ᠨᠡᠪᠲᠡᠷᠡᠨ ᠤᠷᠤᠬᠤ
ᠲᠦᠰᠢᠶᠠᠳᠤ
ᠬᠤᠯᠪᠣᠭ᠎ᠠ

ᠬᠤᠭᠤᠷ ᠤᠨ ᠠᠶᠠᠰ ᠭᠦᠩᠭᠢᠨᠡᠭᠦ ᠳ᠋ᠤ

ᠬᠤᠩᠭ᠋ᠤᠷ ᠰᠡᠳᠭᠢᠯ ᠮᠢᠨᠢ ᠳᠤᠭᠳᠤᠯᠤᠨ᠎ᠠ

ᠬᠤᠯᠪᠣᠭ᠎ᠠ ᠰᠢᠯᠦᠭ᠌ ᠶᠢᠡᠨ ᠣᠶᠠᠩᠭ᠋ᠠᠯᠠᠵᠤ

ᠬᠠᠢ᠌ᠷᠠᠳᠤ ᠲᠦᠰᠢᠶᠠᠳᠤ ᠪᠠᠨ ᠮᠠᠭᠳᠠᠶ᠎ᠠ


ᠳᠦᠷᠪᠡᠨ ᠣᠳᠠᠰᠤᠳᠤ ᠪᠠᠨ ᠠᠶᠠᠯᠭᠤᠯᠠᠵᠤ

ᠳᠠᠪᠰᠢᠯᠳᠤ ᠲᠦᠰᠢᠶᠠᠳᠤ ᠪᠠᠨ ᠮᠠᠭᠳᠠᠶ᠎ᠠ

ᠳᠡᠭ᠍ᠵᠢᠨ ᠭᠤᠸ᠎ᠠ ᠲᠦᠰᠢᠶᠠᠳᠤ ᠪᠠᠨ

ᠳᠡᠦᠭᠡ ᠰᠤᠳᠤᠷ ᠲᠤ ᠳᠡᠮᠳᠡᠭᠯᠡᠶ᠎ᠡ


ᠤᠯᠦᠰ ᠭᠦᠷᠤᠨ ᠤ ᠭᠦᠭ᠍ᠵᠢᠯ ᠳ᠋ᠤ

ᠣᠠᠴᠠᠭᠠᠢ ᠨᠠᠮᠠᠷᠢ ᠲᠡᠶ ᠲᠦᠰᠢᠶᠠᠳᠤ

ᠦᠷᠭᠡᠨ ᠣᠯᠠᠨ ᠳᠠᠷᠢᠶᠠᠴᠢᠳ ᠲᠤ ᠪᠠᠨ

ᠪᠠᠶᠠᠵᠢᠯ ᠢ ᠣᠷᠢᠭᠰᠠᠨ ᠲᠦᠰᠢᠶᠠᠳᠤ


ᠲᠦᠷᠤ ᠣᠯᠤᠰ ᠤᠨ ᠭᠦᠭ᠍ᠵᠢᠯ ᠳᠤ ᠪᠠᠨ

ᠰᠤᠳᠤᠨ ᠵᠢᠳᠭᠦᠯ ᠲᠡᠶ ᠲᠦᠰᠢᠶᠠᠳᠤ

ᠳᠦᠷᠤᠯᠭᠢ ᠨᠤᠳᠤᠭ ᠤᠨ ᠡᠰᠡᠨᠢᠯ ᠳ᠋ᠤ

ᠣᠳᠤᠨ ᠭᠠᠪᠢᠶ᠎ᠠ ᠲᠡᠶ ᠲᠦᠰᠢᠶᠠᠳᠤ


ᠬᠤᠪᠢᠰᠤᠨ ᠮᠠᠠᠳᠤᠬᠤ ᠨᠡᠢ᠌ᠭᠡᠮ ᠤᠨ

ᠭᠦᠭ᠍ᠵᠢᠯᠳᠡ ᠶᠢ ᠳᠠᠭᠠᠭᠰᠠᠨ ᠲᠦᠰᠢᠶᠠᠳᠤ

ᠬᠤᠳᠠ ᠭᠦᠳᠡᠭᠡ ᠶᠢᠨ ᠬᠤᠭᠤᠷᠤᠠᠳᠤᠭᠢ

ᠬᠤᠯᠪᠣᠭᠠᠰᠤ ᠶᠢ ᠵᠠᠯᠭᠠᠭᠰᠠᠨ ᠲᠦᠰᠢᠶᠠᠳᠤ


ᠮᠠᠯᠴᠢᠨ ᠠᠷᠠᠤᠨ ᠤᠨ ᠶᠢᠡᠨ ᠵᠢᠷᠭᠠᠯ ᠪᠣᠯᠤᠭᠰᠠᠨ

ᠮᠠᠭᠳᠠᠭᠠᠯᠳᠤ ᠰᠠᠢ᠌ᠳᠠᠢ ᠲᠦᠰᠢᠶᠠᠳᠤ

ᠮᠠᠠᠳᠤᠬᠤ ᠡᠷᠡᠨ ᠤ ᠳᠤᠭᠴᠢ ᠪᠣᠯᠤᠭᠰᠠᠨ

ᠮᠠᠨ ᠤ ᠰᠠᠢ᠌ᠬᠠᠨ ᠲᠦᠰᠢᠶᠠᠳᠤ


ᠨᠠᠮ ᠠᠷᠠᠤᠨ ᠤᠨ ᠶᠢᠡᠨ ᠳᠡᠦᠭᠡᠨ ᠳ᠋ᠤ

ᠨᠠᠮᠠᠷᠢ ᠡᠷᠭᠦᠭ᠍ᠰᠡᠨ ᠲᠦᠰᠢᠶᠠᠳᠤ

ᠣᠢ᠌ᠯᠠᠰ ᠤᠨ ᠰᠠᠢ᠌ᠬᠠᠨ ᠢᠳᠡᠭᠡᠯ ᠳᠠᠢ

ᠦᠨᠢᠷ ᠪᠠᠶᠠᠯᠢᠭ ᠲᠦᠰᠢᠶᠠᠳᠤ


ᠤᠳᠦᠭᠢᠴᠢᠯᠡᠯᠳᠡ ᠨᠡᠭᠡᠭᠡᠯᠳᠡ ᠶᠢᠨ ᠵᠠᠮ ᠵᠢᠠᠷ

ᠣᠷᠤᠭᠰᠢᠯᠠᠵᠤ ᠶᠠᠪᠣᠭ᠎ᠠ ᠲᠦᠰᠢᠶᠠᠳᠤ

ᠣᠷᠠᠢ ᠵᠠᠯᠭᠤ ᠶᠢᠨ ᠴᠤᠭ ᠵᠢᠪᠬᠤᠭ᠎ᠠ ᠪᠠᠨ

ᠪᠠᠳᠠᠷᠠᠭᠤᠯᠵᠤ ᠶᠠᠪᠣᠭ᠎ᠠ ᠲᠦᠰᠢᠶᠠᠳᠤ


ᠭᠤᠷᠪᠠᠨ ᠨᠡᠭᠡᠭᠡᠯᠳᠡ ᠶᠢᠨ ᠵᠠᠮ ᠵᠢᠠᠷ

ᠭᠠᠪᠰᠢᠭᠠᠢ᠌ᠯᠠᠨ ᠴᠢᠷᠮᠠᠢ᠌ᠭᠰᠠᠨ ᠲᠦᠰᠢᠶᠠᠳᠤ

ᠭᠤᠤᠯᠴᠢ ᠲᠥᠪ ᠶᠤᠰᠤ ᠪᠠᠷ

ᠴᠢᠷᠮᠠᠢ᠌ᠨ ᠠᠵᠢᠯᠯᠠᠭᠰᠠᠨ ᠲᠦᠰᠢᠶᠠᠳᠤ


ᠬᠤᠯᠠ ᠤᠢ᠌ᠷ᠎ᠡ ᠳᠤ ᠪᠠᠨ ᠠᠯᠳᠠᠷᠳᠠᠢ

ᠬᠤᠷᠳᠤᠨ ᠮᠤᠷᠢᠳᠠᠨ ᠤ ᠦᠯᠦᠭᠡᠢ ᠶᠤᠮ

ᠬᠤᠰᠢᠭᠤ ᠨᠤᠳᠤᠭ ᠲᠤ ᠪᠠᠨ ᠴᠤᠤᠳᠠᠢ

ᠬᠤᠭᠤᠷ ᠤᠨ ᠡᠭᠡᠰᠢᠭ᠌ ᠤᠨ ᠠᠶᠠᠯᠭᠤ ᠮᠢᠨᠢ


ᠠᠭᠤᠳᠠᠮ ᠭᠡᠪᠠᠯᠢ ᠳᠤ ᠪᠠᠨ ᠡᠩᠨᠡᠷᠡᠭ᠍ᠰᠡᠨ

ᠪᠠᠳᠤᠴᠠᠭᠠᠨ ᠣᠢ ᠲᠡᠶ ᠶᠤᠮ

ᠡᠮᠤᠨ᠎ᠡ ᠬᠤᠷᠮᠤᠢ ᠳᠤ ᠪᠠᠨ ᠰᠥᠡᠳᠡᠷᠯᠡᠭ᠍ᠰᠡᠨ

ᠴᠢᠠᠳᠠᠮᠤᠨᠢ ᠠᠭᠤᠯᠠ ᠶᠢᠨ ᠭᠦᠰᠢᠶ᠎ᠡ ᠳᠠᠢ


ᠬᠠᠢ᠌ᠷ᠎ᠠ ᠶᠢᠨ ᠡᠭᠡᠰᠢᠭ᠌ ᠴᠢᠪᠬᠠᠳᠠᠭᠰᠠᠨ

ᠬᠤᠤᠯᠢᠨ ᠭᠤᠤᠯ ᠤᠨ ᠱᠤᠤᠭᠢᠶ᠎ᠠ ᠳᠠᠢ

ᠬᠤᠯᠠ ᠶᠢᠨ ᠵᠤᠴᠢᠨ ᠶᠢᠡᠨ ᠣᠭᠳᠤᠭᠰᠠᠨ

ᠬᠠᠩᠭ᠋ᠠᠯ ᠴᠥᠭᠦᠷᠦᠮ ᠤᠨ ᠦᠵᠠᠮᠵᠢ ᠳᠠᠢ


ᠠᠷᠠᠤᠨ ᠤᠨ ᠣᠷᠠᠯᠢᠭ ᠶᠢᠡᠨ ᠭᠠᠢ᠌ᠬᠠᠭᠤᠯᠤᠭᠰᠠᠨ

ᠠᠠᠳᠠᠢ ᠪᠦᠵᠢᠭ᠌ ᠤᠨ ᠳᠠᠭᠤᠯᠠᠯ ᠳᠠᠢ

ᠠᠯᠤᠰ ᠤᠨ ᠪᠠᠷ᠎ᠠ ᠳᠤ ᠰᠥᠡᠳᠡᠷᠯᠡᠭ᠍ᠰᠡᠨ

ᠬᠠᠨ ᠠᠭᠤᠯᠠ ᠶᠢᠨ ᠳᠤᠮᠤᠭ ᠳᠠᠢ


ᠰᠢᠨ᠎ᠡ ᠪᠠᠷ ᠮᠡᠡᠳᠦᠯᠡᠭ᠍ᠰᠡᠨ ᠲᠦᠰᠢᠶᠠᠳᠤ ᠮᠦᠽᠧᠢ

ᠰᠢᠩᠬᠤᠨ ᠨᠠᠷᠠᠨ ᠳᠤ ᠭᠢᠯᠠᠯᠵᠠᠨ᠎ᠠ

ᠰᠢᠵᠢᠷ ᠭᠢᠯᠪᠠᠭᠠᠳᠤ ᠲᠦᠪᠰᠢᠨ ᠳᠠᠯᠠᠪᠣᠷ

ᠰᠤᠶᠤᠯ ᠤᠨ ᠠᠮᠢᠰᠬᠤᠯ ᠶᠢᠡᠷ ᠪᠢᠯᠬᠠᠵᠠᠢ


ᠦᠨᠳᠦᠷ ᠬᠤᠷᠳᠤᠴᠠᠳᠤ ᠵᠠᠰᠠᠮᠠᠯ ᠵᠠᠮ

ᠦᠷᠤᠨ᠎ᠡ ᠳᠤᠷᠤᠨ᠎ᠠ ᠶᠢ ᠬᠤᠯᠪᠣᠨ᠎ᠠ

ᠡᠶ᠎ᠡ ᠨᠠᠢ᠌ᠷ ᠤᠨ ᠡᠭᠡᠰᠢᠭ᠌ ᠬᠤᠯᠪᠣᠭ᠎ᠠ

ᠳᠦᠷᠪᠠᠨ ᠣᠳᠠᠰᠤᠳᠤ ᠪᠠᠷ ᠳᠠᠮᠵᠢᠵᠠᠢ


ᠠᠰᠠᠨ ᠳᠦᠷᠡᠯᠵᠡᠭ᠍ᠰᠡᠨ ᠬᠠᠢ᠌ᠷ᠎ᠠ ᠶᠢᠨ ᠭᠠᠯ

ᠠᠰᠠᠨ᠎ᠠ ᠳᠠᠯᠠᠪᠣᠷ ᠲᠤ ᠦᠷᠪᠢᠰᠦᠭᠡᠳ

ᠠᠪᠣᠷᠭᠤ ᠦᠨᠳᠦᠷ ᠪᠠᠷᠢᠯᠭ᠎ᠠ ᠨᠤᠭᠤᠳ

ᠠᠯᠤᠰ ᠠᠯᠤᠰ ᠲᠤ ᠰᠦᠨᠳᠠᠷᠯᠠᠵᠠᠢ


ᠲ᠋ᠠᠯ᠎ᠠ ᠶᠢᠨ ᠬᠡᠦᠬᠡᠳ ᠶᠢᠡᠨ ᠭᠦᠮᠦᠵᠢᠭᠦᠯᠦᠭ᠍ᠰᠡᠨ

ᠳᠠᠪᠤᠨ ᠪᠣᠰᠤᠭ᠎ᠠ ᠰᠤᠷᠭᠠᠭᠤᠯᠢ ᠮᠢᠨᠢ

ᠳᠡᠭ᠍ᠷᠢ ᠶᠢᠨ ᠠᠭᠤᠳᠠᠮ ᠢ ᠭᠠᠢ᠌ᠬᠠᠭᠤᠯᠤᠭᠰᠠᠨ

ᠲᠦᠰᠢᠶᠠᠳᠤ ᠳᠠᠯᠠᠪᠣᠷ ᠤᠨ ᠣᠷᠠᠯᠠᠯ ᠮᠢᠨᠢ


ᠣᠤᠪᠠ ᠶᠢᠨ ᠳᠡᠦᠭᠡ ᠶᠢ ᠮᠡᠳᠡᠭᠦᠯᠦᠭ᠍ᠰᠡᠨ

ᠣᠷᠳᠤ ᠳᠦᠷᠪᠠᠯᠵᠢᠨ ᠭᠠᠠᠳᠢᠭ ᠮᠢᠨᠢ

ᠤᠳᠬ᠎ᠠ ᠶᠢᠨ ᠭᠦᠨ ᠢ ᠳᠠᠨᠢᠭᠤᠯᠤᠭᠰᠠᠨ

ᠤᠶᠠᠩ‍ᠭ᠎ᠠ ᠰᠤᠶᠤᠯ ᠤᠨ ᠦᠷᠳᠡᠭᠡ ᠮᠢᠨᠢ


ᠬᠠᠪᠣᠳᠤ ᠡᠪᠦᠭᠡ ᠪᠠᠨ ᠠᠮᠢᠯᠠᠭᠤᠯᠤᠭᠰᠠᠨ

ᠬᠠᠰᠢᠷ ᠣᠷᠠᠯᠢᠭᠴᠢᠨ ᠲᠡᠶ ᠲᠦᠰᠢᠶᠠᠳᠤ ᠮᠢᠨᠢ

ᠬᠠᠨ ᠰᠤᠶᠤᠯ ᠶᠢᠡᠨ ᠳᠡᠭᠡᠳᠦᠯᠡᠭ᠍ᠰᠡᠨ

ᠬᠠᠠᠳᠢᠪ ᠮᠥᠩᠭᠡ ᠲᠦᠰᠢᠶᠠᠳᠤ ᠮᠢᠨᠢ


ᠠᠷᠪᠠᠨ ᠨᠢ᠋ᠮᠠᠨ ᠣᠪᠣᠭᠠᠨ ᠴᠢᠯᠠᠭᠤ

ᠠᠭᠤᠤ ᠲᠦᠰᠢᠶᠠᠳᠤ ᠶᠢᠨ ᠪᠠᠯᠭᠡ ᠳᠡᠮᠳᠡᠭ᠌

ᠠᠷᠠᠤᠨ ᠤᠨ ᠬᠤᠭᠤᠷᠴᠢ ᠭᠠᠠᠵᠤᠤᠷ ᠤᠨ

ᠠᠶᠠᠯᠭᠤᠨ ᠳᠤᠮᠳᠠᠭᠢ ᠵᠦᠩᠨᠠᠯ


ᠬᠤᠶᠠᠷ ᠰᠤᠮᠤ ᠶᠢᠨ ᠵᠠᠬ᠎ᠠ ᠳᠡᠯᠭᠡᠭᠦᠷ

ᠬᠤᠰᠢᠭᠤ ᠨᠤᠳᠤᠭ ᠲᠤ ᠪᠠᠨ ᠠᠯᠳᠠᠷᠰᠢᠭᠠᠤᠨ

ᠪᠠᠶᠠᠠᠮᠠᠩᠬ᠎ᠠ ᠶᠢᠨ ᠪᠠᠶᠠᠵᠢᠯ ᠭᠦᠭ᠍ᠵᠢᠯ

ᠪᠠᠳᠠᠭ ᠰᠢᠯᠦᠭ᠌ ᠲᠤ ᠰᠤᠯᠤᠩᠭ᠋ᠠᠷᠠᠵᠠᠢ


ᠲ᠋ᠠᠪᠰᠢᠯᠳᠤ ᠰᠠᠢ᠌ᠳᠠᠢ ᠪᠠᠶᠠᠠᠨᠠᠭᠤᠷ

ᠡᠷᠡᠨ ᠤ ᠵᠢᠪᠬᠤᠭ᠎ᠠ ᠲᠡᠶ ᠳᠡᠩᠭᠡᠢ᠌ᠭᠡᠳ

ᠳᠤᠪᠣ ᠳᠤᠯᠤᠭᠠᠤᠨ ᠣᠯᠠᠠᠳᠠᠢ

ᠶᠡᠭᠡᠳᠦᠪᠦ ᠮᠢᠨᠢ ᠭᠦᠭ᠍ᠵᠢᠯᠳᠡᠢ


ᠭᠤᠤᠯ ᠤᠨ ᠪᠠᠢ᠌ᠰᠢᠩ ᠤᠨ ᠬᠠᠷ᠎ᠠ ᠠᠷᠢᠭᠢ

ᠬᠠᠷᠢ ᠶᠢᠨ ᠳᠡᠯᠭᠡᠭᠦᠷ ᠲᠤ ᠳᠡᠯᠭᠡᠭ᠍ᠳᠡᠭᠡᠳ

ᠳᠡᠦᠭᠡᠳᠤ ᠵᠤᠭᠰᠤᠭᠠᠯ ᠶᠢᠡᠷ ᠨᠡᠷᠡᠯᠡᠭ᠍ᠳᠡᠭ᠍ᠰᠡᠨ

ᠬᠤᠶᠠᠷ ᠳᠠᠪᠢᠨ ᠮᠢᠨᠢ ᠳᠠᠭᠤᠯᠠᠯᠳᠠᠢ


ᠰᠢᠨ᠎ᠡ ᠵᠠᠮ ᠤᠨ ᠬᠠᠮᠠᠭᠠᠯᠠᠯᠳᠠ ᠳ᠋ᠤ

ᠰᠢᠠᠵᠢᠯᠠᠯ ᠤᠨ ᠦᠷᠳᠡᠭᠡ ᠪᠣᠰᠬᠠᠭᠳᠠᠭᠠᠤᠨ

ᠪᠦᠳᠦᠭᠦᠨ ᠪᠦᠳᠦᠭᠦᠨ ᠬᠤᠧᠨ ᠳᠠᠢ

ᠪᠦᠳᠦᠭᠦᠠᠬᠤᠧᠨ ᠨᠤᠳᠤᠭ ᠮᠢᠨᠢ ᠠᠯᠳᠠᠷᠰᠢᠵᠠᠢ


ᠲ᠋ᠠᠢ᠌ᠴᠢᠠᠳᠠᠯ᠎ᠠ ᠶᠢᠨ ᠪᠠᠳᠤᠴᠠᠭᠠᠨ

ᠳᠠᠶᠠᠩ ᠤᠨ ᠰᠤᠨᠤᠷ ᠲᠤ ᠠᠯᠳᠠᠷᠰᠢᠭᠠᠤᠨ

ᠨᠠᠷᠢᠮᠤ ᠶᠢᠨ ᠨᠤᠳᠤᠭ ᠡᠮᠳᠤ ᠶᠢᠨ ᠭᠤᠤᠯ

ᠨᠠᠷᠠ ᠪᠠᠨ ᠡᠷᠭᠦᠭᠡᠳ ᠳᠡᠭᠦᠯᠢᠴᠢᠭᠡᠵᠡᠢ


ᠰᠢᠯᠢᠳᠡᠭ᠌ ᠮᠤᠷᠢᠳ ᠤᠨ ᠳᠤᠤᠯᠢ ᠳᠠᠢ

ᠰᠢᠷᠭ᠎ᠠ ᠨᠤᠳᠤᠭ ᠤᠨ ᠳᠠᠪᠰᠢᠯᠳᠠ ᠮᠢᠨᠢ

ᠳᠡᠯᠭᠡᠭᠦᠷ ᠪᠠᠷᠠᠭ᠎ᠠ ᠴᠢᠨᠠᠷ ᠰᠠᠢ᠌ᠨ

ᠳᠦᠷᠠᠯᠵᠢ ᠨᠤᠳᠤᠭ ᠮᠢᠨᠢ ᠭᠤᠶᠤᠬᠠᠨ ᠳ᠋ᠠ


ᠪᠠᠵᠢᠯᠠᠭ᠎ᠠ ᠶᠢᠨ ᠡᠷᠳᠡᠨᠢᠨ ᠠᠭᠤᠯᠠ

ᠬᠤᠯᠠ ᠬᠤᠯᠠ ᠶᠢᠨ ᠳᠤ ᠳᠦᠩᠭᠦᠢᠭᠡᠳ

ᠲᠦᠯᠡᠭᠡᠮᠦᠳᠤ ᠶᠢᠨ ᠰᠠᠨ ᠯᠦᠩ ᠣᠷᠭᠢᠯ

ᠳᠡᠭ᠍ᠷᠢ ᠪᠠᠭᠠᠨᠠᠳᠠᠨ ᠰᠦᠨᠳᠠᠷᠯᠠᠵᠠᠢ


ᠪᠠᠷᠠᠭᠤᠨ ᠵᠢᠷᠢᠮ ᠤᠨ ᠪᠢᠴᠢᠭ᠍ᠳᠤ ᠬᠠᠳᠠ

ᠪᠠᠬ᠎ᠠ ᠶᠢ ᠳᠠᠳᠠᠮ᠎ᠠ ᠬᠠᠨᠠᠢ᠌ᠭᠠᠤᠨ

ᠭᠦᠡᠳᠡᠯᠡᠨ ᠨᠤᠳᠤᠭ ᠤᠨ ᠭᠦᠭ᠌ ᠤᠶᠠᠩ‍ᠭ᠎ᠠ

ᠭᠦᠳᠡᠭᠡ ᠰᠤᠶᠤᠯ ᠶᠢᠡᠨ ᠡᠷᠭᠦᠵᠡᠢ


ᠬᠠᠪ ᠬᠠᠷ᠎ᠠ ᠯᠠ ᠭᠦᠷᠦᠰᠤ ᠳᠠᠢ

ᠬᠠᠷᠠᠨᠢᠭᠤᠷ ᠤᠨ ᠳᠠᠯ᠎ᠠ ᠮᠢᠨᠢ

ᠨᠠᠢ᠌ᠷ ᠤᠨ ᠳᠠᠭᠤᠨ ᠤ ᠤᠶᠠᠩ‍ᠭ᠎ᠠ ᠳᠠᠢ

ᠨᠠᠢ᠌ᠷᠳᠠᠢ ᠰᠠᠢ᠌ᠬᠠᠨ ᠵᠠᠮᠴᠢᠨ ᠮᠢᠨᠢ


ᠠᠶᠠᠯᠭᠤᠯᠠᠵᠤ ᠭᠡᠯᠡᠭ᠍ᠰᠡᠨ ᠬᠤᠯᠪᠣᠭ᠎ᠠ ᠪᠠᠨ

ᠠᠶ᠎ᠠ ᠳᠠᠭᠤᠨ ᠲᠡᠶ ᠥᠡᠳᠦᠷᠯᠡᠭᠦᠯᠦᠶ᠎ᠡ

ᠠᠵᠠ ᠲᠡᠶ ᠰᠠᠢ᠌ᠬᠠᠨ ᠲᠦᠰᠢᠶᠠᠳᠤ ᠪᠠᠨ

ᠠᠮᠵᠢᠯᠳᠠ ᠳᠡᠭᠦᠯᠳᠡᠷ ᠭᠦᠭ᠍ᠵᠢᠭᠦᠯᠦᠶ᠎ᠡ


ᠡᠯᠭᠦᠵᠤ ᠶᠠᠷᠢᠭᠰᠠᠨ ᠬᠤᠯᠪᠣᠭ᠎ᠠ ᠪᠠᠨ

ᠦᠯᠵᠠᠢ ᠮᠦᠷ ᠲᠡᠶ ᠵᠢᠷᠭᠠᠭᠤᠯᠤᠶ᠎ᠠ

ᠦᠷᠭᠡᠨ ᠣᠯᠠᠨ ᠳᠠ ᠨᠡᠷ ᠤᠨ ᠵᠢᠠᠨ

ᠡᠩᠭᠡ ᠲᠤᠢ᠌ᠪᠰᠢᠨ ᠢ ᠪᠠᠯᠭᠡᠯᠡᠶ᠎ᠡ ︕


        2013 ᠣᠨ ᠤ 10 ᠰᠠᠷ᠎ᠠ ᠶᠢᠨ 19


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10783
ᠴᠠᠭ᠄ 2013 ᠤᠨ ᠤ 10 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ