ᠨᠡᠪᠲᠡᠷᠡᠨ ᠤᠷᠤᠬᠤ
ᠨᠠᠭᠠᠰᠢᠯᠠᠭ᠎ᠠ ᠰᠠᠷ᠎ᠠ ᠰᠢᠨ᠎ᠡ

ᠨᠠᠭᠠᠰᠢᠯᠠᠭ᠎ᠠ ᠰᠠᠷ᠎ᠠ ᠰᠢᠨ᠎ᠡ ᠪᠠᠶᠠᠷ ᠶᠢᠡᠷ ᠶᠢᠡᠨ ᠮᠦᠰᠢᠶᠠᠨ᠎ᠡ

ᠨᠠᠷᠠᠳᠤ ᠶᠢᠨ ᠬᠤᠷᠸ᠎ᠠ ᠪᠠᠢ᠌ᠭᠠᠯᠢ ᠪᠠᠷ ᠶᠢᠡᠨ ᠪᠠᠶᠠᠰᠬᠠᠨ᠎ᠠ

ᠨᠠᠪᠴᠢᠨ ᠤ ᠥᠩᠭᠡ ᠣᠯᠠᠷᠢᠯ ᠶᠢᠡᠷ ᠶᠢᠡᠨ ᠪᠣᠳᠤᠭᠰᠢᠨ᠎ᠠ

ᠨᠠᠢ᠌ᠷᠠᠭ ᠤᠨ ᠤᠶᠠᠩ‍ᠭ᠎ᠠ ᠰᠡᠳᠭᠢᠯ ᠶᠢᠡᠷ ᠶᠢᠡᠨ ᠱᠠᠭᠢᠨ᠎ᠠ

ᠨᠡᠢ᠌ᠭᠡᠮ ᠤᠨ ᠭᠦᠭ᠍ᠵᠢᠯᠳᠡ ᠠᠮᠤᠭᠤᠯᠠᠩ ᠶᠢᠡᠷ ᠶᠢᠡᠨ ᠳᠠᠪᠰᠢᠨ᠎ᠠ

ᠨᠠᠢ᠌ᠷᠠᠯ ᠳᠠᠭᠤᠤ ᠠᠶᠠᠯᠭᠤ ᠪᠠᠷ ᠶᠢᠡᠨ ᠡᠭ᠍ᠡᠰᠢᠭᠯᠡᠨ᠎ᠡ

ᠨᠠᠠᠵᠢᠨ ᠪᠦᠰᠡᠭᠦᠢ ᠭᠤᠸᠠᠯᠢᠭ ᠶᠢᠡᠷ ᠶᠢᠡᠨ ᠳᠠᠳᠠᠨ᠎ᠠ

ᠨᠠᠩᠴᠢᠳ ᠰᠠᠷᠬᠤᠤᠨ ᠬᠠᠯᠠᠭᠤᠨ ᠶᠢᠡᠷ ᠶᠢᠡᠨ ᠰᠤᠭᠳᠤᠭᠠᠨ᠎ᠠ

ᠨᠠᠮᠵᠤᠷ ᠵᠠᠩ ᠠᠭᠠᠯᠢ ᠪᠠᠷ ᠶᠢᠡᠨ ᠳᠤᠳᠤᠷᠠᠨ᠎ᠠ

ᠨᠠᠷᠮᠠᠢ ᠮᠤᠩᠭ᠋ᠤᠯ ᠭᠡᠢ᠌ᠮᠦᠷᠢ ᠪᠠᠷ ᠶᠢᠡᠨ ᠰᠦᠮᠪᠦᠷᠢᠯᠠᠨ᠎ᠡ

ᠨᠠᠢ᠌ᠵᠠ ᠶᠢᠨ ᠨᠥᠭᠦᠷᠯᠡᠯ ᠨᠠᠢ᠌ᠷᠰᠠᠭ ᠶᠢᠡᠷ ᠶᠢᠡᠨ ᠪᠠᠳᠤᠵᠢᠨ᠎ᠠ

ᠨᠠᠰᠤᠨ ᠤ ᠨᠡᠮᠡᠭ᠍ᠳᠡᠯ ᠵᠢᠮ᠎ᠠ ᠪᠠᠷ ᠶᠢᠡᠨ ᠡᠯᠡᠭ᠍ᠳᠡᠨ᠎ᠡ

ᠨᠠᠷᠭᠢᠶᠠᠠᠳᠤ ᠰᠠᠷ᠎ᠠ ᠰᠢᠨ᠎ᠡ ᠡᠷᠭᠢᠯᠳᠡ ᠪᠠᠷ ᠶᠢᠡᠨ ᠢᠷᠠᠨ᠎ᠡ

ᠨᠠᠵᠢᠷ ᠬᠠᠯᠠᠭᠤᠨ ᠡᠷᠭᠢᠮᠰᠦᠭ᠌ ᠶᠢᠡᠷ ᠶᠢᠡᠨ ᠣᠭᠳᠤᠨ᠎ᠠ


2013 ᠣᠨ ᠤ 1 ᠰᠠᠷ᠎ᠠ ᠶᠢᠨ 28 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11752
ᠴᠠᠭ᠄ 2013 ᠤᠨ ᠤ 01 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ