☆ ᠡᠷᠳᠡᠨᠢᠪᠠᠭᠠᠨ᠎ᠠ
ᠨᠤᠳᠤᠭ ᠤᠨ ᠭᠦᠭᠡ ᠳᠡᠭ᠍ᠷᠢ
ᠨᠤᠳᠤᠭ ᠤᠨ ᠭᠦᠭᠡ ᠳᠡᠭ᠍ᠷᠢ
ᠮᠢᠨᠤ ᠬᠠᠢ᠌ᠷ᠎ᠠ ᠶᠢ ᠣᠩᠰᠢᠵᠤ ᠬᠠᠩᠬᠤ ᠥᠭᠡᠢ
ᠨᠤᠳᠤᠭ ᠤᠨ ᠨᠤᠭᠤᠭᠠᠨ ᠳᠠᠯ᠎ᠠ
ᠪᠢ ᠰᠠᠨᠠᠯ ᠢ ᠨᠢ ᠭᠡᠮᠵᠢᠵᠤ ᠳᠠᠭᠤᠰᠬᠤ ᠥᠭᠡᠢ
ᠮᠤᠩᠭ᠋ᠤᠯ ᠮᠤᠷᠢ ᠡᠷᠭᠢᠯᠳᠦᠵᠤ ᠪᠠᠷᠠᠬᠤ ᠥᠭᠡᠢ
ᠭᠦᠭᠡ ᠳᠡᠭ᠍ᠷᠢ ᠵᠥᠭ᠌ ᠢᠠᠴᠠᠭᠠᠨ᠎ᠠ
ᠮᠠᠩᠨᠤᠭ ᠳᠠᠯ᠎ᠠ ᠨᠤᠭᠤᠭᠠᠷᠠᠵᠤ ᠳᠠᠭᠤᠰᠬᠤ ᠥᠭᠡᠢ
ᠭᠦᠮᠤᠨ ᠤ ᠰᠡᠳᠭᠢᠯ ᠳᠤ ᠣᠶᠠᠩᠭ᠋ᠠᠷᠠᠨ᠎ᠠ
ᠨᠤᠳᠤᠭ ᠤᠨ ᠰᠠᠯᠭᠢᠨ ᠮᠢᠨᠢ
ᠦᠨᠦᠰᠴᠤ ᠬᠠᠩᠬᠤ ᠦᠭᠡᠶ ᠵᠢᠷᠦᠭᠡᠨ ᠳᠤ ᠠᠭᠤᠰᠤᠨ᠎ᠠ
ᠨᠤᠤᠷᠠᠭ ᠰᠢᠯᠦᠭ᠌ ᠮᠢᠨᠢ
ᠪᠢᠴᠢᠵᠤ ᠭᠦᠢᠴᠡᠭᠦ ᠦᠭᠡᠶ ᠨᠢᠳᠤᠨ ᠳᠤ ᠮᠢᠨᠢ ᠰᠢᠩᠭᠡᠨ᠎ᠡ
ᠬᠤᠯᠠ ᠶᠠᠪᠣᠬᠤ ᠳ᠋ᠤ
ᠰᠠᠷᠠᠨ ᠨᠢ ᠳᠤᠩᠭ᠋ᠠᠯᠠᠭ ᠵᠡᠭᠦᠳᠤᠨ ᠤ ᠭᠡᠷᠡᠯ
ᠬᠤᠨᠤᠭ ᠤᠨ ᠣᠳᠠᠭᠠᠨ ᠳ᠋ᠤ
ᠨᠠᠷᠠᠭᠤᠯ ᠳᠠᠯ᠎ᠠ ᠰᠡᠳᠭᠢᠯ ᠤᠨ ᠪᠠᠯᠴᠢᠭᠡᠷ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3317
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ