ᠨᠡᠪᠲᠡᠷᠡᠨ ᠤᠷᠤᠬᠤ
ᠴᠢᠨᠤᠭᠢ ᠣᠳᠠᠰᠤ

ᠴᠠᠭ ᠲᠠᠭᠠᠨ ᠵᠤᠭᠢᠴᠠᠭᠰᠠᠨ

ᠴᠢᠨᠤᠭᠢ ᠣᠳᠠᠰᠤ

ᠴᠢᠮ᠎ᠠ ᠶᠢ ᠰᠠᠨᠠᠭᠰᠠᠨ

ᠰᠡᠳᠭᠢᠯ ᠢ ᠮᠢᠨᠢ ᠠᠷᠭᠠᠳᠠᠭᠰᠠᠭᠠᠷ

ᠴᠢᠭᠢᠨ ᠰᠤᠨᠤᠷ ᠢ

ᠪᠠᠶᠠᠰᠬᠠᠨ ᠬᠠᠩᠭᠢᠨᠠᠭᠰᠠᠨ

ᠳᠠᠷᠠ ᠦᠳᠡ ᠪᠣᠯ

ᠪᠣᠷᠤᠬᠠᠨ ᠵᠢᠷᠦᠭᠡ ᠵᠢᠮ᠎ᠠ ᠪᠠᠨ ᠠᠯᠳᠠᠨ

ᠴᠤᠭᠢᠯᠭ᠎ᠠ ᠳᠦᠷᠭᠡᠰᠢᠭ᠍ᠰᠡᠨ ᠦᠶ᠎ᠡ

ᠪᠦᠰᠡᠭᠦᠢ ᠬᠠᠯᠠᠭᠤᠨ ᠴᠢᠰᠤ

ᠪᠦᠳᠤᠨ ᠪᠠᠶ᠎ᠠ ᠳᠤ ᠳᠠᠷᠬᠠᠨ ᠣᠢ᠌ᠯᠤᠭᠰᠠᠨ

ᠣᠮᠤᠭᠰᠢᠯ

ᠪᠳᠡᠭᠦᠭᠡᠨ ᠪᠣᠳᠤᠯ ᠤᠨ ᠮᠢᠨᠢ

ᠡᠴᠢᠨ᠎ᠡ ᠭᠦᠨ ᠳ᠋ᠤ

ᠪᠦᠭᠡᠮ ᠳᠤᠯᠭᠢᠶᠠᠨ ᠡᠭᠦᠰᠦᠭ᠍ᠰᠡᠨ

᠊ᠭ᠍ᠱᠡᠨ

《ᠪᠣᠯᠬᠤ ᠦᠭᠡᠶ》 ᠭᠡᠰᠡᠨ ᠴᠤ

ᠪᠠᠶ᠎ᠠ ᠪᠠᠨ ᠳᠤᠭᠳᠠᠭᠠᠬᠤ ᠶᠢ

ᠭᠢᠴᠢᠶᠡᠭ᠍ᠰᠡᠨ

ᠴᠠᠪᠠᠷ ᠢᠴᠢᠮᠡᠳᠡᠭᠡᠢ ᠰᠡᠳᠬᠢᠯᠭᠡ ᠡ ︕


ᠴᠢᠨᠤᠭᠢ ᠣᠳᠠᠰᠤ ᠊᠊᠊᠊᠊᠊᠊᠊᠊᠊᠊᠊᠊᠊᠊

ᠳᠠᠨᠢᠯ ᠪᠣᠰᠤ ᠠᠳᠠᠯ᠎ᠠ

ᠳᠠᠰᠤᠯᠬᠠᠨ ᠶᠠᠷᠢᠶ᠎ᠠ ᠪᠠᠨ ᠳᠠᠭᠠᠵᠤ

ᠳᠤᠳᠤᠭᠠᠳᠤ ᠰᠡᠳᠭᠢᠯ ᠤᠨ ᠮᠢᠨᠢ

ᠳᠤᠷᠭᠠᠨ ᠭᠦᠪ ᠳᠤ

ᠳᠤᠭᠤᠰᠤ ᠥᠭᠡᠢ

ᠳᠠᠭ ᠨᠠᠭᠠᠯᠳᠤᠬᠤ ᠪᠠᠷ ᠨᠢ

ᠴᠢᠨᠤᠭᠢ ᠣᠳᠠᠰᠤ ᠊᠊᠊᠊᠊᠊᠊᠊᠊᠊᠊᠊᠊᠊᠊

ᠴᠢᠮ᠎ᠠ ᠶᠢ ᠬᠠᠢ᠌ᠭᠰᠠᠨ

ᠰᠡᠳᠬᠢᠯᠭᠡ ᠶᠢᠨ ᠮᠢᠨᠢ

ᠴᠡᠩᠭᠡᠷ ᠣᠭᠳᠠᠷᠭᠤᠢ ᠳ᠋ᠤ

ᠴᠠᠭᠢᠯᠭᠠᠨ ᠰᠢᠭ ᠭᠡᠷᠡᠯ ᠣᠢ᠌ᠯᠤᠰᠬᠠᠨ

ᠭᠡᠭᠡ ᠳᠠᠳᠠᠨ

ᠪᠠᠭᠤᠭᠰᠠᠨ ᠡ ︕ᠵᠤᠬᠢᠶᠠᠭᠴᠢ ᠶᠢᠨ ᠬᠠ‍‌ᠶᠢᠭ ᠄ ᠭᠦᠷᠢᠶ᠎ᠡ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠶᠦᠩ ᠮᠸᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ