☆ ᠬᠦᠷᠡᠯᠤ᠋ᠨᠢᠰᠤ
ᠮᠤᠩᠭ᠋ᠤᠯ
ᠳᠠᠭᠤᠳᠠᠭᠤᠯᠬᠤ ᠡᠴᠡ ᠨᠠᠷᠠ ᠮᠢᠨᠢ ᠮᠤᠩᠭ᠋ᠤᠯ
ᠳᠠᠭᠤᠯᠠᠬᠤ ᠡᠴᠡ ᠳᠠᠭᠤᠤ ᠮᠢᠨᠢ ᠮᠤᠩᠭ᠋ᠤᠯ
ᠣᠷᠳᠤᠯᠠᠬᠤ ᠡᠴᠡ ᠭᠡᠷ ᠮᠢᠨᠢ ᠮᠤᠩᠭ᠋ᠤᠯ
ᠣᠷᠴᠢᠯᠠᠩ ᠡᠴᠡ ᠵᠠᠢ᠌ᠳᠠᠠᠰᠠᠨ ᠴᠤ ᠶᠠᠰᠤ ᠮᠢᠨᠢ ᠮᠤᠩᠭ᠋ᠤᠯ
ᠪᠣᠭᠳᠠ ᠡᠵᠡᠨ ᠴᠢᠩᠭᠢᠰ ᠤᠨ ᠮᠢᠨᠢ ᠮᠡᠡᠳᠦᠯᠡᠭ᠍ᠰᠡᠨ
ᠪᠣᠷᠬᠠᠨ ᠬᠠᠯᠳᠤᠨ ᠠᠭᠤᠯᠠ ᠮᠢᠨᠢ ᠮᠤᠩᠭ᠋ᠤᠯ
ᠪᠣᠶᠠᠠᠳᠤ ᠲᠦᠮᠡᠨ ᠤ ᠮᠢᠨᠢ ᠨᠡᠭᠦᠵᠤ ᠪᠠᠭᠤᠭᠰᠠᠨ
ᠪᠣᠭᠤᠷᠤᠯ ᠨᠤᠳᠤᠭ ᠤᠨ ᠵᠢᠷᠤᠭ ᠮᠢᠨᠢ ᠮᠤᠩᠭ᠋ᠤᠯ
ᠦᠪ ᠰᠤᠶᠤᠯᠳᠤ ᠳᠡᠦᠭᠡ ᠮᠢᠨᠢ ᠮᠤᠩᠭ᠋ᠤᠯ
ᠦᠷᠤᠴᠠ ᠳᠦᠭᠦᠷᠡᠩ ᠭᠦᠰᠡᠯ ᠮᠢᠨᠢ ᠮᠤᠩᠭ᠋ᠤᠯ
ᠠᠷᠢᠭᠤᠨ ᠭᠢᠯᠪᠠᠭᠠᠳᠤ ᠭᠠᠯ ᠮᠢᠨᠢ ᠮᠤᠩᠭ᠋ᠤᠯ
ᠠᠪᠣ ᠶᠢᠨ ᠵᠠᠶᠠᠭᠠᠳᠤ ᠭᠤᠯᠤᠮᠳᠠ ᠮᠢᠨᠢ ᠮᠤᠩᠭ᠋ᠤᠯ
ᠣᠷᠳᠤ ᠶᠢᠨ ᠳᠠᠭᠤᠤ ᠶᠢᠨ ᠠᠶᠠᠰ ᠮᠢᠨᠢ ᠮᠤᠩᠭ᠋ᠤᠯ
ᠣᠶᠠᠩᠭ᠋ᠠᠳᠤ ᠰᠢᠯᠦᠭ᠌ ᠤᠨ ᠴᠤᠭᠢᠯᠭ᠎ᠠ ᠮᠢᠨᠢ ᠮᠤᠩᠭ᠋ᠤᠯ
ᠣᠷᠠᠨ ᠪᠦᠵᠢᠭ᠌ ᠤᠨ ᠨᠤᠭᠢᠯᠤᠯ ᠮᠢᠨᠢ ᠮᠤᠩᠭ᠋ᠤᠯ
ᠣᠤᠯ ᠡᠴᠡ ᠳᠡᠭᠦᠯᠳᠡᠷ ᠳᠡᠯᠭᠡᠷ ᠮᠤᠩᠭ᠋ᠤᠯ
ᠡᠭᠡ ᠡᠴᠡ ᠵᠠᠶᠠᠭᠠᠳᠠᠢ ᠡᠨᠡ ᠪᠠᠶ᠎ᠠ ᠮᠢᠨᠢ ᠮᠤᠩᠭ᠋ᠤᠯ
ᠡᠴᠢᠭᠡ ᠳᠡᠭᠡᠳᠤ ᠶᠢᠨ ᠰᠤᠷᠭᠠᠯ ᠮᠢᠨᠢ ᠮᠤᠩᠭ᠋ᠤᠯ
ᠡᠯᠢᠭᠡᠳᠡᠵᠤ ᠣᠨᠠᠭᠰᠠᠨ ᠰᠢᠷᠤᠢ ᠮᠢᠨᠢ ᠮᠤᠩᠭ᠋ᠤᠯ
ᠡᠭᠢᠯᠡᠵᠤ ᠰᠤᠷᠤᠭᠰᠠᠨ ᠰᠤᠶᠤᠯ ᠮᠢᠨᠢ ᠮᠤᠩᠭ᠋ᠤᠯ
ᠠᠪᠣ ᠶᠢᠨ ᠣᠨᠤᠭᠰᠠᠨ ᠮᠤᠷᠢ ᠮᠢᠨᠢ ᠮᠤᠩᠭ᠋ᠤᠯ
ᠡᠵᠢ ᠶᠢᠨ ᠡᠮᠦᠰᠦᠭ᠍ᠰᠡᠨ ᠳᠡᠷᠯᠢᠭ᠌ ᠮᠢᠨᠢ ᠮᠤᠩᠭ᠋ᠤᠯ
ᠠᠬ᠎ᠠ ᠶᠢᠨ ᠴᠢᠷᠦᠭ᠍ᠰᠡᠨ ᠣᠷᠭ᠎ᠠ ᠮᠢᠨᠢ ᠮᠤᠩᠭ᠋ᠤᠯ
ᠡᠭᠡᠴᠢ ᠶᠢᠨ ᠡᠭᠦᠷᠦᠭ᠍ᠰᠡᠨ ᠠᠷᠤᠭ ᠮᠢᠨᠢ ᠮᠤᠩᠭ᠋ᠤᠯ
ᠣᠭᠠᠯᠵᠠ ᠱᠠᠭᠯᠠᠬᠤ ᠣᠳᠤᠭ᠎ᠠ ᠲᠡᠶ ᠮᠤᠩᠭ᠋ᠤᠯ
ᠣᠬᠠᠭ᠎ᠠ ᠨᠡᠮᠡᠭᠦ ᠮᠦᠰᠤ ᠲᠡᠶ ᠮᠤᠩᠭ᠋ᠤᠯ
ᠭᠦᠰᠡᠯᠡᠩ ᠳᠦᠭᠦᠷᠢᠭ᠌ ᠦᠷ᠎ᠡ ᠲᠡᠶ ᠮᠤᠩᠭ᠋ᠤᠯ
ᠭᠦᠰᠡᠯ ᠳᠠᠯᠠᠯᠤᠭᠰᠠᠨ ᠬᠤᠷᠤᠢ ᠲᠡᠶ ᠮᠤᠩᠭ᠋ᠤᠯ
ᠳᠤᠭᠤᠨᠤ ᠲᠡᠶ ᠮᠤᠩᠭ᠋ᠤᠯ ᠭᠡᠷ ᠶᠢᠡᠨ ᠰᠠᠭᠢᠨ ᠰᠠᠭᠤᠬᠤ ᠳᠤ
ᠳᠤᠠᠳᠠᠷᠠᠰᠢ ᠦᠭᠡᠶ ᠰᠡᠳᠬᠢᠯᠭᠡ ᠮᠢᠨᠢ ᠮᠤᠩᠭ᠋ᠤᠯ
ᠳᠤᠭᠤᠷᠢᠯᠴᠠᠨ ᠰᠠᠭᠤᠭᠰᠠᠨ ᠠᠠᠳᠠ ᠪᠠᠨ ᠬᠠᠷᠠᠬᠤ ᠳᠤ
ᠳᠤᠭᠤᠨᠤ ᠪᠠᠢ᠌ᠳᠠᠭ ᠨᠠᠢ᠌ᠵᠠ ᠨᠡᠷ ᠮᠢᠨᠢ ᠮᠤᠩᠭ᠋ᠤᠯ
ᠶᠠᠭᠤ ᠪᠦᠭᠦᠨ ᠴᠡᠴᠡᠭᠯᠡᠨ ᠣᠷᠤᠭᠰᠢᠯᠠᠬᠤ
ᠵᠢᠷᠭᠠᠯᠠᠩᠳᠤ ᠰᠠᠢ᠌ᠬᠠᠨ ᠠᠽᠢᠶ᠎ᠠ ᠶᠢᠨ ᠳᠠᠯ᠎ᠠ ᠳᠤ
ᠶᠠᠭᠤᠮ᠎ᠠ ᠪᠦᠭᠦᠨ ᠢ ᠨᠢ ᠠᠭᠤᠰᠬᠠᠨ ᠰᠢᠩᠭᠡᠭ᠍ᠰᠡᠨ
ᠵᠢᠪᠬᠤᠭᠠᠳᠤ ᠮᠤᠩᠭ᠋ᠤᠯ ᠤᠨ ᠮᠢᠨᠢ ᠰᠦᠯᠳᠡ ᠲᠡᠶ
ᠮᠤᠩᠭ᠋ᠤᠯ ᠪᠠᠭᠠᠳᠤᠷ ᠤᠨ ᠨᠠᠰᠤ ᠪᠠᠷ ᠶᠢᠡᠨ ᠰᠠᠭᠢᠭᠰᠠᠨ
ᠮᠥᠩᠭᠡ ᠳᠡᠭ᠍ᠷᠢ ᠶᠢᠨ ᠭᠡᠭᠡᠨ ᠮᠠᠯᠠᠮᠠᠢ ᠲᠡᠶ
ᠮᠤᠩᠭ᠋ᠤᠯ ᠲᠦᠮᠡᠨ ᠶᠢᠡᠨ ᠦᠨᠢᠳᠠ ᠲᠡᠳᠬᠦᠭ᠍ᠰᠡᠨ
ᠮᠥᠭᠦᠰᠢ ᠦᠭᠡᠶ ᠰᠤᠶᠤᠯ ᠤᠨ ᠠᠷᠢᠭᠤᠨ ᠭᠠᠯ ᠮᠢᠨᠤ︕
2007.05.01 ᠪᠣᠷᠤᠬᠤᠳᠠᠨᠠ
ᠵᠤᠬᠢᠶᠠᠭᠴᠢ ᠶᠢᠨ ᠬᠠᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠵᠢᠨ ᠰᠤᠨᠢᠨ ᠮᠡᠳᠡᠭᠡᠨ ᠤ ᠰᠠᠯᠪᠣᠷᠢ ᠶᠢᠨ 09 ᠣᠨ ᠤ ᠰᠤᠷᠪᠣᠯᠵᠢᠯᠠᠭ᠎ᠠ᠂ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ
ᠵᠤᠬᠢᠶᠠᠭᠴᠢ᠄ ᠬᠦᠷᠡᠯᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2672
ᠴᠠᠭ᠄ 2010 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ