ᠨᠡᠪᠲᠡᠷᠡᠨ ᠤᠷᠤᠬᠤ
ᠭᠡᠭᠦᠤ ᠶᠢᠨ ᠦᠷᠠᠰ ᠭᠠᠷᠭᠠᠬᠤ ᠶᠤᠰᠤᠨ

ᠭᠡᠭᠦᠤ ᠶᠢᠨ ᠦᠷᠠᠰ ᠭᠠᠷᠭᠠᠬᠤ ᠶᠤᠰᠤᠨ ᠭᠡᠵᠤ ᠮᠠᠯᠴᠢᠳ ᠤᠨ ᠠᠳᠤᠭᠤᠨ ᠰᠥᠷᠦᠭ᠌ ᠤᠨ ᠶᠡᠭᠡ ᠪᠠᠶᠠᠷ᠂ ᠠᠢ᠌ᠷᠠᠭ ᠴᠠᠭ᠎ᠠ ᠪᠦᠳᠦᠭ᠍ᠰᠡᠨ ᠤ ᠪᠠᠯᠭᠡᠳᠡᠯᠳᠤ ᠶᠤᠰᠤᠯᠠᠯ ᠠᠵᠢ᠃ ᠭᠡᠭᠦᠤ ᠶᠢᠨ ᠦᠷᠠᠰ ᠢ ᠭᠤᠤᠯᠳᠠᠭᠤ ᠪᠣᠳᠢ᠂ ᠰᠤᠮᠢᠶ᠎ᠠ ᠭᠠᠷᠠᠭ ᠲᠤ ᠶᠤᠰᠤᠯᠠᠨ᠎ᠠ᠃ ᠠᠩᠬᠠᠯᠠᠨ ᠣᠨᠠᠭ᠎ᠠ ᠪᠠᠨ ᠪᠠᠷᠢᠬᠤ ᠳᠤ ᠪᠠᠨ ᠰᠢᠨ᠎ᠠ ᠰᠤᠷᠭᠤᠭ ᠭᠠᠵᠠᠷ ᠭᠠᠳᠠᠰᠤ ᠪᠠᠨ ᠰᠢᠭᠠᠨ᠂ ᠵᠠᠯ᠎ᠠ ᠪᠠᠨ ᠳᠠᠳᠠᠭᠠᠤᠨ ᠣᠷᠭ᠎ᠠ ᠶᠢᠨ ᠬᠣᠢ᠌ᠪᠢ ᠶᠢᠨ ᠣᠭᠴᠤᠷᠭ᠎ᠠ ᠳᠤ ᠪᠠᠶᠠᠷ ᠤᠨ ᠪᠠᠯᠭᠡᠳᠡᠯ ᠪᠣᠯᠤᠭᠰᠠᠨ ᠣᠯᠠᠭᠠᠨ ᠣᠳᠠᠰᠤ ᠪᠣᠶᠤ ᠠᠷᠢᠭᠤᠨ ᠤ ᠢᠯᠡᠷᠭᠡᠢ᠌ᠯᠡᠯ ᠪᠣᠯᠤᠭᠰᠠᠨ ᠬᠠᠳᠠᠭ ᠣᠶᠠᠭᠠᠤᠨ ᠣᠤᠭᠠᠨ ᠣᠨᠠᠭ᠎ᠠ ᠪᠠᠨ ᠡᠭᠢᠯᠡᠨ ᠣᠷᠭᠠᠯᠠᠵᠤ ᠨᠤᠭᠳᠤᠯᠠᠨ ᠴᠢᠭᠳᠠᠯᠠᠵᠤ ᠵᠠᠯᠠᠯᠠᠨ᠎ᠠ᠃ ᠮᠦᠨ ᠳᠠᠷᠠ ᠭᠦ ᠬᠤᠶᠠᠷ ᠭᠠᠳᠠᠰᠤᠨ ᠳᠡᠭᠡᠷ᠎ᠡ ᠪᠢᠴᠢᠬᠠᠨ ᠴᠢᠯᠠᠭᠤᠨ ᠣᠪᠣᠭ᠎ᠠ ᠪᠣᠰᠬᠠᠬᠤ ᠴᠤ ᠪᠣᠢ᠃ ᠢᠩᠭᠢᠭᠡᠳ ᠭᠡᠭᠦᠤ ᠪᠠᠨ ᠰᠠᠭᠠᠵᠤ ᠡᠭᠢᠯᠡᠨ᠎ᠡ᠃ ᠭᠡᠭᠦᠤ ᠰᠠᠭᠠᠬᠤ ᠬᠤᠪᠢᠩ ᠨᠢ ᠳᠤᠰᠬᠠᠢ ᠪᠠᠯᠡᠳᠦᠭ᠍ᠰᠡᠨ ᠮᠤᠳᠤᠨ ᠬᠤᠪᠢᠩ ᠪᠠᠢ᠌ᠨ᠎ᠠ᠃ ᠢᠩᠭᠢᠭᠡᠳ ᠦᠷᠠᠰ ᠭᠠᠷᠭᠠᠬᠤ ᠶᠤᠰᠤ ᠭᠢᠳᠡᠭ᠌᠃ ᠭᠡᠭᠦᠤ ᠶᠢᠨ ᠦᠷᠠᠰ ᠭᠠᠷᠭᠠᠬᠤ ᠨᠢ ᠭᠡᠭᠦᠤ ᠪᠠᠷᠢᠭᠰᠠᠨ ᠡᠳᠦᠷ ᠶᠢᠡᠨ ᠪᠣᠶᠤ ᠡᠰᠡᠪᠠᠯ ᠠᠢ᠌ᠷᠠᠭ ᠢᠰᠦᠭ᠍ᠰᠡᠨ ᠤ ᠳᠠᠷᠠᠭ᠎ᠠ ᠭᠢᠭᠦ ᠬᠤᠶᠠᠷ ᠶᠠᠩᠵᠤ ᠪᠠᠢ᠌ᠨ᠎ᠠ᠃ ᠡᠭᠦᠨ ᠤ ᠠᠯᠢᠨ ᠳᠤ ᠨᠢ ᠴᠤ ᠭᠡᠰᠡᠨ ᠳᠠᠷᠠ ᠨᠤᠳᠤᠭ ᠣᠰᠤᠨ ᠤ ᠣᠯᠤᠰ᠂ ᠦᠷᠠᠰ ᠭᠠᠷᠭᠠᠬᠤ ᠠᠢ᠌ᠯ ᠳᠤ ᠠᠷᠢᠭᠢ᠂ ᠪᠢᠰᠢᠯᠠᠭ᠂ ᠠᠭᠠᠷᠤᠤᠯ ᠢᠳᠡᠭᠡ ᠲᠡᠶ ᠢᠷᠡᠳᠡᠭ᠌᠃ ᠨᠥᠭᠦᠭᠡ ᠠᠢ᠌ᠯ ᠴᠤ ᠢᠳᠡᠭᠡ ᠴᠠᠭ᠎ᠠ ᠪᠡᠯᠡᠳᠭᠡᠨ᠎ᠡ᠃

ᠦᠷᠠᠰ ᠭᠠᠷᠭᠠᠬᠤ ᠶᠤᠰᠤᠯᠠᠯ ᠢ ᠭᠠᠳᠠᠭ᠎ᠠ ᠭᠡᠭᠦᠤ ᠶᠢᠨ ᠵᠠᠯ᠎ᠠ ᠶᠢᠨ ᠳᠡᠭᠡᠳᠤ ᠳᠠᠯ᠎ᠠ ᠳᠤ ᠡᠭᠢᠯᠡᠳᠡᠭ᠌᠃ ᠡ᠊ᠨᠳᠡ ᠴᠠᠭᠠᠨ ᠢᠰᠡᠭᠡᠢ ᠳᠡᠪᠢᠰᠦᠭᠡᠳ ᠰᠢᠷᠡᠭᠡ ᠵᠠᠰᠠᠨ ᠮᠢᠬ᠎ᠠ᠂ ᠠᠷᠢᠭᠢ᠂ ᠢᠳᠡᠭᠡᠨ ᠶᠢᠠᠨ ᠪᠠᠢ᠌ᠷᠢᠯᠠᠭᠤᠯᠤᠨ᠎ᠠ᠃ ᠰᠢᠷᠡᠭᠡᠨ ᠤ ᠡᠮᠦᠨ᠎ᠡ ᠳᠤᠮᠤ ᠮᠤᠳᠤᠨ ᠬᠤᠪᠢᠩ ᠲᠡᠶ ᠰᠠᠭᠠᠮ᠎ᠠ ᠶᠢ ᠡᠰᠢᠨ ᠳᠤ ᠨᠢ ᠳᠠᠪᠤᠨ ᠥᠩᠭᠡ ᠶᠢᠨ ᠬᠠᠳᠠᠭ ᠣᠶᠠᠭᠰᠠᠨ ᠶ‍ᠢᠰᠤᠨ ᠨᠥᠭᠡ ᠲᠡᠶ ᠰᠠᠴᠤᠯᠢ ᠶᠢᠨ ᠬᠠᠮᠳᠤ ᠳᠠᠯᠪᠢᠨ᠎ᠠ᠃ ᠡᠨᠡ ᠦᠶ᠎ᠡ ᠳᠤ ᠭᠡᠷ ᠤᠨ ᠡᠵᠡᠨ ᠣᠶᠠᠭ᠎ᠠ ᠳᠡᠭᠡᠷᠡᠭᠢ ᠮᠤᠷᠢᠳ ᠡᠴᠡ ᠳᠠᠪᠣ ᠡᠴᠡ ᠶ‍ᠢᠰᠤᠨ ᠮᠤᠷᠢ ᠳᠤᠭᠠᠯᠠᠵᠤ ᠭᠠᠷᠭᠠᠭᠠᠤᠨ᠂ ᠦᠪᠡᠷ ᠶᠢᠡᠨ ᠨᠢᠭᠡ ᠶᠢ ᠣᠨᠤᠨ ᠪᠣᠰᠤᠳ ᠭᠦᠮᠦᠰ ᠢ ᠮᠤᠷᠳᠠᠭᠤᠯᠤᠨ ᠳᠠᠭᠠᠭᠤᠯᠵᠤ ᠭᠡᠷ ᠤᠨ ᠡᠭᠦᠳᠡᠨ ᠳᠤ ᠣᠴᠢᠬᠤ ᠳᠤ ᠠᠬᠠᠮᠠᠤᠨ ᠨᠠᠰᠤᠳᠠᠨ ᠪᠣᠶᠤ ᠭᠡᠷᠭᠡᠢ ᠨᠢ ᠮᠥᠩᠭᠦᠨ ᠠᠶᠠᠭ᠎ᠠ ᠲᠡᠶ ᠰᠥ᠋ ᠪᠠᠷᠢᠳᠠᠭ᠃ ᠳᠡᠳᠡᠭᠡᠷ ᠮᠤᠷᠢᠳᠠᠨ ᠦᠨᠦᠭᠢ ᠰᠦ᠋ ᠶᠢ ᠠᠮᠰᠠᠭᠠᠤᠨ᠂ ᠭᠡᠷ ᠢ ᠨᠠᠷᠠᠨ ᠵᠦᠪ ᠳᠤᠭᠤᠷᠢᠨ ᠵᠠᠯ᠎ᠠ ᠶᠢᠨ ᠳᠠᠠᠳᠠᠭᠢ ᠢᠰᠡᠭᠡᠢ᠂ ᠢᠳᠡᠭᠡ ᠶᠢᠨ ᠳᠡᠷᠭᠡᠳᠡ ᠢᠷᠡᠭᠦ ᠳᠤ ᠭᠡᠷ ᠤᠨ ᠡᠵᠡᠨ ᠮᠤᠷᠢᠨ ᠡᠴᠡ ᠪᠠᠭᠤᠨ᠂ ᠮᠤᠳᠤᠨ ᠬᠤᠪᠢᠩ ᠲᠡᠶ ᠰᠠᠭᠠᠮ᠎ᠠ ᠶᠢ ᠬᠠᠳᠠᠭ ᠣᠶᠠᠭᠰᠠᠨ ᠣᠷᠭ᠎ᠠ ᠳᠤ ᠡᠯᠭᠦᠭᠡᠳ ᠬᠤᠶᠠᠷ ᠨᠤᠮᠤᠬᠠᠨ ᠮᠤᠷᠢᠳᠠᠢ ᠭᠦᠮᠤᠨ ᠳᠤ ᠳᠠᠮᠵᠢᠭᠤᠯᠬᠤ ᠪᠣᠶᠤ ᠵᠠᠯᠠᠭᠤᠰ ᠶᠢᠡᠷ ᠶᠠᠪᠠᠭᠠᠨ ᠳᠠᠮᠵᠢᠭᠤᠯᠵᠤ ᠵᠠᠯ᠎ᠠ ᠳᠤᠭᠤᠷᠢᠭᠤᠯᠤᠨ᠎ᠠ᠃ ᠴᠢᠩᠭᠢᠭᠡᠳ ᠰᠥ᠋ ᠭᠦᠳᠡᠯᠭᠦ ᠳᠤ ᠳᠤᠮᠳᠠ ᠨᠢ ᠴᠠᠭᠠᠨ ᠮᠤᠷᠢ ᠲᠡᠶ ᠭᠦᠮᠤᠨ ᠳᠠᠭᠠᠵᠤ᠂ ᠰᠦᠨ ᠡᠴᠡ ᠰᠠᠴᠤᠯᠢ ᠪᠠᠷ ᠶᠢᠡᠨ ᠣᠤᠠᠬᠤᠨ ᠰᠠᠴᠤᠵᠤ ᠵᠠᠯ᠎ᠠ ᠪᠠᠨ ᠨᠠᠷᠠᠨ ᠵᠦᠪ ᠭᠤᠷᠪᠠᠠᠳᠠ ᠳᠤᠭᠤᠷᠢᠭᠠᠤᠨ 《ᠴᠡᠭᠡᠨ᠂ ᠴᠤᠳ》 ᠭᠡᠮᠡᠨ ᠪᠦᠭᠦᠳᠡᠭᠡᠷ ᠶᠢᠡᠨ ᠣᠶᠠᠩᠭ᠋ᠠᠯᠠᠭᠤᠯᠤᠨ ᠳᠠᠭᠤᠯᠠᠨ᠎ᠠ᠃ ᠶᠠᠪᠠᠭᠠᠨ ᠶᠢᠡᠷ ᠳᠠᠮᠨᠠᠵᠤ ᠶᠠᠪᠣᠭ᠎ᠠ ᠪᠣᠯ ᠨᠢᠭᠡ ᠭᠦᠮᠤᠨ ᠰᠠᠴᠤᠯᠢ ᠶᠢ ᠰᠠᠴᠤᠨ᠎ᠠ᠃ ᠰᠠᠴᠤᠯᠢ ᠰᠠᠴᠤᠭᠰᠠᠨ ᠤ ᠳᠠᠷᠠᠭ᠎ᠠ ᠠᠵᠢᠷᠭᠠᠨ ᠤ ᠳᠠᠯ ᠳᠤ ᠬᠠᠳᠠᠭ ᠴᠤᠤᠳᠠᠰᠤ ᠰᠦᠯᠵᠢᠨ᠂ ᠣᠤᠭᠠᠨ ᠣᠨᠠᠭ᠎ᠠ ᠶᠢᠨ ᠳᠤᠯᠤᠭᠠᠢ ᠳᠤ ᠮᠦᠨ ᠬᠠᠳᠠᠭ ᠴᠤᠤᠳᠠᠰᠤ ᠵᠡᠭᠦᠯᠭᠡᠵᠤ ᠮᠢᠯᠢᠶᠠᠨ᠎ᠠ᠃ ᠳᠡᠭᠡᠷᠡᠭᠢ ᠣᠯᠤᠰ ᠵᠠᠯ᠎ᠠ ᠳᠤᠭᠤᠷᠢᠭᠰᠠᠨ ᠤ ᠳᠠᠷᠠᠭ᠎ᠠ ᠳᠠᠷᠠ ᠠᠢ᠌ᠯ ᠤᠨ ᠬᠤᠳᠠ ᠶᠢ ᠨᠠᠷᠠᠨ ᠵᠦᠪ ᠡᠷᠭᠢᠭᠡᠳ ᠣᠷᠭ᠎ᠠ ᠪᠠᠨ ᠭᠠᠵᠠᠷ ᠲᠤ ᠭᠦᠷᠭᠡᠯ ᠦᠭᠡᠶ ᠶᠠᠪᠣᠵᠤ ᠭᠡᠷ ᠶᠢᠡᠨ ᠳᠦᠰᠢᠭᠦᠯᠤᠨ ᠳᠠᠯᠪᠢᠵᠤ ᠭᠡᠷ ᠲᠤ ᠣᠷᠤᠨ᠎ᠠ᠃ ᠡᠨᠡ ᠦᠶ᠎ᠡ ᠳᠤ ᠵᠠᠯ᠎ᠠ ᠶᠢᠨ ᠳᠠᠠᠳᠠ ᠪᠠᠢ᠌ᠭᠰᠠᠨ ᠢᠳᠡᠭᠡ ᠶᠢ ᠭᠡᠳᠤ ᠭᠡᠳᠤᠨ ᠭᠦᠮᠤᠨ ᠳᠠᠮᠵᠢᠯᠠᠨ ᠢᠷᠡᠭᠦ ᠪᠦᠭᠡᠳ ᠵᠠᠮ ᠳᠤ ᠪᠠᠨ ᠭᠤᠷᠪᠠ ᠦᠳᠡᠯᠠᠨ ᠠᠪᠴᠢᠷᠠᠳᠠᠭ ᠶᠤᠰᠤᠳᠠᠢ᠃ ᠦᠳᠡᠯᠠᠵᠤ ᠠᠮᠠᠷᠠᠬᠤ ᠳᠤ ᠪᠠᠨ 《ᠪᠠᠭᠤᠶ᠎ᠠ》 ᠭᠡᠵᠤ᠂ ᠭᠦᠳᠡᠯᠭᠦ ᠳᠤ ᠪᠠᠨ 《ᠨᠡᠭᠦᠶ᠎ᠡ》 ᠭᠡᠯᠴᠡᠨ᠎ᠡ᠃ ᠭᠡᠷ ᠤᠨ ᠡᠭᠦᠳᠡᠨ ᠳᠤ ᠢᠷᠡᠭᠡᠳ 《ᠦᠷᠠᠰ ᠤᠨ ᠢᠳᠡᠭᠡ ᠭᠦᠷᠭᠡᠵᠤ ᠢᠷᠠᠯ᠎ᠠ》 ᠭᠡᠵᠤ ᠭᠡᠷ ᠲᠤ ᠮᠡᠳᠡᠭᠡᠯᠡᠨ᠎ᠡ᠃ ᠢᠩᠭᠢᠭᠦ ᠳᠤ ᠭᠡᠷ ᠤᠨ ᠡᠵᠡᠨ ᠭᠠᠷᠴᠤ ᠢᠷᠡᠭᠡᠳ 《ᠰᠠᠢ᠌ᠨ ᠶᠠᠪᠣᠵᠤ ᠢᠷᠠᠪᠠ ᠦᠦ ︖ ᠬᠠᠮᠢᠭ᠎ᠠ ᠥᠳᠡᠯᠡᠭᠡᠳ᠂ ᠬᠠᠮᠢᠭ᠎ᠠ ᠬᠤᠨᠤᠭᠠᠤᠨ ᠢᠷᠠᠪᠠ ︖》 ᠭᠡᠭᠦ ᠳᠤ ᠦᠷᠠᠰ ᠤᠨ ᠢᠳᠡᠭᠡ ᠭᠦᠷᠭᠡᠵᠤ ᠢᠷᠡᠭ᠍ᠰᠡᠨ ᠭᠦᠮᠤᠨ ᠤ ᠨᠢᠭᠡ ᠨᠢ ᠬᠠᠪᠢ ᠤᠢ᠌ᠷ᠎ᠡ ᠶᠢᠨ ᠶᠢᠡᠨ ᠥᠭ᠍‍ᠭᠢᠶᠡᠮᠦᠷ ᠪᠠᠶᠠᠨ ᠨᠠᠷᠠᠳᠠᠢ᠂ ᠴᠤᠤᠳᠠᠢ ᠨᠤᠳᠤᠭ ᠤᠨ ᠨᠠᠷ᠎ᠠ ᠳᠤᠷᠠᠰᠴᠤ ᠳᠠᠠᠳᠠ ᠬᠤᠨᠤᠭᠠᠤᠨ᠂ ᠡ᠊ᠨᠳᠡ ᠥᠳᠡᠯᠡᠭᠡᠳ ᠢᠷᠠᠯ᠎ᠠ ᠭᠡᠳᠡᠭ᠌᠃

ᠢᠩᠭᠢᠭᠡᠳ ᠭᠡᠭᠦᠤ ᠶᠢᠨ ᠦᠷᠠᠰ ᠤᠨ ᠨᠠᠢ᠌ᠷ ᠡᠭᠢᠯᠡᠳᠡᠭ᠌᠃ ᠭᠡᠷ ᠤᠨ ᠡᠵᠡᠨ ᠮᠢᠬ᠎ᠠ ᠬᠤᠪᠢᠶᠠᠬᠤ ᠬᠤᠶᠠᠷ ᠭᠦᠮᠤᠨ ᠤ ᠨᠠᠷ᠎ᠠ ᠵᠢᠭᠠᠨ᠎ᠠ᠃ ᠮᠢᠬ᠎ᠠ ᠬᠤᠪᠢᠶᠠᠬᠤ ᠭᠦᠮᠤᠨ ᠢᠳᠡᠭᠡᠨ ᠤ ᠳᠡᠭᠡᠵᠢ ᠶᠢ ᠭᠡᠷ ᠤᠨ ᠡᠵᠡᠨ ᠳᠤ ᠠᠮᠰᠠᠭᠤᠯᠤᠨ ᠮᠢᠬ᠎ᠠ ᠪᠠᠨ ᠬᠤᠪᠢᠶᠠᠨ ᠵᠢᠵᠢᠭᠯᠡᠵᠤ ᠭᠡᠢ᠌ᠴᠢᠳ ᠲᠤ ᠳᠦᠭᠡᠭᠡᠨ᠎ᠡ᠃ ᠡᠭᠦᠨ ᠤ ᠳᠠᠷᠠᠭ᠎ᠠ ᠭᠡᠷ ᠤᠨ ᠡᠵᠡᠨ ᠮᠥᠩᠭᠦᠨ ᠠᠶᠠᠭ ᠲᠡᠶ ᠰᠥ᠋᠂ ᠬᠠᠳᠠᠭ ᠪᠠᠷᠢᠵᠤ ᠢᠷᠦᠭᠡᠯᠴᠢ ᠳᠤ ᠬᠠᠠᠳᠤᠨ 《ᠳᠠ ᠪᠠᠯᠭᠡᠳᠡᠢ ᠰᠠᠢ᠌ᠬᠠᠨ ᠥᠭᠡ ᠠᠢ᠌ᠯᠠᠳᠴᠤ ᠰᠤᠶᠤᠷᠬᠠᠨ᠎ᠠ ᠦᠦ ︕》 ᠭᠡᠭᠦ ᠳᠤ ᠢᠷᠦᠭᠡᠯᠴᠢ ᠠᠶᠠᠭ᠎ᠠ᠂ ᠬᠠᠳᠠᠭ ᠬᠤᠶᠠᠷ ᠢ ᠭᠠᠷᠳᠠᠵᠤ ᠠᠪᠣᠭᠠᠤᠨ ᠬᠠᠳᠠᠭ ᠢ ᠳᠡᠯᠭᠡᠨ ᠪᠠᠷᠢᠵᠤ ᠭᠡᠭᠦᠤ ᠶᠢᠨ ᠦᠷᠠᠰ ᠤᠨ ᠢᠷᠦᠭᠡᠯ ᠭᠡᠯᠡᠨ᠎ᠡ᠃ ᠢᠷᠦᠭᠡᠯ ᠳᠠᠯᠪᠢᠭᠰᠠᠨ ᠤ ᠳᠠᠷᠠᠭ᠎ᠠ ᠭᠡᠷ ᠤᠨ ᠡᠵᠡᠨ ᠰᠦᠩᠴᠢᠨ ᠳᠤ ᠳᠤᠰᠠᠯᠠᠬᠤ ᠬᠤᠠᠳᠠᠭ᠎ᠠ ᠪᠠᠷᠢᠬᠤ ᠬᠤᠶᠠᠷ ᠬᠡᠦᠬᠡᠳ᠂ ᠪᠠᠷᠠᠭᠤᠨ ᠵᠡᠭᠦᠨ ᠵᠢᠭᠦᠷ ᠤᠨ ᠠᠬᠠᠯᠠᠭᠴᠢ ᠶᠢ ᠳᠤᠮᠢᠯᠠᠨ ᠠᠢ᠌ᠷᠠᠭ ᠶᠢᠡᠨ ᠣᠤᠭᠤᠵᠤ᠂ ᠳᠠᠭᠤᠤ ᠪᠠᠨ ᠳᠠᠭᠤᠯᠠᠵᠤ ᠨᠠᠢ᠌ᠷ ᠶᠢᠡᠨ ᠡᠭᠢᠯᠡᠨ᠎ᠡ᠃

ᠭᠡᠭᠦᠤ ᠶᠢᠨ ᠦᠷᠠᠰ ᠭᠠᠷᠭᠠᠬᠤ ᠶᠢᠨ ᠢᠷᠦᠭᠡᠯ

ᠵᠧ ︕

ᠭᠦᠭᠡ ᠮᠥᠩᠭᠦᠨ ᠳᠡᠭ᠍ᠷᠢ ᠶᠢᠨ ᠠᠭᠠᠷ ᠡᠴᠡ

ᠭᠦᠰᠢᠭᠡᠯᠡᠨ ᠳᠠᠳᠠᠭᠰᠠᠨ

ᠭᠦᠭᠡ ᠪᠠᠷᠠᠭᠠᠨ ᠡᠭᠦᠯᠡᠨ ᠳᠤ ᠨᠢ

ᠭᠠᠯ ᠮᠠᠳᠤ ᠴᠠᠭᠢᠯᠭᠠᠨ ᠭᠠᠷᠴᠤ

ᠭᠠᠢ᠌ᠬᠠᠮᠰᠢᠭᠳᠤ ᠬᠤᠷ᠎ᠠ ᠪᠠᠭᠤᠵᠤ

ᠭᠠᠳᠠᠰᠤᠨ ᠰᠤᠯᠤᠩᠭ᠋᠎ᠠ ᠳᠠᠳᠠᠵᠤ

ᠠᠷᠪᠠᠨ ᠥᠩᠭᠡ ᠶᠢᠨ ᠴᠡᠴᠡᠭ᠌

ᠠᠯᠠᠭᠯᠠᠨ ᠳᠡᠯᠭᠡᠷᠡᠵᠤ

ᠠᠴᠢᠳᠠᠢ ᠰᠥᠷᠦᠭ᠌ ᠨᠢ ᠢᠳᠠᠰᠢᠯᠠᠵᠠᠢ᠃

ᠵᠧ ︕

ᠬᠤᠯᠠ ᠰᠠᠢ᠌ᠬᠠᠨ ᠵᠠᠯ᠎ᠠ ᠪᠠᠨ

ᠬᠣᠢ᠌ᠭᠤᠷ ᠶᠢᠡᠨ ᠳᠠᠳᠠᠵᠤ

ᠣᠷᠳᠤ ᠰᠠᠢ᠌ᠬᠠᠨ ᠵᠠᠯ᠎ᠠ ᠪᠠᠨ

ᠣᠷᠳᠤᠭᠤᠷ ᠶᠢᠡᠨ ᠳᠠᠳᠠᠵᠤ

ᠭᠦᠡᠳᠡᠢ ᠪᠠᠷ ᠳᠦᠭᠦᠷᠡᠩ

ᠭᠦᠭᠡ ᠠᠯᠠᠭ ᠠᠳᠤᠭᠤ ᠪᠠᠨ ᠴᠤᠭᠯᠠᠭᠤᠯᠵᠤ

ᠣᠷᠭ᠎ᠠ ᠶᠢᠨ ᠣᠷᠳᠤ ᠶᠢ ᠪᠠᠷᠢᠵᠤ

ᠬᠣᠢ᠌ᠪᠢ ᠶᠢᠨ ᠴᠡᠭᠡᠯ ᠢ ᠪᠠᠷᠢᠵᠤ

ᠬᠤᠢ ᠰᠠᠯᠭᠢ ᠰᠢᠭ

ᠬᠤᠷᠳᠤᠨ ᠮᠤᠷᠢ ᠪᠠᠨ ᠪᠠᠷᠢᠵᠤ

ᠬᠤᠯᠠᠨ ᠴᠢᠭᠢᠳᠤ ᠪᠣᠯᠤᠭᠰᠠᠨ

ᠣᠨᠠᠭ᠎ᠠ ᠪᠠᠨ ᠣᠷᠭᠠᠯᠠᠵᠤ

ᠳᠠᠯᠠᠨ ᠭᠦᠮᠤᠨ

ᠳᠠᠷᠤᠵᠤ ᠨᠤᠭᠳᠤᠯᠤᠭᠠᠤᠨ

ᠨᠠᠶᠠᠨ ᠭᠦᠮᠤᠨ

ᠨᠠᠢ᠌ᠷᠯᠠᠨ ᠴᠢᠭᠳᠠᠯᠠᠭᠠᠤᠨ

ᠨᠠᠷᠢᠨ ᠭᠤᠷᠮᠤᠰᠤᠨ ᠵᠠᠯ᠎ᠠ ᠪᠠᠨ

ᠨᠠᠴᠢᠨ ᠵᠠᠭᠠᠨ ᠶᠢᠡᠷ ᠶᠢᠡᠨ ᠴᠢᠩᠭ᠋ᠠᠷᠠᠭᠤᠯᠵᠤ

ᠣᠷᠳᠤ ᠰᠠᠢ᠌ᠬᠠᠨ ᠭᠠᠳᠠᠰᠤ ᠪᠠᠨ

ᠣᠷᠠᠨ ᠵᠠᠩᠰᠢᠯᠳᠠᠢ ᠮᠤᠨᠠ ᠪᠠᠷ ᠶᠢᠡᠨ ᠳᠦᠩᠰᠢᠭᠦᠯᠵᠤ

ᠣᠶᠠᠭᠰᠠᠨ ᠣᠨᠠᠭ᠎ᠠ ᠶᠤᠮ ᠪᠢᠵᠠ ᠡ

ᠵᠡᠯᠡᠯᠡᠭ᠍ᠰᠡᠨ ᠣᠨᠠᠭ᠎ᠠ ᠴᠢᠨᠢ

ᠵᠡᠭᠡᠷ᠎ᠡ ᠭᠦᠷᠦᠭᠡᠰᠤᠨ ᠡᠴᠡ ᠣᠯᠠᠨ

ᠨᠤᠭᠳᠤᠯᠠᠭᠰᠠᠨ ᠣᠨᠠᠭ᠎ᠠ ᠴᠢᠨᠢ

ᠨᠤᠭᠳᠤᠷᠬᠤ ᠰᠢᠪᠠᠭᠤᠨ ᠡᠴᠡ ᠣᠯᠠᠨ

ᠡᠭᠡ ᠶᠢᠨ ᠶᠢᠡᠨ ᠳᠡᠷᠭᠡᠳᠡ

ᠡᠩ ᠲᠡᠶ ᠰᠠᠢ᠌ᠬᠠᠨ

ᠢᠰᠡᠭᠡᠢ ᠪᠠᠨ ᠳᠠᠪᠢᠰᠴᠤ

ᠡᠯᠳᠡᠪ ᠵᠣᠢ᠌ᠯ ᠤᠨ ᠢᠳᠡᠭᠡ ᠣᠮᠳᠠᠭ᠎ᠠ ᠪᠠᠨ

ᠡᠩᠨᠡᠭᠦᠯᠤᠨ ᠳᠠᠯᠪᠢᠵᠤ

ᠠᠵᠢᠨᠠᠢ ᠴᠠᠭᠠᠨ ᠭᠦᠯᠦᠭ᠌ ᠤᠨ ᠶᠢᠡᠨ ᠴᠡᠭᠡ ᠶᠢ

ᠠᠯᠳᠠᠨ᠂ ᠮᠥᠩᠭᠦᠨ ᠴᠠᠭᠠᠷᠢᠭ ᠲᠡᠶ

ᠠᠭᠠᠷᠤ ᠽᠠᠠᠳᠠᠨ ᠠᠭᠠᠷᠤ ᠳᠤ ᠪᠠᠨ

ᠠᠮᠠᠰᠠᠷ ᠳᠡᠭ᠍ᠰᠢ ᠳᠦᠭᠦᠷᠭᠡᠭᠡᠳ

ᠠᠷᠪᠠᠨ ᠵᠥᠭ᠌ ᠲᠤ ᠨᠢ ᠰᠠᠴᠤᠯᠢ ᠪᠣᠯᠭᠠᠨ ᠡᠷᠭᠦᠵᠤ

ᠠᠳᠤᠭᠤᠨ ᠰᠥᠷᠦᠭ᠌ ᠤᠨ ᠶᠢᠡᠨ ᠪᠠᠶᠠᠷ ᠢ ᠶᠤᠰᠤᠯᠠᠵᠤ ᠪᠦᠭᠦᠢ ᠳᠤ

ᠠᠪᠣ ᠶᠢᠨ ᠶᠢᠡᠨ ᠪᠣᠶᠠᠨ ᠳᠤ ᠠᠷᠪᠢᠨ ᠰᠠᠢ᠌ᠬᠠᠨ

ᠡᠵᠢ ᠶᠢᠨ ᠶᠢᠡᠨ ᠪᠣᠶᠠᠨ ᠳᠤ ᠡᠯᠪᠠᠭ᠌ ᠰᠠᠢ᠌ᠬᠠᠨ

ᠶᠠᠭᠤ ᠰᠠᠨᠠᠭᠰᠠᠨ ᠶ‍ᠢᠰᠤᠨ ᠭᠦᠰᠡᠯ

ᠠᠯᠳᠠᠷ ᠨᠠᠷ᠎ᠠ᠂ ᠠᠷᠪᠠᠨ ᠴᠠᠭᠠᠨ ᠪᠣᠶᠠᠨ ᠨᠢ

ᠰᠦᠨ ᠳᠠᠯᠠᠢ ᠮᠠᠳᠤ ᠦᠷᠭᠡᠨ ᠳᠡᠯᠭᠡᠷᠡᠵᠤ

ᠪᠠᠳᠠᠷᠠᠨ ᠳᠤᠨᠤᠷᠠᠵᠤ ᠪᠠᠢ᠌ᠬᠤ ᠶᠢᠨ

ᠪᠠᠯᠭᠡ ᠲᠡᠶ ᠢᠷᠦᠭᠡᠯ ᠢ ᠨᠠᠢ᠌ᠳᠠ ᠶᠢᠨ ᠳᠤᠮᠳᠠ

ᠮᠠᠰᠢᠳᠠ ᠳᠡᠪᠰᠢᠭᠦᠯᠤᠨ ᠠᠢ᠌ᠯᠠᠳᠬᠠᠶ᠎ᠠ ︕


(《ᠮᠤᠩᠭ᠋ᠤᠯ ᠠᠷᠠᠤᠨ ᠤᠨ ᠭᠦᠡᠳᠦᠯᠡᠭᠦ᠂ ᠮᠡᠡᠳᠦᠯᠡᠭᠦ᠂ ᠳᠠᠯᠠᠷᠬᠠᠬᠤ ᠶᠤᠰᠤ》 ᠨᠤᠮ ᠡᠴᠡ ᠠᠪᠣᠪᠠ)

ᠵᠤᠬᠢᠶᠠᠭᠴᠢ᠄ ᠨᠤᠭᠤᠭᠠᠨ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7441
ᠴᠠᠭ᠄ 2010 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ