ᠨᠡᠪᠲᠡᠷᠡᠨ ᠤᠷᠤᠬᠤ
ᠨᠤᠷᠳᠠᠭ ᠤᠨ ᠯᠤᠭᠢᠭ

《ᠶᠠᠭᠤ ᠴᠤ ᠦᠭᠡᠶ ᠳᠤ ᠪᠣᠯᠤᠨ᠎ᠠ᠂ ᠨᠤᠷᠳᠠᠭ ᠪᠢ ᠠᠷᠢᠭᠢ ᠦᠭᠡᠶ ᠯᠠ ᠪᠣᠯ ᠪᠣᠯᠬᠤ ᠦᠭᠡᠶ᠃ ᠳᠦᠷᠪᠡᠨ ᠯᠠᠩ ᠶᠢᠡᠨ ᠳᠠᠳᠠᠴᠢᠬᠠᠯ᠎ᠠ ᠭᠡᠭ᠍ᠰᠡᠭᠡᠷ ᠠᠯᠢᠪᠠ ᠵᠤᠪᠠᠯ ᠵᠥᠳᠡᠭᠦᠷᠢ ᠲᠡᠶ ᠭᠡᠷᠡᠭ᠌ ᠴᠤ ᠪᠣᠷᠤᠭᠠᠨ ᠤ ᠳᠠᠷᠠᠭᠠᠭᠢ ᠡᠭᠦᠯᠡ ᠰᠢᠭ᠌ ᠭᠡᠢ᠌ᠰᠤᠨ ᠠᠷᠢᠯᠵᠤ᠂ ᠳᠡᠭ᠍ᠷᠢ ᠳᠤ ᠭᠠᠷᠴᠤ ᠪᠣᠷᠬᠠᠨ ᠪᠣᠯᠤᠭᠰᠠᠨ ᠰᠢᠭ ᠰᠨᠠᠭᠳᠠᠳᠠᠭ ᠰᠢᠤ》᠃ ᠨᠠᠨ ᠪᠣᠯ ᠪᠠᠯᠠᠩᠳᠠᠢ ᠠᠢ᠌ᠯ ᠤᠨ ᠨᠤᠷᠳᠠᠭ ᠭᠤᠸᠠᠢ ᠶᠢᠨ ᠠᠮᠠᠨ ᠳᠠᠭᠠᠨ ᠪᠦᠪᠠᠢ᠌ᠯᠡᠳᠡᠭ᠌ ᠥᠭᠡ᠂ ᠬᠤᠷᠢᠨ ᠭᠡᠳᠤᠨ ᠨᠠᠰᠤᠨ ᠡᠴᠡ ᠪᠠᠨ ᠳᠠᠪᠢᠭᠠᠤᠨ ᠨᠠᠰᠤᠯᠠᠳᠠᠯ᠎ᠠ ᠨᠤᠷᠳᠠᠭ ᠡᠨᠡᠭᠦ ᠶᠠᠷᠢᠶ᠎ᠠ ᠪᠠᠷ ᠶᠢᠡᠨ ᠨᠤᠳᠤᠭ ᠲᠠᠭᠠᠨ ᠠᠯᠳᠠᠷᠰᠢᠨ ᠣᠰᠤᠨ ᠳᠠᠭᠠᠨ ᠴᠤᠯᠭᠤᠷᠠᠭᠰᠠᠨ᠃ ᠨᠤᠷᠳᠠᠭ ᠠᠷᠢᠭᠢ ᠲᠡᠶ ᠰᠤᠳᠠᠰᠤ ᠬᠤᠯᠪᠤᠨ ᠠᠯᠵᠠᠭᠤ ᠳᠡᠢ ᠨᠥᠭᠦᠷ ᠪᠣᠯᠤᠯᠴᠠᠨ ᠬᠤᠭᠤᠰᠤᠨ ᠲᠡᠶ ᠠᠠᠳᠠ ᠪᠠᠷᠢᠯᠳᠤᠵᠠᠢ᠃

ᠨᠤᠷᠳᠠᠭ ᠲᠤ ᠥᠭᠡᠷ᠎ᠡ ᠳᠤᠪᠣᠢ᠌ᠭᠰᠠᠨ ᠳᠠᠯ᠎ᠠ ᠦᠭᠡᠶ᠂ ᠭᠦᠮᠤᠨ ᠡᠴᠡ ᠣᠠᠴᠠᠭᠠᠢ ᠠᠪᠢᠶᠠᠰ ᠦᠭᠡᠶ᠂ ᠪᠣᠰᠤᠳ ᠭᠦᠮᠤᠨ ᠭᠢᠮᠤᠷᠠᠵᠠᠢ ᠭᠡᠭᠦ ᠪᠣᠶᠤ ᠭᠦᠯ ᠨᠢᠷᠤᠭᠤ ᠡᠪᠠᠦᠡᠴᠡᠢ ᠭᠡᠵᠤ ᠰᠤᠨᠤᠰᠪᠠᠯ ᠨᠤᠷᠳᠠᠭ ᠭᠤᠸᠠᠢ ᠣᠷᠤᠭᠤᠯ ᠢᠷᠪᠠᠢ᠌ᠨ ᠨᠢᠳᠤ ᠳᠤᠷᠮᠤᠯᠵᠠᠭᠤᠯᠤᠨ᠄ 《ᠶᠠᠮᠠᠷ ᠭᠢᠮᠤᠷᠠᠭ᠎ᠠ ᠡᠪᠡᠳᠴᠢᠨ ᠭᠡᠳ ᠯᠠ᠂ ᠬᠤᠶᠠᠷ ᠯᠠᠩ ᠬᠠᠯᠠᠭᠤᠨ ᠠᠷᠢᠭᠢ ᠪᠠᠢ᠌ᠪᠠᠯ ᠳᠤᠰᠠ ᠪᠣᠯᠴᠢᠬᠠᠬᠤ ᠶᠤᠮ ᠢ⁈》 ᠭᠡᠳ ᠯᠠ ᠳᠤᠬᠤ ᠳᠠᠮᠤᠷᠠᠭᠤᠯᠤᠨ ᠳᠤᠯᠤᠭᠠᠢ ᠰᠠᠪᠠᠳᠠᠭ᠃ ᠭᠦᠮᠤᠨ ᠪᠣᠯᠵᠤ ᠳᠦᠷᠦᠭ᠍ᠰᠡᠨ ᠡᠴᠡ ᠨᠠᠰᠢ ᠨᠤᠷᠳᠠᠭ ᠭᠤᠸᠠᠢ ᠡᠮ ᠳᠠᠩ ᠣᠤᠭᠤᠭᠰᠠᠨ ᠤᠳᠠᠭ᠎ᠠ ᠭᠡᠵᠤ ᠦᠭᠡᠶ᠂ ᠠᠷᠢᠭᠢ ᠣᠤᠭᠤᠭᠠᠤᠨ ᠰᠦᠨᠢ ᠣᠷᠤᠢ ᠪᠠᠷ ᠨᠢᠭᠡ ᠭᠡᠷ ᠶᠢᠡᠨ ᠪᠣᠵᠢᠭᠢᠨᠠᠭᠤᠯᠤᠨ᠂ ᠣᠭᠰᠢᠵᠤ ᠰᠠᠭᠤᠯᠭᠠᠭᠠᠤᠨ ᠪᠣᠵᠠᠷ ᠪᠣᠷᠳᠠᠭ ᠶᠢᠡᠨ ᠴᠡᠪᠠᠷᠯᠡᠭᠦᠯᠵᠤ ᠪᠠᠢ᠌ᠳᠠᠭ ᠪᠣᠯᠪᠠᠴᠤ ᠮᠷᠭᠠᠰᠢ ᠥᠷᠯᠦᠭᠡ ᠨᠢ ᠨᠢᠭᠡ ᠬᠤᠠᠳᠠᠭ᠎ᠠ ᠬᠠᠪ ᠬᠠᠯᠠᠭᠤᠨ ᠠᠷᠢᠭᠢ ᠪᠠᠷ ᠰᠢᠷ᠎ᠠ ᠪᠠᠨ ᠳᠠᠢ᠌ᠯᠵᠤ ᠠᠮᠢᠳᠤᠷᠠᠯ ᠶᠢᠡᠨ ᠳᠠᠭᠢᠨ ᠡᠭᠢᠯᠡᠭᠦᠯᠳᠡᠭ᠌ ᠣᠴᠢᠷ ᠲᠡᠶ᠃ ᠨᠤᠷᠳᠠᠭ ᠭᠤᠸᠠᠢ ᠶᠢ ᠨᠠᠷᠠ ᠳᠠᠭᠠᠵᠤ ᠪᠠᠢ᠌ᠭ᠎ᠠ ᠪᠣᠯᠤᠯᠳᠠᠢ᠂ ᠳᠡᠭᠦᠨ ᠤ ᠪᠣᠳᠤᠯ ᠤᠨ ᠳᠡᠭ᠍ᠷᠢ ᠨᠢ ᠭᠡᠵᠢᠶᠡᠳᠡ ᠳᠤᠩᠭ᠋ᠠᠯᠠᠭ ᠪᠠᠢ᠌ᠳᠠᠭ ᠨᠢ ᠭᠡᠴᠡᠭᠦᠤ᠃ ᠡᠮ ᠣᠤᠭᠤᠬᠤ ᠵᠤᠭᠤᠰ ᠶᠢᠡᠷ ᠶᠢᠡᠨ ᠭᠡᠳᠦᠢ ᠠᠷᠢᠭᠢ ᠣᠤᠭᠤᠭᠰᠠᠨ ᠢ ᠪᠣᠤ ᠮᠠᠳᠠ᠃ ᠪᠣᠰᠤᠳ ᠭᠦᠮᠤᠨ ᠡᠨᠡ ᠳᠠᠯ᠎ᠠ ᠪᠠᠷ ᠮᠠᠭᠳᠠᠪᠠᠯ ᠨᠤᠷᠳᠠᠭ ᠭᠤᠸᠠᠢ ᠶᠡᠭᠡᠯ᠎ᠡ ᠣᠮᠤᠭᠳᠠᠢ ᠪᠠᠢ᠌ᠳᠠᠯ ᠭᠠᠷᠭᠠᠵᠤ ᠡᠷᠡᠤ ᠡᠷᠳᠡᠢ᠌ᠯᠭᠡᠨ ᠨᠢᠷᠤᠭᠤ ᠮᠠᠳᠠᠢ᠌ᠨ᠄ 《ᠳᠤᠭᠠᠯᠠᠪᠠᠰᠤ ᠳᠤᠭ᠎ᠠ ᠦᠭᠡᠶ᠂ ᠪᠠᠷᠤᠭ ᠳᠦᠷᠪᠡᠨ ᠳᠤᠨ ᠠᠷᠢᠭᠢ ᠣᠤᠭᠤᠭᠰᠠᠨ ᠪᠠᠢ᠌ᠵᠤ ᠮᠠᠳᠠᠨ᠎ᠠ ᠰᠢᠤ︕》 ᠭᠡᠵᠤ ᠦᠪᠡᠷ ᠤᠨ ᠭᠢᠷᠢ ᠪᠦᠳᠦᠮᠵᠢ ᠪᠠᠨ ᠪᠣᠳᠠᠳᠠᠢ ᠪᠠᠷᠢᠮᠳᠠ ᠲᠡᠶ ᠪᠠᠷ ᠬᠤᠷᠤᠭᠤ ᠳᠠᠷᠤᠨ ᠮᠡᠳᠡᠭᠦᠯᠳᠡᠭ᠌᠂ ᠨᠤᠷᠳᠠᠭ ᠡᠨᠡ ᠶᠠᠩᠵᠤ ᠪᠠᠷ ᠰᠤᠭᠳᠤᠭᠤ ᠨᠢᠳᠤ ᠪᠠᠷ ᠶ‍ᠢᠷᠳᠢᠠᠴᠤ ᠶᠢ ᠬᠠᠷᠠᠵᠤ ᠭᠦᠮᠤᠨ ᠤ ᠠᠮᠢᠳᠤᠷᠠᠯ ᠤᠨ ᠵᠠᠮ ᠢ ᠡᠪᠭᠡᠵᠤ ᠶᠠᠪᠣᠨ᠎ᠠ᠃

ᠭᠦᠮᠤᠨ ᠠᠮᠢᠳᠤᠷᠠᠵᠤ ᠪᠠᠢ᠌ᠪᠠᠯ ᠵᠤᠪᠠᠯᠠᠩ ᠡᠴᠡ ᠰᠠᠯᠵᠤ ᠴᠢᠳᠠᠬᠤ ᠦᠭᠡᠶ᠂ ᠭᠡᠳᠡᠯ᠎ᠡ ᠵᠤᠪᠠᠯᠠᠩ ᠢ ᠪᠣᠳᠤᠬᠤ ᠦᠭᠡᠶ ᠪᠣᠯ ᠳᠠᠷᠠ ᠨᠢ ᠵᠤᠪᠠᠯᠠᠩ ᠪᠢᠰᠢ ᠵᠢᠷᠭᠠᠯ ᠪᠣᠯᠵᠤ ᠦᠪ ᠭᠦᠷᠦᠩᠭᠡ ᠪᠣᠯᠵᠤ ᠰᠣᠢ᠌ᠯᠳᠠᠵᠤ ᠢᠷᠡᠭᠦ ᠶᠢ ᠨᠤᠷᠳᠠᠭ ᠤᠨ ᠪᠠᠶ᠎ᠠ ᠡᠴᠡ ᠣᠯᠵᠤ ᠦᠵᠡᠵᠤ ᠪᠣᠯᠤᠨ᠎ᠠ᠃ ᠨᠤᠷᠳᠠᠭ ᠤᠨ ᠭᠢᠨ ᠭᠡᠪᠠᠯ ᠨᠤᠳᠤᠭ ᠲᠠᠭᠠᠨ ᠨᠠᠷᠠᠳᠠᠢ ᠶᠠᠳᠠᠭᠤ ᠡᠷᠦᠭᠡ 《ᠳᠡᠭᠡᠷ᠎ᠡ ᠪᠠᠨ ᠬᠤᠴᠢᠬᠤ ᠭᠦᠡᠵᠢᠯᠡ ᠦᠭᠡᠶ᠂ ᠳᠡᠭᠡᠳᠤ ᠳᠤ ᠪᠠᠨ ᠨᠠᠮᠠᠡᠴᠢᠯᠠᠬᠤ ᠭᠦᠵᠢ ᠦᠭᠡᠶ》 ᠠᠮᠢᠳᠤᠷᠠᠯ ᠲᠡᠶ᠃ 21 ᠳ᠋ᠤᠭᠠᠷ ᠵᠠᠭᠤᠨ ᠤ ᠡᠭᠦᠳᠡᠨ ᠪᠣᠱᠤᠭ᠎ᠠ ᠶᠢ ᠠᠯᠬᠤᠨ ᠣᠷᠤᠬᠤ ᠳᠠᠭᠠᠨ ᠪᠢᠳᠡᠭᠦᠨ ᠤ ᠮᠢᠬ᠎ᠠ ᠭᠡᠵᠤ ᠪᠣᠰᠤᠳ ᠡᠴᠡ ᠠᠷᠪᠠᠨ ᠵᠢᠩ ᠱᠡᠭᠡᠯᠡᠵᠤ ᠠᠪᠣᠭᠰᠠᠨ ᠢ ᠨᠢ ᠠᠢ᠌ᠯ ᠤᠨ ᠭᠦᠮᠦᠰ ᠨᠢ ᠪᠦᠷ ᠮᠠᠳᠠᠨ᠎ᠠ᠃ ᠨᠢᠭᠡ ᠭᠡᠷ ᠤᠨ ᠳᠦᠷᠪᠡᠨ ᠠᠮᠠ ᠭᠦᠢᠳᠡᠨ ᠭᠡᠷ ᠲᠡᠭᠡᠨ ᠭᠦᠯᠳᠡᠭᠦᠰᠤ ᠶᠢᠨ ᠣᠳᠤᠭ᠎ᠠ ᠶᠢᠨ ᠳᠤᠮᠳᠠ ᠮᠢᠬ᠎ᠠ ᠱᠤᠯᠤᠮᠳᠠᠨ ᠢᠳᠡᠭᠦ ᠳᠡᠭᠡᠨ ᠨᠤᠷᠳᠠᠭ ᠭᠤᠸᠠᠢ ᠬᠤᠠᠳᠠᠭ᠎ᠠ ᠲᠡᠶ ᠠᠷᠢᠭᠢ ᠪᠠᠨ ᠠᠭᠠᠵᠢᠭᠤ ᠪᠠᠷ 《ᠵᠤᠷᠳ᠋ ᠊᠊᠊᠊᠊᠊᠊᠊᠊᠊᠊᠊᠊᠊᠊ ᠵᠤᠷᠳ᠋》 ᠪᠠᠯᠭᠤᠴᠢᠬᠠᠭᠠᠤᠨ ᠶᠠᠰᠤ ᠭᠡᠮᠡᠯᠢᠭ᠍ᠰᠡᠭᠡᠷ ᠳᠠᠯᠪᠢᠭᠤ ᠪᠦᠭᠡᠳ ᠰᠡᠳᠭᠢᠯ ᠬᠠᠨᠤᠮᠵᠢᠳᠠᠢ ᠪᠠᠷ᠄ 《ᠶᠠᠭᠠᠭᠢᠭᠰᠠᠨ ᠴᠤ ᠭᠡᠰᠢᠭ᠌ ᠪᠣᠶᠠᠨ ᠶᠢᠡᠷ ᠶᠢᠡᠨ ᠳᠠᠭᠠᠷᠠᠵᠤ ᠮᠢᠬ᠎ᠠ ᠪᠦᠭᠦᠯᠢ ᠲᠡᠶ ᠪᠠᠷ ᠰᠢᠨ᠎ᠠ ᠮᠢᠩᠭ᠋ᠠᠨ ᠢ ᠰᠠᠢ᠌ᠬᠠᠨ ᠴᠤ ᠣᠭᠳᠤᠯ᠎ᠠ︕ 〈ᠠᠷᠢᠭᠢ ᠪᠠᠢ᠌ᠪᠠᠯ ᠨᠤᠶᠠᠨ᠂ ᠮᠢᠬ᠎ᠠ ᠪᠠᠢ᠌ᠪᠠᠯ ᠪᠠᠶᠠᠨ〉᠂ ᠨᠤᠷᠳᠠᠭ ᠪᠢ ᠭᠡᠨ ᠡᠴᠡ ᠴᠤ ᠳᠤᠳᠠᠭᠤ ᠪᠣᠢ ⁈》 ᠭᠡᠵᠤ ᠬᠠᠯᠠᠮᠰᠠᠨ ᠪᠠᠶᠠᠷᠯᠠᠨ ᠰᠠᠭᠤᠨ᠎ᠠ᠃ ᠴᠠᠭᠢᠯᠭᠠᠨ ᠤ ᠰᠥᠢᠦᠡᠭᠡᠯ ᠶᠢᠡᠨ ᠳᠤᠰᠢᠶᠠᠵᠤ ᠳᠡᠢ᠌ᠯᠭᠦ ᠦᠭᠡᠶ ᠡᠴᠡ ᠣᠳᠠᠰᠤ ᠪᠠᠨ ᠳᠠᠰᠤᠯᠠᠭᠳᠠᠵᠤ ᠳᠤᠰᠤᠨ ᠳ᠋ᠸᠩ ᠤᠨ ᠳᠤᠤᠷ᠎ᠠ ᠡᠭᠡᠨᠡᠷ ᠬᠡᠦᠭᠡᠳ ᠳᠠᠢ ᠪᠠᠨ ᠦᠯᠠᠳᠠᠵᠤ ᠳᠤᠰᠤᠭᠰᠠᠨ ᠭᠡᠰᠡᠭ᠌ ᠵᠦᠰᠤᠮ ᠮᠢᠬ᠎ᠠ ᠪᠠᠷ ᠭᠠᠯ ᠭᠤᠯᠤᠮᠳᠠ ᠪᠠᠨ ᠳᠠᠭᠢᠵᠤ ᠪᠢᠯᠠ᠃

《ᠪᠠᠷᠠᠭᠤᠨ ᠠᠢ᠌ᠯ ᠤᠨ ᠡᠪᠦᠭᠡᠨ ᠸᠠᠩ ᠰᠠᠬᠠᠯᠳᠤ ᠪᠢᠳᠡᠭᠦᠨ ᠤ ᠰᠦᠨᠢ ᠬᠠᠭᠤᠷᠠᠭᠰᠠᠨ ᠡᠷᠳᠡᠨᠢ ᠰᠢᠰᠢ ᠶᠢ ᠣᠰᠤᠨ ᠳᠤ ᠳᠡᠪᠳᠦᠭᠡᠵᠤ ᠢᠳᠠᠵᠤ ᠥᠩᠭᠡᠷᠡᠭ᠍ᠰᠡᠨ ᠰᠢᠤ᠂ ᠬᠨ ᠬᠨ︕ ᠥᠨᠡᠭᠡᠷ ᠱᠤᠭ ᠲᠡᠶ᠁》᠃

《ᠵᠡᠭᠦᠨ ᠠᠢ᠌ᠯ ᠤᠨ ᠣᠷᠬᠤᠳᠠᠢ ᠶᠢᠨ ᠪᠠᠷᠢ ᠪᠢᠳᠡᠭᠦᠨ ᠤ ᠰᠦᠨᠢ ᠳᠤᠤᠷ᠎ᠠ ᠭᠠᠵᠠᠷ ᠤᠨ ᠭᠢᠳᠠᠤᠨ ᠭᠦᠮᠤᠨ ᠢ ᠳᠠᠭᠠᠭᠠᠤᠨ ᠳᠤᠳᠠᠭᠠᠴᠢᠬᠠᠭᠰᠠᠨ ᠭᠡᠨ᠎ᠡ᠁》

《ᠡᠮᠦᠨ᠎ᠡ ᠠᠢ᠌ᠯ ᠤᠨ ᠳᠠᠯᠠᠨᠳᠠᠢ ᠪᠢᠳᠡᠭᠦᠨ ᠤ ᠰᠦᠨᠢ ᠠᠯᠳᠠᠠᠬᠤᠸᠠᠷ ᠤᠨ ᠭᠡᠷ ᠡᠴᠡ ᠰᠢᠷ᠎ᠠ ᠪᠣᠷᠴᠠᠭ ᠢ ᠨᠢ ᠬᠤᠯᠠᠭᠠᠢ᠌ᠯᠠᠵᠤ ᠮᠠᠬᠤᠸᠠᠷ ᠰᠤᠯᠢᠵᠤ ᠢᠳᠡᠭᠡᠳ᠂ ᠰᠠᠯᠪᠣᠷᠢ ᠪᠠᠢ᠌ᠴᠠᠭᠠᠨ ᠴᠠᠭᠳᠠᠬᠤ ᠠᠩᠭᠢ ᠳᠤ ᠪᠠᠷᠢᠭᠳᠠᠭᠰᠠᠨ ᠭᠡᠨ᠎ᠡ᠃ ᠨᠢᠭᠡ ᠠᠢ᠌ᠯ ᠪᠠᠢ᠌ᠵᠤ ᠪᠠᠢ᠌ᠭᠠᠤᠨ ᠨᠠᠷ᠎ᠠ ᠲᠦᠷᠦ ᠪᠠᠨ ᠴᠤ ᠪᠣᠳᠤᠬᠤ ᠦᠭᠡᠶ᠂ ᠭᠤᠳᠤᠮᠰᠢᠭ ᠡ︕ ᠭᠤᠳᠤᠮᠰᠢᠭ︕ ᠢᠴᠢᠭᠦᠷᠢ ᠡ︕ ᠢᠴᠢᠭᠦᠷᠢ︕ ᠪᠢ ᠪᠣᠯᠤᠭᠰᠠᠨ ᠪᠣᠯ ᠭᠤᠭᠢᠭᠠᠷ ᠮᠤᠳᠤ ᠣᠯᠤᠭᠠᠤᠨ ᠳᠡᠭᠦᠵᠢᠯᠡᠭᠡᠳ ᠥᠭᠦᠴᠢᠭᠡᠵᠡᠢ︕》

《ᠪᠠᠷᠠᠭᠤᠨ ᠠᠢ᠌ᠯ ᠤᠨ ᠣᠷᠳᠤᠨᠠᠰᠤᠨ ᠪᠢᠳᠡᠭᠦᠨ ᠤ ᠰᠦᠨᠢ ᠱᠠᠯ ᠰᠤᠭᠳᠤᠭᠠᠤᠨ ᠠᠢ᠌ᠯ ᠢ ᠥᠢᠮᠡᠭᠦᠯᠤᠨ ᠰᠠᠭᠰᠤᠷᠠᠵᠤ ᠪᠠᠷᠠᠭᠠᠤᠨ ᠭᠡᠷ ᠲᠡᠭᠡᠨ ᠬᠠᠷᠢᠬᠤ ᠵᠠᠮ ᠳᠠᠭᠠᠨ ᠠᠢ᠌ᠯ ᠤᠨ ᠭᠠᠳᠠᠨ᠎ᠠ ᠳᠦᠭᠡᠷᠢᠵᠤ ᠣᠠᠳᠠᠵᠤ ᠪᠠᠢ᠌ᠭᠠᠤᠨ ᠭᠠᠷ ᠭᠦᠯ ᠶᠢᠡᠨ ᠪᠦᠷ ᠭᠦᠯᠳᠡᠭᠡᠴᠢᠭᠡᠵᠡᠢ ᠭᠡᠨ᠎ᠡ ᠰᠢᠤ︕ ᠵᠢᠯ ᠴᠠᠭᠠᠨ ᠰᠠᠷ᠎ᠠ ᠭᠢᠴᠢᠶᠠᠨ᠎ᠠ ᠪᠠ ᠳ᠋ᠠ︕᠁》

《᠁ ᠁︕ ᠁ ᠁︕》

《᠁ ᠁︕ ᠁ ᠁︕》

ᠰᠢᠨ᠎ᠠ ᠶᠢᠨ ᠬᠤᠶᠠᠷ ᠤᠨ ᠡᠳᠦᠷ ᠨᠢᠭᠤᠷ ᠶᠢᠡᠨ ᠪᠠᠷᠠᠵᠤ ᠪᠠᠢ᠌ᠭᠠᠤᠨ ᠭᠤᠶᠤᠵᠤ ᠭᠤᠪᠴᠢᠵᠤ ᠪᠠᠢ᠌ᠭᠠᠤᠨ ᠱᠡᠭᠡᠯᠡᠵᠤ ᠠᠪᠴᠢᠷᠠᠭᠰᠠᠨ ᠠᠷᠢᠭᠢ ᠪᠠᠨ ᠭᠡᠳᠤᠨ ᠵᠦᠰᠤᠮ ᠳᠠᠪᠣᠰᠤᠯᠠᠭᠰᠠᠨ ᠮᠠᠨᠵᠢᠨ ᠪᠠ ᠠᠢ᠌ᠯ ᠤᠨ ᠯᠤᠷᠵᠤᠤ ᠪᠣᠰᠤᠳ ᠤᠨ ᠵᠤᠪᠠᠯᠠᠩ ᠶᠢᠡᠷ ᠵᠠᠭᠤᠰᠢ ᠪᠣᠯᠭᠠᠨ ᠠᠮᠳᠠᠷᠬᠠᠨ ᠵᠤᠭᠤᠭᠳᠠᠨ᠎ᠠ᠃

ᠬᠠᠷᠢᠶᠠᠴᠠᠢ ᠢᠷᠡᠭᠡᠳ ᠶᠠᠪᠣᠬᠤ ᠣᠢ᠌ᠷᠠᠳᠤᠯ᠎ᠠ᠃ ᠳᠡᠭ᠍ᠷᠢ ᠶᠢᠨ ᠭᠠᠮᠰᠢᠭ ᠡᠴᠡ ᠪᠣᠯᠵᠤ ᠪᠣᠷᠤᠭᠠᠨ ᠬᠤᠷ᠎ᠠ ᠦᠭᠡᠶ᠂ ᠳᠠᠷᠢᠶᠠᠨ ᠤ ᠡᠳ᠋ ᠪᠦᠷ ᠵᠤᠭᠰᠤᠭ᠎ᠠ ᠪᠠᠷ ᠶᠢᠡᠨ ᠠᠩᠭ᠋ᠠᠢ᠌ᠨ ᠬᠠᠭᠠᠷᠠᠭᠰᠠᠨ ᠵᠤᠷᠬᠠᠨ ᠳᠠᠭᠠᠨ ᠰᠢᠷᠠᠯᠠᠨ ᠪᠣᠴᠠᠯ᠎ᠠ᠂ ᠮᠥᠭᠦᠯᠢᠭ᠌ ᠠᠮᠤ ᠶᠢ ᠣᠯᠬᠤ ᠳᠤ ᠴᠤ ᠵᠢᠷᠦᠭᠡᠨ ᠤ ᠴᠢᠰᠤ ᠪᠠᠷ ᠰᠤᠯᠢᠬᠤ ᠣᠴᠢᠷᠳᠠᠢ ᠪᠣᠯᠵᠠᠢ᠃

ᠨᠤᠷᠳᠠᠭ᠂ ᠨᠢᠭᠡ ᠬᠠᠪᠣᠷ ᠨᠢᠭᠡ ᠵᠤᠨ ᠢ ᠠᠢ᠌ᠯ ᠭᠡᠰᠦᠵᠤ ᠳᠡᠭ᠍ᠷᠢ ᠶᠢ ᠬᠠᠷᠢᠶᠠᠭᠰᠠᠭᠠᠷ ᠥᠩᠭᠡᠷᠡᠭᠡᠵᠡᠢ᠃

ᠬᠤᠰᠢᠭᠤᠨ ᠡᠴᠡ ᠶᠠᠳᠠᠭᠤ ᠶᠢ ᠲᠡᠳᠬᠦᠭᠦ ᠠᠯᠪᠠᠨ ᠭᠡᠷ ᠤᠨ ᠣᠳᠤᠷᠢᠳᠤᠯᠭ᠎ᠠ ᠶᠢ ᠳᠤᠭᠤᠭᠰᠢ ᠪᠠᠭᠤᠯᠭᠠᠵᠤ ᠪᠠᠢ᠌ᠳᠠᠯ ᠢ ᠪᠠᠢ᠌ᠴᠠᠭᠠᠨ ᠬᠠᠪᠰᠤᠷᠤᠨ ᠲᠡᠳᠬᠦᠭᠦ ᠠᠷᠭ᠎ᠠ ᠭᠡᠮᠵᠢᠶ᠎ᠡ ᠶᠢ ᠡᠷᠢᠯᠭᠢᠯᠡᠵᠡᠢ᠃ ᠳᠠᠷᠢᠶ᠎ᠠ ᠲᠦᠮᠦᠰᠦ ᠣᠭ ᠳᠠᠰᠤᠷᠤᠭᠰᠠᠨ ᠡᠴᠡ ᠭᠠᠴᠠᠭ᠎ᠠ ᠳᠤᠰᠬᠤᠨ ᠡᠴᠡ ᠨᠢ ᠵᠤᠬᠢᠶᠠᠨ ᠪᠠᠢ᠌ᠭᠤᠯᠵᠤ᠂ ᠠᠢ᠌ᠯ ᠤᠨ ᠡᠷᠡᠭ᠍ᠳᠡᠢ᠌ᠴᠦᠳ ᠶᠢᠡᠨ ᠭᠠᠳᠠᠭᠰᠢ ᠭᠠᠷᠭᠠᠵᠤ ᠰᠤᠯᠠ ᠠᠵᠢᠯ ᠡᠷᠢᠭᠦᠯᠤᠨ ᠭᠦᠯᠦᠰᠤᠨ ᠭᠦᠴᠤ ᠪᠠᠷ ᠠᠮᠢᠳᠤᠷᠠᠯ ᠢ ᠨᠢ ᠠᠷᠭᠠᠴᠠᠭᠤᠯᠬᠤ ᠪᠠᠷ ᠳᠤᠭᠳᠠᠭᠠᠵᠠᠢ᠃ ᠨᠠᠯᠢᠶᠠᠤᠨ ᠭᠦᠮᠦᠰ ᠠᠮᠢᠳᠤᠷᠠᠬᠤᠢ ᠶᠢᠨ ᠳᠦᠯᠦᠭᠡ ᠭᠠᠳᠠᠭᠰᠢ ᠭᠠᠷᠴᠤ ᠶᠠᠳᠠᠷᠠᠵᠤ ᠵᠥᠳᠡᠷᠡᠭᠦ ᠶᠢ ᠬᠠᠢ᠌ᠬᠤᠷᠠᠯ ᠦᠭᠡᠶ᠂ ᠮᠡᠭᠡᠯᠡᠭ᠍ᠳᠡᠵᠤ ᠬᠠᠭᠤᠷᠳᠠᠭᠳᠠᠬᠤ ᠡᠴᠡ ᠳᠠᠯᠳᠠᠷᠢᠬᠤ ᠦᠭᠡᠶ ᠪᠠᠷ ᠵᠢᠦᠡᠭᠦᠵᠤ ᠯᠠ ᠪᠠᠢ᠌ᠵᠠᠢ᠃ ᠠᠢ᠌ᠯ ᠭᠡᠷ ᠲᠡᠭᠡᠨ ᠥᠯᠡᠳᠡᠭ᠍ᠰᠡᠨ ᠨᠢ ᠵᠥᠪᠭᠡᠨ ᠭᠦᠭ᠍ᠰᠢᠨ᠂ ᠨᠢᠯᠬᠠᠰ᠂ ᠡᠮᠭ᠍ᠳᠡᠢ᠌ᠴᠦᠳ ᠡᠰᠡᠭᠦᠯ᠎ᠡ ᠡᠪᠡᠳᠴᠢᠨ ᠳᠠᠬᠤᠯ ᠳᠤ ᠣᠷᠢᠶᠠᠭᠳᠠᠭᠰᠠᠨ ᠡᠷᠡᠭ᠍ᠳᠡᠢ᠌ᠴᠦᠳ ᠪᠠᠢ᠌ᠵᠤ᠂ ᠠᠢ᠌ᠯ ᠭᠡᠷ ᠪᠦᠭᠦᠨ ᠡᠯᠦᠢ ᠬᠤᠯᠤᠢ ᠪᠣᠯᠵᠠᠢ᠃

ᠭᠡᠳᠡᠯ᠎ᠡ ᠨᠤᠷᠳᠠᠭ ᠣᠴᠢᠬᠤ ᠳᠤᠷ᠎ᠠ ᠦᠭᠡᠶ᠃ 《ᠡᠪ ᠬᠠᠮᠳᠤ ᠨᠠᠮ ᠤᠨ ᠣᠯᠠᠭᠠᠨ ᠳᠤᠶᠠᠭᠠᠷᠠᠯ ᠳᠤᠤᠷ᠎ᠠ ᠦᠯᠦᠰᠴᠤ ᠥᠯᠪᠠᠷᠭᠦ ᠪᠠᠷ ᠦᠭᠡᠶ ᠶᠤᠮ》 ᠭᠡᠵᠤ ᠪᠠᠳᠤ ᠪᠣᠳᠤᠨ᠎ᠠ᠃ ᠦᠨᠡᠨ ᠳᠡᠭᠡᠨ ᠳᠠᠷᠠ ᠠᠯᠵᠠᠭᠤ ᠳᠠᠭᠠᠨ ᠰᠢᠳᠠ︕ ᠨᠢᠭᠡ ᠡᠷᠡᠨ ᠤ ᠬᠤᠭᠤᠯᠠ ᠪᠠᠨ ᠠᠷᠭᠠᠴᠠᠨ ᠳᠠᠷᠠᠭᠠᠭᠢ ᠴᠠᠭ ᠤᠨ ᠬᠤᠭᠤᠯᠠ ᠬᠠᠮᠢᠭ᠎ᠠ ᠪᠠᠢ᠌ᠬᠤ ᠪᠠᠨ ᠴᠤ ᠮᠡᠳᠡᠭᠦ ᠦᠭᠡᠶ ᠪᠠᠷ ᠨᠠᠮᠤᠷ ᠢ ᠰᠢᠬᠠᠵᠤ ᠢᠷᠠᠯ᠎ᠠ᠃

ᠨᠢᠭᠡ ᠡᠳᠦᠷ ᠳᠠᠷᠠ ᠪᠠᠰᠠ ᠠᠢ᠌ᠯ ᠤᠨ ᠪᠠᠷᠠᠭᠤᠨ ᠥᠵᠦᠭᠦᠷ ᠤᠨ ᠳᠡᠯᠭᠡᠷ ᠪᠠᠶᠠᠨ ᠡᠴᠡ ᠨᠢᠭᠤᠷ ᠭᠦᠷᠦᠰᠤ ᠪᠠᠨ ᠪᠠᠷᠠᠵᠤ ᠳᠤᠯᠤᠭᠠᠢ ᠪᠠᠨ ᠳᠤᠩᠰᠢᠭᠤᠯᠵᠤ ᠪᠠᠢ᠌ᠭᠠᠤᠨ ᠬᠤᠶᠠᠷ ᠵᠢᠩ ᠠᠷᠢᠭᠢ ᠱᠡᠭᠡᠯᠡᠵᠤ ᠣᠯᠤᠭᠠᠤᠨ ᠪᠠᠶᠠᠷᠳᠠᠢ᠌ᠬᠠᠨ ᠶᠢᠡᠷ ᠭᠡᠷ ᠵᠥᠭ᠌ ᠶᠢᠡᠨ ᠭᠡᠯᠳᠦᠷᠢᠨ ᠶᠠᠪᠣᠨ᠎ᠠ᠃ ᠭᠡᠷ ᠤᠨ ᠶᠢᠡᠨ ᠣᠢ᠌ᠷ᠎ᠠ ᠭᠦᠷᠭᠦ ᠶᠢᠨ ᠵᠡᠷᠭᠡ ᠬᠤᠰᠢᠭᠤᠨ ᠤ ᠶᠠᠳᠠᠭᠤ ᠶᠢ ᠲᠡᠳᠬᠦᠭᠦ ᠠᠯᠪᠠᠨ ᠭᠡᠷ ᠤᠨ ᠳᠠᠷᠤᠭ᠎ᠠ ᠪᠠᠳᠤ ᠲᠡᠶ ᠠᠰ ᠣᠴᠠᠷᠠᠯ᠎ᠠ᠃ ᠪᠠᠳᠤ ᠳᠠᠷᠤᠭ᠎ᠠ ᠨᠢᠭᠡ ᠪᠦᠯᠦᠭ᠌ ᠺᠠᠳ᠋ᠷ ᠢ ᠳᠠᠭᠠᠭᠤᠯᠵᠤ ᠭᠠᠮᠰᠢᠭᠳᠠᠭᠰᠠᠨ ᠡᠷᠦᠭᠡ ᠶᠢ ᠳᠠᠷᠠᠭᠠᠯᠠᠨ ᠪᠠᠢ᠌ᠴᠠᠭᠠᠵᠤ᠂ ᠭᠠᠮᠰᠢᠭ ᠤᠨ ᠪᠠᠢ᠌ᠳᠠᠯ ᠢ ᠣᠢ᠌ᠯᠠᠭᠠᠵᠤ ᠶᠠᠪᠣᠵᠤ ᠪᠠᠢ᠌ᠵᠠᠢ᠃ ᠪᠠᠳᠤ ᠳᠠᠷᠤᠭ᠎ᠠ᠂ ᠨᠤᠷᠳᠠᠭ ᠤᠨ ᠬᠤᠶᠠᠷ ᠯᠤᠩᠬᠤ ᠠᠷᠢᠭᠢ ᠳᠡᠭᠦᠵᠢᠯᠡᠨ ᠶᠠᠪᠣᠬᠤ ᠶᠢ ᠥᠵᠡᠭᠡᠳ᠄ 《ᠨᠤᠷᠳᠠᠭ ᠡ︕ ᠢᠳᠡᠭᠦ ᠪᠣᠳᠠᠭ᠎ᠠ ᠦᠭᠡᠶ ᠪᠠᠢ᠌ᠭᠠᠤᠨ ᠶᠠᠭᠤᠨ ᠳᠤ ᠪᠠᠰᠠ ᠠᠷᠢᠭᠢ ᠣᠤᠭᠤᠬᠤ ᠪᠠᠷ ᠶᠠᠪᠣᠵᠤ ᠪᠠᠢ᠌ᠬᠤ ᠪᠣᠢ︖ ᠠᠵᠢᠯ ᠭᠢᠭᠦ ᠪᠠᠷ ᠭᠠᠳᠠᠭᠰᠢ ᠪᠠᠰᠠ ᠭᠠᠷᠬᠤ ᠦᠭᠡᠶ᠂ ᠵᠡᠮᠳᠡᠭ᠌ ᠴᠤ ᠪᠢᠰᠢ ᠡᠷᠡᠮᠳᠡᠭ᠌ ᠴᠤ ᠪᠢᠰᠢ᠂ ᠨᠢᠭᠡ ᠵᠢᠯ ᠢ ᠶᠠᠭᠠᠭᠢᠵᠤ ᠥᠩᠭᠡᠷᠡᠭᠦ ᠪᠣᠢ ⁈》 ᠭᠡᠵᠤ ᠣᠴᠠᠭᠠᠷᠯᠠᠩᠭ᠋ᠤᠢ ᠪᠣᠯᠪᠠᠴᠤ ᠨᠠᠯᠢᠶᠠᠤᠨ ᠡᠶᠡᠯᠳᠡᠭ᠌ ᠶᠢᠡᠷ ᠠᠰᠠᠭᠤᠨ ᠰᠢᠭᠦᠮᠵᠢᠯᠡᠭᠦ ᠳᠤ᠂ ᠨᠤᠷᠳᠠᠭ ᠳᠤᠳᠤᠷ᠎ᠠ ᠪᠠᠨ ᠶᠡᠭᠡ ᠯᠠ ᠳᠤᠷ᠎ᠠ ᠥᠭᠡᠢ᠌ᠴᠡᠨ᠄ 《ᠪᠢ ᠶᠠᠪᠣᠴᠢᠬᠠᠭᠠᠤᠨ ᠡᠮᠡᠰ ᠬᠡᠦᠬᠡᠳ ᠢ ᠭᠡᠨ ᠬᠠᠮᠢᠶᠠᠷᠬᠤ ᠪᠣᠢ︖ ᠪᠢ ᠴᠢᠨᠢ ᠠᠩᠬᠠᠨ ᠳᠠᠭᠠᠨ ᠳᠠ ᠨᠡᠷ ᠢ ᠴᠢᠨᠢ ᠮᠠᠨ ᠳᠤ ᠭᠡᠳᠥᠢ᠌ᠴᠢᠨᠡᠨ ᠲᠡᠳᠬᠦᠮᠵᠢ ᠶᠢᠨ ᠮᠥᠩᠭᠦ ᠦᠭ‍ᠭᠦ ᠪᠣᠯ ᠭᠡᠵᠤ ᠪᠣᠳᠤᠭᠰᠠᠨ᠂ ᠬᠤᠶᠠᠷ ᠣᠭᠤᠳᠠ ᠭᠤᠯᠢᠷ᠂ ᠭᠡᠳᠤᠨ ᠵᠠᠬ᠎ᠠ ᠬᠤᠪᠴᠠᠰᠤ ᠡᠴᠡ ᠠᠰᠳᠠᠭᠠᠨ ᠮᠠᠨ ᠳᠤ ᠶᠠᠭᠤ ᠴᠤ ᠦᠭ‍ᠭᠦᠭ᠍ᠰᠡᠨ ᠦᠭᠡᠶ᠂ ᠡᠨᠡ ᠨᠢ ᠮᠠᠨ ᠤ ᠭᠠᠮᠰᠢᠭ ᠲᠤ ᠶᠠᠭᠤ ᠪᠣᠯᠬᠤ ᠪᠣᠢ︖ ᠳᠠᠭᠢᠭᠠᠤᠨ ᠭᠡᠯᠡᠪᠠᠯ ᠭᠠᠳᠠᠭᠰᠢ ᠭᠠᠷᠴᠤ ᠠᠵᠢᠯ ᠭᠢᠭᠦ ᠭᠡᠳᠦᠢ ᠠᠶᠤᠮᠰᠢᠭᠳᠠᠢ ᠪᠣᠢ︖ ᠭᠡᠳᠤᠨ ᠠᠢ᠌ᠯ ᠡᠴᠡ ᠭᠠᠷᠤᠭᠰᠠᠨ ᠭᠦᠮᠦᠰ ᠴᠠᠯᠢᠩ ᠶᠢᠡᠨ ᠴᠤ ᠣᠯᠤᠭᠰᠠᠨ ᠦᠭᠡᠶ ᠪᠠᠷ ᠳᠤᠳᠠᠭᠠᠵᠤ ᠢᠷᠡᠭ᠍ᠰᠡᠨ ᠨᠢ ᠣᠯᠠᠨ ᠪᠣᠢ᠂ ᠵᠠᠷᠢᠮ ᠨᠢ ᠪᠠᠰᠠ ᠰᠢᠯᠵᠢ ᠳᠤ ᠵᠠᠭᠤᠭᠳᠠᠨ ᠥᠭᠦᠭ᠍ᠰᠡᠨ ᠴᠤ ᠪᠣᠢ᠂ ᠪᠢ ᠴᠤ ᠠᠮᠢ ᠪᠠᠷ ᠶᠢᠡᠨ ᠨᠠᠭᠠᠳᠤᠮ ᠭᠢᠭᠦ ᠳᠤᠷ᠎ᠠ ᠦᠭᠡᠶ᠂ ᠪᠠᠰᠠ ᠭᠡᠯᠡᠪᠠᠯ ᠡᠨᠡ ᠬᠤᠶᠠᠷ ᠵᠢᠩ ᠠᠷᠢᠭᠢ ᠶᠢ ᠣᠤᠭᠤᠬᠤ ᠦᠭᠡᠶ ᠪᠣᠯ ᠨᠢᠭᠡ ᠵᠢᠯ ᠤᠨ ᠠᠮᠤ ᠭᠦᠨᠡᠰᠤ ᠪᠠᠨ ᠠᠪᠴᠢᠷᠠᠭᠠᠤᠨ ᠳᠡᠢ᠌ᠯᠴᠢᠭᠡᠨ᠎ᠡ ᠦᠦ︖᠁》 ᠪᠠᠳᠤ ᠳᠠᠷᠤᠭ᠎ᠠ ᠳᠤᠤᠭᠠᠷᠬᠤ ᠥᠭᠡ ᠪᠠᠨ ᠣᠯᠳᠠᠭᠰᠠᠨ ᠦᠭᠡᠶ᠂ ᠳᠤᠯᠤᠭᠠᠢ ᠪᠠᠨ ᠰᠠᠵᠢᠭᠠᠤᠨ ᠪᠣᠰᠤᠳ ᠡᠷᠦᠭᠡ ᠶᠢ ᠪᠠᠢ᠌ᠴᠠᠭᠠᠬᠤ ᠪᠠᠷ ᠶᠠᠪᠣᠯ᠎ᠠ᠃

ᠨᠤᠷᠳᠠᠭ ᠭᠤᠸᠠᠢ ᠪᠠ᠊ ᠳᠠᠷᠤᠭ᠎ᠠ ᠲᠡᠶ ᠭᠡᠯᠡᠯᠴᠡᠭᠡᠳ ᠢᠯᠠᠯᠳᠠ ᠣᠯᠤᠭᠰᠠᠨ ᠰᠢᠭ ᠣᠮᠤᠭᠰᠢᠨ ᠨᠢᠷᠤᠭᠤ ᠡᠭᠦᠷᠤᠨ ᠬᠤᠶᠠᠷ ᠵᠢᠩ ᠶᠢᠡᠨ ᠳᠡᠭᠦᠵᠢᠯᠡᠭ᠍ᠰᠡᠭᠡᠷ ᠮᠠᠢ᠌ᠵᠢᠬᠠᠢ ᠭᠡᠷ ᠵᠥᠭ᠌ ᠶᠢᠡᠨ ᠳᠦᠷᠪᠡᠯᠵᠢᠨ ᠠᠯᠬᠤᠭ᠎ᠠ ᠪᠠᠷ ᠨᠠᠮᠪᠠᠳᠠᠢ᠌ᠬᠠᠨ ᠠᠯᠬᠤᠯᠠᠨ᠎ᠠ᠃


ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠯᠢ ᠳᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9242
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ