ᠨᠡᠪᠲᠡᠷᠡᠨ ᠤᠷᠤᠬᠤ
ᠤᠮᠠᠷᠠᠳᠤ ᠶᠢᠨ ᠨᠢᠭᠡᠨ ᠮᠤᠩᠭ᠋ᠤᠯ ᠳᠤᠰᠬᠤᠨ
(ᠭᠠᠳᠠᠨ᠎ᠠ ᠨᠢᠭᠡ)

1

ᠳᠡᠭ᠍ᠷᠢ ᠶᠢᠨ ᠴᠢᠷᠠᠢ ᠬᠠᠷᠠᠵᠤ ᠳᠠᠳᠤᠭᠰᠠᠨ ᠣᠮᠠᠷᠠᠳᠤ ᠶᠢᠨ ᠮᠤᠩᠭ᠋ᠤᠯ ᠳᠤᠰᠬᠤᠨ

ᠣᠷᠤᠭᠰᠠᠨ ᠦᠭᠡᠶ ᠪᠣᠷᠤᠭᠠᠨ ᠤ ᠭᠦᠭᠯᠡᠷᠡᠭᠡᠢ ᠡᠭᠦᠯᠡᠰ ᠶᠢᠡᠨ ᠠᠷᠢᠭᠢ ᠪᠣᠯᠭᠠᠵᠤ ᠭᠠᠰᠢᠭᠤᠨ ᠵᠠᠯᠭᠢᠯᠠᠨ᠎ᠠ

ᠳᠠᠷᠠ ᠪᠦᠭᠦᠨ ᠤ ᠨᠤᠭᠤᠭᠠᠨ ᠳᠠᠯ᠎ᠠ ᠶᠢᠨ ᠪᠠᠯᠴᠢᠭᠡᠷ ᠨᠢ

ᠳᠡᠷᠭᠡᠯ ᠨᠠᠷᠠᠨ ᠤ ᠭᠡᠷᠡᠯ ᠶᠢᠡᠨ ᠳᠤᠯᠤᠨ ᠡᠷᠭᠦᠨ ᠦᠶ᠎ᠡ ᠥᠶᠡᠰᠭᠡᠨ ᠰᠠᠷᠪᠠᠯᠵᠠᠨ ᠭᠠᠩᠬᠤᠨ᠎ᠠ

2

ᠮᠡᠯᠡᠭᠡᠢ ᠶᠢᠨ ᠳᠠᠭᠤᠨ ᠨᠠᠭᠤᠷ ᠲᠤ ᠪᠠᠨ ᠭᠦᠭᠯᠡᠨ᠎ᠡ

ᠰᠠᠠᠰᠠᠷ ᠤᠨ ᠰᠠᠷᠠᠨ ᠳᠡᠭ᠍ᠷᠢ ᠳᠤ ᠪᠠᠨ ᠴᠢᠯᠦᠭᠡᠵᠢᠨ

ᠦᠴᠦᠭᠡᠳᠦᠷ ᠶᠢᠡᠨ ᠮᠠᠷᠳᠠᠬᠤ ᠦᠭᠡᠶ ᠭᠡᠵᠤ

ᠣᠳᠤᠳ ᠤᠨ ᠵᠠᠢ ᠳᠤ ᠣᠴᠢᠷᠳᠠᠢ᠌ᠬᠠᠨ ᠠᠭᠰᠢᠨ ᠮᠤᠷᠣᠢ᠌ᠨ ᠭᠡᠷᠡᠯᠳᠤᠨ᠎ᠡ

3

ᠨᠢ᠋ᠮᠠᠨ ᠰᠠᠷ᠎ᠠ ᠪᠣᠯᠳᠠᠯ᠎ᠠ ᠨᠠᠪᠴᠢᠨ ᠤ ᠵᠠᠢ ᠪᠠᠷ

ᠪᠠᠳᠠᠭᠠᠨ᠎ᠠ ᠨᠠᠭᠠᠯᠢᠩᠬᠠᠢ᠌ᠳᠠᠨ᠎ᠠ

ᠨᠤᠮ ᠤᠨ ᠵᠠᠭᠠᠭ ᠶᠢᠡᠷ ᠡ᠊ᠨᠳᠡᠭᠦᠷᠡᠨ ᠢᠷᠠᠵᠤ ᠊ᠭ᠍‍ᠬᠢᠷᠳᠦᠭᠡᠨ᠎ᠡ

ᠬᠠᠶᠠ ᠵᠥᠰᠡᠷᠡᠭ᠍ᠰᠡᠨ ᠪᠣᠷᠤᠭᠠᠨ ᠤ ᠳᠤᠰᠤᠯ ᠢ

ᠬᠠᠢ᠌ᠷ᠎ᠠ ᠶᠢᠨ ᠰᠠᠷᠬᠤᠤᠨ ᠪᠣᠯᠭᠠᠵᠤ ᠠᠶᠠᠳᠠᠢ᠌ᠬᠠᠨ ᠰᠢᠮᠠᠯᠴᠠᠨ᠎ᠡ

4

ᠣᠮᠠᠷᠠᠳᠤ ᠶᠢᠨ ᠨᠢᠭᠡᠨ ᠮᠤᠩᠭ᠋ᠤᠯ ᠳᠤᠰᠬᠤᠨ ᠤ

ᠨᠤᠬᠠᠢ ᠨᠢ ᠪᠠᠢ᠌ᠳᠠᠯ᠎ᠠ ᠳᠡᠭ᠍ᠷᠢ ᠵᠥᠭ᠌ ᠬᠠᠠᠳᠤᠵᠤ ᠬᠤᠴᠠᠨ᠎ᠠ

ᠣᠮᠠᠷᠠᠳᠤ ᠶᠢᠨ ᠨᠢᠭᠡᠨ ᠮᠤᠩᠭ᠋ᠤᠯ ᠳᠤᠰᠬᠤᠨ ᠤ

ᠠᠷᠠᠤᠨ ᠨᠢ ᠪᠠᠢ᠌ᠳᠠᠯ᠎ᠠ ᠳᠡᠭ᠍ᠷᠢ ᠡᠴᠠ ᠤᠢ᠌ᠷᠠᠬᠠᠨ ᠠᠮᠢᠳᠤᠷᠠᠨ᠎ᠠ

5

ᠳᠠᠪᠭᠢᠵᠤ ᠥᠩᠭᠡᠷᠡᠭ᠍ᠰᠡᠨ ᠠᠭᠳᠠᠨ ᠤ ᠳᠤᠭᠤᠰᠤ ᠨᠢ ᠬᠠᠯᠠᠭᠤᠬᠠᠨ ᠪᠠᠢ᠌ᠳᠠᠭ

ᠳᠤᠭᠤᠯᠵᠤ ᠢᠷᠡᠭ᠍ᠰᠡᠨ ᠵᠠᠮ ᠤᠨ ᠡᠩᠭᠦᠯ ᠨᠢ ᠳᠤᠯᠠᠭᠠᠬᠠᠨ ᠪᠠᠢ᠌ᠳᠠᠭ

ᠣᠮᠠᠷᠠᠳᠤ ᠶᠢᠨ ᠨᠢᠭᠡᠨ ᠮᠤᠩᠭ᠋ᠤᠯ ᠳᠤᠰᠬᠤᠨ ᠡᠪᠦᠯ ᠨᠢ ᠴᠠᠢ᠌ᠷᠠᠨ ᠬᠠᠷᠠᠭᠳᠠᠨ᠎ᠠ

6

ᠳᠠᠷᠢᠶᠠᠨ ᠳᠤ ᠪᠠᠨ ᠭᠦᠯᠦᠰᠤ ᠲᠡᠶ

ᠳᠠᠯ᠎ᠠ ᠳᠤ ᠪᠠᠨ ᠵᠦᠷᠢᠭ᠌ ᠲᠡᠶ

ᠣᠮᠠᠷᠠᠳᠤ ᠶᠢᠨ ᠨᠢᠭᠡᠨ ᠮᠤᠩᠭ᠋ᠤᠯ ᠳᠤᠰᠬᠤᠨ

ᠣᠯᠵᠠᠷᠬᠠᠭᠰᠠᠨ ᠳᠤ ᠪᠠᠨ ᠨᠢᠳᠤ ᠨᠢ ᠮᠠᠯᠳᠠᠯᠵᠠᠨ᠎ᠡ


ᠡᠷᠭᠡ ᠴᠢᠯᠦᠭᠡ


ᠡᠷᠭᠡ ᠴᠢᠯᠦᠭᠡ ᠪᠣᠯ ᠳᠡᠭ᠍ᠷᠢ ᠶᠢᠨ ᠬᠠᠢ᠌ᠷ᠎ᠠ ᠪᠢᠯᠠ

ᠡᠷᠭᠢᠯᠳᠦᠭᠦ ᠪᠦᠮᠪᠦᠷᠴᠡᠭ᠌ ᠤᠨ ᠡᠶ᠎ᠡ ᠶᠢᠨ ᠡᠷᠳᠡᠨᠢ ᠪᠢᠯᠠ

ᠡᠷᠭᠡ ᠴᠢᠯᠦᠭᠡ ᠪᠣᠯ ᠭᠠᠵᠠᠷ ᠤᠨ ᠢᠪᠠᠭᠡᠯ ᠪᠢᠯᠠ

ᠡᠷᠭᠡᠰ ᠳᠡᠭ᠍ᠷᠢ ᠶᠢᠨ ᠨᠠᠷᠠᠨ ᠤ ᠮᠦᠰᠢᠶᠠᠯ ᠪᠢᠯᠠ

ᠡᠷᠭᠡ ᠴᠢᠯᠦᠭᠡ ᠪᠣᠯ ᠨᠢᠳᠤᠨ ᠤ ᠭᠠᠯ ᠪᠢᠯᠠ

ᠡᠷᠭᠢᠮ ᠵᠢᠷᠭᠠᠯ ᠤᠨ ᠰᠤᠳᠤᠨ ᠪᠦᠪᠠᠢ ᠪᠢᠯᠠ

ᠡᠷᠭᠡ ᠴᠢᠯᠦᠭᠡ ᠪᠣᠯ ᠲᠦᠮᠡᠨ ᠤ ᠰᠡᠳᠭᠢᠯ ᠪᠢᠯᠠ

ᠡᠷᠢᠯ ᠰᠤᠷᠠᠯ ᠤᠨ ᠮᠥᠩᠭᠡ ᠶᠢᠨ ᠬᠠ‍‌ᠶᠢᠭ ᠪᠢᠯᠠ

ᠡᠷᠭᠡ ᠴᠢᠯᠦᠭᠡ ᠪᠣᠯ ᠪᠣᠯᠪᠠᠰᠤᠨ ᠤ ᠳᠤᠭ ᠪᠢᠯᠠ

ᠠᠮᠢ ᠨᠠᠰᠤᠨ ᠤ ᠭᠤᠤᠯ ᠤᠨ ᠣᠷᠤᠰᠬᠠᠯ ᠪᠢᠯᠠ

ᠡᠷᠭᠡ ᠴᠢᠯᠦᠭᠡ ᠪᠣᠯ ᠨᠠᠢ᠌ᠷ ᠤᠨ ᠳᠠᠭᠤᠤ ᠪᠢᠯᠠ

ᠠᠯᠳᠠᠨ ᠴᠡᠴᠡᠭ᠌ ᠤᠨ ᠠᠩᠭᠢᠯᠤᠮᠠᠯ ᠪᠦᠵᠢᠭᠯᠡᠯ ᠪᠢᠯᠠ

ᠡᠷᠭᠡ ᠴᠢᠯᠦᠭᠡ ᠪᠣᠯ ᠭᠦᠳᠡᠯᠮᠦᠷᠢ ᠶᠢᠨ ᠨᠠᠷᠠ ᠪᠢᠯᠠ

ᠡᠷᠳᠡᠮ ᠮᠡᠳᠡᠯᠭᠡ ᠶᠢᠨ ᠳᠤᠷᠭᠠᠨ ᠵᠢᠭᠦᠷ ᠪᠢᠯᠠ

ᠡᠷᠭᠡ ᠴᠢᠯᠦᠭᠡ ᠪᠣᠯ ᠣᠭᠭᠠᠨ ᠤ ᠭᠡᠷᠡᠯ ᠪᠢᠯᠠ

ᠡᠨᠡᠦᠭᠡᠨ ᠨᠠᠰᠤᠨ ᠤ ᠮᠢᠨᠢ ᠦᠨᠡᠨ ᠤ ᠵᠢᠮ᠎ᠠ ᠪᠢᠯᠠ

ᠡᠷᠭᠡ ᠴᠢᠯᠦᠭᠡ ᠪᠣᠯ ᠳᠠᠯ᠎ᠠ ᠶᠢᠨ ᠨᠤᠭᠤᠭᠠᠨ ᠳᠠᠪᠠᠯᠭ᠎ᠠ ᠪᠢᠯᠠ

ᠰᠦᠨᠳᠠᠷᠯᠠᠨ ᠪᠣᠰᠤᠭᠰᠠᠨ ᠠᠭᠤᠯᠠᠨ ᠤ ᠪᠠᠷ᠎ᠠ ᠪᠢᠯᠠ

ᠡᠷᠭᠡ ᠴᠢᠯᠦᠭᠡ ᠪᠣᠯ ᠳᠠᠮᠠᠴᠠᠯ ᠤᠨ ᠭᠦᠭᠡ ᠳᠤᠯᠭᠢᠶ᠎ᠠ ᠪᠢᠯᠠ

ᠰᠦᠰᠦ ᠮᠦᠰᠤ ᠲᠡᠶ ᠰᠦᠨ ᠴᠠᠭᠠᠨ ᠠᠮᠳᠠ ᠪᠢᠯᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12328
ᠴᠠᠭ᠄ 2013 ᠤᠨ ᠤ 11 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ