☆ ᠤᠶᠤᠨᠭᠡᠷᠡᠯ
ᠳᠠᠭᠠᠪᠣᠷᠢ
1᠂ ᠳᠠᠭᠢᠶ᠎ᠠ ᠳᠠᠤᠯᠠᠢ ᠳᠦᠴᠢ ᠶᠢᠰᠤ
ᠳᠡᠭᠦᠨ ᠤ ᠭᠦᠯ ᠮᠤᠬᠤᠷ ᠵᠠᠭᠤ
ᠪᠦᠭᠦᠳᠡ ᠭᠡᠳᠤᠨ ᠳᠠᠤᠯᠠᠢ
ᠭᠡᠳᠤᠨ ᠳᠠᠭᠢᠶ᠎ᠠ ᠪᠠᠢ᠌ᠬᠤ ᠪᠣᠢ ︖
2᠂ ᠨᠢᠭᠡ ᠵᠠᠭᠤᠨ ᠯᠠᠮᠠ
ᠨᠢᠭᠡ ᠵᠠᠭᠤᠨ ᠪᠣᠭᠤᠷᠰᠤᠭ᠃
ᠭᠡᠯᠦᠩ ᠠᠷᠪᠠᠨ ᠪᠣᠭᠤᠷᠰᠤᠭ ᠢᠳᠠᠨ᠎ᠠ
ᠭᠡᠰᠦᠯ ᠳᠠᠪᠤᠨ ᠪᠣᠭᠤᠷᠰᠤᠭ ᠢᠳᠠᠨ᠎ᠠ
ᠪᠠᠠᠳᠢ ᠳᠠᠯ᠎ᠠ ᠪᠣᠭᠤᠷᠰᠤᠭ ᠢᠳᠠᠨ᠎ᠠ᠃
ᠪᠦᠭᠦᠳᠡ ᠭᠡᠳᠤᠨ ᠭᠡᠯᠦᠩ᠂ ᠭᠡᠳᠤᠨ ᠭᠡᠰᠦᠯ᠂
ᠭᠡᠳᠤᠨ ᠪᠠᠠᠳᠢ ᠪᠠᠢ᠌ᠬᠤ ᠪᠣᠢ ︖
3᠂ ᠪᠣᠷᠬᠠᠨ ᠤ ᠳᠤᠯᠢ ᠨᠢᠭᠡ ᠰᠠᠠᠵᠢ ᠲᠡᠶ
ᠳᠠᠷᠢᠶᠠᠨ ᠳᠤᠯᠢ ᠳᠦᠷᠪᠠᠨ ᠰᠠᠠᠵᠢ ᠲᠡᠶ
ᠭᠦᠡᠵᠢ ᠬᠤᠶᠠᠷ ᠰᠠᠠᠵᠢ ᠲᠡᠶ
ᠪᠦᠭᠦᠳᠡ ᠳᠦᠴᠢ ᠶᠢᠰᠤᠨ ᠰᠠᠪᠠ᠂
ᠪᠦᠭᠦᠯᠢ ᠵᠠᠭᠤᠨ ᠰᠠᠠᠵᠢ
ᠭᠡᠳᠤᠨ ᠪᠣᠷᠬᠠᠨ ᠤ ᠳᠤᠯᠢ
ᠭᠡᠳᠤᠨ ᠳᠠᠷᠢᠶᠠᠨ ᠳᠤᠯᠢ
ᠭᠡᠳᠤᠨ ᠭᠦᠡᠵᠢ ᠪᠠᠢ᠌ᠬᠤ ᠪᠣᠢ ︖
4᠂ ᠭᠤᠤᠯ ᠤᠨ ᠴᠠᠭᠠᠳᠠᠢ ᠬᠤᠨᠢ ᠠᠳᠤᠭᠤᠯᠤᠭᠰᠠᠨ ᠨᠢᠭᠡ ᠭᠦᠮᠤᠨ ᠪᠣᠢ᠃ ᠭᠤᠤᠯ ᠤᠨ ᠨᠠᠭᠠᠳᠠᠢ ᠬᠤᠨᠢ ᠠᠳᠤᠭᠤᠯᠤᠭᠰᠠᠨ ᠪᠠᠰᠠ ᠨᠢᠭᠡ ᠭᠦᠮᠤᠨ ᠪᠣᠢ᠃ ᠭᠤᠤᠯ ᠤᠨ ᠨᠠᠭᠠᠨᠠᠭᠢ ᠭᠦᠮᠤᠨ ᠨᠢ ᠭᠤᠤᠯ ᠤᠨ ᠴᠠᠭᠠᠨᠠᠭᠢ ᠭᠦᠮᠤᠨ ᠳᠤ ᠪᠠᠨ ᠄ 《ᠴᠢ ᠨᠠᠳᠠ ᠳᠤ ᠬᠤᠨᠢᠨ ᠡᠴᠡ ᠪᠠᠨ ᠨᠢᠭᠡ ᠶᠢ ᠥᠭ᠍ᠪᠠᠯ ᠮᠢᠨᠤ ᠬᠤᠨᠢ ᠴᠢᠨᠤ ᠬᠤᠨᠢᠨ ᠡᠴᠡ ᠢᠯᠡᠭᠦᠤ ᠨᠢᠭᠡ ᠬᠤᠪᠢ ᠪᠣᠯᠬᠤ ᠶᠤᠮ ᠪᠠᠢ᠌ᠨ᠎ᠠ》 ᠭᠡᠵᠡᠢ᠃
ᠭᠤᠤᠯ ᠤᠨ ᠴᠠᠭᠠᠨᠠᠭᠢ ᠭᠦᠮᠤᠨ ᠨᠢ ᠄ 《ᠴᠢ ᠨᠠᠳᠠ ᠳᠤ ᠬᠤᠨᠢᠨ ᠡᠴᠡ ᠪᠠᠨ ᠨᠢᠭᠡ ᠶᠢ ᠥᠭ᠍ᠪᠠᠯ ᠪᠢᠳᠠ ᠬᠤᠶᠠᠷ ᠤᠨ ᠬᠤᠨᠢ ᠠᠳᠠᠯᠢ ᠪᠣᠯᠤᠨ᠎ᠠ》 ᠭᠡᠵᠡᠢ᠃ ᠡᠨᠡ ᠬᠤᠶᠠᠷ ᠪᠦᠯᠦᠭ᠌ ᠬᠤᠨᠢ ᠳᠤᠰ ᠳᠤᠰ ᠭᠡᠴᠢᠨᠡᠨ ᠪᠠᠢ᠌ᠭ᠎ᠠ ᠶᠢ ᠳᠠᠭ᠎ᠠ ︕
5᠂ ᠪᠠᠭᠠᠳᠤᠷ᠂ ᠭᠡᠷᠡᠯᠳᠤ ᠬᠤᠶᠠᠷ ᠬᠠᠩᠭ᠋ᠠᠯᠭ᠎ᠠ ᠶᠢᠨ ᠬᠤᠷᠰᠢᠶᠠᠨ ᠡᠴᠡ ᠠᠷᠪᠠᠨ ᠵᠢᠩ ᠤᠨ ᠯᠤᠩᠬᠤᠨ ᠳᠤ ᠠᠷᠪᠠᠨ ᠵᠢᠩ ᠠᠷᠢᠭᠢ ᠬᠤᠳᠠᠯᠳᠤᠨ ᠠᠪᠣᠪᠠ᠃ ᠳᠡᠭᠡᠭᠡᠳ ᠭᠡᠷ ᠲᠤ ᠪᠠᠨ ᠬᠠᠷᠢᠭᠰᠠᠨ ᠤ ᠰᠡᠭᠦᠯᠡᠷ᠂ ᠳᠤᠯᠤᠭᠠᠨ ᠵᠢᠩ ᠤᠨ ᠯᠤᠩᠬᠤ ᠪᠠ ᠭᠤᠷᠪᠠᠨ ᠵᠢᠩ ᠤᠨ ᠯᠤᠩᠬᠤ ᠣᠯᠵᠤ ᠠᠷᠪᠠᠨ ᠵᠢᠩ ᠠᠷᠢᠭᠢ ᠶᠢ ᠳᠠᠪᠣ ᠳᠠᠪᠤᠨ ᠵᠢᠩ ᠶᠢᠡᠷ ᠬᠤᠪᠢᠶᠠᠵᠠᠢ᠃ ᠳᠠᠷᠠ ᠬᠤᠶᠠᠷ ᠴᠤᠬᠤᠮ ᠶᠠᠭᠠᠭᠢᠵᠤ ᠬᠤᠪᠢᠶᠠᠭᠰᠠᠨ ᠢ ᠳᠠᠭ᠎ᠠ ︕
6᠂ ᠳᠦᠷᠪᠠᠨ ᠬᠡᠦᠬᠡᠳ ᠠᠯᠢᠮ᠎ᠠ ᠳᠡᠭᠦᠵᠤ ᠭᠡᠨ᠎ᠡ᠃ ᠲᠦᠪᠰᠢᠨ ᠭᠦᠤ ᠳᠦᠴᠢᠨ ᠳᠦᠷᠪᠠ ᠳᠡᠭᠦᠭᠦ ᠳᠤ ᠲᠦᠰᠢ ᠭᠦᠤ ᠳᠦᠷᠪᠠᠨ ᠠᠷᠪᠠ ᠳᠡᠭᠦᠪᠡ᠃ ᠲᠦᠮᠡᠨ ᠭᠦᠤ ᠠᠷᠪᠠᠨ ᠳᠦᠷᠪᠠ ᠳᠡᠭᠦᠭᠦ ᠳᠤ ᠳᠦᠷᠭᠡᠨ ᠭᠦᠤ ᠳᠦᠷᠪᠠᠨ ᠳᠦᠷᠪᠠ ᠳᠡᠭᠦᠪᠡ᠂ ᠳᠠᠳᠠᠨ ᠤ ᠭᠡᠨ ᠨᠢ ᠠᠷᠪᠢᠨ ᠳᠡᠭᠦᠭ᠍ᠰᠡᠨ ᠪᠣᠢ ︖
7᠂ ᠭᠤᠴᠢ ᠭᠤᠴᠢ ᠪᠠᠷ ᠭᠤᠴᠢ ᠳᠤᠭᠠᠯᠠᠬᠤ ᠶᠢ
ᠭᠤᠷᠪᠠ ᠭᠤᠷᠪᠠ ᠪᠠᠷ ᠭᠡᠳᠤ ᠳᠤᠭᠠᠯᠠᠬᠤ ᠪᠣᠢ ︖
ᠭᠤᠷᠪᠠ ᠭᠤᠷᠪᠠ ᠪᠠᠷ ᠭᠤᠴᠢ ᠳᠤᠭᠠᠯᠠᠬᠤ ᠶᠢ
ᠭᠤᠴᠢ ᠭᠤᠴᠢ ᠳᠤ ᠭᠡᠳᠤ ᠳᠤᠭᠠᠯᠠᠬᠤ ᠪᠣᠢ ︖
ᠬᠠᠷᠢᠭᠤᠯᠳᠠ ᠄
1. ᠨᠢᠭᠡ ᠳᠠᠤᠯᠠᠢ ᠳᠦᠴᠢᠨ ᠨᠢ᠋ᠮᠠᠨ ᠳᠠᠭᠢᠶ᠎ᠠ
2. ᠨᠢᠭᠡ ᠭᠡᠯᠦᠩ᠂ ᠶᠢᠰᠤᠨ ᠭᠡᠰᠦᠯ᠂ ᠶᠠᠷᠠᠨ ᠪᠠᠠᠳᠢ ᠪᠣᠢ᠃
3. ᠵᠢᠷᠭᠤᠭᠠᠨ ᠪᠣᠷᠬᠠᠨ ᠤ ᠳᠤᠯᠢ᠂ ᠳᠦᠷᠪᠠᠨ ᠳᠠᠷᠢᠶᠠᠨ ᠳᠤᠯᠢ᠂ ᠭᠤᠴᠢ ᠶᠢᠰᠤᠨ ᠭᠦᠡᠵᠢ ᠪᠣᠢ᠃
4. ᠨᠢᠭᠡ ᠨᠢ ᠳᠤᠯᠤᠭᠠᠨ ᠬᠤᠨᠢ ᠲᠡᠶ᠂ ᠨᠢᠭᠡ ᠨᠢ ᠳᠠᠪᠤᠨ ᠬᠤᠨᠢ ᠲᠡᠶ᠃
5. ᠣᠷᠢᠳ ᠶᠢᠡᠷ ᠠᠷᠪᠠᠨ ᠵᠢᠩ ᠤᠨ ᠯᠤᠩᠬᠤ ᠲᠡᠶ ᠠᠷᠢᠭᠢ ᠶᠢ ᠳᠤᠯᠤᠭᠠᠨ ᠵᠢᠩ ᠤᠨ ᠯᠤᠩᠬᠤ ᠪᠠ ᠭᠤᠷᠪᠠᠨ ᠵᠢᠩ ᠤᠨ ᠯᠤᠩᠬᠤᠨ ᠳᠤ ᠳᠦᠭᠦᠷᠭᠡᠨ᠎ᠡ᠃ ᠳᠡᠭᠡᠭᠡᠳ ᠭᠤᠷᠪᠠᠨ ᠵᠢᠩ ᠤᠨ ᠯᠤᠩᠬᠤ ᠲᠡᠶ ᠠᠷᠢᠭᠢ ᠶᠢ ᠳᠠᠭᠢᠨ ᠠᠷᠪᠠᠨ ᠵᠢᠩ ᠤᠨ ᠯᠤᠩᠬᠤᠨ ᠳᠤ ᠭᠢᠨ᠎ᠠ᠃ ᠳᠠᠭᠢᠨ ᠭᠤᠷᠪᠠᠨ ᠵᠢᠩ ᠤᠨ ᠯᠤᠩᠬᠤ ᠪᠠᠷ ᠳᠤᠯᠤᠭᠠᠨ ᠵᠢᠩ ᠤᠨ ᠯᠤᠩᠬᠤᠨ ᠡᠴᠡ ᠬᠤᠶᠠᠷ ᠣᠳᠠᠭ᠎ᠠ ᠠᠪᠴᠤ᠂ ᠠᠷᠪᠠᠨ ᠵᠢᠩ ᠤᠨ ᠯᠤᠩᠬᠤᠨ ᠳᠤ ᠭᠢᠨ᠎ᠠ᠃ ᠳᠡᠭᠡᠪᠠᠯ ᠳᠤᠯᠤᠭᠠᠨ ᠵᠢᠩ ᠤᠨ ᠯᠤᠩᠬᠤᠨ ᠳᠤ ᠨᠢᠭᠡ ᠵᠢᠩ ᠠᠷᠢᠭᠢ ᠦᠯᠠᠳᠠᠵᠤ᠂ ᠠᠷᠪᠠᠨ ᠵᠢᠩ ᠤᠨ ᠯᠤᠩᠬᠤᠨ ᠳᠤ ᠶᠢᠰᠤᠨ ᠵᠢᠩ ᠠᠷᠢᠭᠢ ᠪᠣᠯᠤᠨ᠎ᠠ᠃ ᠳᠡᠭᠡᠭᠡᠳ ᠳᠤᠯᠤᠭᠠᠨ ᠵᠢᠩ ᠤᠨ ᠯᠤᠩᠬᠤᠨ ᠤ ᠨᠢᠭᠡ ᠵᠢᠩ ᠠᠷᠢᠭᠢ ᠶᠢ ᠭᠤᠷᠪᠠᠨ ᠵᠢᠩ ᠤᠨ ᠯᠤᠩᠬᠤᠨ ᠳᠤ ᠭᠢᠨ᠎ᠠ᠃ ᠳᠠᠭᠢᠨ ᠠᠷᠪᠠᠨ ᠵᠢᠩ ᠤᠨ ᠯᠤᠩᠬᠤᠨ ᠤ ᠠᠷᠢᠭᠢ ᠶᠢ ᠳᠤᠯᠤᠭᠠᠨ ᠵᠢᠩ ᠤᠨ ᠰᠠᠪᠠᠨ ᠳᠤ ᠳᠦᠭᠦᠷᠭᠡᠨ᠎ᠡ᠃ ᠳᠠᠭᠢᠭᠠᠤᠨ ᠳᠤᠯᠤᠭᠠᠨ ᠵᠢᠩ ᠤᠨ ᠯᠤᠩᠬᠤᠨ ᠤ ᠠᠷᠢᠭᠢ ᠶᠢ ᠭᠤᠷᠪᠠᠨ ᠵᠢᠩ ᠤᠨ ᠯᠤᠩᠬᠤᠨ ᠤ ᠨᠢᠭᠡ ᠵᠢᠩ ᠠᠷᠢᠭᠢ ᠳᠡᠭᠡᠷ᠎ᠡ ᠭᠢᠵᠤ ᠳᠦᠭᠦᠷᠭᠡᠨ᠎ᠡ᠃ ᠳᠡᠭᠡᠪᠠᠯ ᠳᠤᠯᠤᠭᠠᠨ ᠵᠢᠩ ᠤᠨ ᠰᠠᠪᠠᠨ ᠳᠤ ᠶᠠᠭ ᠳᠠᠪᠤᠨ ᠵᠢᠩ ᠠᠷᠢᠭᠢ ᠦᠯᠠᠳᠠᠨ᠎ᠠ᠃ ᠳᠡᠭᠡᠭᠡᠳ ᠭᠤᠷᠪᠠᠨ ᠵᠢᠩ ᠤᠨ ᠯᠤᠩᠬᠤᠨ ᠤ ᠠᠷᠢᠭᠢ ᠶᠢ ᠠᠷᠪᠠᠨ ᠵᠢᠩ ᠤᠨ ᠯᠤᠩᠬᠤᠨ ᠳᠤ ᠭᠢᠪᠠᠯ ᠶᠠᠭ ᠳᠠᠪᠣ ᠳᠠᠪᠤᠨ ᠵᠢᠩ ᠪᠣᠯᠴᠢᠬᠠᠨ᠎ᠠ᠃
6. ᠲᠦᠪᠰᠢᠨ ᠭᠦᠤ ᠠᠷᠪᠢᠨ ᠳᠡᠭᠦᠪᠡ᠃
7. ᠭᠤᠷᠪᠠ ᠭᠤᠷᠪᠠ ᠪᠠᠷ ᠭᠤᠷᠪᠠᠨ ᠵᠠᠭᠤ ᠳᠤᠭᠠᠯᠠᠨ᠎ᠠ᠃ ᠭᠤᠴᠢ ᠭᠤᠴᠢ ᠪᠠᠷ ᠭᠤᠷᠪᠠ ᠳᠤᠭᠠᠯᠠᠨ᠎ᠠ᠃
ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3287
ᠴᠠᠭ᠄ 2010 ᠤᠨ ᠤ 04 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ