ᠨᠡᠪᠲᠡᠷᠡᠨ ᠤᠷᠤᠬᠤ
ᠰᠤᠩᠭ᠋ᠤᠯᠳᠠ

ᠠᠯᠳᠠ ᠡᠴᠡ ᠦᠨᠡᠳᠠᠢ ᠪᠠᠶ᠎ᠠ ᠶᠢ

ᠠᠪᠣ ᠡᠵᠢ ᠮᠢᠨᠢ ᠣᠯᠭᠤᠭᠰᠠᠨ

ᠠᠷᠪᠢᠯᠠᠵᠤ ᠵᠠᠷᠤᠨ᠎ᠠ ᠦᠦ

ᠠᠯᠳᠠᠵᠤ ᠶᠠᠪᠣᠭᠤᠯᠤᠨ᠎ᠠ ᠦᠦ

ᠴᠢ ᠦᠪᠡᠷ ᠶᠢᠡᠨ ᠮᠠᠳᠠ

ᠠᠯᠢᠪᠠ ᠰᠠᠢ᠌ᠨ ᠰᠠᠢ᠌ᠬᠠᠨ ᠢ

ᠠᠯᠠᠭ᠎ᠠ ᠳᠡᠯᠭᠡᠨ ᠳᠤᠰᠴᠤ ᠪᠣᠢ

ᠠᠵᠤ ᠲᠡᠶ᠂ ᠠᠵᠠ ᠲᠡᠶ᠂ ᠠᠷᠠᠵᠠ ᠲᠡᠶ

ᠠᠯᠢ ᠨᠢ ᠴᠤ ᠪᠦᠷ ᠪᠣᠢ

ᠭᠦᠡᠳᠡᠯᠡᠨ ᠪᠢᠴᠢᠭ᠍ᠳᠡᠭᠦ ᠭᠢᠳᠠᠤᠨ ᠭᠡᠯᠡ ᠪᠣᠢ

ᠭᠡᠪᠳᠡᠭᠡ ᠪᠠᠷ ᠵᠢᠷᠤᠭᠳᠠᠬᠤ ᠠᠩᠭ᠍ᠯᠢ ᠪᠢᠴᠢᠭ᠌ ᠪᠣᠢ

ᠪᠣᠰᠤᠭ᠎ᠠ ᠪᠠᠷ ᠣᠷᠤᠰᠢᠨ ᠳᠤᠤᠨᠢᠬᠤ

ᠪᠣᠶᠠᠠᠳᠤ ᠮᠤᠩᠭ᠋ᠤᠯ ᠥᠰᠦᠭ᠌ ᠪᠣᠢ

ᠪᠣᠳᠤᠵᠤ ᠦᠵᠡ

ᠪᠣᠯᠤᠮᠠᠷ ᠨᠢᠭᠡ ᠶᠢ ᠪᠠᠨ

ᠴᠢ ᠦᠪᠡᠷ ᠶᠢᠡᠨ ᠰᠤᠩᠭ᠋ᠤ

ᠰᠢᠯᠦᠭ᠌ ᠶᠢᠡᠷ ᠶᠢᠡᠨ ᠢᠯᠡᠳᠭᠡᠨ᠎ᠡ ᠦᠦ

ᠰᠢᠳᠦᠭᠡᠨ ᠴᠢᠩᠭᠢᠰ ᠬᠠᠭᠠᠨ ᠪᠣᠢ

ᠰᠡᠳᠭᠢᠯ ᠶᠢᠡᠨ ᠴᠠᠢ᠌ᠯᠭᠠᠨ᠎ᠠ ᠦᠦ

ᠰᠢᠳᠦᠭᠦ ᠴᠠᠭᠠᠨ ᠣᠢ᠌ᠯᠠᠰ ᠪᠣᠢ

ᠴᠢ ᠦᠪᠡᠷ ᠶᠢᠡᠨ ᠭᠠᠷᠳᠠ

ᠣᠷᠴᠢᠯᠠᠩ ᠤᠨ ᠵᠠᠢ ᠳᠤ

ᠡᠭᠡ ᠣᠷᠤᠨ ᠴᠢᠨᠢ ᠪᠠᠭᠳᠠᠭᠠᠭᠰᠠᠨ

ᠣᠶᠤᠨ ᠤ ᠭᠡᠷᠡᠯ ᠳᠡᠭᠡᠨ

ᠠᠷᠠᠤᠨ ᠲᠦᠮᠡᠨ ᠴᠢᠨᠢ ᠬᠠᠢ᠌ᠷᠠᠯᠠᠭᠰᠠᠨ

ᠨᠢᠭᠡ ᠶᠢ ᠰᠢᠯᠢᠨ᠎ᠠ ᠦᠦ

ᠨᠠᠢ᠌ᠳᠠ ᠶᠢ ᠳᠠᠭᠯᠠᠨ᠎ᠠ ᠦᠦ

ᠴᠢ ᠦᠪᠡᠷ ᠶᠢᠡᠨ ᠪᠣᠳᠤ

ᠡᠰ ᠤᠨ ᠳᠣᠢ᠌ᠯᠠᠭᠠᠨ

ᠣᠭᠤᠳᠤᠷ ᠭᠡᠵᠤ

ᠣᠭᠤ ᠴᠤ ᠪᠣᠤ ᠪᠣᠳᠤᠭᠠᠷᠠᠢ

ᠣᠯᠢᠮᠠᠭ ᠳᠤᠯᠢᠮᠠᠭ ᠭᠡᠯᠳᠦᠷᠢᠪᠠᠴᠤ

ᠣᠩᠰᠢᠵᠤ ᠣᠢ᠌ᠯᠠᠭᠠᠨ᠎ᠠ᠂ ᠮᠤᠩᠭ᠋ᠤᠯ ᠪᠢᠴᠢᠭ᠌ ᠶᠢᠡᠨ

ᠨᠥᠭᠦᠷ ᠶᠢᠡᠨ ᠭᠡᠵᠤ ᠪᠣᠳᠤᠬᠤ ᠪᠦᠷᠢ

ᠨᠢᠯᠪᠣᠰᠤᠳᠠᠢ ᠨᠢᠳᠤ ᠨᠠᠷᠢᠰᠤᠨ᠎ᠠ

ᠨᠢᠭᠡᠨ ᠳᠡᠭᠡᠨ ᠭᠡᠵᠤ ᠰᠠᠨᠠᠬᠤᠯᠠᠷ

ᠴᠢᠰᠤ ᠲᠡᠶ ᠵᠢᠷᠦᠭᠡ ᠯᠤᠭᠰᠢᠨ᠎ᠠ

ᠡᠷ᠎ᠡ ᠨᠢ ᠴᠤ ᠡᠷ᠎ᠡ ᠭᠡᠵᠤ

ᠡᠷᠡᠭᠡᠢ ᠭᠠᠷᠭᠠᠵᠤ ᠪᠢ ᠦᠨᠡᠮᠰᠢᠨ᠎ᠠ

ᠡᠷ᠎ᠡ ᠶᠢᠨ ᠬᠠᠯᠠᠭᠤᠨ ᠴᠢᠰᠤᠨ ᠳᠤ

ᠡᠰ ᠤᠨ ᠳᠣᠢ᠌ᠯᠠᠭᠠᠨ ᠲᠡᠶ ᠭᠡᠵᠤ ᠪᠢ ᠢᠳᠡᠭᠡᠨ᠎ᠡ

ᠰᠢᠯᠦᠭ᠌ ᠪᠢᠴᠢᠭ᠍ᠰᠡᠨ ᠤ ᠣᠴᠢᠷ

ᠪᠣᠯᠴᠢᠷᠬᠠᠢ ᠰᠢᠤᠬᠠᠨ ᠪᠣᠯᠤᠭ

ᠪᠣᠳᠤᠯ ᠶᠢᠡᠷ ᠶᠢᠡᠨ ᠪᠢᠴᠢᠭ᠍ᠰᠡᠨ ᠶᠤᠮ

ᠪᠣᠯᠤᠮᠵᠢ ᠦᠭᠡᠶ ᠡᠴᠡ ᠪᠠᠨ ᠠᠯᠳᠠᠷᠠᠭ

ᠪᠣᠰᠤᠭ᠎ᠠ ᠮᠤᠩᠭ᠋ᠤᠯ ᠶᠢᠡᠷ ᠶᠢᠡᠨ ᠵᠢᠷᠤᠭᠰᠠᠨ ᠶᠤᠮ

ᠡᠪᠠᠷᠭᠡᠢ ᠰᠢᠭ᠌ ᠳᠠᠨᠢᠭᠳᠠᠭ

ᠡᠯᠢᠭᠡ ᠪᠠᠷ ᠶᠢᠡᠨ ᠳᠠᠮᠠᠭᠠᠯᠠᠭᠰᠠᠨ ᠶᠤᠮ

ᠡᠪ ᠦᠭᠡᠶ ᠡᠴᠡ ᠪᠠᠨ ᠳᠠᠰᠤᠷᠠᠭ

ᠡᠭᠡ ᠮᠤᠩᠭ᠋ᠤᠯ ᠶᠢᠡᠷ ᠶᠢᠡᠨ ᠳᠠᠳᠠᠯᠠᠭᠰᠠᠨ ᠶᠤᠮ


2009 ᠣᠨ ᠤ 3 ᠰᠠᠷ᠎ᠠ ᠶᠢᠨ 12 ᠊ᠤ ᠡᠳᠦᠷ

ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠪᠠᠢ·ᠠᠮᠤᠭᠤᠯᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2613
ᠴᠠᠭ᠄ 2009 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ