ᠨᠡᠪᠲᠡᠷᠡᠨ ᠤᠷᠤᠬᠤ
ᠵᠡᠭᠦᠳᠤᠨ ᠡᠴᠡ ᠳᠠᠭᠤᠳᠠᠬᠤ ᠠᠷᠠᠤᠨ ᠤᠨ ᠳᠠᠭᠤᠤ

ᠰᠠᠷᠠᠨ ᠤ ᠭᠡᠢ᠌ᠪᠠᠩ ᠳᠤᠶᠠᠭ᠎ᠠ ᠭᠡᠭᠡᠪᠴᠢ ᠶᠢᠨ ᠴᠠᠭᠠᠨ᠎ᠠ ᠡᠴᠡ ᠵᠤᠯᠠᠢ ᠳᠡᠭᠡᠷ᠎ᠡ ᠮᠢᠨᠢ ᠳᠤᠰᠴᠤ ᠨᠣᠢ᠌ᠷ ᠢ ᠬᠤᠯᠵᠢᠭᠤᠯᠤᠨ᠎ᠠ᠃ ᠣᠷᠴᠢᠮ ᠤᠨ ᠡᠪᠦᠯ ᠤᠳ ᠣᠠᠴᠠ ᠶᠢᠨ ᠳᠤᠯᠠᠭᠠᠨ᠂ ᠭᠡᠷ ᠲᠤ ᠴᠤ ᠠᠯᠪᠠᠨ ᠭᠡᠷ ᠲᠤ ᠴᠤ ᠭᠡᠰᠡᠨ ᠵᠥᠩᠳᠡᠭᠡᠨ ᠴᠢᠭᠢᠭᠯᠢᠭ᠌ ᠠᠮᠢᠰᠬᠤᠯ ᠳᠤᠨᠤᠷᠠᠨ᠎ᠠ᠃ ᠬᠠᠯᠠᠭᠤᠨ ᠴᠢᠭᠢᠭᠯᠢᠭ᠌ ᠠᠭᠤᠷ ᠠᠮᠢᠰᠬᠤᠯ ᠳᠤ ᠵᠤᠭᠢᠴᠠᠳᠠᠭ ᠦᠭᠡᠶ ᠨᠢ ᠣᠮᠠᠷᠠᠳᠤ ᠣᠷᠤᠨ ᠤ ᠯᠠ ᠭᠦᠮᠤᠨ᠃ ᠡᠢ᠌ᠮᠤ ᠭᠦᠮᠤᠨ ᠤ ᠨᠢᠭᠡ ᠨᠢ ᠪᠢ ᠪᠠᠢ᠌ᠵᠤ ᠳᠠᠭᠠᠷᠠᠨ᠎ᠠ᠃ ᠢᠨᠢᠶᠡᠭ᠍ᠰᠡᠨ ᠭᠦᠮᠤᠨ ᠢ ᠭᠡᠷᠰᠤᠯᠡ ᠭᠡᠳᠡᠭ᠌ ᠥᠭᠡ ᠪᠠᠢ᠌ᠳᠠᠭ᠃ ᠮᠠᠠᠵᠤ ᠴᠢᠩ ᠤᠨ ᠨᠤᠶᠠᠷᠬᠠᠭᠴᠢᠳ ᠮᠠᠨ ᠤ ᠮᠤᠩᠭ᠋ᠤᠯᠴᠤᠳ ᠲᠤ ᠳᠤᠯᠤᠭᠠᠢ ᠶᠢ ᠨᠢ ᠢᠯᠪᠢᠵᠤ ᠳᠠᠷᠢᠭᠢ ᠶᠢ ᠨᠢ ᠰᠤᠷᠤᠬᠤ ᠠᠷᠭ᠎ᠠ ᠵᠠᠷᠤᠭᠰᠠᠨ ᠭᠡᠳᠡᠭ᠌᠃ ᠢᠩᠭᠢᠵᠤ ᠯᠠ ᠪᠠᠢ᠌ᠪᠠᠯ ᠪᠢᠳᠠ ᠭᠦᠢᠳᠡᠨ ᠣᠰᠤᠨ ᠳᠤ ᠵᠢᠩᠨᠡᠭ᠍ᠰᠡᠨ ᠮᠡᠯᠡᠭᠡᠢ ᠪᠣᠯᠵᠤ ᠪᠣᠰᠤᠳ ᠤᠨ ᠢᠳᠠᠰᠢ ᠪᠣᠯᠵᠤ ᠳᠠᠭᠤᠰᠬᠤ ᠨᠢ ᠡ ᠭᠡᠵᠤ ᠣᠯᠠᠨ ᠢ ᠬᠤᠯᠪᠤᠨ ᠪᠣᠳᠤᠵᠤ ᠭᠡᠪᠳᠡᠳᠡᠯ᠎ᠡ 《ᠡᠡᠳᠦᠭᠤ ᠮᠡᠯ ᠶᠢᠡᠷ ᠡᠯᠪᠠᠭ᠌ ᠠᠰ ᠤᠨ ᠮᠠᠨ ᠤ ᠮᠤᠩᠭ᠋ᠤᠯᠴᠤᠳ ᠡ᠂ ᠠᠯᠳᠠᠨ ᠭᠠᠠᠵᠤᠤᠷ ᠶᠢᠡᠨ ᠣᠩᠰᠢᠭᠤᠯᠴᠢᠬᠠᠭᠠᠤᠨ ᠠᠰ ᠶᠢᠡᠷ ᠶᠢᠡᠨ ᠪᠣᠤ ᠯᠠ ᠪᠠᠶᠠᠷᠯᠠᠭᠠᠤᠨ ᠪᠠᠢ᠂ ᠠᠳᠠᠭᠠᠳᠠᠨ ᠤ ᠵᠤᠯᠵᠠᠭ᠎ᠠ ᠶᠤᠸᠠᠨ ᠱᠢ ᠺᠠᠢ ᠳᠠᠭᠠᠨ ᠠᠯᠳᠠᠨ ᠲᠦᠷᠤ ᠪᠠᠨ ᠠᠳᠬᠤᠭᠤᠯᠬᠤ ᠪᠠᠷ ᠶᠢᠡᠨ ᠠᠷᠪᠠ ᠳᠠᠪᠤᠨ ᠬᠤᠰᠢᠭᠤ ᠪᠠᠷ ᠶᠢᠡᠨ ᠨᠡᠢ᠌ᠯᠡᠭᠡᠳ ᠡᠰᠡᠷᠭᠦᠴᠡᠵᠤ ᠪᠣᠯᠬᠤ ᠦᠭᠡᠶ ᠦᠦ ᠳ᠋ᠠ》 ᠭᠡᠭᠦ ᠳᠠᠭᠤᠤ ᠪᠦᠦᠷ ᠳᠦᠦᠷᠭᠡᠨ ᠳᠤᠭᠤᠯᠳᠠᠯ᠎ᠠ᠃ ᠪᠢᠩᠳᠤ ᠸᠠᠩ ᠤᠨ ᠳᠠᠭᠤᠤ᠂ ᠡᠨᠡ ᠳᠠᠭᠤᠤ ᠶᠢ ᠪᠢ ᠥᠭᠦᠯ᠎ᠡ ᠭᠡᠳ ᠰᠦᠨᠠᠰᠤ ᠪᠠᠷ ᠶᠢᠡᠨ ᠴᠤ ᠳᠠᠭᠤᠯᠠᠵᠤ ᠴᠢᠳᠠᠨ᠎ᠠ ᠡ ︕ ᠪᠠᠷᠤᠭ ᠪᠦᠷᠭᠦᠤᠨ ᠠᠪᠣ ᠶᠢᠨ ᠳᠠᠠᠳᠠ ᠡᠴᠡ ᠳᠤᠭᠤᠯᠳᠠᠯ᠎ᠠ ᠪᠠᠢ᠌ᠯᠭᠦᠢ᠃ ᠭᠠᠵᠠᠷ ᠨᠤᠳᠤᠭ ᠶᠢᠡᠨ ᠠᠯᠳᠠᠭᠰᠠᠨ ᠮᠤᠩᠭ᠋ᠤᠯᠴᠤᠳ ᠤᠨ ᠮᠢᠨᠢ ᠰᠡᠳᠭᠢᠯ ᠤᠨ ᠣᠢ ᠭᠠᠰᠢᠭᠤ ᠶᠢ ᠢᠯᠡᠳᠭᠡᠭ᠍ᠰᠡᠨ ᠳᠠᠭᠤᠤ᠂ ᠠᠷᠠᠤᠨ ᠲᠦᠮᠡᠨ ᠤ ᠮᠢᠨᠢ ᠣᠢ᠌ᠤᠠᠬᠠᠷ ᠤᠨ ᠲ᠋ᠠᠢ᠌ᠯᠤᠨ ᠵᠢᠷᠦᠭᠡᠨ ᠤ ᠬᠠᠢ᠌ᠯᠠᠨ ᠡᠨᠡ ᠳᠠᠭᠤᠤ ᠳᠤ ᠪᠢ ᠣᠯᠠᠨ ᠣᠳᠠᠭ᠎ᠠ ᠠᠭᠤᠰᠴᠤ ᠶᠠᠪᠣᠭᠰᠠᠨ᠃ ᠪᠢ ᠨᠢᠭᠡ ᠶᠤᠵᠤᠭᠤᠷ ᠳᠠᠮᠠᠭᠢ ᠪᠠᠨ ᠠᠰᠠᠭᠠᠵᠤ ᠳᠠᠭᠤᠤ ᠶᠢᠨ ᠳᠤᠬᠠᠢ ᠪᠣᠳᠤᠯ ᠳᠤ ᠵᠢᠪᠣᠪᠠ ᠁

ᠮᠠᠨᠠᠢ᠌ᠭᠢᠳ ᠨᠠᠳᠠ ᠶᠢ ᠪᠠᠶᠠᠰᠤᠩᠭ᠋ᠤᠢ ᠦᠵᠡᠯ ᠲᠡᠶ ᠭᠡᠯᠴᠡᠳᠡᠭ᠌᠃ ᠪᠠᠷᠤᠭ ᠯᠠ ᠡᠳᠦᠷᠵᠢᠨ ᠳᠠᠭᠤᠤ ᠭᠢᠩᠰᠢᠵᠤ ᠭᠦᠭᠡᠷᠴᠤ ᠶᠠᠪᠣᠳᠠᠭ ᠡᠴᠡ ᠪᠣᠯᠤᠭᠰᠠᠨ ᠪᠠᠢ᠌ᠯᠭᠦᠢ᠃ ᠭᠦᠴᠢᠷ ᠪᠠᠷᠭᠡᠰᠢᠶᠡᠯ ᠲᠡᠶ ᠠᠮᠢᠳᠤᠷᠠᠯ ᠤᠨ ᠳᠤᠮᠳᠠ ᠳᠠᠭᠤᠤ ᠪᠠᠷ ᠰᠡᠳᠭᠢᠯ ᠤᠨ ᠳᠡᠩᠴᠡᠭᠦᠷᠢ ᠪᠠᠨ ᠣᠯᠵᠤ ᠢᠳᠡᠭᠡᠯ ᠭᠦᠰᠡᠯ ᠶᠢᠡᠨ ᠳᠦᠷᠡᠯᠵᠡᠭᠦᠯᠵᠤ ᠶᠠᠪᠣᠳᠠᠭ ᠢ ᠳᠠᠳᠠᠨᠠᠷ ᠶᠠᠭᠠᠭᠢᠵᠤ ᠮᠡᠳᠡᠭᠦᠪ᠃ ᠪᠢ ᠪᠠᠭ᠎ᠠ ᠡᠴᠡ ᠪᠠᠨ ᠳᠠᠭᠤᠤ ᠳᠤ ᠪᠠᠬᠠᠳᠠᠢ᠃ ᠡᠳᠦᠷ ᠤᠨ ᠭᠤᠷᠪᠠᠨ ᠡᠷᠡᠨ ᠤ ᠬᠤᠭᠤᠯᠠᠨ ᠳᠤ ᠪᠠᠨ ᠵᠦᠪ ᠦᠭᠡᠶ ᠶᠠᠪᠣᠭᠰᠠᠨ ᠪᠠᠭ᠎ᠠ ᠶᠢᠨ ᠦᠶ᠎ᠡ ᠳ᠋ᠤ ᠡᠯᠵᠢᠭᠡᠨ ᠳᠡᠷᠭᠡ ᠭᠡᠯᠢᠵᠤ ᠡᠵᠢ ᠲᠡᠶ ᠪᠠᠨ ᠭᠤᠧᠨ ᠶᠢᠨ ᠳᠤᠪᠣ ᠡᠴᠡ ᠪᠣᠴᠠᠬᠤ ᠳᠤ ᠪᠠᠨ ᠡᠵᠢ ᠶᠢᠨ ᠶᠢᠡᠨ《 ᠳᠠᠯᠠᠩ ᠲᠡᠶ ᠳᠠᠷᠢᠶ᠎ᠠ ᠳᠠᠷᠢᠬᠤ ᠦᠭᠡᠶ ᠳ᠋ᠠᠭᠤᠧᠨ ᠨᠤᠭᠤᠭ᠎ᠠ ᠢᠳᠡᠭᠦ ᠦᠭᠡᠶ᠂ ᠳᠠᠪᠰᠢᠨ ᠳᠠᠪᠰᠢᠨ ᠮᠥᠮᠦᠭᠦ ᠳᠤ ᠮᠥᠮᠥ ᠶᠢᠨ ᠮᠢᠨᠢ ᠰᠥ᠋ ᠠᠮᠳᠠᠳᠠᠢ》 ᠣᠷᠳᠤᠭᠤᠯᠤᠨ ᠳᠠᠭᠤᠯᠠᠬᠤ ᠨᠤᠭᠤᠠᠵᠢᠶᠠᠭ᠎ᠠ ᠳᠤ ᠰᠡᠳᠭᠢᠯ ᠶᠢᠡᠨ ᠡᠵᠡᠮᠳᠡᠭᠦᠯᠵᠤ ᠡᠵᠢ ᠶᠢᠨ ᠮᠢᠨᠢ ᠪᠠᠭ᠎ᠠ ᠶᠢᠨ ᠨᠤᠳᠤᠭ ᠭᠡᠭ᠍ᠴᠢ ᠠᠢ᠌ᠷᠠᠭ ᠴᠠᠭ᠎ᠠ ᠠᠩᠭᠢᠯᠤᠭᠰᠠᠨ ᠶᠠᠮᠠᠷᠬᠠᠨ ᠰᠠᠢ᠌ᠬᠠᠨ ᠭᠠᠵᠠᠷ ᠪᠠᠢ᠌ᠯ᠎ᠠ ᠭᠡᠵᠤ ᠦᠪᠡᠷ ᠶᠢᠡᠨ ᠳᠠᠢ᠌ᠮᠤ ᠠᠮᠢᠳᠤᠷᠠᠯ ᠢ ᠥᠩᠭᠡᠷᠡᠭᠦᠯᠦᠭ᠍ᠰᠡᠨ ᠶᠤᠮ ᠰᠢᠭ᠌ ᠰᠠᠶ‍ᠢ ᠶᠢᠨ ᠢᠳᠡᠭ᠍ᠰᠡᠨ ᠬᠤᠶᠠᠷ ᠭᠤᠧᠨ ᠶᠢᠨ ᠰᠦᠮᠤᠰᠤ ᠬᠤᠨᠢᠨ ᠱᠦᠯᠦ ᠵᠠᠯᠭᠢᠯᠠᠭᠰᠠᠨ ᠥᠭᠡᠷ᠎ᠡ ᠦᠭᠡᠶ ᠳᠤᠰᠤ ᠪᠠᠷ ᠭᠤᠯᠭᠢᠬᠤ ᠰᠢᠭ ᠰᠠᠨᠠᠭᠳᠠᠳᠠᠭ ᠪᠠᠢ᠌ᠭᠰᠠᠨ᠃ ᠣᠳᠤ ᠪᠣᠳᠤᠬᠤ ᠳᠤ ᠠᠷᠠᠤᠨ ᠤᠨ ᠳᠠᠭᠤᠤ ᠮᠢᠨᠢ ᠳᠠᠷᠠ ᠦᠶ᠎ᠡ ᠳᠤ ᠠᠮᠢᠳᠤᠷᠠᠯ ᠤᠨ ᠭᠠᠴᠢᠭ ᠳᠤᠭᠤᠯᠬᠤ ᠣᠶᠤᠨ ᠪᠣᠳᠤᠯ ᠤᠨ ᠳᠦᠰᠢᠭ᠌ ᠪᠣᠯᠵᠤ ᠪᠠᠢ᠌ᠭᠰᠠᠨ ᠠᠵᠠᠢ᠃ ᠮᠠᠨ ᠤ ᠨᠤᠳᠤᠭ ᠭᠡᠭ᠍ᠴᠢ ᠣᠯᠤᠰ ᠳᠠᠶᠠᠭᠠᠷ ᠨᠠᠷ᠎ᠠ ᠮᠠᠠᠳᠤᠭᠰᠠᠨ ᠶᠠᠳᠠᠭᠤ ᠭᠠᠵᠠᠷ ᠪᠢᠯᠠ᠃ ᠭᠡᠳᠡᠯ᠎ᠡ ᠭᠡᠳᠡᠰᠤ ᠳᠤᠠᠳᠠᠭᠤᠷ ᠮᠦᠷᠤ ᠨᠢᠴᠦᠭᠦᠨ ᠶᠠᠳᠠᠭᠤᠬᠠᠨ ᠠᠮᠢᠳᠤᠷᠠᠯ ᠢ ᠥᠩᠭᠡᠷᠡᠭᠦᠯᠵᠤ ᠪᠠᠢ᠌ᠯ᠎ᠠ ᠴᠤ ᠮᠢᠨᠤ ᠨᠤᠳᠤᠭ ᠤᠨ ᠭᠦᠮᠤᠨ ᠠᠷᠠᠤᠨ ᠦᠳᠡᠰᠢ ᠶᠢᠨ ᠪᠦᠷᠦᠢ ᠡᠴᠡ ᠰᠦᠨᠢ ᠲᠦᠯᠢ ᠥᠩᠭᠡᠷᠡᠳᠡᠯ᠎ᠡ ᠳᠦᠷᠪᠠᠨ ᠣᠳᠠᠰᠤᠳᠤ ᠪᠠᠨ ᠭᠦᠭᠯᠡᠭᠦᠯᠵᠤ ᠠᠷᠠᠤᠨ ᠤᠨ ᠳᠠᠭᠤᠤ ᠪᠠᠨ ᠲ᠋ᠠᠭᠤᠯᠠᠨ ᠨᠠᠷᠭᠢᠵᠤ ᠠᠵᠢᠯ ᠤᠨ ᠶᠠᠳᠠᠷᠠᠭ᠎ᠠ ᠪᠠᠨ ᠳᠠᠢ᠌ᠯᠳᠠᠭ ᠪᠠᠢ᠌ᠭᠰᠠᠨ᠃ ᠳᠠᠭᠤᠤ ᠪᠠᠷ ᠶᠢᠡᠨ ᠦᠯ ᠶᠢᠡᠨ ᠳᠠᠷᠤᠵᠤ ᠭᠤᠨᠢᠭ ᠶᠢᠠᠨ ᠲ᠋ᠠᠢ᠌ᠯᠵᠤ ᠶᠠᠪᠣᠳᠠᠭ ᠭᠦᠮᠤᠨ ᠠᠷᠠᠤᠨ ᠤᠨ ᠮᠢᠨᠢ ᠣᠬᠠᠭ᠎ᠠ ᠶᠠᠭᠤᠳᠠᠢ ᠳᠤᠷᠠᠰᠤᠯᠳᠠᠢ᠂ ᠣᠶᠤᠨ ᠰᠠᠨᠠᠭᠠᠨ ᠤ ᠬᠠᠭᠵᠠᠷᠠᠬᠠᠢ ᠶᠢ ᠨᠥᠭᠦᠵᠤ ᠠᠮᠢᠳᠤᠷᠠᠵᠤ ᠣᠷᠤᠰᠢᠬᠤ ᠶᠢᠨ ᠶᠡᠭᠡ ᠭᠦᠰᠡᠯ ᠣᠷᠭᠤᠭᠤᠯᠳᠠᠭ ᠠᠷᠠᠤᠨ ᠤᠨ ᠳᠠᠭᠤᠤ ᠶᠢᠨ ᠮᠢᠨᠢ ᠷᠢᠳᠢ ᠰᠢᠳᠢ ᠶᠠᠭᠤᠳᠠᠢ ᠭᠠᠢ᠌ᠬᠠᠯᠳᠠᠢ ︕

ᠳᠠᠭᠤᠤ ᠭᠦᠭ᠍ᠵᠢᠮ ᠨᠢ ᠭᠦᠮᠤᠨ ᠲᠦᠷᠦᠯᠭᠢᠳᠡᠨ ᠡᠴᠡ ᠡᠪᠠᠰᠤ ᠤᠷᠭᠤᠮᠠᠯ ᠳᠤ ᠭᠦᠷᠳᠡᠯ᠎ᠡ ᠭᠠᠢ᠌ᠬᠠᠮᠰᠢᠭᠲᠤ ᠨᠥᠯᠦᠭᠡ ᠣᠢ᠌ᠯᠠᠳᠤᠯ ᠲᠡᠶ᠃ ᠳᠡᠭᠦᠨ ᠳᠤ ᠰᠡᠳᠭᠢᠯ ᠲ᠋ᠤᠭᠳᠤᠯᠤᠭᠤᠯᠵᠤ ᠵᠤᠷᠢᠭ ᠢ ᠭᠦᠪᠴᠢᠯᠡᠭᠦ ᠣᠪᠠᠳᠢᠰ ᠲᠡᠶ᠂ ᠣᠢ᠌ᠤᠠᠬᠠᠷ ᠳᠠᠢ᠌ᠯᠵᠤ ᠣᠷᠮ᠎ᠠ ᠶᠢ ᠭᠦᠭ᠍ᠵᠢᠭᠡᠭᠦ ᠡᠷᠳᠡᠮ ᠲᠡᠶ᠃ ᠦᠨᠳᠦᠰᠦᠳᠠᠨ ᠶᠠᠰᠤᠳᠠᠨ ᠤ ᠣᠠᠴᠠᠯᠢᠭ ᠬᠠᠷᠠᠭᠤᠯᠬᠤ ᠳᠠᠭᠤᠤ ᠪᠠᠷ ᠶᠢᠡᠨ ᠪᠢᠳᠠ ᠳᠡᠯᠡᠭᠡᠢ ᠳᠤ ᠳᠠᠨᠢᠭᠳᠠᠵᠤ ᠪᠣᠯᠤᠨ᠎ᠠ᠂ ᠳᠡᠭᠡᠷ᠎ᠡ ᠡᠴᠡ ᠨᠥᠮᠦᠷᠢᠭᠦ ᠶᠠᠩᠵᠤ ᠶᠢᠨ ᠮᠦᠯᠵᠢᠯ ᠢ ᠢᠯᠠᠴᠢᠯᠠᠵᠤ ᠪᠢ ᠮᠤᠩᠭ᠋ᠤᠯ᠂ ᠳᠡᠯᠭᠡᠷ ᠪᠠᠶᠠᠨ ᠨᠤᠳᠤᠭ ᠲᠡᠶ ᠭᠢᠶᠠᠨ ᠶᠠᠰᠤᠳᠠᠨ ᠭᠡᠵᠤ ᠳᠡᠯᠡᠭᠡᠢ ᠶᠢᠨ ᠣᠯᠠᠨ ᠭᠡᠯᠡᠳᠡᠨ ᠤ ᠳᠤᠮᠳᠠ ᠭᠦᠮᠤᠨ ᠤ ᠳ᠋ᠦᠢᠳᠠᠢ ᠵᠤᠭᠰᠤᠵᠤ ᠴᠢᠳᠠᠨ᠎ᠠ ᠡ ︕ ᠳᠠᠯ᠎ᠠ ᠪᠠᠨ ᠳᠠᠯᠠᠵᠤ ᠳᠡᠭ᠍ᠷᠢ ᠶᠢᠨ ᠬᠠᠶᠠᠭ᠎ᠠ ᠪᠠᠨ ᠡᠷᠭᠦᠭ᠍ᠰᠡᠨ ᠣᠷᠳᠤ ᠶᠢᠨ ᠳᠠᠭᠤᠤ ᠮᠢᠨᠢ ᠳᠡᠯᠡᠭᠡᠢ ᠶᠢᠨ ᠵᠢᠷᠦᠭᠡ ᠶᠢ ᠣᠶᠠᠷᠠᠭᠤᠯᠤᠨ ᠣᠢ ᠰᠠᠷᠠᠯ ᠢ ᠨᠢ ᠡᠵᠡᠮᠳᠡᠵᠤ ᠮᠤᠩᠭ᠋ᠤᠯ ᠭᠦᠮᠤᠨ 《ᠡᠷᠡᠭᠡᠢ》 ᠭᠡᠵᠤ ᠳᠠᠭᠢᠠᠳᠠ ᠲ᠋ᠠᠭᠢᠠᠳᠠ ᠳᠠᠨᠢᠭᠤᠯᠤᠭᠰᠠᠨ ᠪᠣᠭᠤᠷᠤᠯ ᠨᠠᠰᠤᠳᠠᠨ ᠪᠤᠶᠠᠨᠳᠡᠯᠭᠡᠷ ᠶᠢᠡᠨ ᠪᠢᠳᠠ ᠪᠣᠷᠬᠠᠨ ᠶᠢᠡᠨ ᠰᠢᠭ ᠭᠦᠡᠳᠦᠳᠭᠡᠭᠦᠰᠢᠳᠡᠢ᠃ ᠳᠡᠭᠦᠨ ᠡᠴᠡ ᠡᠭᠢᠯᠡᠵᠤ ᠮᠤᠩᠭ᠋ᠤᠯ ᠭᠦᠮᠤᠨ ᠮᠤᠷᠢᠨ ᠳᠦᠪᠠᠷᠭᠡᠨ ᠶᠢᠡᠷ ᠪᠢᠰᠢ ᠰᠡᠳᠭᠢᠯ ᠤᠨ ᠴᠢᠪᠬᠠᠳᠠᠯ ᠶᠢᠡᠷ ᠴᠤ ᠳᠡᠯᠡᠭᠡᠢ ᠳᠤ ᠳᠠᠭᠢᠨ ᠳᠠᠨᠢᠭᠳᠠᠵᠤ ᠪᠣᠯᠤᠨ᠎ᠠ ᠭᠡᠳᠡᠭ᠌ ᠢ ᠮᠠᠨᠠᠢ᠌ᠭᠢᠳ ᠮᠡᠳᠡᠭ᠍ᠰᠡᠨ᠃ ᠡᠪᠦᠭᠡᠳ ᠡᠴᠡ ᠦᠪᠯᠠᠵᠤ ᠦᠯᠡᠳᠡᠭᠡᠭ᠍ᠰᠡᠨ ᠣᠷ᠎ᠠ ᠣᠬᠠᠭᠠᠨ ᠤ ᠳᠠᠯᠠᠰ ᠪᠣᠰᠤᠭ᠎ᠠ ᠪᠠᠷ ᠶᠢᠡᠨ ᠮᠥᠩᠭᠡᠵᠢᠭᠦ ᠶᠡᠭᠡ ᠣᠬᠠᠭᠠᠨ ᠪᠢᠯᠢᠤ ᠳ᠋ᠠ ᠠᠷᠠᠤᠨ ᠤᠨ ᠳᠠᠭᠤᠤ ᠮᠢᠨᠢ ︕ ᠠᠷᠠᠤᠨ ᠤᠨ ᠳᠠᠭᠤᠤ ᠮᠢᠨᠢ ᠪᠠᠢ᠌ᠭᠰᠠᠨ ᠶᠢᠡᠷ ᠳᠡᠯᠭᠡᠷ ᠮᠤᠩᠭ᠋ᠤᠯ ᠨᠤᠳᠤᠭ ᠮᠢᠨᠢ ᠵᠢᠰᠤ ᠪᠠᠷ ᠶᠢᠡᠨ ᠪᠠᠢ᠌ᠨ᠎ᠠ᠂ ᠳᠡᠭ᠍ᠵᠢᠭᠦ ᠭᠦᠰᠡᠯ ᠲᠡᠶ ᠮᠤᠩᠭ᠋ᠤᠯᠴᠤᠳ ᠮᠢᠨᠢ ᠵᠢᠪᠬᠤᠭ᠎ᠠ ᠲᠡᠶ ᠪᠠᠷ ᠶᠢᠡᠨ ᠪᠠᠢ᠌ᠨ᠎ᠠ᠃ ᠠᠷᠠᠤᠨ ᠤᠨ ᠳᠠᠭᠤᠤ ᠮᠢᠨᠢ ᠪᠠᠢ᠌ᠳᠠᠭ ᠯᠠ ᠪᠣᠯ ᠨᠤᠳᠤᠭ ᠡᠴᠡ ᠪᠠᠨ ᠰᠠᠯᠤᠭᠰᠠᠨ ᠨᠤᠭᠤᠠᠵᠢᠶᠠᠭ᠎ᠠ ᠭᠤᠨᠢᠵᠤ ᠥᠭᠦᠭᠦ ᠦᠭᠡᠶ ᠨᠤᠭᠳᠤ ᠪᠠᠨ ᠴᠢᠷᠦᠭ᠍ᠰᠡᠨ ᠨᠢ᠋ᠮᠠᠨ ᠰᠢᠷᠭ᠎ᠠ ᠡᠵᠡᠨ ᠶᠢᠡᠨ ᠠᠯᠳᠠᠬᠤ ᠦᠭᠡᠶ ᠨᠤᠬᠤᠭᠳᠠᠵᠤ ᠵᠠᠢ᠌ᠯᠠᠭᠰᠠᠨ ᠪᠢᠩᠳᠤ ᠸᠠᠩ ᠮᠢᠨᠢ ᠪᠣᠴᠠᠭᠠᠤᠨ ᠯᠠ ᠢᠷᠠᠨ᠎ᠠ ᠡ ︕ ᠠᠷᠠᠤᠨ ᠤᠨ ᠳᠠᠭᠤᠤ ᠶᠢᠨ ᠮᠢᠨᠢ ᠣᠶᠠᠩᠭ᠋ᠠᠯᠢᠭ ᠭᠦᠭ᠌ ᠢᠷᠠᠭᠤᠯᠢᠭ ᠠᠶ᠎ᠠ ᠶᠢᠨ ᠰᠡᠵᠢᠭᠦᠷ ᠠᠭᠤᠤ ᠴᠢᠩᠭᠢᠰ ᠤᠨ 《ᠥᠡᠳᠡᠭᠡᠨ ᠴᠠᠭᠠᠨ》 ᠴᠠᠭᠠᠨ ᠡᠭᠦᠯᠡ ᠬᠤᠪᠢᠯᠤᠨ ᠲ᠋ᠠᠯ᠎ᠠ ᠪᠠᠨ ᠮᠡᠨᠡᠵᠤ ᠭᠦᠪᠦᠯᠵᠡᠨ᠎ᠡ᠃ ᠡᠨ ︕ ᠴᠢ ᠮᠢᠨᠢ ᠪᠠᠢ᠌ᠭᠰᠠᠨ ᠴᠠᠭ ᠳᠠᠯ᠎ᠠ ᠮᠢᠨᠢ ᠳᠠᠢ᠌ᠪᠣᠩ᠃ ᠣᠬᠠᠭᠠᠠᠳᠤ ᠦᠨᠳᠦᠰᠦᠳᠠᠨ ᠤ ᠮᠢᠨᠢ ᠪᠦᠭᠦᠭᠦ ᠦᠭᠡᠶ ᠰᠦᠯᠳᠡ ᠶᠢᠨ ᠬᠤᠪᠢᠯᠤᠯ ᠠᠷᠠᠤᠨ ᠤᠨ ᠳᠠᠭᠤᠤ ᠮᠢᠨᠢ᠂ ᠳᠡᠭ᠍ᠷᠢ ᠶᠢᠨ ᠮᠤᠷᠢ ᠳᠡᠭ᠍ᠷᠢ ᠳᠤ ᠪᠠᠨ ᠪᠣᠴᠠᠯ᠎ᠠ ᠭᠡᠵᠤ ᠰᠡᠳᠭᠢᠯ ᠶᠢᠡᠷ ᠣᠨᠠᠭ᠎ᠠ ᠭᠦᠮᠤᠨ ᠠᠷᠠᠤᠨ ᠮᠢᠨᠢ ︕ ᠠᠷᠠᠤᠨ ᠤᠨ ᠳᠠᠭᠤᠤ ᠪᠠᠨ ᠠᠢ᠌ᠷᠠᠭ ᠰᠢᠭ ᠭᠦᠭᠡᠰᠦᠷᠡᠳᠡᠯ᠎ᠡ ᠳᠠᠭᠤᠯᠠᠬᠤ ᠪᠠᠷ ᠠᠵᠢᠨᠠᠢ ᠭᠦᠯᠦᠭ᠌ ᠴᠢᠨᠢ ᠭᠠᠵᠠᠷᠯᠠᠭᠠᠤᠨ ᠢᠷᠠᠨ᠎ᠠ᠃ ᠠᠶᠤᠮᠰᠢᠭᠳᠤ 《ᠮᠡᠯᠡᠭᠡᠢ ᠶᠢᠨ ᠥᠭᠦᠯ》 ᠵᠠᠶᠠᠭ᠎ᠠ ᠪᠠᠨ ᠥᠭᠡᠷᠡᠴᠢᠯᠡᠵᠤ ᠠᠭᠳᠠ ᠶᠢᠨ ᠨᠢᠷᠤᠭᠤᠨ ᠳᠤ ᠪᠠᠨ ᠭᠡᠩᠭᠡᠢ᠌ᠭ᠍ᠰᠡᠨ ᠪᠢᠳᠠ ᠭᠡᠢ᠌ᠮᠦᠷᠢ ᠶᠢ ᠳᠠᠯ ᠶᠢᠨ ᠰᠤᠷᠯᠠᠵᠤ ᠮᠤᠬᠤᠰᠢ ᠦᠭᠡᠶ ᠣᠬᠠᠭᠠᠨ ᠤ ᠮᠠᠭᠢᠷ ᠰᠠᠯᠠᠮ᠎ᠠ ᠪᠠᠨ ᠬᠤᠷᠴᠠᠯᠠᠵᠤ ᠬᠠᠯᠢᠷᠠᠰᠢ ᠦᠭᠡᠶ ᠭᠦᠷᠡᠯ ᠨᠢᠭᠤᠷ ᠶᠢᠡᠨ ᠭᠢᠯᠪᠠᠭᠤᠯᠤᠨ ᠦᠷᠤᠨ᠎ᠠ ᠳᠤᠷᠤᠨ᠎ᠠ ᠬᠠᠠᠳᠤᠭᠰᠠᠨ ᠵᠥᠭ᠌ ᠲᠤ ᠪᠠᠨ ᠣᠶᠠᠩᠭ᠋ᠠᠷᠠᠵᠤ ᠭᠦᠷᠦᠨ᠎ᠡ ᠡ ︕ ᠡ᠊ᠨᠳᠡ ᠭᠦᠷᠳᠡᠯ᠎ᠡ ᠪᠣᠳᠤᠬᠤ ᠡᠴᠡ ᠢᠷᠠᠭᠤ ᠨᠠᠢ᠌ᠷᠠᠭᠴᠢ ᡀᠠᠬᠠᠪᠠᠦ᠋ᠷᠤᠩ ᠤᠨ ᠰᠢᠯᠦᠭ᠌ ᠶᠠᠭᠠᠭᠢᠵᠤ ᠡᠢ᠌ᠭᠦ ᠶᠢᠨ ᠠᠷᠭ᠎ᠠ ᠦᠭᠡᠶ ᠰᠡᠳᠭᠢᠯ ᠳᠤ ᠪᠠᠭᠤᠨ᠎ᠠ᠄

《ᠳᠠᠭᠤᠤ ᠡᠭᠢᠯᠡᠭᠡᠳ ᠳᠠᠭᠤᠯᠠᠭᠰᠠᠨ ᠳᠠᠯ᠎ᠠ ᠳᠤ

ᠮᠤᠷᠢ ᠪᠦᠳᠦᠴᠢᠭᠦ ᠶᠢ ᠥᠵᠡᠭ᠍ᠰᠡᠨ ᠦᠭᠡᠶ

ᠳᠤᠷᠠᠯᠠᠯ ᠤᠨ ᠬᠠᠯᠠᠭᠤᠨ ᠵᠤᠪᠠᠯᠠᠩ ᠶᠢᠡᠨ

ᠳᠠᠭᠤᠤ ᠡᠴᠡ ᠪᠣᠰᠤᠳ ᠲᠡᠶ ᠬᠤᠪᠢᠶᠠᠭᠰᠠᠨ ᠦᠭᠡᠶ

ᠳᠤᠳᠠᠵᠤ ᠶᠠᠪᠣᠭᠰᠠᠨ ᠠᠮᠢᠳᠤᠷᠠᠯ ᠶᠢᠡᠨ

ᠳᠠᠭᠤᠤ ᠡᠴᠡ ᠪᠣᠰᠤᠳ ᠶᠢᠡᠷ ᠨᠥᠭᠦᠭ᠍ᠰᠡᠨ ᠦᠭᠡᠶ》

ᠦᠷ ᠤᠨ ᠴᠡᠭᠡᠨ ᠳᠤᠶᠠᠭ᠎ᠠ ᠬᠠᠷᠠᠭ᠎ᠠ ᠶᠢ ᠳᠠᠯᠠᠨ ᠬᠠᠷᠪᠣᠪᠠ᠃ ᠠᠢ ᠬᠥ ᠵᠡᠭᠦᠳᠤᠨ ᠡᠴᠡ ᠳᠠᠭᠤᠳᠠᠬᠤ ᠠᠷᠠᠤᠨ ᠤᠨ ᠳᠠᠭᠤᠤ ᠮᠢᠨᠢ ︕


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6150
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ