ᠨᠡᠪᠲᠡᠷᠡᠨ ᠤᠷᠤᠬᠤ
ᠣᠢ᠌ᠷᠠᠤᠨ (ᠥᠭᠡᠯᠡᠳ) ᠊ᠤᠳ
(ᠣᠢ᠌ᠷᠠᠤᠨ ᠤᠨ ᠳᠡᠦᠭᠡᠨ ᠰᠤᠷᠪᠣᠯᠵᠢ ᠪᠢᠴᠢᠭ᠌ ᠤᠳ ᠤᠨ ᠱᠥᠭᠦᠮᠡᠯ)

ᠣᠢ᠌ᠷᠠᠤᠨ ᠭᠡᠮᠡᠭᠦ ᠨᠠᠷ᠎ᠠ ᠨᠢ ᠠᠩᠬᠠᠨ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠵᠤᠬᠢᠶᠠᠭᠴᠢ ᠨᠢ ᠦᠯᠦ ᠮᠡᠳᠡᠭ᠍ᠳᠡᠭᠦ 《ᠮᠤᠩᠭ᠋ᠤᠯ ᠤᠨ ᠨᠢᠭᠤᠴᠠ ᠳᠤᠪᠴᠢᠶᠠᠨ》 ᠭᠡᠮᠡᠭᠦ ᠳᠡᠦᠭᠡᠨ ᠰᠤᠷᠪᠣᠯᠵᠢ ᠪᠢᠴᠢᠭ᠌ ᠲᠤ ᠳᠤᠷᠠᠳᠤᠭᠳᠠᠭᠰᠠᠨ ᠪᠠᠢ᠌ᠳᠠᠭ᠃ ᠪᠣᠷᠢᠶᠠᠤᠨ ᠤᠨ ᠡᠷᠳᠡᠮᠳᠡᠨ ᠪᠠᠽᠠᠷ ᠤᠨ ᠳᠤᠷᠵᠢ 1849 ᠣᠨ ᠳᠤ 《ᠣᠢ᠌ᠷᠠᠤᠨ》 ᠭᠡᠳᠡᠭ᠌ ᠨᠢ 《ᠣᠢ》 ᠪᠣᠯᠤᠨ 《ᠠᠷᠠᠤᠨ》 ᠭᠡᠮᠡᠭᠦ ᠬᠤᠶᠠᠷ ᠥᠭᠡ ᠪᠦᠭᠡᠳ ᠵᠠᠳᠠᠷᠭ᠎ᠠ ᠨᠢ ᠭᠡᠮᠡᠨ ᠦᠵᠡᠵᠠᠢ᠃

ᠣᠢ᠌ᠷᠠᠤᠨ (ᠥᠭᠡᠯᠡᠳ) ᠊ᠤᠳ ᠠᠯᠢ ᠡᠷᠳᠡ᠄ 《ᠳᠡᠭᠡᠷ᠎ᠡ ᠪᠠᠨ ᠵᠠᠭᠢᠷᠬᠤ ᠬᠠᠭᠠᠨ ᠲᠡᠶ ᠳᠡᠷᠭᠡᠳᠡ ᠪᠠᠨ ᠳᠦᠰᠢᠭᠦ ᠬᠠᠷᠠᠴᠤ ᠲᠡᠶ》 ᠲᠦᠷᠦ ᠶᠤᠰᠤᠨ ᠤ ᠤᠯᠦᠰ ᠭᠦᠷᠤᠨ ᠪᠣᠯᠤᠨ ᠳᠤᠭᠳᠠᠨᠢᠭᠰᠠᠨ ᠶᠤᠮ᠃ ᠳᠠᠷᠠ ᠮᠦᠴᠡ ᠡᠴᠡ ᠬᠣᠢ᠌ᠰᠢ ᠳᠠᠳᠠ 《ᠳᠠᠭᠤᠳᠠᠭᠳᠠᠬᠤ ᠨᠠᠷ᠎ᠠ ᠲᠡᠶ᠂ ᠳᠤᠷᠠᠰᠤᠭᠳᠠᠬᠤ ᠳᠡᠦᠭᠡ ᠲᠡᠶ》 ᠣᠯᠠᠨ ᠵᠠᠭᠤᠨ ᠵᠢᠯ ᠢ ᠡᠯᠡᠭᠡᠭ᠍ᠰᠡᠨ ᠪᠠᠢ᠌ᠨ᠎ᠠ᠃ ᠣᠢ᠌ᠷᠠᠤᠨ (ᠥᠭᠡᠯᠡᠳ) ᠊ᠤᠳ

ᠡᠷᠳᠡᠨ ᠤ ᠬᠠᠩᠭ᠋ᠠᠢ ᠶᠢᠨ ᠳᠠᠪᠤᠨ ᠣᠷᠭᠢᠯ

ᠡᠷᠭᠢᠵᠤ ᠪᠣᠴᠠᠬᠤ ᠵᠠᠮ ᠦᠭᠡᠶ ᠵᠢᠭᠰᠠᠨ᠎ᠠ

ᠡᠭᠡᠨᠡᠭ᠍ᠳᠡ ᠥᠷᠭᠦᠯᠵᠢᠯᠡᠭᠦ ᠠᠯᠳᠠᠢ ᠶᠢᠨ ᠠᠭᠤᠯᠠᠰ

ᠡᠭ᠍ᠴᠡᠯᠡᠵᠤ ᠭᠠᠳᠤᠯᠬᠤ ᠵᠠᠪᠰᠠᠷ ᠦᠭᠡᠶ ᠭᠦᠰᠢᠭᠯᠡᠨ᠎ᠡ

ᠵᠢᠷᠠᠨ ᠨᠤᠭᠤᠭᠠᠨ ᠰᠢᠭᠤᠢ ᠰᠢᠷᠭᠡᠭ᠌

ᠨᠡᠪᠳᠡᠷᠡᠭᠦ ᠠᠷᠭ᠎ᠠ ᠦᠭᠡᠶ ᠨᠢᠭᠳᠠᠷᠠᠨ ᠱᠤᠤᠭᠢᠨ᠎ᠠ

ᠠᠯᠳᠠᠨ ᠴᠠᠭᠠᠨ ᠮᠦᠰᠤ ᠬᠠᠳᠠᠨ ᠳᠤ

ᠳᠠᠯᠳᠠ ᠶᠢᠨ ᠠᠯᠤᠰ ᠡᠴᠡ ᠮᠥᠩᠭᠡᠯᠡᠨ ᠴᠠᠢ᠌ᠷᠠᠨ᠎ᠠ

ᠨᠠᠶᠠᠨ ᠴᠡᠩᠭᠡᠷ ᠭᠦᠨ ᠨᠠᠭᠤᠷ

ᠨᠢ᠋ᠮᠠᠨ ᠵᠥᠭ᠌ ᠲᠤ ᠴᠠᠢ᠌ᠯᠵᠠᠨ᠎ᠠ

ᠮᠢᠩᠭ᠋ᠠᠨ ᠳᠤᠩᠭ᠋ᠠᠯᠠᠭ ᠭᠤᠷᠤᠬ᠎ᠠ ᠪᠣᠯᠠᠭ

ᠮᠢᠨᠤ ᠨᠤᠳᠤᠭ ᠤᠨ ᠠᠷᠢᠭᠤᠨ ᠣᠰᠤ

ᠭᠡᠮᠡᠨ ᠣᠤᠭᠠᠯ ᠣᠰᠤ᠂ ᠰᠠᠭᠤᠭᠠᠯᠢ ᠭᠠᠵᠠᠷ ᠶᠢᠡᠷ ᠳᠠᠭᠤᠯᠠᠵᠤ ᠶᠠᠪᠣᠳᠠᠭ ᠰᠠᠨ᠃

ᠠᠯᠳᠠᠢ ᠬᠠᠩᠭ᠋ᠡᠢ ᠶᠢᠨ ᠠᠭᠤᠯᠠᠰ ᠤᠨ ᠶᠢᠡᠨ ᠰᠢᠷᠠᠯᠵᠢ ᠯᠤᠤᠯᠢ ᠣᠷᠭᠤᠬᠤ ᠵᠠᠢ ᠦᠭᠡᠶ ᠬᠠᠩᠭ᠋ᠠᠯ ᠰᠢᠮᠡᠯᠢᠭ᠌ ᠪᠠᠯᠴᠢᠭᠡᠷ ᠲᠤ᠂ ᠠᠳᠤᠭᠤ ᠮᠠᠯ ᠶᠢᠡᠨ ᠥᠰᠭᠡᠵᠤ᠂ ᠮᠤᠷᠢ ᠲᠡᠶ ᠭᠦᠮᠤᠨ ᠵᠥᠷᠢᠭᠦ ᠵᠠᠪᠰᠠᠷ ᠦᠭᠡᠶ ᠨᠢᠭᠳᠠ ᠰᠠᠬᠤᠯᠢᠭ ᠭᠦᠪᠴᠢ ᠳᠠᠢ᠌ᠭ᠎ᠠ ᠳᠠᠭᠠᠨ ᠪᠣᠯᠠᠭ᠎ᠠ ᠰᠢᠯᠡᠭᠦᠰᠤ ᠠᠩᠨᠠᠵᠤ᠂ ᠳᠠᠪᠠᠯ ᠭᠦᠡᠵᠢᠯᠡ ᠪᠠᠨ ᠣᠶᠤᠵᠤ᠂ ᠪᠣᠭᠤ ᠬᠠᠠᠳᠠᠭᠠᠢ ᠠᠩᠨᠠᠵᠤ ᠭᠦᠨᠡᠰᠤ ᠶᠤᠭᠡᠨ ᠪᠡᠯᠡᠳᠭᠡᠨ᠂ ᠪᠠᠭᠠᠪᠠᠭᠠᠢ ᠢᠷᠪᠢᠰ ᠨᠠᠮᠨᠠᠵᠤ ᠳᠠᠬᠤ ᠳᠡᠪᠢᠰᠭᠡᠷ ᠶᠢᠡᠨ ᠭᠢᠵᠤ ᠡᠷᠳᠡ ᠴᠠᠭ ᠡᠴᠡ ᠨᠠᠰᠢ ᠶᠡᠭᠡᠯ᠎ᠡ ᠳᠠᠮ ᠲᠡᠶ ᠵᠢᠮ᠎ᠠ ᠲᠡᠶ ᠠᠮᠢᠳᠤᠷᠠᠭᠰᠠᠭᠠᠷ ᠢᠷᠠᠵᠠᠢ᠃ ᠴᠢᠩᠭᠢᠰ ᠬᠠᠭᠠᠨ ᠤ ᠪᠠᠢ᠌ᠭᠤᠯᠤᠭᠰᠠᠨ 《ᠶᠡᠭᠡ ᠮᠤᠩᠭ᠋ᠤᠯ ᠤᠨ ᠬᠠᠭᠠᠠᠳᠤ ᠣᠯᠤᠰ》 ᠲᠤ ᠳᠤᠷᠠᠳᠠᠢ᠌ᠶ᠎ᠠ ᠨᠢᠭᠡᠳᠤᠨ ᠣᠷᠤᠵᠤ᠂ ᠡᠵᠡᠨ ᠴᠢᠩᠭᠢᠰ ᠤᠨ ᠳᠠᠭᠠᠭᠤᠯᠭ᠎ᠠ ᠶᠢᠨ ᠳᠤᠤᠷ᠎ᠠ ᠠᠽᠢᠶ᠎ᠠ ᠧᠥᠷᠦᠫᠡ ᠶᠢ ᠪᠠᠢ᠌ᠯᠳᠤᠨ ᠳᠠᠭᠠᠭᠤᠯᠬᠤ ᠶᠡᠭᠡ ᠣᠢ᠌ᠯᠠᠰ ᠲᠤ ᠴᠢᠬᠤᠯᠠ ᠣᠢ᠌ᠯᠠᠳᠤᠯ ᠵᠢᠦᠡᠭᠦᠯ ᠭᠠᠷᠭᠠᠵᠤ ᠪᠠᠢ᠌ᠭᠰᠠᠨ ᠢ 《ᠮᠤᠩᠭ᠋ᠤᠯ ᠤᠨ ᠨᠢᠭᠤᠴᠠ ᠳᠤᠪᠴᠢᠶᠠᠨ》 ᠵᠡᠷᠭᠡ ᠮᠠᠰᠢ ᠣᠯᠠᠨ ᠳᠡᠦᠭᠡᠨ ᠰᠤᠷᠪᠣᠯᠵᠢ ᠪᠢᠴᠢᠭ᠌ ᠲᠤ ᠳᠤᠳᠤᠷᠠᠬᠠᠢ ᠳᠡᠮᠳᠡᠭᠯᠡᠭ᠍ᠰᠡᠨ ᠪᠠᠢ᠌ᠳᠠᠭ᠃

ᠡᠵᠡᠨ ᠴᠢᠩᠭᠢᠰ ᠳᠡᠭ᠍ᠷᠢ ᠥᠭᠡᠳᠡ ᠪᠣᠯᠵᠤ᠂ ᠮᠤᠩᠭ᠋ᠤᠯ ᠤᠨ ᠣᠯᠠᠨ ᠠᠢ᠌ᠮᠠᠭ ᠤᠳ ᠬᠤᠭᠤᠷᠤᠠᠳᠤ ᠪᠠᠨ ᠡᠵᠡᠨ ᠲᠦᠷᠦ ᠪᠣᠯᠢᠶᠠᠯᠳᠤᠨ ᠬᠠᠳᠬᠤᠯᠴᠠᠵᠤ ᠪᠠᠢ᠌ᠬᠤ ᠳᠤ ᠣᠢ᠌ᠷᠠᠤᠨ ᠤᠳ ᠳᠦᠷᠪᠡᠨ ᠣᠢ᠌ᠷᠠᠤᠨ ᠤᠨ ᠬᠤᠯᠪᠣᠭ᠎ᠠ ᠪᠠᠨ ᠴᠢᠩᠭ᠋ᠠᠳᠬᠠᠨ᠂ ᠠᠵᠤ ᠠᠬᠤᠢ ᠪᠠᠨ ᠭᠦᠭ᠍ᠵᠢᠭᠦᠯᠵᠤ᠂ ᠣᠢ᠌ᠷᠠᠤᠨ ᠴᠠᠭᠠᠵᠠ᠂ ᠳᠤᠳᠤ ᠪᠢᠴᠢᠭ᠌ ᠵᠤᠬᠢᠶᠠᠨ᠂ ᠭᠠᠷ ᠣᠢ᠌ᠯᠠᠳᠪᠣᠷᠢᠯᠠᠯ᠂ ᠳᠠᠷᠢᠶᠠᠯᠠᠩ ᠢ ᠡᠷᠭᠢᠯᠡᠨ ᠶᠡᠭᠡᠭᠡᠨ ᠭᠦᠴᠦᠷᠭᠡᠭ᠍ᠵᠢᠭ᠍ᠰᠡᠨ ᠪᠠᠢ᠌ᠨ᠎ᠠ᠃ ᠳᠤᠭᠤᠨ ᠳᠠᠮᠤᠷ ᠬᠠᠭᠠᠨ ᠪᠠᠭᠡᠵᠢᠩ ᠡᠴᠡ ᠣᠬᠤᠷᠢᠨ ᠭᠠᠷᠴᠤ᠂ ᠮᠢᠩ ᠣᠯᠤᠰ ᠣᠳᠠᠭ᠎ᠠ ᠳᠠᠷᠠᠭ᠎ᠠ ᠮᠤᠩᠭ᠋ᠤᠯ ᠣᠷᠤᠨ ᠳᠤ ᠳᠦᠷᠢᠨ ᠣᠷᠤᠵᠤ᠂ ᠮᠤᠩᠭ᠋ᠤᠯᠴᠤᠳ ᠢ ᠳᠠᠢ᠌ᠨ ᠪᠣᠯᠤᠨ ᠭᠢᠳᠤᠯᠭ᠎ᠠ ᠪᠠᠷ ᠪᠠᠢ᠌ᠯᠳᠤᠨ ᠳᠠᠭᠠᠭᠤᠯᠵᠤ᠂ ᠳᠠᠷᠤᠯᠠᠨ ᠪᠣᠭᠤᠯᠴᠢᠯᠠᠬᠤ ᠳᠤ᠂ ᠣᠢ᠌ᠷᠠᠤᠨ ᠤᠳ ᠠᠰ ᠳᠤᠯᠤᠨ ᠠᠪᠤᠨ ᠬᠠᠷᠢᠭᠤᠴᠠᠵᠤ᠂ ᠮᠢᠩ ᠣᠯᠤᠰ ᠲᠡᠶ ᠳᠠᠢ᠌ᠳᠤᠭᠰᠠᠨ ᠪᠠᠢ᠌ᠨ᠎ᠠ᠃ ᠪᠢᠯᠢᠭ᠌ ᠡᠷᠳᠡᠮ ᠰᠠᠴᠠᠨ ᠪᠦᠷᠢᠳᠦᠭ᠍ᠰᠡᠨ᠂ ᠦᠯᠮᠡᠢ ᠳᠡᠭᠡᠨ ᠨᠤᠮᠤ ᠲᠡᠶ᠂ ᠥᠰᠦᠭᠡᠢ ᠳᠡᠭᠡᠨ ᠰᠤᠮᠤ ᠲᠡᠶ ᠣᠢ᠌ᠷᠠᠤᠨ ᠤᠳ᠂ ᠮᠢᠩ ᠣᠯᠤᠰ ᠤᠨ ᠢᠩᠽᠦᠩ ᠬᠠᠭᠠᠨ ᠤ ᠪᠠᠶ᠎ᠠ ᠪᠠᠷ ᠶᠢᠡᠨ ᠳᠠᠭᠠᠭᠤᠯᠤᠭᠰᠠᠨ ᠳᠠᠪᠢᠨ ᠲᠦᠮᠡᠨ ᠴᠡᠷᠢᠭ᠌ ᠢ ᠬᠤᠶᠠᠷᠬᠠᠨ ᠲᠦᠮᠡᠨ ᠴᠡᠷᠢᠭ᠌ ᠶᠢᠡᠷ ᠢᠯᠠᠨ 《 ᠲᠤ ᠮᠤ ᠪᠣᠤ》 (ᠰᠢᠷᠤᠢ ᠮᠤᠳᠤᠨ ᠪᠠᠭᠢᠯᠠᠯᠳᠠ) ᠭᠡᠳᠡᠭ᠌ ᠭᠠᠵᠠᠷ ᠢᠩᠽᠦᠩ ᠬᠠᠭᠠᠨ ᠢ ᠠᠮᠢᠳᠤ ᠪᠠᠷ ᠨᠢ ᠪᠠᠷᠢᠵᠤ ᠠᠪᠤᠨ᠂ ᠠᠮᠢ ᠶᠢ ᠨᠢ ᠬᠤᠷᠤᠭᠠᠭᠰᠠᠨ ᠦᠭᠡᠶ ᠣᠯᠤᠰ ᠲᠦᠷᠦ ᠶᠢᠨ ᠠᠷᠭ᠎ᠠ ᠪᠠᠷ ᠮᠢᠩ ᠣᠯᠤᠰ ᠤᠨ ᠮᠤᠩᠭ᠋ᠤᠯ ᠣᠷᠤᠨ ᠳᠤ ᠪᠠᠢ᠌ᠨ ᠳᠠᠭᠢᠨ ᠳᠦᠷᠢᠨ ᠣᠷᠤᠵᠤ᠂ ᠠᠯᠠᠵᠤ ᠭᠢᠳᠤᠬᠤ᠂ ᠪᠣᠯᠢᠶᠠᠨ ᠳᠡᠭᠡᠷᠡᠮᠳᠡᠭᠦ ᠶᠠᠪᠣᠳᠠᠯ ᠢ ᠨᠠᠮᠳᠠᠭᠤᠯᠤᠨ᠂ ᠮᠢᠩ ᠣᠯᠤᠰ ᠤᠨ ᠲᠦᠷᠦ ᠶᠢ ᠰᠣᠢ᠌ᠷᠠᠨ ᠣᠨᠠᠭᠠᠬᠤ ᠪᠠᠷ ᠨᠦᠰᠠᠷ ᠭᠠᠩᠬᠠᠭᠤᠯᠤᠭᠰᠠᠨ ᠶᠤᠮ᠃ ᠬᠤᠵᠢᠮ ᠨᠢ ᠮᠢᠩ ᠤᠨ ᠲᠦᠷᠦ ᠰᠣᠢ᠌ᠷᠠᠵᠤ᠂ ᠮᠠᠠᠵᠤ ᠴᠢᠩ ᠮᠠᠠᠳᠤᠬᠤ ᠳᠤ ᠮᠤᠩᠭ᠋ᠤᠯ ᠤᠨ ᠣᠯᠠᠨ ᠠᠢ᠌ᠮᠠᠭ ᠤᠳ ᠠᠷᠤ ᠠᠷᠤ ᠡᠴᠡ ᠪᠠᠨ ᠮᠠᠠᠵᠤ ᠳᠤ ᠡᠪᠦᠳᠦᠭ᠌ ᠨᠤᠭᠤᠯᠠᠨ ᠳᠠᠭᠠᠷ᠎ᠠ ᠣᠷᠤᠵᠤ᠂ ᠴᠢᠩᠭᠢᠰ ᠤᠨ ᠠᠯᠳᠠᠨ ᠣᠷᠤᠭ ᠤᠨ ᠯᠢᠭ᠍ᠳᠡᠨ ᠬᠠᠭᠠᠨ ᠢ ᠮᠠᠠᠵᠤ ᠲᠡᠶ ᠬᠠᠮᠳᠤᠷᠠᠨ ᠴᠤᠭᠢᠵᠤ ᠣᠨᠠᠭᠠᠭᠰᠠᠨ ᠪᠠᠢ᠌ᠨ᠎ᠠ᠃ ᠣᠢ᠌ᠷᠠᠤᠨ ᠤᠳ ᠳᠤᠰ ᠳᠠᠢ᠌ᠨ ᠳᠤ ᠣᠷᠤᠯᠴᠠᠭᠰᠠᠨ ᠦᠭᠡᠶ ᠶᠤᠮ᠃ ᠮᠤᠩᠭ᠋ᠤᠯ ᠨᠤᠳᠤᠭ ᠢ ᠠᠷᠤ ᠡᠴᠡ ᠬᠠᠭᠠᠠᠳᠤ ᠣᠷᠤᠰ᠂ ᠡᠮᠦᠨ᠎ᠡ ᠡᠴᠡ ᠮᠠᠠᠵᠤ ᠴᠢᠩ ᠳᠦᠷᠢᠮᠡᠭᠡᠢ᠌ᠯᠡᠨ ᠡᠵᠡᠯᠡᠭᠦ ᠶᠢ ᠡᠰᠡᠷᠭᠦᠴᠡᠨ ᠳᠠᠮᠠᠴᠠᠵᠤ ᠶᠠᠪᠣᠭᠰᠠᠨ ᠶᠤᠮ᠃

ᠭᠠᠯᠳᠠᠨ ᠪᠣᠱᠤᠭᠳᠤ ᠬᠠᠭᠠᠨ ᠡᠴᠡ ᠠᠮᠤᠷᠰᠠᠨᠠᠭ᠎ᠠ᠂ ᠬᠤ᠋ ᠥᠷᠯᠦᠭ᠌ ᠡᠴᠡ ᠣᠪᠰᠢ ᠬᠠᠭᠠᠨ ᠭᠦᠷᠳᠡᠯᠡᠭᠢ ᠳᠦᠷᠪᠡᠨ ᠣᠢ᠌ᠷᠠᠤᠨ ᠤᠨ ᠪᠠᠭᠠᠳᠤᠷᠯᠢᠭ ᠭᠡᠷᠡᠯ ᠰᠠᠴᠤᠷᠠᠩᠭ᠋ᠤᠢ ᠳᠡᠦᠭᠡ ᠡᠭᠦᠨ ᠢ ᠳᠤᠳᠤᠷᠬᠠᠢ ᠭᠡᠷᠡᠴᠢᠯᠡᠵᠤ ᠪᠣᠢ᠃ ᠣᠢ᠌ᠷᠠᠤᠨ ᠤᠳ ᠮᠠᠠᠵᠤ ᠴᠢᠩ ᠪᠣᠯᠤᠨ ᠬᠠᠭᠠᠠᠳᠤ ᠣᠷᠤᠰ ᠤᠨ ᠭᠢᠳᠤᠯᠭ᠎ᠠ ᠳᠦᠷᠢᠮᠡᠭᠡᠢ᠌ᠯᠡᠯ ᠤᠨ ᠳᠤᠤᠷ᠎ᠠ ᠭᠦᠴᠤᠨ ᠮᠡᠭᠦᠰᠳᠡᠵᠤ᠂ ᠣᠯᠤᠰ ᠭᠦᠷᠤᠨ ᠨᠢ ᠶᠡᠭᠦᠷᠡᠵᠤ ᠴᠡᠷᠢᠭ᠌ ᠠᠷᠠᠤᠨ ᠨᠢ ᠪᠣᠳᠠᠷᠠᠨ ᠨᠡᠭᠦᠵᠤ᠂ ᠡ᠊ᠨᠳᠡ ᠳᠠᠠᠳᠠ ᠴᠥᠯᠡᠭ᠍ᠳᠡᠭ᠍ᠰᠡᠨ ᠪᠠᠢ᠌ᠨ᠎ᠠ ᠁

ᠣᠳᠤ ᠳᠡᠯᠡᠭᠡᠢ ᠶᠢᠨ ᠡᠯ᠎ᠡ ᠭᠠᠵᠠᠷ ᠲᠤ ᠪᠠᠢ᠌ᠭ᠎ᠠ ᠣᠢ᠌ᠷᠠᠳ ᠤᠨ ᠪᠦᠷᠢᠨ ᠪᠣᠰᠤ ᠪᠦᠷᠢᠦᠡᠭᠡᠯ ᠳᠤᠭ᠎ᠠ ᠬᠠᠯᠢᠮᠠᠭ ᠳᠠᠩᠭ᠋ᠠᠴᠢ ᠣᠯᠤᠰ ᠲᠤ 14 ᠲᠦᠮᠡ ᠭᠠᠷᠤᠢ (1998 ᠣᠨ ᠤ ᠪᠦᠷᠢᠦᠡᠭᠡᠯ)᠂ ᠺᠠᠽᠠᠭᠰᠲ᠋ᠠᠨ ᠳᠤ 689 (1989 ᠣᠨ ᠤ ᠪᠦᠷᠢᠦᠡᠭᠡᠯ)᠂ ᠦᠽᠪᠢᠺᠰᠲ᠋ᠠᠨ ᠳᠤ 191 (1989 ᠣᠨ ᠤ ᠪᠦᠷᠢᠦᠡᠭᠡᠯ)᠂ ᠭᠢᠳᠠᠤᠨ ᠲᠤ 20 ᠭᠠᠷᠤᠢ ᠲᠦᠮᠡ (1996 ᠣᠨ ᠤ ᠪᠦᠷᠢᠦᠡᠭᠡᠯ)᠂ ᠺᠢᠷᠭᠢᠰᠰᠲ᠋ᠠᠨ ᠳᠤ 1.7 ᠲᠦᠮᠡ (1996 ᠣᠨ ᠤ ᠪᠦᠷᠢᠦᠡᠭᠡᠯ)᠂ ᠠᠹᠭᠠᠨᠢᠰᠲ᠋ᠠᠨ ᠳᠤ ᠲᠦᠮᠡ ᠭᠠᠷᠤᠢ᠂ ᠮᠤᠩᠭ᠋ᠤᠯ ᠣᠯᠤᠰ ᠲᠤ ᠲᠦᠮᠡ ᠭᠠᠷᠤᠢ᠂ ᠠᠯᠳᠠᠢ ᠣᠯᠤᠰ ᠲᠤ 6 ᠲᠦᠮᠡ ᠭᠠᠷᠤᠢ᠂ ᠠᠮᠸᠷᠢᠺᠠ ᠲᠤ 3 ᠮᠢᠩᠭ᠋᠎ᠠ ᠭᠠᠷᠤᠢ᠂ ᠧᠥᠷᠦᠫᠡ ᠳᠢᠪ ᠲᠤ 2 ᠮᠢᠩᠭ᠋᠎ᠠ ᠭᠠᠷᠤᠢ ᠣᠷᠤᠰᠢᠨ ᠠᠮᠢᠳᠤᠷᠠᠵᠤ ᠪᠣᠢ ᠁

ᠲᠦᠷᠦᠯ ᠤᠳ ᠮᠢᠨᠢ ᠥᠰᠦᠷᠡᠭ᠍ᠰᠡᠨ ᠴᠢᠰᠤ᠂ ᠳᠠᠰᠤᠷᠠᠭᠰᠠᠨ ᠮᠢᠬ᠎ᠠ ᠣᠷᠤ ᠭᠠᠭᠴᠠ ᠭᠡᠯᠡ ᠲᠡᠶ ᠪᠢᠯᠠ ᠪᠢᠳᠠᠨ

ᠨᠡᠭᠦᠭᠡᠳ ᠶᠠᠪᠣᠭᠰᠠᠨ ᠳᠠᠨ ᠢ ᠪᠠᠨ ᠰᠠᠨᠠᠬᠤ ᠳᠠᠭᠠᠨ ᠨᠢᠳᠤ ᠮᠢᠨᠢ ᠨᠢᠯᠪᠣᠰᠤ ᠪᠠᠷ ᠳᠦᠭᠦᠷᠡᠨ᠎ᠡ

ᠣᠯᠠᠭᠠᠨ ᠴᠢᠷᠠᠢ ᠲᠡᠶ ᠣᠢ᠌ᠷᠠᠤᠨ ᠤᠳ ᠮᠢᠨᠢ

ᠣᠯᠠᠭᠠᠨ ᠵᠠᠯᠠᠭ᠎ᠠ ᠲᠡᠶ ᠬᠠᠯᠢᠮᠠᠭ ᠤᠳ

ᠥᠷᠭᠡᠨ ᠰᠡᠳᠭᠢᠯ ᠲᠡᠶ ᠴᠡᠩᠭᠡᠷ ᠬᠠᠯᠢᠮᠠᠭ ᠤᠳ ᠦᠨᠳᠠᠢ᠌ᠵᠤ ᠨᠠᠮᠢ᠋ᠢ ᠳᠠᠪᠠᠷᠢᠵᠤ ᠦᠨᠦᠰᠤᠯ᠎ᠠ

ᠥᠯᠦᠭᠡᠢ ᠳᠡᠭᠡᠨ ᠪᠠᠢ᠌ᠭᠰᠠᠨ ᠳᠠ ᠨᠡᠷ ᠲᠡᠶ ᠪᠠᠨ ᠡᠳᠦᠷ ᠪᠣᠯᠭᠠᠨ ᠵᠤᠯᠭᠠᠵᠤ ᠶᠠᠪᠣᠨ᠎ᠠ

ᠣᠯᠠᠭᠠᠨ ᠴᠢᠷᠠᠢ ᠲᠡᠶ ᠣᠢ᠌ᠷᠠᠤᠨ ᠤᠳ ᠮᠢᠨᠢ

ᠣᠯᠠᠭᠠᠨ ᠵᠠᠯᠠᠭ᠎ᠠ ᠲᠡᠶ ᠬᠠᠯᠢᠮᠠᠭ ᠤᠳ

ᠡᠷᠭᠢᠭᠡᠳ ᠬᠠᠷᠢᠬᠤ ᠳᠠᠭᠠᠨ ᠪᠠᠶᠠᠷ ᠲᠡᠶ ᠶᠠᠪᠣᠨᠠᠮ ᠢᠨᠠᠭᠰᠢ ᠪᠠᠨ ᠢᠷᠡᠭᠦ ᠳᠡᠭᠡᠨ ᠳᠠᠭᠤᠯᠠᠭᠠᠤᠨ ᠢᠷᠠᠨᠠᠮ

ᠡᠳᠦᠷ ᠰᠦᠨᠢ ᠦᠭᠡᠶ ᠬᠠᠮᠳᠤᠳᠠ ᠰᠠᠭᠤᠭᠠᠤᠨ

ᠡᠵᠢ ᠶᠢᠨ ᠴᠢᠨᠠᠭᠰᠠᠨ ᠴᠠᠢ ᠪᠠᠨ ᠣᠤᠭᠤᠨᠠᠮ

ᠣᠯᠠᠭᠠᠨ ᠴᠢᠷᠠᠢ ᠲᠡᠶ ᠣᠢ᠌ᠷᠠᠤᠨ ᠤᠳ ᠮᠢᠨᠢ

ᠣᠯᠠᠭᠠᠨ ᠵᠠᠯᠠᠭ᠎ᠠ ᠲᠡᠶ ᠬᠠᠯᠢᠮᠠᠭ ᠤᠳ

ᠠᠢ ᠭᠦᠭᠡᠷᠦᠭᠦᠢ ᠣᠯᠠᠭᠠᠨ ᠵᠠᠯᠠᠭ᠎ᠠ ᠲᠡᠶ ᠬᠠᠯᠢᠮᠠᠭ ᠤᠳ ᠭᠡᠵᠤ ᠳᠠᠭᠤᠯᠠᠭᠰᠠᠨ ᠮᠤᠩᠭ᠋ᠤᠯ ᠣᠯᠤᠰ ᠤᠨ ᠭᠠᠪᠢᠶᠠᠳᠤ ᠵᠥᠴᠦᠭ᠍ᠡᠴᠢᠨ ᠥᠭᠡᠯᠡᠳ ᠮᠤᠩᠭ᠋ᠤᠯ ᠤᠨ ᠰᠤᠤ ᠪᠢᠯᠢᠭ᠍ᠳᠤ ᠳᠠᠭᠤᠴᠢᠨ ᠵᠢᠪᠬᠤᠯᠠᠩ ᠤᠨ ᠳᠠᠭᠤᠤ ᠪᠠᠷ ᠳᠤᠰ ᠵᠤᠬᠢᠶᠠᠯ ᠤᠨ ᠶᠢᠡᠨ ᠰᠡᠭᠦᠯᠴᠢ ᠶᠢᠨ ᠳᠠᠭᠤᠨ ᠪᠣᠯᠭᠠᠶ᠎ᠠ᠃


(ᠥᠭᠡᠯᠡᠳ ᠭᠠᠯᠳᠠᠨ ᠵᠠᠰᠠᠨ ᠨᠠᠢ᠌ᠷᠠᠭᠤᠯᠵᠤ ᠬᠠᠩᠭ᠋ᠠᠪᠠ)

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7441
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ