ᠨᠡᠪᠲᠡᠷᠡᠨ ᠤᠷᠤᠬᠤ
ᠰᠠᠴᠤᠷᠠᠭ ᠭᠡᠳᠡᠭ ᠶᠠᠭᠤ ᠪᠤᠢ

ᠰᠠᠴᠤᠷᠠᠭ ᠨᠢ ᠪᠦᠭᠦᠢᠯᠡ ᠣᠷᠴᠢᠯᠠᠩ ᠤᠨ ᠵᠠᠢ ᠳᠤ ᠣᠷᠤᠰᠢᠵᠤ ᠪᠠᠢ᠌ᠳᠠᠭ ᠪᠦᠭᠡᠤᠨ ᠢᠶᠤᠠᠵᠢᠭᠰᠠᠨ ᠰᠠᠴᠤᠷᠠᠭ ᠪᠠ ᠡᠰᠡ ᠢᠶᠤᠠᠵᠢᠭᠰᠠᠨ ᠰᠠᠴᠤᠷᠠᠭ ᠭᠡᠵᠤ ᠬᠤᠶᠠᠷ ᠵᠣᠢ᠌ᠯ ᠬᠤᠪᠢᠶᠠᠳᠠᠭ᠃ ᠴᠦᠮ᠎ᠡ ᠶᠢᠨ ᠡᠨᠧᠷᠭᠢ ᠶᠢᠨ ᠭᠦᠷᠢᠶᠡᠨ ᠳᠤ ᠭᠦᠮᠦᠰ ᠭᠤᠤᠯᠳᠠᠭᠤ ᠢᠶᠤᠠᠵᠢᠭᠰᠠᠨ ᠰᠠᠴᠤᠷᠠᠭ ᠤᠨ ᠡᠷᠡᠭᠦᠯ ᠮᠠᠠᠳᠤ ᠳᠤ ᠨᠥᠯᠦᠭᠡ ᠪᠣᠯᠵᠤ ᠮᠡᠳᠡᠭᠦ ᠵᠢᠴᠢ ᠳᠡᠭᠦᠨ ᠢ ᠭᠡᠷᠭᠢᠨ ᠰᠡᠷᠭᠡᠢ᠌ᠯᠡᠭᠦ ᠳᠤᠬᠠᠢ ᠠᠩᠬᠠᠷᠳᠠᠭ ᠪᠠᠢ᠌ᠨ᠎ᠠ᠃ ᠶᠠᠷᠤ ᠶᠢᠨ ᠪᠠᠢ᠌ᠳᠠᠯ ᠳᠤᠤᠷ᠎ᠠ ᠢᠶᠤᠠᠵᠢᠭᠰᠠᠨ ᠰᠠᠴᠤᠷᠠᠭ ᠢ ᠳᠦᠭᠦᠮᠴᠢᠯᠡᠭᠡᠤᠨ ᠰᠠᠴᠤᠷᠠᠭ ᠭᠡᠭᠦ ᠪᠣᠶᠤ ᠰᠠᠴᠤᠷᠠᠭ ᠤᠨ ᠳᠤᠰᠤᠯᠳᠠ ᠭᠡᠳᠡᠭ᠌᠃ ᠭᠦᠮᠤᠨ ᠲᠦᠷᠦᠯᠭᠢᠳᠠᠨ ᠳᠡᠦᠭᠡ ᠲᠡᠶ ᠪᠣᠯᠤᠭᠰᠠᠨ ᠡᠴᠡ ᠠᠪᠣᠭᠠᠤᠨ ᠣᠷᠴᠢᠯᠠᠩ ᠤᠨ ᠰᠠᠴᠤᠷᠠᠭ᠂ ᠭᠠᠵᠠᠷ ᠤᠨ ᠪᠦᠮᠪᠦᠷᠴᠡᠭ᠌ ᠤᠨ ᠰᠠᠴᠤᠷᠠᠭ ᠴᠢᠨᠠᠷᠳᠠᠢ ᠴᠥᠮᠡᠳᠥᠷᠦᠭ᠍ᠴᠢ ᠡᠴᠡ ᠪᠣᠢ ᠪᠣᠯᠤᠭᠰᠠᠨ ᠰᠠᠴᠤᠷᠠᠭ ᠵᠡᠷᠭᠡ ᠶᠢ ᠪᠠᠭᠳᠠᠭᠠᠭᠰᠠᠨ ᠪᠠᠢ᠌ᠭᠠᠯᠢ ᠶᠢᠨ ᠢᠶᠤᠠᠵᠢᠭᠰᠠᠨ ᠰᠠᠴᠤᠷᠠᠭ ᠤᠨ ᠳᠤᠰᠤᠯᠳᠠ ᠶᠢ ᠠᠮᠰᠠᠭᠰᠠᠭᠠᠷ ᠢᠷᠡᠭ᠍ᠰᠡᠨ ᠶᠤᠮ᠃ ᠰᠠᠴᠤᠷᠠᠭ ᠦᠭᠡᠶ ᠭᠠᠵᠠᠷ ᠪᠠᠢ᠌ᠬᠤ ᠦᠭᠡᠶ᠂ ᠢᠳᠡᠭᠡᠨ ᠤ ᠵᠣᠢ᠌ᠯ᠂ ᠭᠡᠷ ᠪᠠᠢ᠌ᠰᠢᠩ᠂ ᠠᠭᠠᠷ ᠣᠭᠳᠠᠷᠭᠤᠢ ᠭᠠᠵᠠᠷ ᠳᠡᠯᠡᠭᠡᠢ᠂ ᠠᠭᠤᠯᠠ ᠣᠰᠤ ᠡᠪᠠᠰᠤ ᠮᠤᠳᠤ᠂ ᠴᠢᠨᠠᠭᠰᠢᠯᠠᠪᠠᠯ ᠭᠦᠮᠦᠰ ᠤᠨ ᠪᠠᠶ᠎ᠠ ᠶᠢᠨ ᠳᠤᠳᠤᠷ᠎ᠠ ᠴᠦᠮ ᠰᠠᠴᠤᠷᠠᠭ ᠤᠨ ᠳᠤᠰᠤᠯᠳᠠ ᠣᠷᠤᠰᠢᠵᠤ ᠪᠠᠢ᠌ᠳᠠᠭ᠃ ᠭᠦᠮᠤᠨ ᠲᠦᠷᠦᠯᠭᠢᠳᠠᠨ ᠳᠤ ᠨᠥᠯᠦᠭᠡ ᠪᠣᠯᠳᠠᠭ ᠰᠠᠴᠤᠷᠠᠭ ᠨᠢ ᠭᠤᠤᠯᠳᠠᠭᠤ ᠪᠠᠢ᠌ᠭᠠᠯᠢ ᠶᠢᠨ ᠰᠠᠴᠤᠷᠠᠭ ᠪᠠ ᠡᠮ ᠡᠮᠨᠡᠯᠭᠡ ᠡᠴᠡ ᠢᠷᠡᠳᠡᠭ᠌᠂ ᠴᠦᠮ᠎ᠡ ᠶᠢᠨ ᠴᠠᠭᠢᠯᠭᠠᠨ ᠥᠷᠳᠡᠭᠡ ᠡᠴᠡ ᠪᠣᠢ ᠪᠣᠯᠤᠭᠰᠠᠨ ᠰᠠᠴᠤᠷᠠᠭ ᠤᠨ ᠭᠡᠮᠵᠢᠶ᠎ᠡ ᠨᠢ ᠮᠠᠰᠢ ᠪᠠᠭ᠎ᠠ ᠪᠠᠢ᠌ᠵᠤ᠂ ᠪᠠᠷᠤᠭ 25% ᠢ ᠡᠵᠡᠯᠡᠳᠡᠭ᠌᠃

ᠣᠯᠤᠰ ᠤᠨ ᠠᠲ᠋ᠤᠮ ᠤᠨ ᠡᠨᠧᠷᠭᠢ ᠶᠢᠨ ᠪᠠᠢ᠌ᠭᠤᠯᠤᠮᠵᠢ ᠶᠢᠨ ᠰᠦᠯᠵᠢᠶᠠᠨ ᠤ ᠥᠷᠳᠡᠭᠡ ᠶᠢᠨ ᠭᠢᠨ ᠤ ᠳᠠᠨᠢᠯᠴᠠᠭᠤᠯᠤᠭᠰᠠᠨ ᠢ ᠦᠨᠳᠦᠰᠦᠯᠠᠪᠠᠯ᠂ ᠭᠦᠮᠦᠰ ᠰᠠᠴᠤᠷᠠᠭ ᠤᠨ ᠡᠷᠡᠭᠦᠯ ᠮᠠᠠᠳᠤ ᠳᠤ ᠣᠴᠠᠷᠠᠭᠤᠯᠬᠤ ᠬᠤᠤᠷ ᠭᠦᠨᠦᠭᠡᠯ ᠤᠨ ᠳᠤᠬᠠᠢ ᠶᠡᠭᠡ ᠭᠡᠮᠵᠢᠶᠡᠨ ᠤ ᠣᠨᠤᠯ ᠪᠣᠯᠤᠨ ᠳᠤᠷᠰᠢᠯᠳᠠ ᠶᠢᠨ ᠰᠤᠳᠤᠯᠭᠠᠨ ᠭᠢᠭ᠍ᠰᠡᠨ ᠰᠠᠭᠤᠷᠢᠨ ᠳᠡᠭᠡᠷ᠎ᠡ ᠰᠠᠴᠤᠷᠠᠭ ᠢ ᠪᠦᠳᠦᠮᠵᠢᠳᠡᠢ ᠰᠡᠷᠭᠡᠢ᠌ᠯᠡᠭᠦ ᠰᠢᠰᠲ᠋ᠸᠮ ᠪᠠᠢ᠌ᠭᠤᠯᠤᠭᠰᠠᠨ ᠪᠦᠭᠡᠤᠨ ᠳᠠᠰᠤᠷᠠᠯᠳᠠ ᠦᠭᠡᠶ ᠭᠦᠭ᠍ᠵᠢᠭᠦᠯᠤᠨ ᠳᠡᠭᠦᠯᠳᠡᠷᠵᠢᠭᠦᠯᠵᠤ ᠪᠠᠢ᠌ᠨ᠎ᠠ᠃ ᠣᠳᠤᠬᠠᠨ ᠳᠤ᠂ ᠳᠡᠯᠡᠭᠡᠢ ᠳᠡᠭᠡᠷ᠎ᠡ ᠨᠠᠢ᠌ᠳᠠᠮ ᠭᠡᠷᠡᠭ᠍ᠵᠢᠭᠦᠯᠵᠤ ᠪᠠᠢ᠌ᠬᠤ ᠰᠠᠴᠤᠷᠠᠭ ᠢ ᠰᠡᠷᠭᠡᠢ᠌ᠯᠡᠭᠦ ᠭᠤᠷᠪᠠᠨ ᠵᠠᠷᠴᠢᠮ ᠪᠣᠯ᠂ ᠥᠢᠯᠡᠳᠦᠯᠭᠡ ᠶᠢᠨ ᠵᠦᠢ ᠵᠤᠭᠢᠰᠳᠤ ᠴᠢᠨᠠᠷ᠂ ᠰᠡᠷᠭᠡᠢ᠌ᠯᠡᠭᠦ ᠲᠦᠪᠰᠢᠨ ᠢ ᠬᠠᠮᠤᠭ ᠡᠴᠡ ᠰᠢᠯᠢᠳᠡᠭ᠍ᠵᠢᠭᠦᠯᠭᠦ ᠪᠠ ᠬᠤᠪᠢ ᠭᠦᠮᠤᠨ ᠤ ᠰᠠᠴᠤᠷᠠᠭ ᠤᠨ ᠳᠤᠰᠤᠯᠳᠠ ᠶᠢ ᠭᠢᠵᠠᠭᠠᠷᠯᠠᠬᠤ ᠶᠠᠪᠣᠳᠠᠯ ᠪᠣᠯᠤᠨ᠎ᠠ᠃ ᠦᠨᠳᠦᠰᠦᠨ ᠠᠮᠤᠷ ᠲᠦᠪᠰᠢᠨ ᠤ ᠳᠤᠬᠠᠢ ᠳᠡᠯᠡᠭᠡᠢ ᠶᠢᠨ ᠪᠠᠷᠢᠮᠵᠢᠶ᠎ᠠ ᠳᠤ ᠣᠯᠠᠨ ᠨᠠᠢ᠌ᠳᠠ ᠶᠢᠨ ᠰᠠᠴᠤᠷᠠᠭ ᠤᠨ ᠳᠤᠰᠤᠯᠳᠠ ᠶᠢᠨ ᠬᠤᠪᠢ ᠭᠦᠮᠤᠨ ᠤ ᠭᠢᠵᠠᠭᠠᠷᠯᠠᠬᠤ ᠭᠡᠮᠵᠢᠭ᠍ᠳᠡᠯ ᠢ ᠵᠢᠯ ᠪᠦᠷᠢ 1mSv᠂ ᠠᠵᠢᠯ ᠮᠡᠷᠭᠡᠵᠢᠯ ᠤᠨ ᠰᠠᠴᠤᠷᠠᠭ ᠤᠨ ᠳᠤᠰᠤᠯᠳᠠ ᠶᠢᠨ ᠬᠤᠪᠢ ᠭᠦᠮᠤᠨ ᠤ ᠭᠢᠵᠠᠭᠠᠷᠯᠠᠬᠤ ᠭᠡᠮᠵᠢᠭ᠍ᠳᠡᠯ ᠢ ᠵᠢᠯ ᠪᠦᠷᠢ 20mSv ᠪᠠᠷ ᠳᠤᠭᠳᠠᠭᠠᠵᠠᠢ᠃

ᠵᠤᠬᠢᠶᠠᠭᠴᠢ ᠶᠢᠨ ᠬᠠᠶ‍ᠢᠭ ᠄ ᠣᠯᠠᠭᠠᠠᠴᠠᠪ ᠬᠤᠳᠠ ᠶᠢᠨ ᠳᠦᠷᠪᠡᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠨ ᠰᠤᠷᠭᠠᠯᠳᠠ ᠶᠢ ᠰᠤᠳᠤᠯᠬᠤ ᠳᠠᠰᠤᠭ


ᠵᠤᠬᠢᠶᠠᠭᠴᠢ᠄ ᠪᠠ᠊ · ᠷᠢᠨᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 6538
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ