ᠨᠡᠪᠲᠡᠷᠡᠨ ᠤᠷᠤᠬᠤ
ᠶᠡᠭᠡ ᠮᠢᠩᠭ᠋ᠠᠨ ᠤ ᠥᠭᠡᠯᠡᠳ ᠬᠤᠰᠢᠭᠤᠨ ᠤ ᠳᠡᠭᠡᠳᠤ ᠷᠠᠰᠢᠶᠠᠨ
᠊᠊᠊᠊᠊᠊᠊᠊᠊᠊᠊᠊᠊᠊᠊ ᠷᠠᠰᠢᠶᠠᠨ ᠵᠠᠰᠠᠯᠭ᠎ᠠ ᠭᠢᠭ᠍ᠰᠡᠨ ᠳᠦᠷᠦᠭ᠍ᠳᠡᠯ

ᠭᠦᠡᠳᠡᠭ᠍ᠳᠡᠭᠡ ᠦᠭᠡᠶ ᠣᠩᠭ᠋ᠤᠨ ᠪᠠᠢ᠌ᠭᠠᠯᠢ ᠶᠢᠨ ᠬᠠᠳᠠᠭᠠᠯᠠᠮᠵᠢ

ᠬᠤᠷᠮᠤᠰᠳᠠ ᠡᠴᠠ ᠬᠠᠢ᠌ᠷᠠᠯᠠᠭᠰᠠᠨ ᠣᠯᠠᠨ ᠰᠢᠳᠢᠳᠤ ᠪᠣᠯᠠᠭ

ᠡᠭᠦᠯᠡ ᠪᠦᠰᠡᠯᠡᠭ᠍ᠰᠡᠨ ᠦᠨᠳᠦᠷ ᠠᠰᠬ᠎ᠠ ᠠᠭᠤᠯᠠᠰ

ᠦᠵᠡᠮᠵᠢ ᠪᠦᠷᠢᠦᠡᠴᠤ ᠵᠢᠭᠠᠰᠤ ᠴᠤᠯᠭᠢᠭᠰᠠᠨ ᠡᠮᠳᠤ ᠨᠠᠭᠤᠷ


ᠳᠡᠭ᠍ᠷᠢ ᠶᠢᠨ ᠬᠤᠷ᠎ᠠ ᠳᠡᠭ᠍ᠰᠢ ᠪᠠᠭᠤᠭᠰᠠᠨ ᠵᠤᠨ ᠤ ᠰᠠᠢ᠌ᠬᠠᠨ ᠣᠯᠠᠷᠢᠯ

ᠲᠦᠮᠡᠨ ᠣᠷᠭᠤᠮᠠᠯ ᠣᠷᠤᠨ ᠪᠣᠯᠢᠶᠠᠯᠳᠤᠭᠰᠠᠨ ᠮᠢᠩᠭ᠋ᠠᠨ ᠡᠪᠠᠰᠤᠨ ᠤ ᠮᠢᠷᠠᠯᠵᠠᠭᠠᠨ

ᠨᠠᠷᠠᠰᠤ᠂ ᠬᠠᠢ᠌ᠯᠠᠰᠤ᠂ ᠣᠳᠠ᠂ ᠣᠯᠢᠶᠠᠰᠤ ᠳᠡᠭ᠍ᠷᠢ ᠪᠠᠭᠠᠨᠠᠳᠠᠨ ᠵᠤᠭᠰᠤᠭᠰᠠᠨ

ᠨᠢ᠋ᠮᠠᠨ ᠵᠥᠭ᠌ ᠤᠨ ᠵᠤᠭᠠᠴᠠᠯ ᠤᠨ ᠠᠷᠠᠤᠨ ᠨᠠᠭᠠᠰᠢ ᠴᠠᠭᠠᠰᠢ ᠵᠦᠷᠢᠯᠳᠦᠭ᠍ᠰᠡᠨ


ᠨᠠᠶᠠ ᠭᠠᠷᠤᠭᠰᠠᠨ ᠭᠦᠭ᠍ᠰᠢᠨ ᠡᠴᠠ ᠨᠠᠷᠭᠢᠮ᠎ᠠ ᠨᠠᠰᠤᠨ ᠤ ᠵᠠᠯᠠᠭᠤᠴᠤᠳ

ᠨᠢ᠋ᠮᠠᠨ ᠨᠠᠰᠤᠳᠠᠢ ᠬᠡᠦᠬᠡᠳ ᠡᠴᠠ ᠨᠢᠯᠬ᠎ᠠ ᠪᠠᠨ ᠳᠡᠪᠠᠷᠢᠭ᠍ᠰᠡᠨ ᠡᠭᠡᠴᠦᠦᠯ

ᠳᠡᠷᠭᠡᠨ ᠳᠤ ᠵᠢᠦᠡᠭᠦᠭᠦᠯᠦᠭ᠍ᠰᠡᠨ ᠡᠪᠠᠦᠡᠴᠢᠳᠡᠨ ᠡᠴᠠ ᠳᠠᠶᠠᠭ ᠳᠤᠯᠤᠭᠰᠠᠨ ᠪᠣᠭᠤᠷᠤᠯᠴᠤᠳ

ᠳᠠᠯ᠎ᠠ ᠪᠠᠶ᠎ᠠ ᠪᠠᠨ ᠴᠢᠷᠦᠭ᠍ᠰᠡᠳ ᠡᠴᠠ ᠳᠠᠮᠢᠷ ᠨᠢ ᠮᠠᠭᠤᠳᠠᠭᠰᠠᠨ ᠨᠠᠰᠤᠳᠠᠢ᠌ᠴᠤᠳ


ᠡᠮᠡᠭᠡ ᠪᠠᠨ ᠳᠦᠰᠢᠭ᠍ᠰᠡᠨ ᠣᠮᠪᠣᠯ ᠡᠴᠠ ᠡᠪᠦᠭᠡ ᠪᠠᠨ ᠰᠤᠭᠤᠳᠠᠭᠰᠠᠨ ᠵᠢᠭᠡ

ᠡᠴᠢᠭᠡ ᠪᠠᠨ ᠠᠰᠠᠷᠠᠭᠰᠠᠨ ᠭᠡᠦᠭᠡᠨ ᠡᠴᠠ ᠡᠭᠡ ᠪᠠᠨ ᠰᠤᠪᠢᠯᠠᠭᠰᠠᠨ ᠭᠦᠪᠠᠭᠦᠨ

ᠡᠭᠡᠴᠢ ᠪᠠᠨ ᠳᠠᠭᠠᠭᠰᠠᠨ ᠦᠬᠢᠨ ᠳᠡᠭᠦᠤ ᠡᠴᠠ ᠳᠡᠭᠦᠤ ᠪᠠᠨ ᠭᠦᠳᠦᠯᠦᠭ᠍ᠰᠡᠨ ᠡᠭᠡᠴᠢ

ᠥᠳᠡᠯᠦᠭᠡ ᠵᠠᠯᠠᠭᠤ ᠡᠷᠡᠭ᠍ᠳᠡᠢ ᠡᠮᠡᠭ᠍ᠳᠡᠢ ᠡᠯᠳᠡᠪ ᠵᠣᠢ᠌ᠯ ᠤᠨ ᠡᠪᠠᠦᠡᠴᠢᠳᠡᠨ


ᠡᠷᠳᠡ ᠪᠣᠰᠪᠠᠰᠤ ᠪᠣᠯᠠᠭ ᠤᠨ ᠣᠰᠤ ᠭᠡᠳᠤᠨ ᠵᠢᠩ ᠢ ᠭᠦᠡᠳᠦᠷᠴᠤ

ᠡᠭᠡᠯᠢᠳᠡᠢ ᠨᠠᠷᠠᠨ ᠳᠤᠯᠠᠭᠠᠷᠠᠪᠠᠰᠤ ᠶᠠᠩᠭᠢᠨᠠᠮ᠎ᠠ ᠣᠰᠤᠨ᠎ᠠ ᠬᠠᠭᠠᠰ ᠴᠠᠭ ᠶᠢᠡᠷ ᠳᠠᠭᠵᠢᠮᠤᠢ

ᠡᠭᠡᠵᠤ ᠭᠠᠷᠴᠤ ᠢᠷᠠᠪᠠᠰᠤ ᠨᠣᠢ᠌ᠳᠠᠨ ᠬᠤᠪᠴᠠᠰᠤ ᠶᠢ ᠬᠤᠪᠬᠤ ᠳᠠᠢ᠌ᠯᠵᠤ

ᠡᠭᠡᠪᠠᠷ ᠭᠠᠵᠠᠷ ᠢ ᠡᠷᠢᠨ ᠬᠠᠯᠠᠭᠤᠨ ᠴᠢᠯᠠᠭᠤ ᠳᠠᠪᠠᠷᠢᠨ ᠣᠷᠪᠠᠨ ᠭᠦᠷᠪᠠᠮᠦᠢ


ᠭᠢᠳᠠᠤᠨ᠂ ᠮᠤᠩᠭ᠋ᠤᠯ᠂ ᠣᠷᠤᠰ ᠭᠡᠳᠤᠨ ᠦᠨᠳᠦᠰᠦᠳᠠᠨ

ᠭᠡᠯᠡᠭᠦ ᠥᠭᠡ ᠠᠳᠠᠯᠢ ᠦᠭᠡᠶ ᠴᠤ ᠵᠤᠷᠢᠯᠭ᠎ᠠ ᠨᠢᠭᠡᠳᠡᠢ

ᠬᠤᠪᠢ ᠬᠤᠪᠢᠨ ᠤ ᠭᠡᠯᠡ ᠪᠠᠷ ᠶᠢᠡᠨ ᠦᠪᠡᠷ ᠤᠨ ᠳᠠᠭᠤᠤ ᠪᠠᠨ ᠳᠠᠭᠤᠯᠠᠵᠤ

ᠭᠡᠮᠵᠢᠶᠡᠯᠡᠭ᠍ᠰᠡᠨ ᠴᠠᠭ ᠲᠤ ᠪᠠᠨ ᠵᠤᠷᠢᠭ ᠶᠢᠡᠨ ᠡᠷᠴᠢᠯᠡᠨ ᠭᠦᠷᠦᠮᠦᠢ


ᠬᠤᠪᠢᠯᠭᠠᠨ ᠣᠰᠤᠨ ᠤ ᠷᠢᠳᠢ ᠰᠢᠳᠢ ᠳᠤ ᠠᠷᠬᠠᠭ ᠭᠡᠮ ᠠᠷᠢᠯᠵᠤ

ᠬᠠᠯᠠᠭᠤᠨ ᠨᠠᠷᠠᠨ ᠤ ᠬᠤᠷᠴᠠ ᠭᠡᠷᠡᠯ ᠳᠤ ᠬᠠᠰ ᠤᠨ ᠮᠠᠬᠠᠪᠣᠤᠨ ᠪᠣᠷᠤᠯᠠᠮᠤᠢ

ᠪᠠᠯᠠᠷ ᠡᠷᠳᠡᠨ ᠤ ᠠᠮᠢᠳᠤᠷᠠᠯ ᠤᠨ ᠵᠢᠷᠤᠭ ᠡᠨᠡ ᠭᠠᠵᠠᠷ ᠳᠠᠭᠢᠨ ᠠᠮᠢᠯᠠᠵᠤ

ᠪᠣᠯᠪᠠᠰᠤᠨ ᠨᠡᠢ᠌ᠭᠡᠮ ᠤᠨ ᠨᠥᠭᠦᠷᠯᠡᠯ ᠤᠨ ᠴᠡᠴᠡᠭ᠌ ᠡᠨᠡ ᠣᠷᠤᠨ᠎ᠠ ᠳᠡᠯᠭᠡᠷᠡᠮᠦᠢ᠃ᠵᠤᠬᠢᠶᠠᠭᠴᠢ ᠶᠢᠨ ᠬᠠᠶ‍ᠢᠭ᠄ ᠳᠤᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠬᠦᠬᠡ᠊ᠭᠠᠯ ᠳᠦᠷᠠᠯᠵᠠᠨ᠎ᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 9996
ᠴᠠᠭ᠄ 2010 ᠤᠨ ᠤ 08 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ