌ᠷ᠎ᠠ ᠶᠢᠨ ᠭᠠᠯ
ᠠᠰᠠᠨ᠎ᠠ ᠳᠠᠯᠠᠪᠣᠷ ᠲᠤ ᠦᠷᠪᠢᠰᠤᠨᠡ
ᠠᠪᠣᠷᠭᠤ ᠦᠨᠳᠦᠷ ᠪᠠᠷᠢᠯᠭ᠎ᠠ ᠶᠢᠨ ᠠᠰᠠᠷ ᠤᠳ
ᠡᠩ ᠵᠢᠭ᠍ᠳᠡᠷᠡᠨ ᠰᠦᠮᠪᠦᠷᠯᠠᠨᠡ
ᠲ᠋ᠠᠯ᠎ᠠ ᠶᠢᠨ ᠬᠡᠦᠬᠡᠳ ᠶᠢᠡᠨ ᠭᠦᠮᠦᠵᠢᠭᠦᠯᠦᠭ᠍ᠰᠡᠨ
ᠳᠠᠪᠤᠨ ᠪᠣᠰᠤᠭ᠎ᠠ ᠮᠤᠩᠭ᠋ᠤᠯ ᠰᠤᠷᠭᠠᠭᠤᠯᠢ
ᠳᠡᠭ᠍ᠷᠢ ᠶᠢᠨ ᠠᠭᠤᠳᠠᠮ ᠢ ᠭᠠᠢ᠌ᠬᠠᠭᠤᠯᠤᠭᠰᠠᠨ
ᠲᠦᠰᠢᠶᠠᠳᠤ ᠳᠠᠯᠠᠪᠣᠷ ᠤᠨ ᠰᠦᠷᠯᠢᠭ᠌ ᠦᠵᠠᠮᠵᠢ
ᠣᠤᠪᠠ ᠶᠢᠨ ᠳᠡᠦᠭᠡ ᠶᠢ ᠮᠡᠳᠡᠭᠦᠯᠦᠭ᠍ᠰᠡᠨ
ᠳᠠᠯᠠᠪᠣᠷ ᠤᠨ ᠬᠠᠵᠠᠭᠤᠳᠠᠭᠢ ᠡᠷᠳᠡᠨᠢᠨ ᠴᠢᠯᠠᠭᠤ
ᠤᠳᠬ᠎ᠠ ᠶᠢᠨ ᠭᠦᠨ ᠢ ᠳᠠᠨᠢᠭᠤᠯᠤᠭᠰᠠᠨ
ᠤᠶᠠᠩᠭ᠎ᠠ ᠶᠢᠨ ᠰᠠᠢ᠌ᠬᠠᠨ ᠰᠤᠶᠤᠯ ᠤᠨ ᠦᠷᠳᠡᠭᠡ
ᠬᠠᠪᠣᠳᠤ ᠡᠪᠦᠭᠡ ᠪᠠᠨ ᠱᠤᠭᠤᠨ ᠠᠮᠢᠯᠠᠭᠤᠯᠤᠭᠰᠠᠨ
ᠬᠠᠰᠢᠷ ᠣᠷᠠᠯᠢᠭᠴᠢᠨ ᠲᠡᠶ ᠲᠦᠰᠢᠶᠠᠳᠤ ᠮᠢᠨᠤ
ᠬᠠᠨ ᠰᠤᠶᠤᠯ ᠶᠢᠡᠨ ᠮᠥᠩᠭᠡᠯᠡᠨ ᠳᠡᠭᠡᠳᠦᠯᠡᠭ᠍ᠰᠡᠨ
ᠬᠠᠠᠳᠢᠪ ᠮᠥᠩᠭᠡ ᠲᠦᠰᠢᠶᠠᠳᠤ ᠮᠢᠨᠤ
ᠠᠷᠪᠠᠨ ᠨᠢ᠋ᠮᠠᠨ ᠣᠪᠣᠭᠠᠨ ᠴᠢᠯᠠᠭᠤ
ᠠᠭᠤᠤ ᠲᠦᠰᠢᠶᠠᠳᠤ ᠶᠢᠨ ᠪᠠᠯᠭᠡ ᠳᠡᠮᠳᠡᠭ᠌
ᠠᠷᠠᠤᠨ ᠤᠨ ᠬᠤᠭᠤᠷᠴᠢ ᠭᠠᠠᠵᠤᠤᠷ ᠤᠨ
ᠠᠶᠠᠯᠭᠤᠨ ᠳᠤᠮᠳᠠᠭᠢ ᠵᠦᠩᠨᠠᠯ ︕
ᠲᠦᠯᠡᠭᠡᠮᠦᠳᠤ ᠶᠢᠨ ᠰᠠᠨ ᠯᠦᠩ ᠱᠠᠨ
ᠳᠡᠭ᠍ᠷᠢ ᠪᠠᠭᠠᠨᠠᠳᠠᠨ ᠰᠥᠡᠳᠡᠷᠯᠡᠭᠡᠳ
ᠭᠤᠤᠯ ᠤᠨ ᠪᠠᠢ᠌ᠰᠢᠩ ᠤᠨ ᠬᠠᠷ᠎ᠠ ᠠᠷᠢᠭᠢ
ᠬᠠᠷᠢ ᠶᠢᠨ ᠳᠡᠯᠭᠡᠭᠦᠷ ᠲᠤ ᠳᠡᠯᠭᠡᠭ᠍ᠳᠡᠭᠦᠢ
ᠬᠤᠶᠠᠷ ᠰᠤᠮᠤ ᠶᠢᠨ ᠵᠠᠬ᠎ᠠ ᠶᠢᠨ ᠳᠡᠯᠭᠡᠭᠦᠷ
ᠬᠤᠰᠢᠭᠤ ᠨᠤᠳᠤᠭ ᠲᠤ ᠪᠠᠨ ᠠᠯᠳᠠᠷᠰᠢᠭᠠᠤᠨ
ᠪᠠᠶᠠᠠᠮᠠᠩᠬ᠎ᠠ ᠶᠢᠨ ᠪᠠᠶᠠᠵᠢᠯ ᠭᠦᠭ᠍ᠵᠢᠯ
ᠪᠠᠳᠠᠭ ᠰᠢᠯᠦᠭ᠌ ᠲᠤ ᠰᠤᠯᠤᠩᠭ᠋ᠠᠷᠠᠬᠤᠢ
ᠭᠦᠡᠳᠡᠯᠡᠨ ᠨᠤᠳᠤᠭ ᠤᠨ ᠭᠦᠭ᠌ ᠤᠶᠠᠩᠭ᠎ᠠ
ᠭᠦᠳᠡᠭᠡ ᠰᠤᠶᠤᠯ ᠶᠢᠡᠨ ᠡᠷᠭᠦᠭᠡᠳ
ᠳᠠᠢ᠌ᠴᠢᠠᠳᠠᠯ᠎ᠠ ᠶᠢᠨ ᠪᠠᠳᠤᠴᠠᠭᠠᠨ
ᠳᠠᠶᠠᠩ ᠤᠨ ᠰᠤᠨᠤᠷ ᠲᠤ ᠣᠶᠠᠩᠭ᠋ᠠᠷᠠᠬᠤᠢ
ᠳᠠᠪᠰᠢᠯᠳᠤ ᠰᠠᠢ᠌ᠳᠠᠢ ᠪᠠᠶᠠᠠᠨᠠᠭᠤᠷ
ᠡᠷᠡᠨ ᠤ ᠵᠢᠪᠬᠤᠭ᠎ᠠ ᠲᠡᠶ ᠳᠡᠩᠭᠡᠢ᠌ᠨᠡ
ᠪᠠᠷᠠᠭᠤᠨ ᠵᠢᠷᠤᠮ ᠤᠨ ᠪᠢᠴᠢᠭ᠍ᠳᠤ ᠬᠠᠳᠠ
ᠪᠠᠬ᠎ᠠ ᠶᠢ ᠳᠠᠳᠠᠮ᠎ᠠ ᠰᠥᠡᠳᠡᠷᠯᠡᠭᠡᠳ
ᠪᠠᠵᠢᠯᠠᠭ᠎ᠠ ᠶᠢᠨ ᠡᠷᠳᠡᠨᠢᠨ ᠠᠭᠤᠯᠠ
ᠠᠯᠤᠰ ᠤᠨ ᠠᠯᠤᠰ ᠲᠤ ᠰᠥᠡᠳᠡᠷᠯᠡᠨᠡ
ᠪᠦᠳᠦᠭᠦᠨ ᠪᠦᠳᠦᠭᠦᠨ ᠬᠤᠧᠨ ᠳᠠᠢ
ᠪᠦᠳᠦᠭᠦᠠᠬᠤᠧᠨ ᠨᠤᠳᠤᠭ ᠶᠢᠡᠷ ᠳᠤᠭᠤᠷᠢᠪᠠᠤ
ᠳᠤᠪᠣ ᠳᠤᠯᠤᠭᠠᠤᠨ ᠣᠯᠠᠨ ᠳᠠᠢ
ᠶᠡᠭᠡᠳᠦᠪᠦ ᠪᠠᠷ ᠠᠢ᠌ᠯᠴᠢᠯᠠᠪᠠᠤ
ᠰᠢᠷᠭ᠎ᠠ ᠮᠤᠷᠢᠳ ᠤᠨ ᠳᠤᠤᠯᠢ ᠳᠠᠢ
ᠰᠢᠷᠭ᠎ᠠ ᠨᠤᠳᠤᠭ ᠶᠢᠡᠷ ᠭᠦᠷᠪᠠᠤ
ᠳᠡᠦᠭᠡᠳᠤ ᠵᠤᠭᠰᠤᠭᠠᠯ ᠶᠢᠡᠷ ᠨᠡᠷᠡᠯᠡᠭ᠍ᠳᠡᠭ᠍ᠰᠡᠨ
ᠳᠠᠪᠢᠨ ᠨᠤᠳᠤᠭ ᠶᠢᠡᠷ ᠵᠤᠭᠠᠴᠠᠪᠠᠤ
ᠬᠠᠪ ᠬᠠᠷ᠎ᠠ ᠭᠦᠷᠦᠰᠤ ᠳᠠᠢ
ᠬᠠᠷᠠᠨᠢᠭᠤᠷ ᠡᠴᠠ ᠰᠤᠨᠢᠷᠬᠠᠪᠠᠤ
ᠳᠡᠯᠭᠡᠭᠦᠷ ᠪᠠᠷᠠᠭ᠎ᠠ ᠴᠢᠨᠠᠷ ᠰᠠᠢ᠌ᠨ
ᠳᠦᠷᠠᠯᠵᠢ ᠨᠤᠳᠤᠭ ᠶᠢᠡᠷ ᠰᠠᠭᠠᠳᠠᠪᠠᠤ
ᠨᠠᠷᠢᠮᠤ ᠶᠢᠨ ᠨᠤᠳᠤᠭ ᠡᠮᠳᠤ ᠶᠢᠨ ᠭᠤᠤᠯ ᠵᠢᠠᠷ
ᠨᠠᠷᠠ ᠪᠠᠨ ᠡᠷᠭᠦᠭᠡᠳ ᠪᠠᠭᠤᠪᠠᠤ
ᠨᠠᠢ᠌ᠷᠳᠠᠢ ᠰᠠᠢ᠌ᠬᠠᠨ ᠵᠠᠮᠴᠢᠨ ᠨᠤᠳᠤᠭ ᠵᠢᠠᠷ
ᠨᠠᠢ᠌ᠷ ᠤᠨ ᠳᠠᠭᠤᠤ ᠲᠡᠶ ᠮᠤᠷᠢᠯᠠᠪᠠᠤ
ᠡᠶ᠎ᠡ ᠬᠤᠩᠭ᠋ᠤᠷ ᠳᠠᠭᠤ ᠪᠠᠷ ᠣᠭᠢᠯᠠᠩᠨᠠᠨ ᠮᠡᠡᠳᠦᠯᠡᠭᠦ ᠳ᠋ᠤ
ᠡᠵᠢ ᠶᠢᠨ ᠪᠦᠪᠠᠢ ᠪᠠᠷ ᠠᠶᠠᠯᠤᠨ ᠳᠤᠰᠤᠭᠰᠠᠨ
ᠦᠪ ᠰᠤᠶᠤᠯ ᠤᠨ ᠵᠢᠷᠭᠠᠯ ᠢ ᠠᠮᠳᠠᠯᠠᠬᠤ ᠳ᠋ᠤ
ᠡᠴᠢᠭᠡ ᠶᠢᠨ ᠮᠦᠰᠢᠶᠠᠳᠤ ᠪᠠᠷ ᠬᠠᠨᠤᠮᠰᠢᠨ ᠪᠠᠶᠠᠰᠤᠭᠰᠠᠨ
ᠵᠢᠷᠦᠭᠡᠨ ᠤ ᠭᠤᠸ᠎ᠠ ᠲᠦᠰᠢᠶᠠᠳᠤ ᠮᠢᠨᠤ
ᠵᠠᠶᠠᠭᠠᠨ ᠤ ᠬᠤᠪᠢᠯᠭᠠᠨ ᠳᠡᠭ᠍ᠷᠢ ᠮᠢᠨᠤ ︕
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11077
ᠴᠠᠭ᠄ 2013 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ