ᠨᠡᠪᠲᠡᠷᠡᠨ ᠤᠷᠤᠬᠤ
ᠥᠯᠵᠡᠢ ᠪᠠᠯᠭᠡ ᠶᠢᠨ ᠢᠷᠦᠭᠡᠯ

ᠣᠭᠢ ᠰᠠᠢ᠌ᠨ ᠠᠮᠤᠭᠤᠯᠠᠩ ᠪᠣᠯᠳᠤᠭᠠᠢ

ᠣᠭᠤ ᠰᠠᠢ᠌ᠨ ᠵᠢᠷᠭᠠᠯᠠᠩ ᠪᠣᠯᠳᠤᠭᠠᠢ

ᠨᠠᠷᠠᠨ ᠤ ᠭᠡᠷᠡᠯ ᠵᠢᠡᠨ ᠡᠵᠡᠩᠨᠡᠨ

ᠨᠠᠢ᠌ᠷ ᠡᠪ ᠶᠢᠡᠨ ᠡᠷᠴᠢᠯᠡᠵᠤ ᠶᠠᠪᠣ

ᠰᠠᠷᠠᠨ ᠤ ᠭᠡᠷᠡᠯ ᠵᠢᠠᠨ ᠪᠠᠬᠠᠷᠬᠠᠨ

ᠰᠠᠳᠤᠨ ᠲᠦᠷᠤᠯ ᠶᠢᠡᠨ ᠬᠠᠢ᠌ᠷᠠᠯᠠᠵᠤ ᠶᠠᠪᠣ

ᠨᠠᠪᠴᠢ ᠴᠡᠴᠡᠭ᠌ ᠰᠢᠭ᠌ ᠭᠠᠩᠭ᠋ᠠᠩ ᠴᠠᠪᠠᠷ ᠶᠠᠪᠣ

ᠨᠠᠷᠠᠰᠤ ᠮᠠᠢ᠌ᠯᠠᠰᠤ ᠰᠢᠭ ᠡᠷᠡᠭᠦᠯ ᠦᠯᠴᠢᠷ ᠶᠠᠪᠣ

ᠦᠨᠳᠦᠷ ᠠᠭᠤᠯᠠ ᠰᠢᠭ ᠬᠠᠳᠠᠭᠤᠵᠢᠵᠤ ᠶᠠᠪᠣ

ᠦᠷᠭᠡᠨ ᠮᠦᠷᠠᠨ ᠰᠢᠭ᠌ ᠳᠤᠩᠭᠠᠯᠠᠭᠵᠢᠵᠤ ᠶᠠᠪᠣ

ᠬᠤᠨ ᠭᠠᠯᠠᠭᠤ ᠰᠢᠭ ᠥᠶᠡᠷᠭᠡᠵᠤ ᠶᠠᠪᠣ

ᠭᠦᠰᠡᠯ ᠭᠢᠰᠠᠯ ᠶᠢᠡᠨ ᠪᠠᠶᠡᠯᠡᠭᠦᠯᠵᠤ ᠶᠠᠪᠣ


ᠠᠪᠣ ᠡᠵᠢ ᠪᠠᠨ ᠮᠠᠳᠠᠵᠤ ᠠᠴᠢᠯᠠᠵᠤ ᠶᠠᠪᠣ

ᠠᠬᠠᠮᠠᠤᠨ ᠶᠢᠡᠨ ᠳᠠᠨᠢᠵᠤ ᠭᠦᠡᠳᠦᠯᠡᠵᠤ ᠶᠠᠪᠣ

ᠠᠵᠢᠯ ᠭᠦᠳᠡᠯᠮᠦᠷᠢ ᠳᠤ ᠪᠠᠨ ᠭᠠᠪᠰᠢᠭᠠᠢ᠌ᠯᠠᠵᠤ ᠶᠠᠪᠣ

ᠠᠳᠠᠯ ᠠᠮᠢᠳᠤᠷᠠᠯ ᠳᠤ ᠪᠠᠨ ᠭᠠᠷᠮᠠᠭᠠᠢ᠌ᠯᠠᠵᠤ ᠶᠠᠪᠣ

ᠦᠪᠡᠷ ᠤᠨ ᠶᠠᠭᠤᠮ᠎ᠠ ᠪᠠᠨ ᠭᠢᠮᠠᠭᠠᠳᠠᠵᠤ ᠶᠠᠪᠣ

ᠦᠷᠦᠭᠡᠯ ᠤᠨ ᠶᠠᠭᠤᠮ᠎ᠠ ᠶᠢ ᠪᠠᠬᠠᠷᠬᠠᠵᠤ ᠶᠠᠪᠣ

ᠠᠷᠪᠢᠴᠢ ᠰᠤᠷᠳᠠᠯ ᠢ ᠡᠷᠭᠢᠮᠯᠡᠵᠤ ᠶᠠᠪᠣ

ᠠᠮᠢᠨ ᠨᠤᠳᠤᠭ ᠶᠢᠡᠨ ᠬᠠᠮᠠᠭᠠᠯᠠᠵᠤ ᠶᠠᠪᠣ

ᠦᠰᠪᠣᠷᠢ ᠵᠢᠨ ᠵᠢᠭᠠᠯ ᠶᠢᠠᠨ ᠡᠩᠭᠦᠷᠡᠢ᠌ᠯᠡᠵᠤ ᠶᠠᠪᠣ

ᠦᠨᠡᠨ ᠶᠤᠰᠤ ᠪᠠᠷ ᠦᠪᠡᠷ ᠢ ᠪᠠᠨ ᠴᠢᠮᠠᠵᠤ ᠶᠠᠪᠣ


ᠠᠭᠢᠯᠳᠠ ᠲ᠋ᠠᠪᠰᠢᠯᠳᠠ ᠶᠢ ᠭᠦᠭᠡᠭᠡᠴᠡᠯᠳᠦᠵᠤ ᠴᠢᠷᠮᠠᠢ᠌ᠵᠤ ᠶᠠᠪᠣ

ᠠᠤᠭ᠎ᠠ ᠶᠡᠭᠡ ᠡᠷᠡᠨ ᠶᠢᠨ ᠣᠢ᠌ᠯᠭᠠᠨ ᠳᠠᠭᠤᠯᠠᠵᠤ ᠶᠠᠪᠣ

ᠣᠢ᠌ᠯᠠᠰ ᠪᠦᠳᠦᠭᠡᠯ ᠳᠤ ᠪᠠᠨ ᠭᠢᠯᠠᠷᠠᠭᠤᠯᠵᠤ ᠶᠠᠪᠣ

ᠥᠨᠡᠷᠭᠡᠭᠦ ᠵᠣᠢ᠌ᠯ ᠲᠡᠶ ᠰᠡᠳᠭᠢᠯ ᠳᠡᠨᠢᠭᠦᠨ ᠶᠠᠪᠣ

ᠪᠠᠢ᠌ᠭᠠᠯᠢ ᠶ‍ᠢᠷᠳᠢᠠᠴᠤ ᠪᠠᠨ ᠬᠠᠢ᠌ᠷᠠᠯᠠᠵᠤ ᠶᠠᠪᠣ

ᠪᠦᠳᠦᠭᠡᠨ ᠪᠠᠢ᠌ᠭᠤᠯᠬᠤ ᠪᠠᠷ ᠮᠠᠷᠠᠢ᠌ᠵᠤ ᠶᠠᠪᠣ

ᠪᠦᠯᠭᠦᠮᠳᠡᠯ ᠳᠠᠪᠰᠢᠯᠳᠠ ᠶᠢ ᠣᠬᠠᠭᠠᠷᠠᠵᠤ ᠶᠠᠪᠣ

ᠪᠠᠢ᠌ᠳᠠᠭ ᠠᠷᠠᠳᠴᠢᠯᠠᠯ ᠶᠢᠡᠷ ᠰᠡᠭᠡᠭᠡᠷᠡᠵᠤ ᠶᠠᠪᠣ

ᠨᠥᠭᠦᠷᠰᠡᠭ᠌ ᠵᠠᠩ ᠶᠢᠡᠨ ᠵᠠᠷᠴᠢᠮ ᠶᠢᠡᠷ ᠭᠡᠭᠡᠷᠡᠭᠦᠯᠵᠤ ᠶᠠᠪᠣ

ᠨᠥᠮᠵᠦᠭ᠌ ᠣᠢ᠌ᠯᠠ ᠪᠠᠷ ᠭᠡᠯᠡ ᠪᠠᠨ ᠳᠤᠶᠠᠭᠠᠷᠠᠭᠤᠯᠵᠤ ᠶᠠᠪᠣ

ᠠᠭᠠᠰᠢ ᠵᠠᠩ ᠶᠢᠡᠨ ᠭᠢᠴᠢᠶᠠᠨ ᠭᠤᠶᠤᠵᠢᠭᠤᠯᠵᠤ ᠶᠠᠪᠣ

ᠠᠯᠬᠤᠮ ᠪᠦᠷᠢ ᠳᠤ ᠪᠠᠨ ᠪᠠᠶᠠᠰᠤᠯ ᠲᠡᠶ ᠶᠠᠪᠣ᠃ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 17755
ᠴᠠᠭ᠄ 2013 ᠤᠨ ᠤ 03 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ