ᠨᠡᠪᠲᠡᠷᠡᠨ ᠤᠷᠤᠬᠤ
ᠰᠠᠢ᠌ᠨ ᠪᠠᠭᠰᠢ ᠳᠤᠰᠠᠳᠤ ᠠᠬ᠎ᠠ ᠊᠊᠊᠊᠊᠊᠊᠊᠊᠊᠊᠊᠊᠊᠊ ᠭᠠᠯᠳᠠᠨ

ᠨᠠᠳᠠᠳᠤ ᠪᠠᠰᠠ ᠨᠢᠭᠡᠨ ᠡᠭᠡ ᠶᠢᠨ ᠭᠡᠪᠠᠯᠢ ᠡᠴᠠ ᠵᠤᠯᠠᠢ ᠶᠢ ᠮᠢᠨᠢ ᠢᠰᠭᠦᠯᠵᠤ ᠬᠤᠷᠸ᠎ᠠ ᠶᠠᠷᠳᠢᠠᠴᠤ ᠳᠤ ᠣᠭᠢᠯᠠᠨ ᠪᠠᠭᠤᠭᠰᠠᠨ ᠠᠬ᠎ᠠ ᠪᠠᠢ᠌ᠳᠠᠭ ᠰᠠᠨ᠃ ᠨᠠᠳᠠ ᠡᠴᠠ ᠭᠤᠷᠪᠠᠨ ᠨᠠᠰᠤ ᠠᠬ᠎ᠠ᠂ ᠭᠠᠯᠳᠠᠨ ᠭᠡᠳᠡᠭ᠌ ᠨᠠᠷ᠎ᠠ ᠲᠡᠶ᠃ ᠪᠢ ᠠᠩᠬ᠎ᠠ ᠭᠡᠯᠡ ᠳᠤ ᠣᠷᠤᠬᠤ ᠳᠠᠭᠠᠨ ᠭᠠᠯᠳᠠᠨ ᠠᠬ᠎ᠠ ᠭᠡᠵᠤ ᠳᠠᠭᠤᠳᠠᠵᠤ ᠴᠢᠳᠠᠭᠰᠠᠨ ᠦᠭᠡᠶ 《ᠭᠠᠭ᠎ᠠ》 ᠭᠡᠵᠤ ᠠᠬᠠᠯᠠᠭᠰᠠᠨ ᠡᠴᠠ ᠮᠢᠨᠤ ᠳᠤᠤᠷᠠᠭᠢ ᠭᠤᠷᠪᠠᠨ ᠦᠬᠢᠨ ᠳᠡᠭᠦᠤ ᠨᠠᠮᠢ᠋ᠢ ᠳᠠᠭᠤᠷᠢᠶᠠᠨ ᠪᠦᠷ 《ᠭᠠᠭ᠎ᠠ》 ᠭᠡᠵᠤ ᠳᠠᠭᠤᠳᠠᠬᠤ ᠪᠣᠯᠵᠠᠢ᠃

ᠪᠢ ᠪᠠᠭ᠎ᠠ ᠡᠴᠠ ᠪᠠᠨ ᠭᠠᠭ᠎ᠠ ᠪᠠᠨ ᠳᠠᠭᠠᠵᠤ ᠨᠠᠭᠠᠳᠤᠳᠠᠭ᠃ ᠭᠠᠭ᠎ᠠ ᠮᠢᠨᠢ ᠴᠤᠪᠣᠭᠤ ᠰᠡᠷᠭᠦᠯᠡᠩ᠂ ᠬᠤᠷᠴᠠ ᠱᠠᠯᠠᠮᠠᠭᠠᠢ ᠶᠠᠮᠠᠷ ᠴᠤ ᠭᠦᠴᠢᠷ ᠢ ᠢᠯᠠᠨ ᠳᠠᠪᠬᠤ ᠵᠤᠷᠢᠭ ᠲᠡᠶ ᠮᠦᠷᠳᠡᠭᠡᠨ ᠳᠠᠪᠠᠵᠤ ᠴᠢᠳᠠᠳᠠᠭ ᠪᠣᠯᠬᠤᠷ ᠨᠠᠳᠠ ᠳᠤ ᠬᠠᠮᠤᠭ ᠤᠨ ᠰᠠᠢ᠌ᠨ ᠬᠠᠮᠠᠭᠠᠯᠠᠭᠴᠢ᠂ ᠳᠠᠭᠠᠭᠤᠯᠤᠭᠴᠢ ᠪᠠᠢ᠌ᠯ᠎ᠠ᠃ ᠮᠦᠨᠴᠤ ᠬᠠᠮᠤᠭ ᠤᠨ ᠠᠩᠬᠠᠨ ᠤ ᠰᠡᠭᠡᠭᠡᠷᠡᠭᠦᠯᠦᠭ᠍ᠴᠢ ᠪᠠᠭᠰᠢ ᠮᠢᠨᠢ ᠪᠣᠯᠤᠭᠰᠠᠨ ᠶᠤᠮ᠃

ᠮᠢᠨᠤ ᠪᠦᠦᠷ ᠳᠦᠤᠷ ᠴᠡᠭᠡᠵᠢᠯᠡᠵᠤ ᠪᠠᠢ᠌ᠬᠤ ᠪᠠᠷ᠂ ᠳᠠᠷᠠ ᠨᠠᠮᠢ᠋ᠢ ᠳᠠᠭᠠᠭᠤᠯᠤᠨ ᠨᠠᠭᠠᠳᠬᠤ ᠳᠠᠭᠠᠨ ᠮᠠᠰᠢ ᠣᠯᠠᠨ ᠰᠤᠨᠢᠨ ᠬᠠᠴᠢᠨ ᠶᠠᠭᠤᠮ᠎ᠠ ᠶᠢ ᠡᠭᠦᠳᠤᠨ ᠪᠦᠳᠦᠭᠡᠵᠤ᠂ ᠮᠢᠨᠤ ᠪᠠᠬᠠᠳᠤᠯ ᠰᠤᠨᠢᠷᠬᠠᠯ ᠢ ᠳᠠᠳᠠᠵᠤ ᠪᠠᠢ᠌ᠭᠰᠠᠨ ᠰᠠᠨ᠃ ᠵᠠᠷᠢᠮ ᠳᠠᠭᠠᠨ ᠪᠠᠰᠠ ᠪᠣᠯᠬᠤ ᠪᠣᠯᠬᠤ ᠦᠭᠡᠶ ᠵᠣᠢ᠌ᠯ ᠢ ᠰᠠᠳᠤᠵᠤ᠂ ᠠᠪᠣ ᠡᠵᠢ ᠳᠡᠭᠡᠨ ᠵᠢᠮᠡᠯᠡᠭᠦᠯᠤᠨ ᠵᠤᠳᠤᠭᠤᠯᠳᠠᠭ ᠴᠤ ᠪᠠᠢ᠌ᠪᠠ᠃

ᠳᠠᠷᠠ ᠪᠠᠯᠴᠢᠷ ᠪᠠᠭ᠎ᠠ ᠳᠠᠭᠠᠨ ᠬᠤᠩᠬᠤᠷᠤᠰ (ᠨᠢᠭᠡᠨ ᠵᠣᠢ᠌ᠯ ᠤᠨ ᠣᠷᠭᠤᠮᠠᠯ᠂ ᠳᠤᠳᠤᠷᠠᠭᠢ ᠭᠤᠤᠯ ᠨᠢ ᠭᠦᠡᠳᠡᠢ᠂ ᠬᠤᠯᠤᠰᠤ ᠰᠢᠭ) ᠊ᠢ ᠨᠢᠭᠡ ᠬᠤᠤᠰ᠂ ᠣᠷᠳᠤ ᠶᠢᠨ ᠭᠡᠮᠵᠢᠶ᠎ᠡ ᠨᠢ ᠪᠠᠷᠤᠭ ᠬᠠᠭᠠᠰ ᠳᠤᠬᠤᠢ ᠭᠢᠷᠢ ᠳᠡᠭ᠍ᠰᠢ ᠭᠢᠷᠦᠭᠡᠳᠡᠨ᠂ ᠨᠢᠭᠡ ᠠᠮᠠᠰᠠᠷ ᠢ ᠨᠢ ᠴᠠᠪᠠᠤ ᠲᠡᠶ ᠪᠦᠰ ᠶᠢᠡᠷ ᠪᠦᠷᠢᠵᠤ᠂ ᠪᠦᠷᠢᠶᠡᠰᠤ ᠲᠡᠶ ᠳᠠᠯ᠎ᠠ ᠳ᠋ᠤᠨᠢ ᠳᠡᠪᠭᠡ ᠳᠠᠭᠠᠷᠠᠭᠤᠯᠤᠨ᠂ ᠬᠤᠶᠠᠷ ᠳᠡᠪᠭᠡ ᠶᠢᠨ ᠬᠤᠭᠤᠷᠤᠠᠳᠤ ᠨᠢ ᠵᠤᠭᠢᠬᠤ ᠣᠷᠳᠤ ᠶᠢᠨ ᠭᠡᠮᠵᠢᠶ᠎ᠡ ᠲᠡᠶ ᠣᠳᠠᠰᠤ ᠪᠠᠷ ᠬᠤᠯᠪᠣᠵᠤ᠂ ᠪᠦᠷᠢᠶᠠᠰᠤ ᠦᠭᠡᠶ ᠠᠮᠠᠰᠠᠷ ᠳᠤᠨᠢ ᠥᠭᠡ ᠶᠡᠷᠢᠪᠠᠯ᠂ ᠪᠦᠷᠢᠶᠡᠰᠤ ᠶᠢ ᠳᠤᠷᠭᠢᠭᠤᠯᠤᠨ᠂ ᠳᠡᠪᠭᠡ ᠪᠣᠯᠤᠨ ᠣᠳᠠᠰᠤ ᠪᠠᠷ ᠳᠤᠷᠭᠢᠯᠳᠠ ᠳᠠᠮᠵᠢᠵᠤ᠂ ᠨᠥᠭᠦᠭᠡ ᠨᠢᠭᠡ ᠶᠢᠨ ᠪᠦᠷᠢᠭᠡᠰᠤ ᠶᠢ ᠳᠤᠷᠭᠢᠭᠤᠯᠤᠨ᠂ ᠳᠡᠷᠳᠡᠭᠡ ᠳᠠᠯ᠎ᠠ ᠶᠢᠨ ᠨᠥᠭᠦᠭᠡ ᠭᠦᠮᠤᠨ ᠣᠯᠵᠤ ᠰᠤᠨᠤᠰᠠᠬᠤ 《ᠳ᠋ᠢᠶᠠᠩᠬᠤᠧᠨ》 ᠰᠠᠳᠤᠨ ᠪᠦᠳᠦᠭᠡᠵᠤ ᠨᠠᠭᠠᠳᠤᠳᠠᠭ᠃ ᠪᠠᠰᠠ ᠳᠡᠭᠡᠷ᠎ᠡ ᠵᠠᠭᠤᠨ ᠳᠠᠪᠢᠭᠠᠤᠨ ᠣᠨ ᠳᠤ ᠪᠠᠢ᠌ᠭᠤᠯᠤᠭ᠎ᠠ ᠨᠢᠭᠡᠴᠡ ᠶᠢᠨ ᠭᠡᠷᠡᠭᠯᠡᠵᠤ ᠪᠠᠷᠠᠭᠠᠤᠨ ᠬᠠᠶᠠᠭᠰᠠᠨ ᠷᠠᠳᠢᠤ᠋ ᠶᠢᠨ ᠳᠤᠮᠤ ᠳ᠋ᠸᠶᠠᠨ ᡂᠢ ᠶᠢ ᠵᠠᠳᠠᠯᠠᠨ᠂ ᠳᠡᠭᠦᠨ ᠳᠤᠳᠤᠷᠠᠭᠢ ᠨᠢᠴᠦᠭᠦᠨ ᠭᠤᠤᠯ ᠤᠳ ᠢ ᠨᠢ ᠠᠪᠴᠢᠷᠠᠨ ᠣᠷᠤᠯᠳᠤᠭᠰᠠᠭᠠᠷ ᠪᠠᠢ᠌ᠵᠤ ᠭᠠᠷ ᠳ᠋ᠸᠩ ᠪᠣᠯᠭᠠᠨ ᠭᠡᠷᠡᠯᠳᠦᠭᠦᠯᠵᠤ᠂ ᠠᠪᠣ ᠡᠵᠢ ᠪᠣᠯᠤᠨ ᠠᠢ᠌ᠯ ᠰᠠᠭᠠᠬᠠᠯᠳᠠ ᠶᠢᠨ ᠮᠠᠭᠳᠠᠭᠠᠯ ᠢ ᠣᠯᠵᠤ ᠪᠠᠢ᠌ᠭᠰᠠᠨ ᠶᠤᠮ᠃

ᠣᠳᠤ ᠪᠣᠳᠤᠪᠠᠯ᠂ ᠦᠨᠦᠳᠤᠷ ᠳᠡᠭᠦᠨ ᠤ ᠷᠠᠳᠢᠤ᠋᠂ ᠳᠸᠯᠸᠢᠰ᠂ ᠡᠯᠸᠺᠲ᠋ᠷᠤᠨ ᠭᠦᠭ᠍ᠵᠢᠮ᠂ ᠺᠤᠮᠫᠢᠦ᠋ᠲ᠋ᠧᠷ ᠵᠡᠷᠭᠡ ᠶᠢ ᠣᠭᠰᠠᠷᠠᠨ ᠪᠦᠳᠦᠭᠡᠵᠤ᠂ ᠣᠯᠤᠰ ᠭᠦᠷᠤᠨ ᠳᠤ ᠨᠠᠷ᠎ᠠ ᠠᠯᠳᠠᠷᠰᠢᠭᠰᠠᠨ ᠨᠢ ᠥᠨᠡᠭᠡᠷ ᠬᠠᠷᠬᠠᠨ ᠪᠠᠭ᠎ᠠ ᠡᠴᠠ ᠪᠠᠨ ᠡᠨᠡ ᠳᠠᠯ᠎ᠠ ᠪᠠᠷ ᠣᠷ᠎ᠠ ᠠᠪᠢᠶᠠᠰ ᠳᠡᠭᠦᠯᠳᠡᠷ᠂ ᠰᠠᠴᠠᠨ ᠰᠡᠷᠭᠦᠯᠡᠩ᠂ ᠡᠭᠦᠳᠤᠨ ᠪᠦᠳᠦᠭᠡᠭᠦ ᠴᠢᠳᠠᠪᠣᠷᠢ ᠣᠯᠠᠨ ᠡᠴᠠ ᠣᠠᠴᠠᠭᠠᠢ ᠭᠦᠮᠤᠨ ᠪᠠᠢ᠌ᠵᠠᠢ ᠭᠡᠳᠡᠭ᠌ ᠢ ᠮᠠᠳᠠᠵᠤ ᠪᠣᠯᠤᠨ᠎ᠠ᠃

ᠳᠠᠷᠠ ᠪᠠᠷᠤᠭ ᠳᠠᠪᠤᠨ ᠨᠠᠰᠤ ᠡᠴᠠ ᠪᠠᠨ ᠡᠭᠢᠯᠡᠨ ᠠᠪᠣ ᠡᠴᠠ ᠪᠠᠨ ᠦᠰᠦᠭ᠌ ᠪᠢᠴᠢᠭ᠌᠂ ᠳᠤᠭ᠎ᠠ ᠪᠣᠳᠤᠯᠭ᠎ᠠ ᠰᠤᠷᠴᠤ᠂ ᠰᠤᠷᠭᠠᠭᠤᠯᠢ ᠶᠢᠨ ᠪᠣᠱᠤᠭ᠎ᠠ ᠶᠢ ᠠᠩᠬ᠎ᠠ ᠠᠯᠬᠤᠬᠤ ᠳᠠᠭᠠᠨ 《ᠭᠤᠷᠪᠠᠨ ᠣᠯᠤᠰ ᠤᠨ ᠦᠯᠢᠭᠡᠷ》᠂ 《ᠮᠤᠩᠭ᠋ᠤᠯ ᠤᠨ ᠨᠢᠭᠤᠴᠠ ᠳᠤᠪᠴᠢᠶᠠᠨ》 ᠵᠡᠷᠭᠡ ᠨᠤᠮ ᠪᠢᠴᠢᠭ᠌ ᠢ ᠣᠩᠰᠢᠵᠤ ᠴᠢᠳᠠᠬᠤ ᠮᠦᠷᠳᠡᠭᠡᠨ ᠦᠷᠡᠵᠢᠭᠦᠯᠭᠦ ᠭᠦᠷᠳᠤ ᠶᠢ ᠴᠤ ᠴᠡᠭᠡᠵᠢ ᠪᠠᠷ ᠣᠩᠰᠢᠵᠤ ᠴᠢᠳᠠᠳᠠᠭ ᠪᠣᠯᠬᠤᠷ᠂ ᠰᠢᠭᠤᠳ ᠭᠤᠷᠪᠠᠳᠤᠭᠠᠷ ᠣᠨ ᠡᠴᠡ ᠡᠭᠢᠯᠡᠨ ᠰᠤᠷᠤᠯᠴᠠᠵᠠᠢ᠃ ᠡᠢ᠌ᠮᠤ ᠪᠣᠯᠬᠤᠷ ᠬᠠᠮᠳᠤ ᠰᠤᠷᠤᠭᠴᠢᠳ ᠡᠴᠡ ᠪᠠᠨ ᠭᠡᠳᠤᠨ ᠨᠠᠰᠤ ᠳᠡᠭᠦᠤ᠂ ᠪᠠᠶ᠎ᠠ ᠨᠢ ᠪᠠᠭ᠎ᠠ ᠪᠣᠯᠪᠠᠴᠤ ᠰᠤᠷᠤᠯᠭ᠎ᠠ ᠨᠢ ᠣᠠᠴᠠ ᠰᠠᠢ᠌ᠨ ᠪᠠᠢ᠌ᠭᠰᠠᠨ ᠶᠤᠮ᠃ ᠡᠨᠡ ᠨᠢ ᠠᠭᠠᠵᠢᠮ ᠳᠠᠭᠠᠨ ᠳᠡᠭᠦᠨ ᠤ ᠠᠯᠢᠶᠠᠷᠠᠬᠠᠵᠤ ᠰᠠᠠᠳᠠᠭᠠᠬᠤ ᠶᠢᠨ 《ᠦᠪ ᠭᠦᠷᠦᠩᠭᠡ》 ᠪᠣᠯᠵᠤ᠂ ᠭᠡᠰᠡᠭ᠌ ᠬᠤᠭᠤᠴᠠᠭ᠎ᠠ ᠳᠤᠩ ᠵᠥᠭ᠌ ᠦᠭᠡᠶ ᠠᠯᠢᠶ᠎ᠠ ᠰᠠᠠᠳᠠᠭᠠᠮᠠᠯ ᠪᠣᠯᠵᠤ ᠬᠠᠮᠳᠤ ᠰᠤᠷᠤᠭᠴᠢ ᠶᠢᠨ ᠶᠢᠡᠨ ᠠᠪᠣ ᠡᠵᠢ ᠶᠢᠨ ᠨᠠᠷ᠎ᠠ ᠶᠢ ᠭᠠᠵᠠᠷ ᠪᠦᠭᠦᠨ ᠳᠤ ᠡᠷᠢᠶᠡᠴᠡᠭᠦ᠂ ᠡᠯᠳᠡᠪ ᠪᠣᠰᠤ ᠶᠢᠨ ᠰᠤᠨᠢᠨ ᠬᠠᠴᠢᠨ 《ᠬᠤᠤᠷ᠎ᠠ》 ᠣᠬᠠᠭᠠᠨ ᠭᠠᠷᠭᠠᠳᠠᠭ ᠡᠴᠠ ᠬᠠᠮᠳᠤ ᠰᠤᠷᠤᠭᠴᠢᠳ ᠨᠢ ᠳᠡᠭᠦᠨ ᠳᠤ《ᠠᠷᠭᠠᠳᠤ》 ᠭᠡᠵᠤ ᠬᠤᠴᠢ ᠨᠠᠷ᠎ᠠ ᠦᠭ‍ᠭᠦᠭ᠍ᠰᠡᠨ ᠭᠡᠨ᠎ᠡ᠃

ᠡᠨᠡ ᠳᠤᠬᠠᠢ ᠭᠡᠳᠤᠨ ᠦᠯᠢᠭᠡᠷ ᠡᠴᠠ ᠶᠠᠷᠢᠪᠠᠯ᠂ ᠨᠠᠮᠢ᠋ᠢ ᠠᠩᠬ᠎ᠠ ᠰᠤᠷᠭᠠᠭᠤᠯᠢ ᠳᠤ ᠨᠠᠷ᠎ᠠ ᠮᠡᠳᠡᠭᠦᠯᠵᠤ᠂ ᠠᠷᠠᠤᠨ ᠤᠨ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠩᠬ᠎ᠠ ᠠᠯᠬᠤᠨ ᠣᠷᠤᠬᠤ ᠦᠶ᠎ᠡ ᠳᠤ ᠡᠵᠢ ᠮᠢᠨᠢ ᠠᠬ᠎ᠠ ᠡᠭᠡᠴᠢ ᠨᠡᠷ ᠤᠨ ᠡᠮᠦᠰᠦᠭᠡᠳ ᠪᠠᠭ᠎ᠠ ᠪᠣᠯᠤᠭᠰᠠ ᠬᠤᠪᠴᠠᠰᠤ ᠶᠢ ᠨᠥᠭᠦᠵᠤ ᠬᠠᠯᠠᠵᠤ ᠵᠠᠰᠠᠭᠠᠤᠨ᠂ ᠴᠠᠪ ᠴᠠᠪᠠᠷ ᠪᠣᠯᠳᠠᠯ᠎ᠠ ᠣᠭᠢᠶᠠᠵᠤ ᠴᠠᠪᠠᠷᠯᠠᠨ ᠨᠠᠳᠠ ᠶᠢ 《ᠰᠢᠨ᠎ᠠ》 ᠪᠠᠷ ᠬᠤᠪᠴᠠᠰᠤᠯᠠᠨ᠂ ᠠᠪᠣ ᠶᠢᠨ ᠮᠢᠨᠢ ᠠᠪᠴᠤ ᠦᠭ‍ᠭᠦᠭ᠍ᠰᠡᠨ ᠮᠠᠯᠠᠭᠠᠢ (ᠳᠤᠬᠠᠢ ᠶᠢᠨ ᠦᠶ᠎ᠡ ᠶᠢᠨ ᠴᠤᠷ ᠤᠨ ᠭᠠᠭᠴᠠ ᠰᠢᠨ᠎ᠠ ᠬᠤᠪᠴᠠᠰᠤ) ᠶ᠋ᠢ ᠵᠡᠭᠦᠯᠭᠡᠨ᠂ ᠭᠠᠭ᠎ᠠ ᠶᠢ ᠳᠠᠭᠠᠭᠤᠯᠵᠤ ᠰᠤᠷᠭᠠᠭᠤᠯᠢ ᠳᠤ ᠮᠤᠷᠳᠠᠭᠤᠯᠪᠠ᠃ ᠪᠢ ᠴᠤ ᠶᠡᠭᠡ ᠪᠠᠶᠠᠷ ᠪᠣᠯᠵᠤ᠂ ᠭᠠᠭ᠎ᠠ ᠪᠠᠨ ᠳᠠᠭᠠᠵᠤ᠂ ᠳᠡᠭᠦᠨ ᠤ ᠵᠠᠮᠴᠢᠯᠠᠯ ᠶᠢᠡᠷ ᠨᠠᠷ᠎ᠠ ᠮᠡᠳᠡᠭᠦᠯᠭᠦ ᠭᠠᠷᠳᠠᠮ ᠭᠦᠢᠴᠡᠳᠭᠡᠯ ᠶᠢᠡᠨ ᠰᠠᠢ᠌ᠳᠤᠷ ᠭᠦᠢᠴᠡᠳᠭᠡᠪᠡ᠃ ᠦᠳᠡ ᠪᠣᠯᠵᠤ ᠭᠡᠷ ᠳᠡᠭᠡᠨ ᠬᠠᠷᠢᠬᠤ ᠪᠠᠷ ᠪᠠᠢ᠌ᠳᠠᠯ᠎ᠠ ᠭᠡᠨᠡᠳᠲᠡ ᠨᠢᠭᠡᠨ ᠭᠦᠭ᠍ᠰᠢᠨ ᠶᠡᠭᠡ ᠯᠠ ᠠᠭᠤᠷ ᠲᠡᠶ ᠪᠠᠷ᠂ ᠭᠠᠭ᠎ᠠ ᠥᠭᠡᠳᠡ ᠬᠠᠷᠠᠵᠤ ᠄ 《ᠭᠦᠢ ︕ ᠪᠠᠭ᠎ᠠ ᠳᠠᠮᠪᠠᠷᠠᠯ (ᠮᠢᠨᠤ ᠠᠪᠣ ᠶᠢᠨ ᠨᠠᠷ᠎ᠠ) ᠡ ︕ ᠨᠠᠭᠠᠰᠢ ᠢᠷ᠎ᠠ᠃ ᠮᠢᠨᠤ ᠨᠠᠷ᠎ᠠ ᠭᠡᠨ ᠪᠣᠢ ︖ ᠰᠤᠨᠤᠰᠬᠤ ᠳᠤ ᠴᠢ ᠪᠣᠰᠤᠳ ᠤᠨ ᠠᠪᠣ ᠡᠵᠢ ᠶᠢᠨ ᠨᠠᠷ᠎ᠠ ᠶᠢ ᠰᠠᠢ᠌ᠨ ᠮᠠᠳᠠᠨ᠎ᠠ ᠭᠡᠨ᠎ᠡ ︖》 ᠭᠡᠵᠤ ᠵᠠᠩᠨᠠᠬᠤ ᠳᠤ᠂ ᠭᠠᠭ᠎ᠠ ᠮᠢᠨᠢ ᠣᠭᠳᠤ ᠴᠤ ᠰᠠᠠᠳᠤᠷᠠᠭᠰᠠᠨ ᠦᠭᠡᠶ᠂ ᠬᠠᠷᠢᠨ ᠨᠠᠮᠢ᠋ᠢ ᠳᠠᠭᠠᠭᠤᠯᠤᠨ ᠭᠡᠷ ᠳᠡᠭᠡᠨ ᠬᠠᠷᠢᠵᠤ ᠢᠷᠠᠪᠠ᠃

ᠪᠠᠰᠠ ᠨᠢᠭᠡ ᠣᠳᠠᠭ᠎ᠠ᠂ ᠪᠦᠭᠦ ᠰᠤᠷᠭᠠᠭᠤᠯᠢ ᠪᠠᠷ ᠶᠢᠡᠨ 《6.1》 ᠊ᠤ ᠣᠷᠤᠢ ᠶᠢᠨ ᠥᠳᠡᠰᠢᠯᠡᠭᠡ ᠰᠤᠨᠢᠷᠬᠠᠵᠤ ᠪᠠᠢ᠌ᠬᠤ ᠳᠤ᠂ ᠣᠷᠢᠳᠤ ᠳᠠᠯ᠎ᠠ ᠳᠤ ᠰᠠᠭᠤᠵᠤ ᠪᠠᠢ᠌ᠭ᠎ᠠ ᠰᠢᠷᠠᠪᠣᠤ ᠭᠡᠳᠡᠭ᠌ ᠰᠤᠷᠤᠭᠴᠢ ᠶᠢᠨ ᠮᠠᠯᠠᠭᠠᠢ ᠶᠢᠨ ᠪᠦᠴᠡ ᠶᠢ ᠳᠡᠭᠦᠨ ᠤ ᠨᠠᠭᠠᠳᠤᠮ ᠦᠵᠡᠭᠦ ᠶᠢ ᠬᠠᠷᠰᠢᠯᠠᠪᠠ ᠭᠡᠵᠤ ᠳᠤᠩᠭ᠋ᠤᠷᠠᠭ ᠶᠢᠡᠨ ᠭᠠᠷᠭᠠᠨ ᠳᠠᠰᠤ ᠣᠭᠳᠤᠯᠠᠭᠰᠠᠨ ᠡᠴᠠ ᠰᠤᠷᠭᠠᠭᠤᠯᠢ ᠶᠢᠨ ᠵᠠᠭᠢᠷᠤᠯ ᠳᠤ ᠶᠡᠭᠡᠪᠠᠷ ᠰᠢᠭᠦᠮᠵᠢᠯᠡᠭ᠍ᠳᠡᠪᠡ᠃

ᠪᠠᠰᠠ ᠦᠯᠢᠭᠡᠷᠴᠢᠯᠡᠪᠠᠯ᠂ ᠨᠠᠮᠢ᠋ᠢ ᠪᠠᠭ᠎ᠠ ᠰᠤᠷᠭᠠᠭᠤᠯᠢ ᠳᠤ ᠣᠷᠤᠭᠰᠠᠨ ᠳᠠᠷᠠ ᠵᠢᠯ ᠤᠨ ᠡᠪᠦᠯ᠂ ᠪᠢ ᠭᠠᠭ᠎ᠠ ᠲᠡᠶ ᠪᠠᠨ ᠬᠠᠮᠳᠤ ᠪᠠᠢ᠌ᠷᠢ ᠳᠤ ᠰᠠᠭᠤᠬᠤ ᠪᠣᠯᠪᠠ᠃ ᠳᠤᠬᠠᠢ ᠦᠶ᠎ᠡ ᠳᠤ ᠪᠢ ᠨᠠᠰᠤ ᠪᠠᠭ᠎ᠠ (ᠶ‍ᠢᠰᠤᠨ ᠨᠠᠰᠤᠳᠠᠢ ᠪᠠᠢ᠌ᠪᠠ) ᠳᠡᠷᠢᠭᠦᠨ ᠣᠳᠠᠭ᠎ᠠ ᠠᠪᠣ ᠡᠵᠢ ᠶᠢᠨ ᠶᠢᠡᠨ ᠭᠠᠷ ᠡᠴᠠ ᠰᠠᠯᠵᠤ ᠪᠠᠢ᠌ᠬᠤ ᠪᠣᠯᠬᠤᠷ᠂ ᠠᠯᠢᠪᠠ ᠪᠦᠭᠦᠨ ᠳᠡᠭᠡᠨ ᠪᠦᠷ ᠭᠠᠭ᠎ᠠ ᠪᠠᠨ ᠬᠠᠷᠠᠬᠤ ᠪᠣᠯᠪᠠ᠃ ᠭᠠᠭ᠎ᠠ ᠮᠢᠨᠢ ᠨᠠᠮᠢ᠋ᠢ ᠲᠤᠢ᠌ᠯ ᠤᠨ ᠶᠡᠭᠡ ᠪᠠᠷ ᠬᠠᠢ᠌ᠷᠠᠯᠠᠵᠤ᠂ ᠡᠳᠦᠷ ᠪᠦᠷᠢ ᠮᠢᠨᠤ ᠣᠷᠤ ᠳᠡᠪᠢᠰᠭᠡᠷ ᠢ ᠵᠤᠭᠢᠴᠠᠭᠤᠯᠤᠨ ᠣᠠᠳᠠᠵᠤ ᠭᠡᠪᠳᠡᠭᠦ ᠶᠢ ᠳᠠᠭᠠᠷᠠᠭᠤᠯᠬᠤ ᠡᠴᠠ ᠠᠪᠣᠭᠠᠤᠨ ᠭᠤᠳᠤᠯ ᠱᠠᠬᠠᠢ ᠶᠢ ᠴᠤ ᠭᠦᠷᠳᠡᠯ᠎ᠡ ᠬᠠᠳᠠᠭᠠᠨ ᠥᠭ᠍ᠳᠡᠭ᠌ ᠪᠠᠢ᠌ᠯ᠎ᠠ᠃ ᠳᠠᠷᠠ ᠦᠶ᠎ᠡ ᠳᠤ ᠮᠠᠨ ᠤ ᠰᠠᠭᠤᠵᠤ ᠪᠠᠢ᠌ᠭᠰᠠᠨ ᠪᠠᠢ᠌ᠷᠢ ᠶᠢ 《ᠬᠠᠷ᠎ᠠ ᠪᠠᠢ᠌ᠷᠢ》 ᠭᠡᠵᠤ ᠨᠡᠷᠡᠯᠡᠳᠡᠭ᠌ ᠪᠠᠢ᠌ᠪᠠ᠃ ᠶᠠᠭᠠᠭᠢᠭᠠᠤᠨ ᠡᠢ᠌ᠮᠤ ᠨᠠᠷᠠᠢ᠌ᠳᠤᠯ ᠣᠯᠤᠭᠰᠠᠨ ᠢ ᠪᠢ ᠪᠠᠰᠠ ᠰᠠᠢ᠌ᠨ ᠮᠡᠳᠡᠭᠦ ᠦᠭᠡᠶ᠃ ᠪᠠᠷᠤᠭᠴᠠᠯᠠᠬᠤ ᠳᠤ ᠭᠤᠴᠢ ᠭᠠᠷᠤᠢ ᠡᠷᠡᠭ᠍ᠳᠡᠢ ᠰᠤᠷᠤᠭᠴᠢ ᠬᠠᠮᠳᠤ ᠰᠠᠭᠤᠵᠤ ᠵᠥᠭ᠌ ᠵᠥᠭ᠌ ᠲᠡᠭᠡᠨ ᠰᠠᠠᠳᠠᠭᠠᠨ ᠳᠦᠢᠪᠠᠭᠡᠭᠡᠭ᠍ᠰᠡᠷ ᠪᠠᠢ᠌ᠵᠤ ᠴᠤᠬᠣᠢ᠌ᠳᠠᠭᠰᠠᠨ ᠭᠡᠷᠡᠮ ᠬᠠᠨ᠎ᠠ ᠪᠠᠨ ᠶᠠᠭᠠᠭᠢᠬᠤ ᠶᠢᠨ ᠠᠷᠭ᠎ᠠ ᠦᠭᠡᠶ ᠬᠠᠷ᠎ᠠ ᠪᠣᠯᠭᠠᠭᠰᠠᠨ ᠡᠴᠠ ᠨᠠᠷᠠᠢ᠌ᠳᠤᠭᠰᠠᠨ ᠪᠠᠢ᠌ᠬᠤ ᠡ᠃ ᠮᠠᠨ ᠤ 《ᠬᠠᠷ᠎ᠠ ᠪᠠᠢ᠌ᠷᠢ》 ᠳ᠋ᠤ ᠪᠦᠭᠦ ᠰᠤᠷᠭᠠᠭᠤᠯᠢ ᠶᠢᠨ ᠡᠷᠡᠭ᠍ᠳᠡᠢ ᠰᠤᠷᠤᠭᠴᠢ ᠰᠠᠭᠤᠵᠤ ᠪᠠᠢ᠌ᠭ᠎ᠠ ᠪᠣᠯᠬᠤᠷ ᠨᠠᠰᠤᠨ ᠤ ᠳᠠᠯ᠎ᠠ ᠪᠠ ᠳᠡᠩᠭᠡᠭᠡ ᠳᠠᠮᠢᠷ ᠤᠨ ᠳᠠᠯ᠎ᠠ ᠪᠠᠷ ᠴᠤ ᠮᠠᠰᠢ ᠵᠦᠷᠢᠶ᠎ᠠ ᠲᠡᠶ᠂ ᠨᠠᠳᠠ ᠰᠢᠭ ᠨᠢ᠋ᠮᠠ ᠶ‍ᠢᠰᠤᠳᠠᠢ ᠳᠤᠤᠷ᠎ᠠ ᠣᠨ ᠤ ᠰᠤᠷᠤᠭᠴᠢ ᠪᠠᠢ᠌ᠬᠤ ᠪᠠᠷ ᠪᠠᠷᠠᠬᠤ ᠦᠭᠡᠶ ᠠᠷᠪᠠᠨ ᠳᠤᠯᠤᠭ᠎ᠠ ᠨᠢ᠋ᠮᠠᠳᠠᠢ ᠳᠤᠮᠤ ᠳᠤᠮᠤ ᠳᠡᠭᠡᠷ᠎ᠡ ᠣᠨ ᠤ ᠰᠤᠷᠤᠭᠴᠢ ᠴᠤ ᠪᠣᠢ᠃ ᠭᠡᠪᠡᠴᠤ ᠮᠠᠨ ᠤ ᠭᠠᠭ᠎ᠠ ᠣᠯᠠᠨ ᠰᠤᠷᠤᠭᠴᠢ ᠶᠢᠨ ᠦᠷᠢᠰᠦᠯᠳᠦᠭᠡᠨ ᠤ ᠳᠤᠮᠳᠠ ᠨᠠᠮᠢ᠋ᠢ ᠪᠢᠴᠢᠬᠠᠨ ᠴᠤ ᠬᠤᠭᠢᠷᠠᠯ ᠠᠮᠰᠠᠭᠤᠯᠤᠭᠰᠠᠨ ᠦᠭᠡᠶ᠃ ᠮᠢᠨᠤ ᠴᠡᠭᠡᠵᠢᠯᠡᠵᠤ ᠪᠠᠢ᠌ᠬᠤ ᠪᠠᠷ᠂ ᠨᠢᠭᠡ ᠣᠳᠠᠭ᠎ᠠ ᠳᠡᠭᠦᠨ ᠡᠴᠠ ᠬᠠᠭᠠᠰ ᠪᠠᠶ᠎ᠠ ᠦᠨᠳᠦᠷ ᠭᠦᠮᠤᠨ ᠲᠡᠶ ᠵᠤᠳᠤᠭᠠᠨ ᠭᠢᠭᠦ ᠳᠡᠭᠡᠨ᠂ ᠭᠡᠳᠥᠢᠪᠠᠷ ᠪᠠᠶ᠎ᠠ ᠪᠠᠭ᠎ᠠ ᠪᠣᠯᠪᠠᠴᠤ ᠠᠷᠭ᠎ᠠ ᠰᠠᠮᠪᠠᠭ᠎ᠠ ᠪᠠᠷ ᠶᠢᠡᠨ ᠦᠰᠤᠷᠴᠤ ᠪᠠᠢ᠌ᠭᠠᠤᠨ ᠰᠢᠭᠠᠭᠰᠠᠨ ᠡᠴᠠ ᠨᠥᠭᠦᠭᠡ ᠡᠳᠡᠭᠡᠳ ᠤᠨ ᠶᠢᠡᠨ ᠬᠠᠮᠠᠷ ᠢ ᠪᠣᠯᠭᠤ ᠴᠤᠭᠢᠵᠤ᠂ ᠶᠡᠭᠡ ᠭᠡᠷᠡᠭ᠌ ᠳᠠᠳᠠᠨ ᠪᠠᠭᠰᠢ ᠳᠠᠭᠠᠨ ᠪᠣᠷᠤᠭᠤᠰᠢᠶᠠᠭᠳᠠᠭᠰᠠᠨ ᠴᠤ᠂ ᠪᠦᠭᠦ ᠪᠠᠢ᠌ᠷᠢ ᠶᠢᠨ ᠭᠢᠨ ᠳᠡᠭᠦᠨ ᠡᠴᠠ ᠡᠮᠢᠶᠡᠭᠦ ᠪᠣᠯᠵᠤ᠂ ᠮᠠᠨ ᠤ ᠭᠡᠳᠤ ᠶᠢ ᠳᠡᠭᠡᠷᠡᠯᠭᠡᠵᠤ ᠳᠤᠷᠤᠮᠰᠢᠶᠠᠬᠤ ᠭᠦᠮᠤᠨ ᠦᠭᠡᠶ ᠪᠣᠯᠪᠠ᠃

ᠮᠠᠨ ᠤ 《ᠬᠠᠷ᠎ᠠ ᠪᠠᠢ᠌ᠷᠢ》 ᠶ᠋ᠢᠨ ᠰᠤᠷᠤᠭᠴᠢᠳ ᠬᠤᠭᠤᠯᠠ ᠢᠳᠡᠭᠦ ᠳᠡᠭᠡᠨ ᠥᠨᠡᠭᠡᠷ ᠨᠢᠭᠡᠨ 《ᠪᠠᠢ᠌ᠯᠳᠤᠭᠠᠨ》 ᠭᠢᠳᠡᠭ᠌ ᠪᠠᠢ᠌ᠭᠰᠠᠨ ᠪᠢᠯᠠ᠃ ᠳᠠᠷᠤᠢ ᠬᠤᠭᠤᠯᠠᠨ ᠴᠠᠭ ᠲᠤ ᠵᠢᠵᠢᠭᠦᠷ ᠰᠤᠷᠤᠭᠴᠢ ᠬᠤᠭᠤᠯᠠ ᠪᠠᠨ ᠠᠪᠣᠭᠠᠤᠨ ᠣᠷᠤᠵᠤ ᠢᠷᠡᠩᠭᠦᠳᠡ 《ᠳᠠᠷᠤᠭᠠᠤᠨ ᠣᠷᠤᠭᠳᠤᠨ》 ᠭᠡᠵᠤ ᠬᠠᠰᠭᠢᠷᠤᠯᠳᠤᠨ ᠪᠦᠭᠦᠳᠡᠭᠡᠷ ᠶᠢᠡᠷ ᠶᠢᠡᠨ ᠳᠠᠭᠠᠷᠢᠨ ᠣᠷᠤᠬᠤ ᠳᠤ ᠳᠤᠤᠷ᠎ᠠ ᠣᠨ ᠤ ᠰᠤᠷᠤᠭᠴᠢ ᠶᠡᠷᠦᠳᠡᠭᠡᠨ ᠬᠠᠮᠤᠭ ᠰᠡᠭᠦᠯ ᠳ᠋ᠤᠨᠢ ᠬᠤᠴᠤᠷᠴᠤ᠂ ᠮᠢᠬ᠎ᠠ ᠳᠤᠰᠤ ᠦᠭᠡᠶ ᠦᠯᠠᠳᠠᠵᠤ ᠳᠤᠳᠠᠭᠰᠠᠨ ᠢ ᠨᠢ ᠣᠯᠵᠤ ᠢᠳᠡᠳᠡᠭ᠌ ᠰᠠᠨ᠃ ᠭᠡᠪᠡᠴᠤ ᠮᠠᠨ ᠤ ᠭᠠᠭ᠎ᠠ ᠬᠤᠶᠠᠷ ᠳᠤᠮᠤ ᠠᠶᠠᠭ᠎ᠠ ᠪᠠᠨ ᠪᠠᠷᠢᠵᠤ᠂ ᠬᠠᠷᠴᠠᠭᠠᠢ ᠪᠦᠷᠭᠦᠤᠨ ᠪᠣᠭᠱᠤᠷᠭ᠎ᠠ ᠰᠢᠭᠦᠷᠴᠤ ᠪᠠᠢ᠌ᠭ᠎ᠠ ᠰᠢᠭ ᠰᠢᠷᠭᠤᠨ ᠣᠷᠤᠵᠤ᠂ ᠠᠶᠠᠭ᠎ᠠ ᠳᠦᠭᠦᠷᠡᠳᠡᠯ᠎ᠡ ᠪᠣᠳᠠᠭ᠎ᠠ ᠠᠶᠠᠭᠠᠯᠠᠨ ᠨᠠᠮ᠎ᠠ ᠳᠤ ᠢᠳᠡᠭᠦᠯᠳᠡᠭ᠌ ᠪᠠᠢ᠌ᠪᠠ᠃

ᠢᠩᠭᠢᠵᠤ ᠭᠠᠭ᠎ᠠ ᠶᠢᠨ ᠶᠢᠡᠨ ᠬᠠᠷᠠᠭᠠᠯᠵᠢᠯᠠᠯ ᠪᠠᠷ ᠳᠡᠭᠦᠨ ᠢ ᠪᠠᠭ᠎ᠠ ᠰᠤᠷᠭᠠᠭᠤᠯᠢ ᠪᠠᠨ ᠰᠢᠯᠢᠳᠡᠭ᠌ ᠭᠡᠷᠢ ᠪᠦᠳᠦᠮᠵᠢ ᠪᠠᠷ ᠳᠡᠭᠦᠰᠴᠤ ᠬᠠᠢ᠌ᠯᠠᠷ ᠳᠠᠭᠢ ᠨᠢᠭᠡᠳᠦᠭᠡᠷ ᠳᠤᠮᠳᠠᠳᠤ ᠰᠤᠷᠭᠠᠭᠤᠯᠢ ᠳᠤ ᠳᠠᠪᠰᠢᠨ ᠣᠷᠤᠬᠤ ᠳᠤ᠂ ᠪᠢ ᠨᠢᠭᠡᠨᠲᠡ ᠪᠠᠶ᠎ᠠ ᠪᠠᠨ ᠳᠠᠭᠠᠵᠤ ᠴᠢᠳᠠᠬᠤ ᠪᠣᠯᠪᠠ᠃

ᠳᠡᠭᠦᠨ ᠢ ᠠᠩᠬ᠎ᠠ ᠳᠤᠮᠳᠠᠳᠤ ᠶᠢᠨ ᠨᠢᠭᠡᠳᠦᠭᠡᠷ ᠣᠨ ᠤ ᠦᠶ᠎ᠡ ᠳᠤ᠂ ᠮᠠᠨ ᠤ ᠬᠤᠶᠠᠳᠤᠭᠠᠷ ᠶᠡᠭᠡ ᠪᠠᠷᠢᠭᠠᠳᠠ ᠶᠢᠨ ᠠᠯᠪᠠᠨ ᠭᠡᠷ ᠲᠤ ᠨᠢᠭᠡᠨ ᠥᠭᠡ ᠶᠠᠷᠢᠵᠤ ᠳᠠᠭᠤᠤ ᠳᠠᠭᠤᠯᠠᠵᠤ ᠴᠢᠳᠠᠳᠠᠭ 《ᠬᠠᠢ᠌ᠷᠴᠠᠭ》 ᠪᠠᠢ᠌ᠳᠠᠭ᠃ ᠡᠨᠡᠭᠦ 《ᠬᠠᠢ᠌ᠷᠴᠠᠭ》 ᠊ᠢ ᠪᠢ ᠶᠡᠭᠡᠯᠡ ᠭᠠᠢ᠌ᠬᠠᠨ ᠰᠤᠨᠢᠷᠬᠠᠵᠤ᠂ ᠳᠡᠭᠦᠨ ᠤ ᠳᠤᠳᠤᠷᠠᠭᠢ ᠥᠭᠡ ᠶᠠᠷᠢᠵᠤ ᠳᠠᠭᠤᠤ ᠳᠠᠭᠤᠯᠠᠳᠠᠭ ᠭᠦᠮᠦᠰ ᠨᠢ ᠶᠠᠭᠠᠭᠢᠵᠤ ᠡᠨᠡᠭᠦ ᠪᠠᠭ᠎ᠠ 《ᠬᠠᠢ᠌ᠷᠴᠠᠭ》 ᠊ᠨ᠎ᠠ ᠪᠠᠭᠳᠠᠵᠤ ᠪᠠᠢ᠌ᠬᠤ ᠪᠣᠯ ᠳ᠋ᠠ ︖ ᠭᠡᠭᠦ ᠮᠠᠳᠤ ᠶᠢᠨ ᠦᠯᠤ ᠮᠡᠳᠡᠭᠦ ᠠᠰᠠᠭᠤᠯᠳᠠ ᠳᠠᠷᠢᠭᠢᠨ ᠳᠤ ᠮᠢᠨᠢ ᠳᠦᠭᠦᠷᠡᠵᠤ ᠪᠠᠢ᠌ᠯ᠎ᠠ᠃ ᠳᠠᠷᠠ ᠪᠠᠷ᠂ ᠡᠨᠡᠭᠦ 《ᠬᠠᠢ᠌ᠷᠴᠠᠭ》 ᠊ᠤᠨ ᠳᠤᠤᠭᠠᠷᠴᠤ ᠪᠠᠢ᠌ᠬᠤ ᠳ᠋ᠤᠨᠢ ᠠᠷᠤ ᠳᠠᠯ᠎ᠠ ᠡᠴᠠ ᠨᠢ ᠨᠢᠭᠡ ᠦᠵᠡᠭᠦ ᠶᠢ ᠰᠠᠨᠠᠪᠠᠴᠤ᠂ ᠳᠡᠭᠦᠨ ᠢ ᠳᠤᠰᠬᠠᠢ 《ᠨᠤᠶᠠᠨ》 ᠬᠠᠮᠢᠶᠠᠷᠠᠵᠤ ᠪᠠᠢ᠌ᠬᠤ ᠪᠣᠯᠬᠤᠷ᠂ ᠬᠡᠦᠬᠡᠳ ᠪᠠᠢ᠌ᠳᠤᠭᠠᠢ ᠳᠤᠮᠤ ᠭᠦᠮᠦᠰ ᠢ ᠴᠤ ᠶᠠᠷᠤ ᠤᠢ᠌ᠷᠠᠳᠤᠭᠤᠯᠳᠠᠭ ᠦᠭᠡᠶ ᠪᠠᠢ᠌ᠪᠠ᠃ ᠪᠢ ᠠᠷᠭ᠎ᠠ ᠪᠠᠨ ᠪᠠᠷᠠᠬᠤ ᠳᠠᠭᠠᠨ ᠳᠤᠳᠤᠷ᠎ᠠ ᠪᠠᠨ ᠳᠠᠳᠠᠨ ᠳᠤ ᠬᠤᠷᠤᠰᠴᠤ 《ᠪᠣᠤ ᠶᠠᠭᠠᠷᠠᠵᠤ ᠪᠠᠢ᠂ ᠪᠢ ᠭᠠᠭ᠎ᠠ ᠪᠠᠨ ᠢᠷᠡᠭ᠍ᠰᠡᠨ ᠤ ᠰᠡᠭᠦᠯᠡᠷ ᠮᠠᠳᠠᠶ᠎ᠠ ᠁》 ᠭᠡᠵᠤ ᠭᠠᠯᠳᠠᠨ ᠠᠬ᠎ᠠ ᠪᠠᠨ ᠰᠤᠷᠤᠯᠭ᠎ᠠ ᠶᠢᠨ ᠠᠮᠠᠷᠠᠯᠳᠠ ᠳᠤ ᠬᠠᠷᠢᠵᠤ ᠢᠷᠡᠭᠦ ᠶᠢ ᠬᠤᠷᠤᠭᠤ ᠳᠠᠷᠤᠵᠤ᠂ ᠬᠤᠨᠤᠭ ᠳᠤᠭᠠᠯᠠᠨ ᠭᠦᠯᠢᠶᠡᠵᠤ ᠪᠠᠢ᠌ᠯ᠎ᠠ᠃

ᠭᠦᠯᠢᠶᠡᠭ᠍ᠰᠡᠭᠡᠷ ᠪᠠᠢ᠌ᠳᠠᠯ᠎ᠠ ᠭᠠᠭ᠎ᠠ ᠮᠢᠨᠢ ᠭᠦᠷᠭᠡᠳ ᠢᠷᠠᠯ᠎ᠠ᠃ ᠪᠢ ᠴᠤ ᠪᠠᠶᠠᠷᠯᠠᠬᠤ ᠶᠢᠨ ᠶᠡᠭᠡᠪᠠᠷ ᠪᠠᠶᠠᠷᠯᠠᠨ᠂ ᠮᠢᠨᠤ ᠰᠤᠷᠤᠯᠭ᠎ᠠ ᠶᠢᠨ ᠭᠢᠷᠢ ᠪᠦᠳᠦᠮᠵᠢ ᠬᠤᠤᠰ ᠵᠠᠭᠤᠨ ᠬᠤᠪᠢ ᠣᠯᠤᠭᠰᠠᠨ ᠡᠴᠠ ᠠᠪᠣᠭᠠᠤᠨ᠂ ᠪᠢ ᠶᠡᠭᠡ ᠠᠬ᠎ᠠ ᠡᠴᠠ ᠪᠠᠨ ᠮᠤᠩᠭ᠋ᠤᠯ ᠰᠢᠳᠠᠷ᠎ᠠ ᠨᠠᠭᠠᠳᠴᠤ ᠰᠤᠷᠤᠭᠰᠠᠨ᠂ ᠮᠠᠨ ᠤ ᠭᠦᠷᠡᠩ ᠦᠨᠢᠶ᠎ᠡ ᠦᠬᠢᠨ ᠳᠤᠭᠤᠯ ᠳᠦᠷᠦᠭ᠍ᠰᠡᠨ ᠭᠦᠷᠳᠡᠯ᠎ᠡ ᠮᠠᠰᠢ ᠣᠯᠠᠨ ᠰᠤᠨᠢᠨ ᠣᠴᠢᠷ ᠢ ᠶᠠᠷᠢᠵᠤ ᠪᠠᠢ᠌ᠳᠠᠯ᠎ᠠ ᠪᠠᠨ ᠦᠨᠦᠭᠢ 《ᠬᠠᠢ᠌ᠷᠴᠠᠭ》 ᠊ᠢ ᠪᠣᠳᠤᠵᠤ ᠣᠯᠤᠭᠠᠤᠨ ᠭᠠᠭ᠎ᠠ ᠳᠠᠭᠠᠨ ᠶᠡᠭᠡᠯᠡ ᠰᠤᠨᠢᠨ ᠪᠣᠯᠭᠠᠨ ᠶᠠᠷᠢᠵᠤ ᠨᠠᠷᠢᠨ ᠣᠬᠠᠭᠠᠨ ᠨᠢ ᠰᠤᠷᠠᠭᠯᠠᠨ ᠠᠰᠠᠭᠤᠬᠤ ᠳᠤ᠂ ᠳᠠᠷᠠ ᠬᠠᠷᠢᠨ ᠨᠢᠳᠤ ᠪᠠᠷ ᠶᠢᠡᠨ ᠢᠨᠢᠶᠡᠮᠰᠦᠭᠯᠡᠨ 《ᠳᠠᠷᠠ ᠬᠠᠢ᠌ᠷᠴᠠᠭ ᠢ ᠷᠠᠳᠢᠤ᠋ ᠭᠡᠵᠤ ᠭᠡᠯᠡᠨ᠎ᠡ᠃ ᠳᠡᠭᠦᠨ ᠤ ᠳᠤᠳᠤᠷ᠎ᠠ ᠭᠦᠮᠤᠨ ᠪᠠᠢ᠌ᠳᠠᠭ ᠦᠭᠡᠶ᠂ ᠷᠠᠳᠢᠤ᠋ ᠳᠤᠯᠭᠢᠶᠠᠨ ᠢ ᠬᠤᠷᠢᠶᠠᠨ ᠠᠪᠣᠭᠠᠤᠨ᠂ ᠵᠤᠭᠢᠬᠤ ᠳᠤᠨᠤᠭ ᠳᠦᠭᠦᠷᠦᠮᠵᠢ ᠭᠡᠷᠡᠭ᠍ᠰᠡᠨ ᠳᠠᠭᠢᠨ ᠴᠢᠮ᠎ᠠ ᠳᠤ ᠰᠤᠨᠤᠰᠬᠠᠵᠤ ᠪᠣᠢ᠃ ᠪᠢ ᠰᠤᠷᠭᠠᠭᠤᠯᠢ ᠳᠠᠭᠠᠨ ᠭᠢᠴᠢᠶᠠᠯ ᠤᠨ ᠭᠠᠳᠠᠨᠠᠭᠢ ᠷᠠᠳᠢᠤ᠋ ᠦᠢᠯᠡᠳᠬᠦ ᠪᠠᠭ᠎ᠠ ᠳᠤᠭᠣᠢ᠌ᠯᠠᠩ ᠳᠤ ᠣᠷᠤᠯᠴᠠᠵᠤ ᠰᠠᠢ᠌ᠠᠵᠠᠪ ᠪᠠᠭᠰᠢ ᠪᠠᠷ ᠵᠢᠭᠠᠯᠭᠠᠨ ᠭᠡᠳᠤ ᠭᠡᠳᠤ ᠶᠢ ᠭᠢᠵᠤ ᠦᠵᠠᠪᠠ᠃ ᠭᠠᠭ᠎ᠠ ᠨᠢ ᠴᠢᠮ᠎ᠠ ᠳᠤ ᠨᠢᠭᠡ ᠣᠭᠰᠠᠷᠠᠵᠤ ᠦᠭ‍ᠭᠦᠶ᠎ᠡ》 ᠭᠡᠭᠦ ᠳᠤ᠂ ᠪᠢ ᠳᠡᠭᠦᠨ ᠤ ᠭᠡᠯᠡᠭ᠍ᠰᠡᠨ 《ᠷᠠᠳᠢᠤ᠋᠂ ᠷᠠᠳᠢᠤ᠋ ᠳᠤᠯᠭᠢᠶᠠᠨ ᠁》 ᠭᠡᠭᠦ ᠬᠠᠴᠢᠨ ᠰᠤᠨᠢᠨ ᠨᠠᠷᠠᠰ ᠥᠭᠡ ᠶᠢ ᠳᠠᠮᠠᠢ ᠰᠠᠢ᠌ᠨ ᠣᠢ᠌ᠯᠭᠠᠭᠰᠠᠨ ᠦᠭᠡᠶ ᠪᠣᠯᠪᠠᠴᠤ᠂ ᠨᠠᠳᠠ ᠨᠢᠭᠡ ᠶᠢ ᠣᠭᠰᠠᠷᠠᠵᠤ ᠦᠭ‍ᠭᠦᠨ᠎ᠡ ᠭᠡᠰᠡᠨ ᠳᠤ ᠨᠢ ᠪᠠᠶᠠᠷᠯᠠᠬᠤ ᠳᠠᠭᠠᠨ ᠦᠪᠡᠷ ᠤᠨ ᠡᠷᠭᠡ ᠦᠭᠡᠶ ᠠᠯᠠᠭ᠎ᠠ ᠳᠠᠰᠢᠨ ᠳᠡᠭᠡᠷ᠎ᠡ ᠳᠡᠭᠡᠷ᠎ᠡ ᠦᠰᠤᠷᠭᠢᠯᠠᠪᠠ᠃

ᠪᠢᠳᠠ ᠬᠤᠶᠠᠭᠤᠯᠠ ᠡᠳᠦᠷ ᠪᠦᠷᠢ ᠡᠵᠢ ᠪᠠᠨ ᠬᠠᠪᠰᠤᠷᠴᠤ ᠥᠭᠡᠷ ᠮᠠᠯ ᠪᠢᠷᠠᠭᠤ ᠳᠤᠭᠤᠯ ᠢ ᠨᠢ ᠠᠷᠠᠴᠢᠯᠠᠵᠤ ᠳᠡᠵᠢᠭᠡᠭᠦ᠂ ᠦᠯᠤᠩ ᠯᠠᠩᠪᠠ ᠬᠠᠳᠤᠬᠤ ᠵᠡᠷᠭᠡ ᠠᠵᠢᠯ ᠭᠢᠳᠡᠭ᠌ ᠪᠠᠢ᠌ᠯ᠎ᠠ᠃ ᠳᠠᠷᠠ ᠪᠠᠷ᠂ ᠪᠢ ᠭᠠᠭ᠎ᠠ ᠡᠴᠠ ᠪᠠᠨ ᠭᠢᠳᠠᠤᠨ ᠰᠢᠳᠠᠷ᠎ᠠ ᠰᠤᠷᠴᠤ ᠪᠠᠢ᠌ᠭᠰᠠᠨ ᠪᠣᠯᠬᠤ ᠪᠠᠭ᠎ᠠ ᠯᠠ ᠴᠢᠯᠦᠭᠡ ᠪᠣᠯᠪᠠᠯ ᠦᠨᠦᠭᠢ ᠪᠠᠨ ᠨᠠᠭᠠᠳᠬᠤ ᠶᠢ ᠰᠠᠨᠠᠳᠠᠭ᠃ ᠶ‍ᠢᠰᠤ ᠶᠢᠨ ᠭᠦᠢᠳᠡᠨ ᠳᠤ ᠦᠯᠤᠩ ᠬᠠᠳᠤᠵᠤ᠂ ᠪᠠᠭ᠎ᠠ ᠠᠮᠠᠷᠠᠬᠤ ᠵᠠᠪ ᠲᠠᠭᠠᠨ ᠴᠤ ᠳᠡᠩᠭᠦᠯ ᠤᠨ ᠣᠷᠤᠢ ᠶᠢ ᠬᠠᠳᠤᠭᠤᠷ ᠶᠢᠡᠷ ᠶᠢᠡᠨ ᠰᠠᠢ᠌ᠬᠠᠨ ᠳᠦᠷᠪᠠᠯᠵᠢᠯᠠᠨ ᠵᠠᠰᠠᠵᠤ᠂ ᠰᠢᠳᠠᠷ᠎ᠠ ᠶᠢᠨ ᠭᠦᠯᠭᠡ ᠪᠠᠨ ᠳᠠᠯᠪᠢᠨ ᠰᠢᠳᠠᠷ᠎ᠠ ᠶᠢᠨ ᠮᠦᠷᠥᠢᠴᠡᠭᠡᠨ ᠭᠢᠵᠤ᠂ ᠨᠠᠭᠠᠳᠤᠭᠰᠠᠨ ᠴᠠᠭ ᠨᠢ ᠣᠷᠳᠤ ᠪᠣᠯᠤᠭᠰᠠᠨ ᠡᠴᠠ ᠪᠦᠭᠦ ᠪᠠᠶ᠎ᠠ ᠭᠦᠯᠳᠡᠭᠦ ᠰᠢᠬᠠᠵᠤ᠂ ᠭᠠᠷ ᠭᠦᠯ ᠭᠦᠳᠡᠯᠵᠤ ᠴᠢᠳᠠᠬᠤ ᠦᠭᠡᠶ ᠪᠣᠯᠳᠠᠭ ᠴᠤ ᠭᠤᠷᠪᠠᠨ ᠣᠳᠠᠭᠠᠨ ᠤ ᠮᠦᠷᠥᠢᠴᠡᠭᠡᠨ ᠶᠢᠡᠨ ᠵᠠᠪᠠᠯ ᠦᠵᠦᠭᠦᠷ ᠢ ᠨᠢ ᠭᠠᠷᠭᠠᠳᠠᠭ ᠪᠠᠢ᠌ᠭᠰᠠᠨ᠃ ᠬᠤᠵᠢᠮ ᠨᠢ ᠨᠠᠮᠢ᠋ᠢ ᠬᠠᠢ᠌ᠯᠠᠷ ᠳᠠᠭᠢ ᠨᠢᠭᠡᠳᠦᠭᠡᠷ ᠳᠤᠮᠳᠠᠳᠤ ᠰᠤᠷᠭᠠᠭᠤᠯᠢ ᠳᠤ ᠣᠷᠤᠭᠰᠠᠨ ᠤ ᠳᠠᠷᠠᠭ᠎ᠠ᠂ ᠰᠢᠨ᠎ᠠ ᠵᠢᠯ ᠤᠨ ᠪᠠᠶᠠᠷ ᠤᠨ ᠥᠳᠡᠰᠢᠯᠡᠭᠡ ᠳᠤ ᠪᠣᠯᠬᠤ ᠭᠢᠳᠠᠤᠨ ᠰᠢᠳᠠᠷ᠎ᠠ ᠤᠨ ᠣᠷᠤᠯᠳᠤᠭᠠᠨ ᠳᠤ ᠳᠡᠭᠡᠳᠤ ᠵᠡᠷᠭᠡ ᠶᠢᠨ ᠠᠩᠭᠢ ᠳᠤ ᠭᠠᠭ᠎ᠠ ᠳᠦᠷᠦᠭᠦᠯᠡᠵᠤ᠂ ᠠᠩᠬ᠎ᠠ ᠵᠡᠷᠭᠡ ᠶᠢᠨ ᠠᠩᠭᠢ ᠳᠤ ᠪᠢ ᠮᠠᠡᠭᠯᠠᠢ᠌ᠯᠠᠳᠠᠭ ᠪᠠᠢ᠌ᠪᠠ᠃

ᠣᠷᠤᠢ ᠶᠢᠨ ᠬᠤᠭᠤᠯᠠᠨ ᠤ ᠳᠠᠷᠠᠭ᠎ᠠ᠂ ᠭᠠᠭ᠎ᠠ ᠨᠠᠮᠢ᠋ᠢ ᠳᠠᠭᠠᠭᠤᠯᠤᠨ ᠠᠮᠠᠷᠠᠯᠳᠠ ᠶᠢᠨ ᠳᠠᠰᠬᠠᠯ ᠶᠢᠡᠨ ᠭᠢᠳᠡᠭ᠌᠃ ᠨᠢᠭᠡ ᠣᠷᠤᠢ ᠪᠢ ᠭᠡᠨᠡᠳᠲᠡ ᠦᠨᠦᠭᠢ ᠳᠤᠮᠤᠭᠳᠠᠢ 《ᠬᠠᠢ᠌ᠷᠴᠠᠭ》 ᠶ᠋ᠢᠡᠨ ᠪᠣᠳᠤᠵᠤ ᠣᠯᠤᠨ᠂ ᠭᠠᠭ᠎ᠠ ᠡᠴᠠ ᠪᠠᠨ ᠠᠰᠠᠭᠤᠬᠤ ᠳᠤ᠂ ᠳᠠᠷᠠ ᠬᠠᠢ᠌ᠯᠠᠷ ᠡᠴᠠ ᠠᠪᠴᠢᠷᠠᠭᠰᠠᠨ ᠪᠣᠭᠤᠳᠠᠯ ᠡᠴᠠ ᠪᠠᠨ ᠮᠠᠰᠢ ᠣᠯᠠᠨ ᠮᠢᠨᠤ ᠳᠠᠨᠢᠵᠤ ᠮᠡᠳᠡᠭᠦ ᠦᠭᠡᠶ᠂ ᠰᠢᠳᠠᠷ᠎ᠠ ᠶᠢᠨ ᠭᠦᠯᠭᠡ ᠴᠤ ᠪᠢᠰᠢ᠂ ᠬᠡᠦᠬᠡᠳ ᠤᠨ ᠳᠤᠭᠯᠠᠭᠠᠮ ᠤᠨ ᠵᠣᠢ᠌ᠯ ᠴᠤ ᠪᠢᠰᠢ ᠵᠢᠵᠢᠭ᠌ ᠵᠢᠵᠢᠭ᠌ ᠮᠠᠲ᠋ᠸᠷᠢᠶᠠᠯ ᠭᠠᠷᠭᠠᠨ᠄ 《ᠡᠳᠡᠭᠡᠷ ᠶᠠᠭᠤᠮ᠎ᠠ ᠪᠣᠯ ᠪᠦᠷ ᠴᠢᠨᠤ ᠭᠡᠯᠡᠳᠡᠭ᠌ ᠳᠠᠷᠠ 〈ᠬᠠᠢ᠌ᠷᠴᠠᠭ〉 ᠊ᠢ ᠭᠢᠳᠡᠭ᠌ ᠮᠠᠲ᠋ᠸᠷᠢᠶᠠᠯ ᠪᠣᠯᠤᠨ᠎ᠠ》 ᠭᠡᠵᠤ ᠭᠡᠯᠡᠭᠦ ᠳᠤ᠂ ᠪᠢ ᠣᠬᠠᠭᠠᠨ ᠳᠦᠭᠦᠭᠡ ᠶᠢ ᠨᠢ ᠣᠯᠬᠤ ᠦᠭᠡᠶ ᠪᠣᠯᠵᠤ᠄ 《ᠠᠶ᠎ᠠ ︕ ᠡᠨᠡᠭᠦ ᠳᠤᠤᠷ ᠭᠦᠯ ᠲᠡᠶ ᠮᠢᠭᠮᠡᠨ ᠰᠢᠭ᠌ ᠶᠠᠭᠤᠮᠠᠰ᠂ ᠶᠠᠭᠠᠭᠢᠨ ᠥᠭᠡ ᠶᠠᠷᠢᠵᠤ ᠳᠠᠭᠤᠤ ᠳᠠᠭᠤᠯᠠᠵᠤ ᠴᠢᠳᠠᠬᠤ ᠪᠣᠢ ︖》 ᠭᠡᠪᠡ᠃ ᠭᠠᠭ᠎ᠠ ᠄ 《ᠳᠡᠭᠦᠤ ᠮᠢᠨᠢ ᠪᠣᠤ ᠶᠠᠭᠠᠷᠠᠵᠤ ᠪᠠᠢ᠂ ᠭᠠᠭ᠎ᠠ ᠨᠢ ᠴᠢᠮ᠎ᠠ ᠳᠤ ᠵᠢᠭᠠᠵᠤ ᠦᠭ‍ᠭᠦᠶ᠎ᠡ᠂ ᠴᠢ ᠳᠠᠷᠢᠭᠢ ᠪᠠᠨ ᠭᠦᠳᠡᠯᠭᠡᠨ ᠣᠷᠤᠯᠳᠤᠪᠠᠯ ᠯᠠᠪᠳᠠᠢ ᠦᠪᠡᠷ ᠶᠢᠡᠨ ᠴᠤ ᠭᠢᠵᠤ ᠴᠢᠳᠠᠬᠤ ᠶᠤᠮ᠃》 ᠪᠢ᠄ 《ᠳᠠᠢ᠌ᠮᠤ ᠦᠦ ︖ ᠵᠠ ᠪᠣᠯᠵᠢ᠂ ᠳᠡᠭᠡᠪᠠᠯ ᠪᠢ ᠨᠢᠭᠡ ᠰᠠᠢ᠌ᠬᠠᠨ ᠳᠠᠷᠢᠭᠢ ᠪᠠᠨ ᠭᠦᠳᠡᠯᠭᠡᠨ ᠣᠷᠤᠯᠳᠤᠶ᠎ᠠ᠃》 ᠢᠩᠭᠢᠭᠡᠳ ᠮᠠᠨ ᠤ ᠭᠠᠭ᠎ᠠ ᠪᠠᠭ᠎ᠠ ᠯᠠ ᠴᠢᠯᠦᠭᠡ ᠪᠣᠯᠪᠠᠯ᠂ ᠳᠡᠳᠡᠭᠡᠷ ᠵᠢᠵᠢᠭ᠌ ᠮᠠᠲ᠋ᠸᠷᠢᠶᠠᠯ ᠤᠨ ᠠᠯᠢ ᠨᠢ 《ᠭᠤᠷᠪᠠᠨ ᠲᠤᠢ᠌ᠯᠳᠤ ᠬᠤᠭᠤᠯᠠᠢ》᠂ ᠠᠯᠢ ᠨᠢ 《ᠴᠠᠭᠢᠯᠭᠠᠨ ᠪᠠᠭᠳᠠᠭᠠᠮᠵᠢ᠂ ᠴᠠᠭᠢᠯᠭᠠᠨ ᠡᠰᠡᠷᠭᠦᠴᠡᠯ᠁》 ᠭᠡᠭᠦ ᠳᠡᠭᠦᠨ ᠤ ᠨᠠᠷᠠᠰ ᠪᠠ ᠶᠠᠮᠠᠷ ᠣᠢ᠌ᠯᠠᠳᠤᠯ ᠲᠡᠶ ᠶᠢ ᠨᠢ ᠨᠠᠳᠠᠳᠤ ᠳᠤᠳᠤᠷᠬᠠᠢ ᠶᠠᠷᠢᠵᠤ ᠦᠭ‍ᠭᠦ ᠶᠢᠨ ᠬᠠᠮᠳᠤ᠂ ᠭᠠᠩᠨᠠᠭᠤᠷ ᠣᠯᠠᠢ᠌ᠳᠠᠭᠠᠨ ᠭᠡᠷᠭᠢᠨ ᠳᠡᠳᠡᠭᠡᠷ ᠢ ᠬᠠᠷᠢᠯᠴᠠᠨ ᠬᠤᠯᠪᠣᠬᠤ ᠪᠣᠳᠠᠳᠤ ᠥᠢᠯᠡᠳᠦᠯᠭᠡ ᠶᠢ ᠨᠢᠭᠡ ᠨᠢᠭᠡ ᠪᠠᠷ ᠭᠠᠷ ᠪᠠᠷᠢᠨ ᠵᠢᠭᠠᠵᠤ ᠥᠭ᠍ᠳᠡᠭ᠌ ᠪᠠᠢ᠌ᠪᠠ᠃ ᠪᠢᠳᠠ ᠬᠤᠶᠠᠷ ᠳᠠᠮᠠᠢ ᠭᠡᠳᠤᠨ ᠡᠳᠦᠷ ᠪᠣᠯᠤᠭᠰᠠᠨ ᠦᠭᠡᠶ ᠨᠢᠭᠡᠨ 《ᠳᠦᠷᠪᠠᠨ ᠬᠤᠭᠤᠯᠠᠢ᠌ᠳᠤ ᠬᠠᠭᠠᠰ ᠳᠠᠮᠵᠢᠭᠤᠯᠤᠭᠴᠢ》 ᠮᠢᠨᠤ ᠭᠠᠢ᠌ᠬᠠᠳᠠᠭ 《ᠬᠠᠢ᠌ᠷᠴᠠᠭ》 ᠊᠊᠊᠊᠊᠊᠊᠊᠊᠊᠊᠊᠊᠊᠊ ᠷᠠᠳᠢᠤ᠋ ᠣᠭᠰᠠᠷᠠᠨ ᠭᠠᠷᠭᠠᠪᠠ᠃ ᠢᠩᠭᠢᠭ᠍ᠰᠡᠨ ᠡᠴᠠ ᠮᠠᠨ ᠤ ᠪᠦᠭᠦ ᠭᠡᠷ ᠶᠢᠡᠷ ᠶᠢᠡᠨ ᠪᠠᠶᠠᠷ ᠪᠣᠯᠬᠤ ᠪᠠᠷ ᠪᠠᠷᠬᠤ ᠦᠭᠡᠶ᠂ ᠠᠢ᠌ᠯ ᠰᠠᠬᠠᠭᠠᠯᠳᠠ ᠴᠤ ᠭᠦᠷᠦᠯᠴᠡᠨ ᠢᠷᠠᠵᠤ ᠰᠤᠨᠢᠷᠬᠠᠨ ᠭᠠᠢ᠌ᠬᠠᠵᠠᠭᠠᠨ᠎ᠠ᠃

ᠪᠢ ᠢᠩᠭᠢᠵᠤ ᠭᠠᠭ᠎ᠠ ᠶᠢᠨ ᠶᠢᠡᠨ ᠳᠠᠭᠠᠭᠤᠯᠠᠭ᠎ᠠ ᠪᠠᠷ ᠠᠷᠪᠠᠨ ᠭᠡᠳᠦᠳᠡᠢ ᠡᠴᠠ ᠪᠠᠨ᠂ ᠳᠠᠷᠤᠢ ᠳᠤᠮᠳᠠᠳᠤ ᠰᠤᠷᠭᠠᠭᠤᠯᠢ ᠶᠢᠨ ᠠᠩᠬ᠎ᠠ ᠣᠨ ᠡᠴᠠ ᠡᠭᠢᠯᠡᠨ ᠡᠯᠸᠺᠲ᠋ᠷᠤᠨ ᠣᠬᠠᠭᠠᠨ ᠤ ᠰᠤᠳᠤᠯᠠᠯ ᠳᠤ ᠳᠤᠷ᠎ᠠ ᠪᠠᠬᠠᠳᠠᠢ ᠪᠣᠯᠵᠤ᠂ ᠴᠠᠭᠢᠯᠭᠠᠨ ᠭᠦᠳᠡᠯᠭᠡᠭᠦᠷ ᠭᠢᠭᠦ᠂ ᠷᠠᠳᠢᠤ᠋ ᠣᠭᠰᠠᠷᠠᠬᠤ᠂ ᠠᠢ᠌ᠯ ᠭᠦᠷᠰᠢ ᠶᠢᠨ ᠶᠢᠡᠨ ᠴᠠᠭᠢᠯᠭᠠᠨ ᠭᠡᠷᠡᠭ᠍ᠰᠡᠯ ᠢ ᠵᠠᠰᠠᠬᠤ᠂ ᠳᠠᠭᠤᠨ ᠶᠡᠭᠡᠰᠭᠡᠭ᠍ᠴᠢ ᠬᠠᠢ᠌ᠷᠴᠠᠭ ᠵᠤᠬᠢᠶᠠᠬᠤ ᠵᠡᠷᠭᠡ ᠮᠠᠰᠢ ᠣᠯᠠᠨ ᠵᠣᠢ᠌ᠯ ᠢ ᠣᠷᠤᠯᠳᠤᠨ ᠣᠢ᠌ᠯᠠᠳᠪᠠ᠃ ᠡᠨᠡ ᠳᠤᠬᠠᠢ ᠨᠠᠳᠠᠳᠤ ᠬᠠᠮᠤᠭ ᠭᠦᠨ ᠰᠠᠭᠤᠭᠳᠠᠯ ᠲᠡᠶ ᠨᠢ᠄ ᠪᠢ ᠭᠠᠭ᠎ᠠ ᠪᠠᠷ ᠶᠢᠡᠨ ᠵᠢᠭᠠᠯᠭᠠᠨ ᠨᠢᠭᠡᠨ ᠭᠤᠶᠤ ᠰᠠᠢ᠌ᠬᠠᠨ ᠳᠠᠭᠤᠨ ᠶᠡᠭᠡᠰᠭᠡᠭ᠍ᠴᠢ ᠬᠠᠢ᠌ᠷᠴᠠᠭ ᠵᠤᠬᠢᠶᠠᠨ ᠪᠦᠳᠦᠭᠡᠵᠤ᠂ ᠭᠡᠷ ᠤᠨ ᠨᠢᠭᠡ ᠳᠠᠰᠤᠭ ᠲᠤ ᠳᠤᠤᠭᠠᠷᠠᠬᠤ ᠳᠤ ᠥᠭᠡᠷ᠎ᠡ ᠪᠣᠰᠤᠳ ᠭᠡᠷ ᠪᠠ ᠠᠢ᠌ᠯ ᠵᠡᠷᠭᠡᠯᠡᠳᠡᠭᠡ ᠶᠢᠨ ᠭᠢᠨ ᠳᠤᠪ ᠳᠤᠳᠤᠬᠠᠨ ᠣᠯᠵᠤ ᠰᠤᠨᠤᠰᠳᠠᠭ ᠪᠣᠯᠬᠤᠷ ᠮᠠᠨ ᠤ ᠠᠪᠣ ᠪᠠᠶᠠᠷᠯᠠᠨ ᠱᠠᠭᠰᠢᠨ ᠮᠠᠭᠳᠠᠬᠤ ᠥᠭᠡ ᠪᠠᠨ ᠣᠯᠬᠤ ᠦᠭᠡᠶ ᠪᠣᠯᠵᠤ ᠡᠵᠢ ᠳᠤ᠄ 《ᠴᠢᠨᠤ ᠬᠠᠷ᠎ᠠ ᠭᠦᠤ ᠴᠢᠨᠢ᠂ ᠮᠢᠨᠤ ᠰᠢᠷ᠎ᠠ ᠭᠦᠤ ᠳᠤ ᠵᠢᠭᠠᠨ ᠥᠭ᠍ᠴᠤ ᠪᠠᠢ᠌ᠭᠠᠤᠨ ᠭᠢᠯᠭᠡᠭ᠍ᠰᠡᠨ ᠶᠠᠭᠤᠮ᠎ᠠ ᠨᠢ ᠳᠤᠬᠤ ᠳᠤᠯᠤᠭᠠᠢ ᠶᠢ 〈ᠬᠠᠭᠠᠷᠠᠳᠠᠯ᠎ᠠ〉 ᠳᠤᠤᠭᠠᠷᠴᠤ ᠪᠠᠢ᠌ᠨ᠎ᠠ》 ᠭᠡᠵᠤ ᠱᠤᠭ ᠭᠠᠷᠭᠠᠨ ᠶᠠᠷᠢᠬᠤ ᠳᠤ᠂ ᠡᠵᠢ ᠄ 《ᠪᠣᠤ ᠳᠡᠭᠡᠵᠤ ᠭᠡᠯᠡᠭᠡᠷᠡᠢ᠂ ᠴᠢᠨᠢ ᠰᠢᠷ᠎ᠠ ᠭᠦᠤ ᠶᠢᠨ ᠴᠢᠨᠢ ᠭᠢᠭ᠍ᠰᠡᠨ ᠶᠠᠭᠤᠮ᠎ᠠ ᠨᠢ ᠷᠠᠳᠢᠤ᠋ ᠡᠴᠠ ᠰᠠᠢ᠌ᠨ ᠰᠤᠨᠤᠰᠤᠭᠳᠠᠨ᠎ᠠ᠂ ᠴᠢᠭᠢᠨ ᠳᠤ ᠶᠡᠭᠡ ᠠᠶ᠎ᠠ ᠲᠡᠶ᠂ ᠡᠨᠡ ᠭᠡᠷ ᠲᠡᠭᠡᠨ ᠠᠷ ᠰᠠᠷ ᠠᠵᠢᠯ ᠭᠢᠭᠦ ᠶᠢᠨ ᠬᠠᠮᠳᠤ᠂ ᠳᠠᠷᠠ ᠭᠡᠷ ᠲᠤ ᠳᠤᠤᠭᠠᠷᠴᠤ ᠪᠠᠢ᠌ᠬᠤ ᠶᠢ ᠠᠶᠠᠳᠠᠢ᠌ᠬᠠᠨ ᠭᠤᠶᠤ ᠪᠠᠷ ᠣᠯᠵᠤ ᠰᠤᠨᠤᠰᠤᠨ᠎ᠠ ᠁》 ᠭᠡᠭᠦ ᠳᠤ ᠮᠢᠨᠤ ᠭᠡᠳᠤᠨ ᠳᠡᠭᠦᠤ ᠨᠡᠷ ᠴᠤ᠄ 《ᠳᠠᠢ᠌ᠮᠤ ᠳᠠᠢ᠌ᠮᠤ ᠁》 ᠭᠡᠵᠤ ᠬᠠᠷᠢᠯᠴᠠᠨ ᠵᠦᠪᠰᠢᠶᠠᠷᠠᠨ᠎ᠠ᠃

ᠳᠡᠭᠡᠷ᠎ᠡ ᠵᠠᠭᠤᠨ ᠤ ᠨᠠᠶᠠᠭᠠᠤᠨ ᠣᠨ ᠤ ᠦᠶ᠎ᠡ ᠳᠤ᠂ ᠮᠠᠨ ᠤ ᠢᠮᠢᠨ ᠨᠤᠳᠤᠭ ᠲᠤ ᠳᠸᠯᠸᠢᠰ ᠭᠡᠳᠡᠭ᠌ ᠶᠠᠭᠤᠮ᠎ᠠ ᠶᠢ ᠣᠯᠵᠤ ᠦᠵᠡᠭᠦ ᠶᠢ ᠪᠠᠢ᠌ᠳᠤᠭᠠᠢ᠂ ᠨᠠᠷ᠎ᠠ ᠨᠢ ᠴᠤ ᠪᠦᠷ ᠬᠠᠴᠢᠨ ᠰᠤᠨᠢᠨ ᠶᠠᠭᠤᠮ᠎ᠠ ᠪᠠᠢ᠌ᠯ᠎ᠠ᠃ ᠡᠨᠡᠭᠦ ᠶᠠᠭᠤᠮ᠎ᠠ ᠶᠢ ᠬᠤᠳᠠ ᠶᠢᠨ ᠠᠢ᠌ᠯ ᠤᠨ ᠴᠥᠭᠡᠭᠡᠨ ᠳᠤᠭᠠᠨ ᠤ ᠭᠦᠮᠦᠰ ᠰᠠ‍‌ᠶᠢ ᠣᠯᠵᠤ ᠦᠵᠡᠳᠡᠭ᠌ ᠪᠠᠢ᠌ᠪᠠ᠃ ᠳᠡᠭᠡᠭᠡᠳ ᠪᠢ᠂ ᠡᠨᠡᠭᠦ ᠬᠠᠴᠢᠨ ᠵᠢᠭ᠍ᠳᠡᠢ ᠶᠠᠭᠤᠮ᠎ᠠ ᠶᠢ ᠭᠢᠵᠤ ᠦᠵᠡᠭᠦ ᠪᠣᠳᠤᠯ ᠣᠷᠤᠪᠠ᠃ ᠭᠡᠪᠴᠤ ᠰᠠᠨᠠᠭ᠎ᠠ ᠪᠠᠢ᠌ᠪᠠᠴᠤ ᠣᠨᠤᠭ᠎ᠠ ᠭᠦᠷᠭᠦ ᠦᠭᠡᠶ ᠳᠡᠭᠡᠨ ᠰᠠᠢ᠌ᠨ ᠪᠠᠭᠰᠢ ᠳᠤᠰᠠᠳᠠᠢ ᠠᠬ᠎ᠠ ᠭᠠᠭ᠎ᠠ ᠡᠴᠠ ᠪᠠᠨ ᠠᠷᠰᠢ ᠶᠢᠨ ᠨᠤᠮ ᠡᠷᠢᠵᠤ ᠵᠢᠭᠠᠯᠭᠠᠵᠤ ᠵᠢᠯᠤᠭᠤᠳᠤᠭᠤᠯᠤᠨ ᠳᠸᠯᠸᠢᠰ ᠣᠭᠰᠠᠷᠠᠵᠤ ᠡᠭᠢᠯᠡᠪᠡ᠃

ᠮᠢᠨᠤ ᠰᠠᠢ᠌ᠨ ᠪᠠᠭᠰᠢ ᠭᠠᠭ᠎ᠠ ᠨᠠᠳᠠᠳᠤ ᠳᠸᠯᠸᠢᠰ ᠤᠨ ᠵᠢᠮ᠎ᠠ ᠶᠤᠰᠤ ᠶᠢ ᠨᠠᠷᠢᠨ ᠭᠢᠨᠠᠮᠭᠠᠢ ᠳᠠᠢ᠌ᠯᠪᠣᠷᠢᠯᠠᠨ ᠶᠠᠷᠢᠵᠤ ᠦᠭ‍ᠭᠦ ᠶᠢᠨ ᠬᠠᠮᠳᠤ᠂ ᠠᠵᠢᠯ ᠶᠠᠪᠣᠳᠠᠯ ᠶᠢᠡᠷ ᠱᠠᠩᠬᠠᠢ ᠵᠡᠷᠭᠡ ᠶᠡᠭᠡ ᠬᠤᠳᠠ ᠪᠠᠷ ᠶᠠᠪᠣᠬᠤ ᠳᠠᠭᠠᠨ ᠳᠸᠯᠸᠢᠰ ᠤᠨ ᠨᠠᠷᠢᠨ ᠳᠤᠨᠤᠭ ᠮᠠᠲ᠋ᠸᠷᠢᠶᠠᠯ ᠤᠳ ᠢ ᠬᠤᠳᠠᠯᠳᠤᠨ ᠠᠪᠴᠠᠷᠠᠵᠤ᠂ ᠭᠡᠷᠭᠢᠨ ᠣᠭᠰᠠᠷᠠᠬᠤ ᠠᠷᠭ᠎ᠠ ᠳᠠᠮ ᠢ ᠨᠢ ᠵᠢᠭᠠᠵᠤ ᠦᠭ‍ᠭᠦᠭ᠍ᠰᠡᠨ ᠪᠢᠯᠠ᠃ ᠳᠠᠷᠠᠪᠠᠷ᠂ ᠪᠢ ᠢᠮᠢᠨ ᠨᠤᠳᠤᠭ ᠲᠤ ᠳᠸᠯᠸᠢᠰ ᠬᠤᠷᠢᠶᠠᠨ ᠠᠪᠬᠤ ᠦᠨᠳᠦᠷ ᠠᠭᠠᠷ ᠣᠳᠠᠰᠤ ᠪᠣᠰᠬᠠᠨ᠂ ᠦᠪᠡᠷ ᠤᠨ ᠭᠠᠷ ᠶᠢᠡᠷ ᠶᠢᠡᠨ ᠣᠭᠰᠠᠷᠠᠨ ᠪᠦᠳᠦᠭᠡᠭ᠍ᠰᠡᠨ ᠳᠸᠯᠸᠢᠰ ᠶᠢᠡᠷ ᠶᠢᠡᠨ ᠠᠩᠬ᠎ᠠ ᠳᠸᠯᠸᠢᠰ ᠳᠤᠯᠭᠢᠶᠠᠨ ᠬᠤᠷᠢᠶᠠᠨ ᠦᠵᠡᠭ᠍ᠰᠡᠨ ᠡᠷᠦᠭᠡ ᠪᠣᠯᠵᠠᠢ᠃ ᠨᠠᠨ ᠨᠢ ᠳᠤᠬᠠᠢ ᠶᠢᠨ ᠦᠶ᠎ᠡ ᠳᠤ ᠣᠷᠤᠨ ᠠᠢ᠌ᠮᠠᠭ ᠭᠦᠷᠳᠡᠯ᠎ᠡ ᠭᠠᠢ᠌ᠬᠠᠭᠳᠠᠨ᠂ ᠣᠯᠠᠨ ᠰᠤᠨᠢᠨ ᠮᠡᠳᠡᠭᠡ ᠶᠢᠨ ᠭᠢᠨ ᠴᠤ ᠭᠦᠷᠦᠯᠴᠡᠨ ᠢᠷᠠᠵᠤ ᠰᠤᠷᠪᠣᠯᠵᠢᠯᠠᠭ᠎ᠠ ᠠᠪᠴᠤ ᠰᠤᠨᠢᠨ ᠰᠡᠳᠭᠦᠯ ᠳᠡᠭᠡᠷ᠎ᠡ ᠮᠡᠳᠡᠭᠡᠯᠡᠪᠡ᠃

ᠪᠢ ᠠᠬ᠎ᠠ ᠲᠡᠶ ᠪᠠᠨ ᠬᠠᠮᠳᠤ ᠬᠠᠷᠬᠠᠨ ᠪᠠᠭ᠎ᠠ ᠡᠴᠠ ᠪᠠᠨ ᠷᠠᠳᠢᠤ᠋ ᠮᠡᠷᠭᠡᠵᠢᠯ᠂ ᠭᠦᠭ᠍ᠵᠢᠮ᠂ ᠮᠤᠳᠤᠨ ᠳᠠᠷᠬᠠᠨ᠂ ᠭᠠᠳᠠᠭᠠᠳᠤ ᠭᠡᠯᠡ ᠰᠤᠷᠤᠯᠴᠠᠳᠠᠭ ᠪᠠᠢ᠌ᠪᠠ᠃ ᠨᠠᠭᠠᠳᠴᠤ ᠳᠤᠭᠯᠠᠬᠤ᠂ ᠠᠵᠢᠯ ᠭᠦᠳᠡᠯᠮᠦᠷᠢ ᠭᠢᠭᠦ ᠳᠡᠭᠡᠨ ᠴᠤ ᠠᠮᠠᠨ ᠤ ᠵᠤᠭ᠎ᠠ᠂ ᠶᠠᠷᠢᠶᠠᠨ ᠤ ᠵᠤᠭᠤᠭ ᠨᠢ ᠡᠨᠡ ᠪᠠᠢ᠌ᠯ᠎ᠠ᠃

1996 ᠣᠨ ᠳᠤ᠂ ᠪᠢ ᠬᠤᠰᠢᠭᠤᠨ ᠤ ᠵᠤᠬᠢᠶᠠᠨ ᠪᠠᠢ᠌ᠭᠤᠯᠬᠤ ᠭᠡᠯᠳᠡᠰ ᠤᠨ ᠨᠠᠮ ᠤᠨ ᠰᠤᠷᠭᠠᠨ ᠭᠦᠮᠦᠵᠢᠯ ᠢ ᠴᠠᠭᠢᠯᠭᠠᠵᠢᠭᠰᠠᠨ ᠪᠠᠭᠠᠵᠢ ᠳᠤᠨᠤᠭ ᠶᠢᠡᠷ ᠣᠬᠠᠭᠤᠯᠬᠤ ᠠᠯᠪᠠᠨ ᠭᠡᠷ ᠲᠤ ᠪᠠᠢ᠌ᠬᠤ ᠳᠠᠭᠠᠨ᠂ ᠭᠠᠭ᠎ᠠ ᠶᠢᠨ ᠶᠢᠡᠨ ᠰᠡᠩᠭᠡᠷᠡᠭᠦᠯᠦᠯ ᠶᠢᠡᠷ PS-20L ᠭᠡᠯᠪᠠᠷᠢ ᠶᠢᠨ ᠳᠦᠷᠰᠤ ᠳᠠᠯᠪᠢᠵᠤ ᠴᠢᠳᠠᠬᠤ ᠮᠠᠰᠢᠨ ᠢ ᠥᠭᠡᠷᠡᠴᠢᠯᠡᠨ᠂ ᠳᠦᠷᠰᠤ ᠰᠢᠩᠭᠡᠭᠡᠭᠦ ᠮᠠᠰᠢᠨ ᠪᠣᠯᠭᠠᠵᠤ ᠣᠯᠤᠰ ᠤᠨ ᠭᠡᠮᠵᠢᠶᠡᠨ ᠤ ᠠᠵᠢᠯ ᠨᠢᠭᠡᠳᠡᠨ ᠤ ᠳᠤᠮᠳᠠ ᠥᠭᠡᠯᠡᠳ ᠤᠨ ᠶᠢᠡᠨ ᠨᠠᠷ᠎ᠠ ᠶᠢ ᠮᠠᠠᠳᠤᠭᠤᠯᠵᠤ ᠶᠠᠪᠣᠯ᠎ᠠ᠁

ᠬᠤᠷᠢᠭᠠᠤᠨ ᠵᠠᠭᠤᠨ ᠤ ᠵᠢᠷᠠᠭᠠᠤᠨ ᠣᠨ ᠤ ᠦᠶ᠎ᠡ ᠳᠤ᠂ ᠠᠬ᠎ᠠ ᠳᠡᠭᠦᠤ ᠪᠢᠳᠠᠨ ᠬᠤᠶᠠᠷ ᠨᠤᠳᠤᠭ ᠲᠠᠭᠠᠨ ᠪᠣᠴᠠᠭᠰᠠᠨ ᠰᠡᠭᠡᠭᠡᠳᠡᠨ ᠪᠠᠢ᠌ᠬᠤ ᠳᠠᠭᠠᠨ᠂ 《ᠴᠢᠳᠭᠦᠷ ᠱᠤᠯᠤᠮ》 ᠊ᠤᠨ ᠬᠡᠦᠬᠡᠳ ᠶᠢᠡᠷ ᠮᠠᠭᠤ ᠦᠵᠡᠭ᠍ᠳᠡᠨ᠂ ᠨᠠᠭᠠᠳᠤ ᠵᠠᠬ᠎ᠠ ᠳᠠᠭᠠᠨ ᠴᠤ ᠮᠠᠨ ᠢ ᠡᠷᠦᠭᠡ ᠶᠢᠨ ᠴᠡᠷᠢᠭ᠌ ᠲᠤ ᠴᠤ ᠠᠪᠬᠤ ᠦᠭᠡᠶ ᠳᠤᠯᠠ ᠠᠵᠢᠯ ᠣᠯᠬᠤ ᠪᠠ ᠰᠤᠷᠭᠠᠭᠤᠯᠢ ᠳᠤ ᠳᠠᠪᠰᠢᠨ ᠰᠤᠷᠤᠯᠴᠠᠬᠤ ᠨᠢ ᠳᠠᠷᠠ ᠬᠤᠯᠠ ᠳᠡᠭ᠍ᠷᠢ ᠤᠢ᠌ᠷᠬᠠᠨ ᠪᠠᠢ᠌ᠪᠠ᠃ ᠳᠠᠷᠠ ᠪᠠᠷ᠂ ᠮᠠᠨ ᠤ ᠭᠠᠭ᠎ᠠ ᠠᠷᠭ᠎ᠠ ᠣᠬᠠᠭᠠᠨ ᠰᠠᠳᠤᠪᠴᠢᠯᠠᠨ ᠥᠭᠡᠷ᠎ᠡ ᠨᠢᠭᠡᠨ ᠭᠠᠷᠬᠤ ᠵᠠᠮ ᠡᠷᠢᠨ ᠣᠬᠠᠭᠠᠵᠤ᠂ ᠦᠪᠡᠷ ᠤᠨ ᠠᠪᠢᠶᠠᠰ ᠪᠢᠯᠢᠭ᠌ ᠲᠡᠭᠡᠨ ᠳᠦᠰᠢᠭᠯᠡᠭᠦ ᠴᠤᠷ ᠤᠨ ᠭᠠᠭᠴᠠ ᠵᠠᠮ ᠢ ᠮᠠᠳᠠᠵᠤ ᠣᠯᠪᠠ᠃ ᠳᠡᠭᠡᠭᠡᠳ ᠨᠠᠮᠢ᠋ᠢ ᠳᠠᠭᠠᠭᠤᠯᠤᠨ ᠡᠯᠸᠺᠲ᠋ᠷᠤᠨ ᠣᠬᠠᠭᠠᠨ ᠤ ᠰᠤᠳᠤᠯᠤᠯ ᠢ ᠣᠯᠠᠮ ᠨᠠᠷᠢᠨ ᠨᠢᠭᠳᠠ ᠰᠤᠳᠤᠯᠤᠨ ᠥᠢᠯᠡᠳᠭᠦ᠂ ᠭᠠᠳᠠᠭᠠᠳᠤ ᠭᠡᠯᠡ ᠰᠤᠷᠬᠤ᠂ ᠮᠤᠳᠤ ᠳᠠᠮᠤᠷ ᠤᠨ ᠳᠠᠷᠬᠠᠨ ᠤ ᠮᠡᠷᠭᠡᠵᠢᠯ ᠰᠤᠷᠤᠯᠴᠠᠬᠤ ᠵᠡᠷᠭᠡ ᠮᠠᠰᠢ ᠣᠯᠠᠨ ᠵᠣᠢ᠌ᠯ ᠢ ᠰᠤᠳᠤᠯᠤᠨ ᠰᠤᠷᠤᠯᠴᠠᠭᠰᠠᠨ ᠡᠴᠠ ᠴᠢᠷᠮᠠᠢ᠌ᠯᠠᠭ᠎ᠠ ᠭᠦᠮᠤᠨ ᠢ ᠭᠤᠮᠳᠠᠬᠤ ᠦᠭᠡᠶ ᠭᠡᠳᠡᠭ᠍ᠴᠢᠯᠡᠨ᠂ ᠭᠠᠭ᠎ᠠ ᠮᠢᠨᠢ ᠭᠦᠩᠱᠧ ᠶᠢᠨ ᠺᠢᠨᠤ᠋ ᠭᠠᠷᠭᠠᠬᠤ ᠠᠩᠭᠢ ᠳᠤ ᠰᠢᠯᠭᠠᠳᠠᠨ ᠣᠷᠤᠵᠤ᠂ ᠦᠪᠡᠷ ᠤᠨ ᠠᠪᠢᠶᠠᠰ ᠪᠢᠯᠢᠭ᠌ ᠶᠢᠡᠨ ᠭᠦᠢᠴᠡᠳ ᠪᠠᠳᠠᠷᠭᠤᠯᠤᠨ᠂ ᠺᠢᠨᠤ᠋ ᠮᠠᠰᠢᠨ ᠳᠤ ᠮᠠᠰᠢ ᠣᠯᠠᠨ ᠮᠡᠷᠭᠡᠵᠢᠯ ᠤᠨ ᠰᠢᠨᠠᠴᠢᠯᠠᠯᠳᠠ ᠭᠢᠭ᠍ᠰᠡᠨ ᠡᠴᠠ ᠭᠦᠯᠤᠨ ᠪᠣᠢ᠌ᠷ ᠠᠢ᠌ᠮᠠᠭ (ᠬᠤᠳᠠ) ᠊ᠤᠨ ᠺᠢᠨᠤ᠋ ᠭᠦᠩᠰᠧ ᠳᠤ ᠰᠢᠯᠵᠢᠨ ᠠᠵᠢᠯᠯᠠᠪᠠ᠃ ᠳᠠᠷᠠ ᠮᠠᠨᠢ ᠮᠡᠷᠭᠡᠵᠢᠯ ᠰᠤᠳᠤᠯᠠᠯ ᠤᠨ ᠵᠥᠭᠡᠷ ᠰᠢᠭ᠌ ᠣᠷᠴᠢᠨ ᠳᠤᠭᠤᠷᠢᠨ ᠲᠡᠶ ᠪᠣᠯᠵᠤ᠂ ᠺᠢᠨᠤ᠋ ᠪᠦᠰᠡ ᠳᠤ ᠮᠤᠩᠭ᠋ᠤᠯ ᠭᠢᠳᠠᠤᠨ ᠬᠤᠶᠠᠷ ᠭᠡᠯᠡ ᠤ ᠰᠢᠩᠭᠡᠭᠡᠯᠳᠡ ᠶᠢᠨ ᠬᠤᠤᠰ ᠵᠠᠮ ᠢ ᠡᠭᠦᠳᠤᠨ ᠪᠦᠳᠦᠭᠡᠵᠤ᠂ ᠪᠦᠭᠦ ᠣᠯᠤᠰ ᠳᠠᠶᠠᠭᠠᠷ ᠲᠤ ᠦᠭᠡᠶ ᠪᠠᠢ᠌ᠭᠰᠠᠨ ᠬᠤᠭᠤᠰᠤᠨ ᠣᠷᠤ ᠶᠢ ᠨᠥᠭᠦᠪᠦᠷᠢᠯᠡᠭ᠍ᠰᠡᠨ ᠡᠴᠠ᠂ ᠳᠤᠮᠳᠠᠳᠤ ᠣᠯᠤᠰ ᠤᠨ ᠰᠤᠶᠤᠯ ᠤᠨ ᠭᠡᠯᠳᠡᠰ ᠵᠡᠷᠭᠡ ᠶᠢᠨ ᠭᠦᠡᠳᠤ ᠱᠠᠩᠨᠠᠯ ᠭᠦᠭᠢᠭᠦᠯᠦᠯ ᠢ ᠭᠦᠷᠳᠡᠪᠡ᠃

ᠳᠠᠷᠠ ᠪᠠᠰᠠ 《ᠰᠡᠷᠢᠭᠦᠨ ᠪᠣᠯᠠᠭ ᠤᠨ ᠬᠠᠢ᠌ᠷ᠎ᠠ ᠬᠤᠷᠤᠰᠤᠯ》 (悲情布鲁克) 《ᠣᠤ ᠯᠢ ᠢᠯᠠᠨ》 (熬立伊兰) ᠭᠡᠭᠦ ᠵᠡᠷᠭᠡ ᠶᠢᠨ ᠺᠢᠨᠤ᠋ ᠶᠢ ᠣᠷᠴᠢᠭᠤᠯᠤᠨ ᠣᠢ᠌ᠯᠠᠳᠴᠤ᠂ ᠣᠯᠤᠰ ᠤᠨ ᠳᠠᠰ ᠤᠨ 《ᠠᠵᠢᠨᠢ ᠭᠦᠯᠦᠭ᠌》 ᠱᠠᠩᠨᠠᠯ ᠢ ᠭᠠᠷᠳᠠᠪᠠ᠃

ᠳᠠᠷᠠ ᠺᠢᠨᠤ᠋ ᠠᠩᠭᠢ ᠳᠤ ᠣᠷᠤᠭᠰᠠᠨ ᠤ ᠳᠠᠷᠠᠭ᠎ᠠ᠂ ᠶᠡᠭᠡ ᠰᠤᠷᠭᠠᠭᠤᠯᠢ ᠳᠤ ᠳᠠᠪᠰᠢᠨ ᠰᠤᠷᠤᠯᠴᠠᠬᠤ ᠲᠤᠬᠢᠶᠠᠯ ᠪᠠᠢ᠌ᠭᠰᠠᠨ ᠪᠣᠯᠪᠠᠴᠤ᠂ ᠠᠷᠤ ᠭᠡᠷ ᠶᠢᠡᠨ ᠪᠣᠳᠤᠯᠭᠢᠯᠠᠵᠤ ᠳᠡᠭᠦᠤ ᠨᠡᠷ ᠲᠠᠭᠠᠨ ᠢᠯᠡᠭᠦᠤ ᠵᠠᠮ ᠣᠯᠭᠤᠬᠤ ᠶᠢᠨ ᠲᠦᠯᠦᠭᠡ ᠶᠡᠭᠡ ᠰᠤᠷᠭᠠᠭᠤᠯᠢ ᠳᠤ ᠶᠠᠪᠣᠭᠰᠠᠨ ᠦᠭᠡᠶ ᠪᠢᠯᠠ᠃ ᠳᠠᠷᠠ᠂ ᠮᠢᠨᠤ ᠬᠠᠷᠬᠠᠨ ᠪᠠᠭ᠎ᠠ ᠡᠴᠠ ᠪᠠᠨ ᠰᠢᠷᠭᠠᠭᠤ ᠬᠠᠳᠠᠭᠤᠵᠢᠯᠳᠠᠢ ᠰᠤᠷᠤᠯᠴᠠᠳᠠᠭ ᠪᠦᠭᠡᠳ ᠨᠢᠭᠡ ᠶᠠᠭᠤᠮ᠎ᠠ ᠶᠢ ᠰᠤᠷᠤᠨ᠎ᠠ ᠭᠡᠵᠤ ᠵᠤᠷᠢᠭ ᠰᠢᠭᠤᠳᠪᠠᠯ᠂ ᠬᠣᠢ᠌ᠰᠢ ᠭᠡᠭᠦ ᠦᠭᠡᠶ ᠰᠢᠨᠤᠨ ᠣᠷᠤᠳᠠᠭ ᠦᠪᠡᠷᠮᠢᠴᠠ ᠣᠠᠴᠠᠯᠢᠭ ᠢ ᠦᠨᠳᠦᠰᠦᠯᠠᠨ᠂ ᠳᠤᠬᠠᠢ ᠶᠢᠨ ᠦᠶ᠎ᠡ ᠳᠤ ᠭᠡᠨ ᠴᠤ ᠠᠩᠬᠠᠷᠤᠯ ᠳᠠᠭᠠᠨ ᠠᠪᠣᠭᠰᠠᠨ ᠦᠭᠡᠶ ᠵᠣᠢ᠌ᠯ ᠤᠨ ᠨᠢᠭᠡ ᠨᠢ ᠪᠣᠯᠬᠤ ᠪᠠᠶᠠᠨ ᠬᠤᠭᠤᠷ ᠰᠤᠷᠭᠠᠵᠠᠢ᠃ ᠬᠤᠵᠢᠮ ᠬᠣᠢ᠌ᠰᠢᠳᠠ ᠡᠨᠡᠭᠦ ᠥᠭᠡᠷ᠎ᠡ ᠪᠣᠰᠤᠳ ᠤᠨ ᠦᠯᠤ ᠴᠢᠳᠠᠬᠤ ᠳᠤᠰᠬᠠᠢ ᠮᠡᠷᠭᠡᠵᠢᠯ ᠢ ᠰᠠᠢ᠌ᠳᠤᠷ ᠰᠤᠷᠪᠠᠯ᠂ ᠶᠠᠮᠠᠷᠴᠤ ᠠᠩᠭᠢ ᠶᠢᠨ ᠭᠠᠷᠤᠯ ᠭᠡᠷ ᠤᠨ ᠪᠦᠷᠢᠯᠳᠦᠭᠦᠨ ᠢ ᠪᠣᠳᠤᠯᠭᠢᠯᠠᠬᠤ ᠦᠭᠡᠶ ᠪᠠᠷ ᠠᠮᠠᠷᠬᠠᠨ ᠰᠤᠷᠭᠠᠭᠤᠯᠢ ᠳᠤ ᠪᠠ ᠣᠯᠠᠭᠠᠠᠮᠦ᠋ᠴᠢᠷ ᠵᠡᠷᠭᠡ ᠨᠢᠭᠡᠴᠡ ᠳᠤ ᠣᠷᠤᠬᠤ ᠪᠣᠯᠤᠴᠠᠭ᠎ᠠ ᠪᠠᠢ᠌ᠬᠤ ᠶᠢ ᠮᠠᠭᠠᠳᠯᠠᠵᠤ᠂ ᠨᠠᠮᠢ᠋ᠢ ᠪᠠᠶᠠᠨ ᠬᠤᠭᠤᠷ ᠰᠤᠷᠭᠠᠬᠤ ᠪᠠᠷ ᠪᠣᠯᠤᠭᠰᠠᠨ ᠶᠤᠮ᠃ ᠳᠡᠭᠡᠭᠡᠳ ᠠᠷᠠᠳ ᠤᠨ ᠵᠤᠭᠤᠰ ᠭᠤᠴᠢ ᠭᠠᠷᠤᠢ ᠳᠦᠭᠦᠷᠢᠭ᠌ ᠶᠢᠡᠷ ᠨᠢᠭᠡᠨ ᠡᠪᠳᠡᠷᠭᠦ ᠶᠢᠨ ᠲᠤᠢ᠌ᠯ ᠪᠣᠯᠤᠭᠰᠠᠨ ᠬᠠᠭᠤᠴᠢᠨ ᠪᠠᠶᠠᠨ ᠬᠤᠭᠤᠷ ᠬᠤᠳᠠᠯᠳᠤᠨ ᠠᠪᠴᠠᠢ᠃ ᠠᠬ᠎ᠠ ᠳᠡᠭᠦᠤ ᠪᠢᠳᠠᠨ ᠬᠤᠶᠠᠭᠤᠯᠠ᠂ ᠳᠡᠷᠡᠭᠦ ᠪᠠᠶᠠᠨ ᠬᠤᠭᠤᠷ ᠤᠨ ᠣᠨᠠᠵᠤ ᠰᠠᠯᠤᠭᠰᠠᠨ ᠡᠭᠡᠰᠢᠭ᠌ ᠤᠨ ᠭᠡᠯᠡ ᠶᠢ ᠠᠮᠠ ᠶᠢᠡᠷ ᠶᠢᠡᠨ ᠦᠯᠢᠶᠠᠨ ᠠᠶᠠᠰ ᠤᠨ ᠭᠦᠭ᠌ ᠢ ᠨᠢ ᠣᠯᠵᠤ᠂ ᠨᠠᠷᠢᠨ ᠬᠠᠳᠠᠭᠠᠰᠤ ᠪᠠ ᠯᠠ ᠪᠠᠷ ᠣᠭ ᠣᠷᠤᠨ ᠳ᠋ᠤᠨᠢ ᠳᠠᠭᠢᠨ ᠳᠤᠭᠳᠠᠭᠠᠵᠤ᠂ ᠬᠠᠭᠠᠷᠬᠠᠢ ᠭᠦᠭᠡᠷᠭᠡ ᠶᠢᠨ ᠠᠪᠳᠠᠷ᠎ᠠ ᠶᠢ ᠢᠮᠠᠭᠠᠨ ᠠᠷᠠᠰᠤ ᠪᠠᠷ ᠳᠠᠭᠢᠨ ᠰᠢᠨᠡᠳᠭᠡᠨ ᠭᠢᠵᠤ ᠰᠠᠯᠪᠢᠨ ᠵᠠᠰᠠᠭᠰᠠᠨ ᠡᠴᠠ᠂ ᠭᠦᠭ᠍ᠵᠢᠮᠳᠡᠵᠤ ᠪᠣᠯᠬᠤ ᠨᠢᠭᠡᠨ 《ᠰᠢᠨ᠎ᠠ》 ᠭᠦᠭ᠍ᠵᠢᠮ ᠪᠣᠯᠭᠠᠪᠠ᠃ ᠳᠡᠭᠡᠭᠡᠳ ᠭᠠᠭ᠎ᠠ ᠮᠠᠨᠢ ᠳᠦᠷᠤᠯ ᠤᠨ ᠨᠠᠭᠠᠴᠤ ᠶᠢ ᠱᠠᠩᠬᠠᠢ ᠬᠤᠳᠠᠨ᠎ᠠ ᠡᠪᠡᠳᠴᠢᠨ ᠵᠠᠰᠠᠭᠤᠯᠬᠤ ᠪᠠᠷ ᠬᠠᠮᠳᠤ ᠣᠴᠢᠭᠰᠠᠨ ᠳᠠᠭᠠᠨ᠂ ᠬᠠᠭᠤᠴᠢᠨ ᠨᠤᠮ ᠤᠨ ᠳᠡᠯᠭᠡᠭᠦᠷ ᠡᠴᠠ ᠨᠠᠳᠠᠳᠤ ᠮᠠᠰᠢ ᠣᠯᠠᠨ ᠪᠠᠶᠠᠨ ᠬᠤᠭᠤᠷ ᠰᠤᠷᠬᠤ ᠣᠨᠤᠯ ᠤᠨ ᠨᠤᠮ ᠪᠠ ᠨᠤᠲ᠋ ᠮᠠᠲ᠋ᠸᠷᠢᠶᠠᠯ ᠬᠤᠳᠠᠯᠳᠤᠨ ᠠᠪᠴᠠᠷᠠᠵᠤ ᠥᠭ᠍ᠴᠡᠢ᠃ ᠭᠠᠭ᠎ᠠ ᠮᠢᠨᠢ ᠨᠢᠭᠡ ᠳᠠᠯ᠎ᠠ ᠪᠠᠷ ᠨᠠᠳᠠᠳᠤ ᠭᠡᠷᠭᠢᠨ ᠭᠦᠭ᠍ᠵᠢᠮᠳᠡᠭᠦ ᠣᠨᠤᠯ ᠤᠨ ᠵᠢᠮ᠎ᠠ ᠶᠤᠰᠤ ᠶᠢ ᠨᠢ ᠶᠠᠷᠢᠵᠤ᠂ ᠨᠥᠭᠦᠭᠡ ᠳᠠᠯ᠎ᠠ ᠪᠠᠷ ᠦᠪᠡᠷ ᠶᠢᠡᠨ ᠬᠤᠶᠠᠷ ᠣᠳᠠᠰᠤ ᠲᠡᠶ ᠬᠤᠭᠤᠷ ᠳᠠᠳᠠᠵᠤ᠂ ᠨᠠᠳᠠ ᠲᠡᠶ ᠭᠦᠭ᠍ᠵᠢᠮ ᠨᠡᠢ᠌ᠯᠡᠭᠦᠯᠤᠨ ᠵᠠᠮ ᠳᠠᠭᠠᠭᠤᠯᠤᠭᠰᠠᠨ ᠶᠢᠡᠷ ᠬᠤᠵᠢᠮ ᠨᠢ ᠮᠢᠨᠤ ᠭᠦᠭ᠍ᠵᠢᠮᠴᠢᠨ ᠪᠣᠯᠤᠭᠰᠠᠨ ᠤ ᠠᠩᠬᠠᠨ ᠤ ᠪᠠᠭᠰᠢ ᠪᠣᠯᠵᠠᠢ᠃

ᠪᠢ ᠪᠠᠶᠠᠨ ᠬᠤᠭᠤᠷ ᠶᠢᠡᠨ ᠨᠠᠯᠢᠶᠠᠤᠨ ᠰᠠᠢ᠌ᠨ ᠰᠤᠷᠴᠤ᠂ ᠭᠠᠭ᠎ᠠ ᠲᠡᠶ ᠪᠠᠨ ᠭᠦᠭ᠌ ᠨᠡᠢ᠌ᠯᠡᠭᠦᠯᠤᠨ ᠭᠤᠶᠤ ᠰᠠᠢ᠌ᠬᠠᠨ ᠠᠶᠠᠰ ᠭᠦᠭ᠍ᠵᠢᠮᠳᠡᠭᠦ ᠳᠤ᠂ ᠠᠪᠣ ᠮᠢᠨᠢ ᠪᠠᠶᠠᠷᠯᠠᠬᠤ ᠳᠠᠭᠠᠨ᠄ 《ᠮᠢᠨᠤ ᠰᠢᠷ᠎ᠠ ᠭᠦᠤ ᠴᠤ ᠨᠢᠭᠡ ᠶᠠᠭᠤᠮ᠎ᠠ ᠪᠣᠯᠵᠠᠢ ᠳ᠋ᠠ᠂ ᠡᠳᠦᠷ ᠲᠡᠭᠡᠨ ᠠᠬ᠎ᠠ ᠲᠡᠶ ᠪᠠᠨ D ᠭᠦᠭ᠌᠂ A ᠭᠦᠭ᠌ ᠭᠡᠳ ᠭᠦᠮᠤᠨ ᠳᠤ ᠣᠢ᠌ᠯᠠᠭᠠᠭᠳᠠᠬᠤ ᠦᠭᠡᠶ ᠶᠠᠭᠤ ᠶᠠᠷᠢᠵᠤ ᠪᠠᠢ᠌ᠬᠤ ᠶᠢ ᠪᠣᠤ ᠮᠠᠳᠠ》 ᠭᠡᠵᠤ ᠡᠵᠢ ᠳᠤ ᠱᠤᠭ ᠭᠠᠷᠭᠠᠨ ᠶᠠᠷᠢᠵᠤ ᠰᠠᠭᠤᠨ᠎ᠠ᠃

ᠳᠡᠭᠡᠷ᠎ᠡ ᠵᠠᠭᠤᠨ ᠤ ᠳᠠᠯᠠᠭᠠᠤᠨ ᠣᠨ ᠤ ᠡᠭᠢᠨ ᠳᠤ᠂ ᠪᠢ ᠪᠠᠶᠠᠨ ᠬᠤᠭᠤᠷ ᠤᠨ ᠳᠤᠰᠬᠠᠢ ᠮᠡᠷᠭᠡᠵᠢᠯ ᠶᠢᠡᠷ ᠶᠢᠡᠨ ᠵᠠᠯᠠᠨ ᠠᠢ᠌ᠯ ᠤᠨ ᠪᠠᠭᠰᠢ ᠶᠢᠨ ᠳᠠᠭᠤᠤ ᠭᠦᠭ᠍ᠵᠢᠮ ᠤᠳᠬ᠎ᠠ ᠣᠷᠯᠢᠭ ᠤᠨ ᠠᠩᠭᠢ ᠳᠤ ᠵᠢᠱᠢᠶ᠎ᠠ ᠶᠢᠨ ᠭᠠᠳᠠᠭᠤᠷ ᠣᠠᠴᠠᠭᠠᠢ ᠰᠤᠷᠤᠭᠴᠢ ᠪᠠᠷ ᠰᠢᠯᠠᠭᠠᠨ ᠣᠷᠤᠭᠰᠠᠨ ᠨᠢ ᠮᠠᠨ ᠤ ᠭᠠᠭ᠎ᠠ ᠶᠢᠨ ᠳᠤᠬᠠᠢ ᠶᠢᠨ ᠦᠶ᠎ᠡ ᠶᠢᠨ ᠮᠠᠭᠠᠳᠯᠠᠯᠳᠠ ᠨᠢ ᠪᠦᠷᠢᠨ ᠵᠦᠪ ᠭᠡᠭ᠍ᠰᠡᠨ ᠢ ᠭᠡᠷᠡᠴᠢᠯᠡᠪᠡ᠃ ᠳᠡᠭᠡᠭᠡᠳ ᠮᠠᠨ ᠤ ᠭᠠᠯᠳᠠᠨ ᠠᠬ᠎ᠠ ᠴᠢᠷᠮᠠᠢ᠌ᠵᠤ ᠪᠠᠢ᠌ᠭᠠᠤᠨ᠂ ᠦᠬᠢᠨ ᠳᠡᠭᠦᠤ ᠢᠰᠢᠡᠴᠡᠴᠡᠭ᠌᠂ ᠢᠰᠢᠨᠭᠡᠷᠡᠯ ᠨᠡᠷ ᠢ ᠰᠤᠷᠭᠠᠭᠤᠯᠢ ᠳᠤ ᠣᠷᠤᠭᠤᠯᠵᠤ᠂ ᠬᠣᠢ᠌ᠰᠢᠳᠠ ᠶᠢᠨ ᠳᠠᠷᠳᠠᠩ ᠵᠠᠮ ᠢ ᠨᠢ ᠣᠯᠵᠤ ᠥᠭ᠍ᠪᠡ᠃

ᠮᠠᠨ ᠤ ᠭᠢ ᠳᠤᠭᠳᠠᠭᠰᠠᠨ ᠣᠷᠤᠨ ᠰᠠᠭᠤᠴᠠ ᠭᠡᠷ ᠪᠠᠢ᠌ᠰᠢᠩ ᠭᠡᠵᠤ ᠪᠠᠢ᠌ᠭᠰᠠᠨ ᠦᠭᠡᠶ᠂ ᠵᠢᠯ ᠤᠨ ᠳᠦᠷᠪᠠᠨ ᠣᠯᠠᠷᠢᠯ ᠵᠥᠪᠭᠡᠨ ᠦᠷᠭᠦᠭᠡ ᠭᠡᠷ (ᠮᠤᠩᠭ᠋ᠤᠯ ᠭᠡᠷ ᠤᠨ ᠥᠭᠡᠯᠡᠳ ᠨᠠᠷᠠᠢ᠌ᠳᠤᠯ) ᠲᠡᠭᠡᠨ ᠯᠠ ᠰᠠᠭᠤᠳᠠᠭ ᠪᠠᠢ᠌ᠪᠠ᠃ ᠡᠪᠦᠯ ᠤᠨ ᠭᠦᠢᠳᠡᠨ ᠳᠤ ᠦᠷᠭᠦᠭᠡ ᠭᠡᠷ ᠬᠠᠯᠠᠭᠤᠨ ᠬᠠᠠᠵᠤ ᠦᠭᠡᠶ ᠪᠣᠯᠬᠤᠷ᠂ ᠨᠠᠰᠤ ᠶᠠᠪᠣᠵᠤ ᠡᠪᠡᠳᠴᠢᠨ ᠬᠠᠭᠤᠴᠢ ᠲᠡᠶ ᠠᠪᠣ ᠡᠵᠢ ᠮᠢᠨᠢ ᠣᠠᠳᠠᠵᠤ ᠭᠡᠪᠳᠡᠭᠦ ᠳᠡᠭᠡᠨ ᠶᠡᠭᠡ ᠯᠠ ᠭᠦᠴᠢᠷᠳᠡᠳᠡᠭ᠌ ᠪᠠᠢ᠌ᠪᠠ᠃

ᠳᠤᠠᠬᠠᠢ ᠶᠢᠨ ᠦᠶ᠎ᠡ ᠳᠤ ᠪᠠᠢ᠌ᠰᠢᠩ ᠭᠡᠷ ᠪᠠᠷᠢᠬᠤ ᠭᠡᠳᠡᠭ᠌ ᠨᠢ ᠳᠠᠢ᠌ᠮᠤ ᠠᠮᠠᠷᠠᠬᠠᠨ ᠶᠠᠪᠣᠳᠠᠯ ᠪᠢᠰᠢ ᠪᠠᠢ᠌ᠪᠠ᠃ ᠦᠨᠢᠷ ᠪᠠᠶᠠᠨ ᠡᠷᠦᠭᠡ ᠰᠠ‍‌ᠶᠢ ᠮᠠᠯ ᠣᠨᠤᠭ᠎ᠠ ᠪᠠᠨ ᠬᠤᠳᠠᠯᠳᠤᠨ᠂ ᠣᠯᠤᠭᠰᠠᠨ ᠮᠥᠩᠭᠦ ᠵᠤᠭᠤᠰ ᠶᠢᠡᠷ ᠶᠢᠡᠨ ᠭᠠᠳᠠᠨ᠎ᠠ ᠡᠴᠠ ᠭᠡᠷ ᠪᠠᠷᠢᠬᠤ ᠮᠡᠷᠭᠡᠵᠢᠯᠳᠡᠨ ᠵᠠᠯᠠᠵᠤ᠂ ᠰᠢᠪᠠᠷᠴᠢᠨ ᠭᠦᠯᠦᠰᠦᠯᠡᠨ ᠪᠠᠢ᠌ᠰᠢᠩ ᠭᠡᠷ ᠪᠠᠷᠢᠭᠤᠯᠳᠠᠭ ᠪᠠᠢ᠌ᠭᠰᠠᠨ ᠰᠠᠨ᠃

ᠮᠢᠨᠤ ᠴᠡᠭᠡᠵᠢᠯᠡᠵᠤ ᠪᠠᠢ᠌ᠬᠤ ᠪᠠᠷ᠂ ᠨᠠᠮᠢ᠋ᠢ ᠰᠡᠭᠡᠭᠡᠳᠡᠨ ᠶᠢᠡᠷ ᠨᠤᠳᠤᠭ ᠲᠠᠭᠠᠨ ᠪᠣᠴᠠᠭᠰᠠᠨ ᠳᠠᠷᠠ ᠵᠢᠯ᠂ ᠳᠠᠷᠤᠢ 1968 ᠣᠨ ᠳᠤ ᠦᠷᠯᠦᠭᠡ ᠶᠢᠨ ᠴᠠᠢ ᠳᠡᠭᠡᠷ᠎ᠡ ᠭᠠᠯᠳᠠᠨ ᠠᠬ᠎ᠠ ᠥᠪᠠᠷᠳᠡᠭᠡᠨ ᠨᠢᠭᠡ ᠭᠡᠷ ᠪᠠᠷᠢᠶ᠎ᠠ ᠭᠡᠭᠦ ᠳᠤ ᠦᠷᠭᠦᠭᠡ ᠭᠡᠷ ᠤᠨ ᠬᠣᠢ᠌ᠮᠠᠷ ᠲᠤ ᠴᠠᠢ ᠣᠤᠭᠤᠵᠤ ᠪᠠᠢ᠌ᠭᠰᠠᠨ ᠠᠪᠣ ᠴᠠᠢ ᠪᠠᠨ ᠭᠡᠳᠦᠡᠳᠡ ᠠᠮᠠᠳᠠᠷᠬᠠᠨ ᠪᠠᠯᠭᠤᠭᠠᠤᠨ᠂ ᠪᠢᠳᠠ ᠪᠦᠭᠦᠨ ᠢ ᠰᠢᠷᠳᠠᠵᠤ᠄ 《ᠵᠦᠪ ᠰᠠᠨᠠᠭ᠎ᠠ᠂ ᠰᠠᠢ᠌ᠨ ᠣᠴᠢᠷ ᠁ ᠭᠡᠪᠡᠴᠤ ᠭᠡᠷ ᠪᠠᠷᠢᠬᠤ ᠳᠤ᠂ ᠨᠢᠭᠡ ᠳᠤ ᠵᠤᠭᠤᠰ ᠮᠥᠩᠭᠦ ᠭᠡᠷᠡᠭ᠍ᠳᠡᠢ᠂ ᠬᠤᠶᠠᠷ ᠲᠤ ᠥᠪᠠᠷᠳᠡᠭᠡᠨ ᠪᠠᠷᠢᠬᠤ ᠳᠤ ᠵᠤᠭᠤᠰ ᠪᠠ ᠭᠡᠷ ᠪᠠᠷᠢᠬᠤ ᠮᠤᠳᠤ ᠰᠢᠪᠠᠷ ᠤᠨ ᠮᠡᠷᠭᠡᠵᠢᠯ ᠪᠠᠢ᠌ᠬᠤ ᠭᠡᠷᠡᠭ᠍ᠳᠡᠢ᠃》 ᠭᠡᠭᠦ ᠳᠤ ᠮᠠᠨ ᠤ ᠭᠠᠯᠳᠠᠨ ᠠᠬ᠎ᠠ᠄ 《ᠨᠠᠳᠠᠳᠤ ᠠᠷᠭ᠎ᠠ ᠪᠠᠢ᠌ᠨ᠎ᠠ᠃ ᠳᠠ ᠪᠦᠭᠦᠨ ᠮᠢᠨᠤ ᠰᠠᠨᠠᠯ ᠢ ᠰᠤᠨᠤᠰᠴᠤ ᠪᠦᠭᠦᠳᠡᠭᠡᠷ ᠶᠢᠡᠨ ᠴᠠᠷᠮᠠᠢ᠌ᠪᠠᠯ᠂ ᠳᠠᠷᠠᠭ᠎ᠠ ᠵᠢᠯ ᠤᠨ ᠡᠪᠦᠯ ᠡᠴᠡ ᠠᠵᠠ ᠮᠥᠮᠥ ᠳᠠ ᠬᠤᠶᠠᠷ ᠰᠢᠨ᠎ᠠ ᠪᠠᠢ᠌ᠰᠢᠩ ᠤᠨ ᠬᠠᠯᠠᠭᠤᠨ ᠬᠠᠠᠵᠤ ᠳᠡᠭᠡᠷ᠎ᠡ ᠬᠠᠭᠢᠷ ᠡᠪᠦᠯ ᠢ ᠳᠤᠭᠤᠯᠵᠤ᠂ ᠦᠨᠦᠳᠤᠷ ᠤᠨ ᠰᠢᠭ᠌ ᠦᠷᠭᠦᠭᠡ ᠭᠡᠷ ᠤᠨ ᠭᠦᠢᠳᠡᠨ ᠮᠤᠳᠤᠨ ᠬᠠᠪᠳᠠᠰᠤᠨ ᠳᠡᠭᠡᠷ᠎ᠡ ᠭᠡᠪᠳᠡᠭᠦ ᠦᠭᠡᠶ ᠪᠣᠯᠤᠨ᠎ᠠ》 ᠭᠡᠵᠤ ᠣᠮᠤᠭ ᠳᠡᠭᠦᠯᠳᠡᠷ ᠶᠠᠷᠢᠬᠤ ᠳᠤ᠂ ᠵᠤᠤᠬ᠎ᠠ ᠶᠢᠨ ᠬᠠᠵᠠᠭᠤ ᠳᠤ ᠳᠠᠭᠤ ᠦᠭᠡᠶ ᠰᠠᠭᠤᠵᠤ ᠪᠠᠢ᠌ᠭᠰᠠᠨ ᠡᠵᠢ ᠶᠢᠨ ᠮᠢᠨᠢ ᠮᠠᠩᠨᠠᠢ ᠳᠤ ᠪᠠᠶᠠᠷ ᠵᠢᠷᠭᠠᠯ ᠤᠨ ᠮᠦᠰᠢᠶᠠᠳᠤ ᠳᠦᠭᠦᠷᠡᠩ ᠬᠠᠷᠠᠭᠳᠠᠨ᠎ᠠ᠃

ᠭᠠᠯᠳᠠᠨ ᠠᠬ᠎ᠠ ᠪᠢᠳᠠᠨ ᠢ ᠳᠠᠭᠠᠭᠤᠯᠤᠨ᠂ ᠰᠢᠪᠠᠷ ᠨᠤᠬᠤᠬᠤ ᠳᠣᠢ᠌ᠹᠢ (ᠳᠦᠭᠦᠭᠡᠢ ᠳᠤᠭᠤᠰᠠᠬ᠎ᠠ) ᠳᠠᠷᠤᠬᠤ᠂ ᠮᠤᠳᠤ ᠴᠢᠯᠠᠭᠤ ᠴᠤᠭᠯᠠᠭᠤᠯᠵᠤ᠂ ᠦᠪᠠᠰᠤᠪᠠᠨ ᠫᠢᠰᠢᠩ᠂ ᠬᠠᠠᠵᠤ ᠵᠡᠷᠭᠡ ᠠᠵᠢᠯ ᠢ ᠭᠤᠤᠯᠳᠠᠵᠤ᠂ ᠨᠠᠳᠠ ᠳᠤ ᠮᠤᠳᠤᠨ ᠭᠡᠷᠡᠭ᠍ᠰᠡᠯ ᠤᠨ ᠪᠦᠭᠦᠢ ᠠᠵᠢᠯ ᠢ ᠳᠠᠷᠬᠠᠯᠠᠪᠠ᠃ ᠳᠡᠭᠡᠭᠡᠳ᠂ ᠬᠤᠶᠠᠷ ᠰᠠᠷ᠎ᠠ ᠵᠠᠪᠳᠤᠭᠤ ᠭᠤᠭᠤᠴᠠᠭᠠᠨ ᠳᠤ 8 ᠮᠸᠲ᠋ᠷ ᠦᠷᠭᠡᠨ 9 ᠮᠸᠲ᠋ᠷ ᠣᠷᠳᠤ 4 ᠮᠸᠲ᠋ᠷ ᠦᠨᠳᠦᠷ᠂ ᠭᠤᠶᠤ ᠰᠠᠢ᠌ᠬᠠᠨ ᠴᠤᠩᠬᠤ ᠡᠭᠦᠳᠡ ᠲᠡᠶ᠂ ᠫᠢᠰᠢᠩ ᠬᠠᠠᠵᠤ ᠪᠦᠷᠢᠨ ᠳᠦᠭᠦᠷ ᠨᠢᠭᠡᠨ ᠴᠤ᠋ ᠰᠢᠨ᠎ᠠ ᠪᠠᠢ᠌ᠰᠢᠩ ᠭᠡᠷ ᠠᠭᠣᠢ᠌ᠳᠤ ᠭᠠᠴᠠᠭ᠎ᠠ ᠶᠢᠨ 《ᠠᠯᠳᠠᠨ ᠣᠳᠤᠨ》 ᠡᠪᠦᠯᠵᠢᠶᠡᠨ ᠳᠤ ᠰᠦᠨᠳᠠᠷᠯᠠᠨ ᠪᠣᠰᠪᠠ᠃

ᠡᠨᠡᠭᠦ ᠴᠤ᠋ ᠰᠢᠨ᠎ᠠ ᠪᠠᠢ᠌ᠰᠢᠩ ᠭᠡᠷ ᠤᠨ ᠪᠣᠰᠤᠭᠰᠠᠨ ᠨᠢ ᠭᠠᠭ᠎ᠠ ᠶᠢᠨ ᠳᠤᠬᠠᠢ ᠶᠢᠨ ᠦᠶ᠎ᠡ ᠳᠤ ᠭᠡᠯᠡᠭ᠍ᠰᠡᠨ ᠥᠭᠡ ᠨᠢ ᠪᠠᠶᠡᠯᠡᠭ᠍ᠳᠡᠵᠤ᠂ ᠠᠪᠣ ᠡᠵᠢ ᠮᠢᠨᠢ ᠰᠠᠷᠠᠭᠤᠯ ᠳᠤᠯᠠᠭᠠᠨ ᠪᠠᠢ᠌ᠰᠢᠩ ᠭᠡᠷ ᠲᠤ ᠰᠠᠭᠤᠵᠤ᠂ ᠦᠷᠭᠦᠭᠡ ᠭᠡᠷ ᠤᠨ ᠳᠡᠷᠡᠭᠦ ᠭᠦᠢᠳᠡᠨ ᠮᠤᠳᠤᠨ ᠣᠷᠤ ᠡᠴᠠ ᠬᠠᠯᠠᠭᠤᠨ ᠳᠤᠯᠠᠭᠠᠨ ᠫᠢᠰᠢᠩ ᠬᠠᠠᠵᠤ ᠳᠤ ᠰᠢᠯᠵᠢᠪᠠ᠃ ᠡᠨᠡ ᠨᠢ ᠮᠦᠨᠴᠤ ᠮᠠᠨ ᠤ ᠭᠠᠭ᠎ᠠ ᠶᠢᠨ ᠨᠠᠷᠢᠨ ᠲᠦᠰᠤᠪᠯᠠᠵᠤ ᠰᠦᠰᠦ ᠵᠤᠷᠢᠭ ᠲᠡᠶ ᠠᠵᠢᠯᠯᠠᠭᠰᠠᠨ ᠤ ᠭᠠᠪᠢᠶ᠎ᠠ ᠵᠢᠳᠭᠦᠯ ᠪᠣᠯᠤᠨ᠎ᠠ᠃

ᠪᠢᠳᠠᠨ ᠪᠠᠰᠠ ᠳᠡᠭᠦᠨ ᠤ ᠣᠬᠠᠭᠠᠨ ᠶᠢᠡᠷ᠂ ᠡᠵᠢ ᠪᠠᠨ ᠳᠠᠭᠠᠭᠤᠯᠤᠨ ᠰᠢᠯᠢᠨ ᠭᠤᠤᠯ ᠳᠤ ᠪᠠᠢ᠌ᠭ᠎ᠠ ᠬᠤᠷᠢ ᠭᠠᠷᠤᠢ ᠵᠢᠯ ᠣᠴᠠᠷᠠᠭ᠎ᠠ ᠦᠭᠡᠶ ᠳᠦᠷᠦᠭ᠍ᠰᠡᠨ ᠠᠬ᠎ᠠ (ᠮᠠᠨ ᠤ ᠭᠡᠯᠢᠭ᠍ᠵᠡᠯᠰᠡᠨ ᠨᠠᠭᠠᠴᠤ) ᠲᠡᠶ ᠨᠢ ᠠᠭᠤᠯᠵᠠᠭᠤᠯᠬᠤ᠂ ᠠᠪᠣ ᠡᠵᠢ ᠪᠠᠨ ᠬᠠᠷᠪᠢᠨ᠂ ᠳᠠᠶᠠᠠᠵᠢᠨ᠂ ᠪᠠᠭᠡᠵᠢᠩ᠂ ᠱᠠᠩᠬᠠᠢ ᠵᠡᠷᠭᠡ ᠶᠡᠭᠡ ᠬᠤᠳᠠ ᠪᠠᠷ ᠡᠪᠡᠳᠴᠢᠨ ᠦᠵᠡᠭᠦᠯᠭᠦ ᠪᠠ ᠳᠤᠭᠤᠷᠢᠭᠤᠯᠬᠤ ᠭᠡᠭᠦ ᠮᠠᠳᠤ ᠶᠢᠨ ᠠᠪᠣ ᠡᠵᠢ ᠶᠢᠨ ᠠᠴᠢ ᠶᠢ ᠬᠠᠷᠢᠭᠤᠯᠬᠤ ᠰᠠᠨᠠᠭ᠎ᠠ ᠪᠠᠨ ᠭᠦᠢᠴᠡᠳᠭᠡᠭ᠍ᠰᠡᠨ ᠪᠢᠯᠠ᠃ ᠡᠳᠡᠭᠡᠷ ᠢ ᠡᠷᠭᠢᠴᠡᠭᠦᠯᠤᠨ ᠪᠣᠳᠤᠪᠠᠯ᠂ ᠳᠤᠬᠠᠢ ᠶᠢᠨ ᠦᠶ᠎ᠡ 《ᠰᠤᠶᠤᠯ ᠤᠨ ᠬᠤᠪᠢᠰᠬᠠᠯ》 ᠊ᠤᠨ ᠰᠠᠮᠠᠭᠤᠨ ᠴᠠᠭ ᠲᠤ ᠮᠠᠨ ᠤ ᠰᠢᠭ 《ᠴᠢᠳᠭᠦᠷ》 ᠊ᠤᠨ ᠭᠡᠷ ᠪᠦᠯᠢ ᠳᠤ ᠠᠪᠴᠤ ᠭᠡᠯᠡᠪᠠᠯ ᠭᠦᠴᠢᠷ ᠲᠡᠶ ᠮᠦᠷᠳᠡᠭᠡᠨ ᠰᠠᠭᠠᠤᠨ ᠳᠤᠳᠬᠠᠷ ᠶᠡᠭᠡ ᠪᠠᠢ᠌ᠭᠰᠠᠨ ᠪᠢᠯᠠ᠃ ᠭᠡᠪᠴᠤ ᠭᠠᠭ᠎ᠠ ᠶᠢᠨ ᠣᠬᠠᠭᠠᠨ᠂ ᠪᠢᠳᠠ ᠪᠦᠭᠦᠨ ᠤ ᠰᠡᠳᠭᠢᠯ ᠨᠢᠭᠡᠳᠡᠢ ᠴᠠᠷᠮᠠᠢ᠌ᠭᠰᠠᠨ ᠤ ᠦᠷ᠎ᠡ ᠳ᠋ᠦ᠋ᠩ ᠳᠤ ᠳᠡᠳᠡᠭᠡᠷ ᠰᠠᠭᠠᠤᠨ ᠳᠤᠳᠬᠠᠷ ᠪᠦᠭᠦᠨ ᠢᠯᠠᠭᠳᠠᠵᠤ᠂ ᠰᠠᠢ᠌ᠨ ᠰᠠᠢ᠌ᠬᠠᠨ ᠭᠦᠰᠡᠯ᠂ ᠪᠦᠳᠦᠭᠡᠯ ᠰᠠᠨᠠᠭᠠᠨ ᠤ ᠶᠤᠰᠤ ᠪᠠᠷ ᠪᠠᠶᠡᠯᠡᠭ᠍ᠳᠡᠭ᠍ᠰᠡᠨ ᠨᠢ᠂ ᠡᠳᠦᠭᠡ ᠳᠤᠷᠠᠰᠠᠬᠤᠶ᠎ᠠ ᠰᠡᠳᠭᠢᠯ ᠳᠤ ᠳᠠᠭᠠᠯᠠᠮᠵᠢᠳᠠᠢ ᠳᠤᠷᠠᠳᠬᠠᠯ ᠪᠣᠯᠪᠠ᠃

ᠭᠠᠯᠳᠠᠨ ᠭᠤᠸᠠᠢ᠂ ᠪᠠᠭ᠎ᠠ ᠡᠴᠠ ᠪᠠᠨ ᠰᠠᠴᠠᠨ ᠰᠡᠷᠭᠦᠯᠡᠩ ᠪᠦᠭᠡᠳ ᠮᠡᠳᠡᠯᠭᠡ ᠶᠢᠨ ᠭᠦᠷᠢᠶ᠎ᠡ ᠭᠡᠪᠴᠢᠶ᠎ᠡ ᠪᠠᠨ ᠦᠷᠭᠡᠳᠭᠡᠨ ᠰᠢᠨ᠎ᠠ ᠶᠢ ᠡᠭᠦᠳᠤᠨ ᠪᠦᠳᠦᠭᠡᠭᠦ ᠪᠠᠷ ᠦᠷᠭᠦᠯᠵᠢ ᠮᠡᠷᠭᠡᠵᠢᠯ ᠤᠨ ᠰᠤᠳᠤᠯᠤᠯᠳᠠ ᠭᠢᠳᠡᠭ᠌ ᠨᠢ ᠳᠡᠭᠦᠨ ᠤ ᠳᠦᠷᠤᠯᠭᠢ ᠵᠠᠩ ᠮᠦᠷᠳᠡᠭᠡᠨ ᠠᠪᠢᠶᠠᠰ ᠪᠢᠯᠢᠭ᠌ ᠪᠣᠯᠤᠨ᠎ᠠ᠃ ᠳᠠᠷᠠ ᠳᠡᠭᠡᠷ᠎ᠡ ᠵᠠᠭᠤᠨ ᠤ ᠵᠢᠷᠠᠭᠠᠤᠨ ᠣᠨ ᠳᠤ ᠬᠠᠢ᠌ᠯᠠᠷ ᠳᠠᠭᠢ ᠨᠢᠭᠡᠳᠦᠭᠡᠷ ᠳᠤᠮᠳᠠᠳᠤ ᠰᠤᠷᠭᠠᠭᠤᠯᠢ ᠳᠤ ᠰᠤᠷᠤᠯᠭ᠎ᠠ ᠶᠢᠨ ᠭᠡᠷᠢ ᠪᠦᠳᠦᠮᠵᠢ ᠪᠠᠷ ᠶᠢᠡᠨ ᠪᠦᠭᠦ ᠠᠩᠭᠢ ᠳᠠᠭᠠᠨ ᠳᠡᠷᠢᠭᠦᠯᠡᠵᠤ᠂ ᠪᠠᠷᠠᠭᠤᠨ ᠧᠦ᠋ᠷᠦᠫᠠ ᠶᠢᠨ ᠳᠤᠭᠤᠷᠢᠨ ᠦᠵᠡᠭᠦ ᠪᠦᠯᠭᠦᠮ ᠤᠨ ᠳᠤᠷᠠᠰᠬᠠᠯ ᠤᠨ ᠮᠸᠲ᠋ᠠᠯ ᠭᠠᠷᠳᠠᠪᠠ᠃ ᠡᠭᠦᠨ ᠤ ᠬᠠᠮᠳᠤ 《ᠨᠢ᠋ᠮᠠᠨ ᠬᠤᠭᠤᠯᠠᠢ ᠳᠦᠷᠪᠠᠨ ᠳᠤᠯᠭᠢᠶᠠᠨ ᠰᠤᠯᠢᠭᠴᠢ ᠲᠡᠶ》 ᠷᠠᠳᠢᠤ᠋ ᠣᠭᠰᠠᠷᠠᠨ ᠪᠦᠳᠦᠭᠡᠵᠤ ᠰᠤᠷᠭᠠᠭᠤᠯᠢ ᠳᠠᠶᠠᠭᠠᠷ ᠨᠠᠷ᠎ᠠ ᠠᠯᠳᠠᠷᠰᠢᠪᠠ᠃

ᠳᠠᠯᠠᠭᠠᠤᠨ ᠣᠨ ᠤ ᠦᠶ᠎ᠡ ᠳᠤ ᠳᠠᠷᠠ᠂ ᠺᠢᠨᠤ᠋ ᠭᠠᠷᠭᠠᠬᠤ ᠮᠠᠰᠢᠨ ᠳᠤ ᠮᠡᠷᠭᠡᠵᠢᠯ ᠤᠨ ᠰᠢᠨᠠᠴᠢᠯᠠᠯᠳᠠ ᠭᠢᠵᠤ᠂ ᠨᠢᠭᠡ ᠺᠢᠨᠤ᠋ ᠪᠦᠰᠡ ᠳᠤ ᠮᠤᠩᠭ᠋ᠤᠯ ᠭᠢᠳᠠᠤᠨ ᠬᠤᠶᠠᠷ ᠭᠡᠯᠡ ᠪᠠᠷ ᠰᠢᠩᠭᠡᠭᠡᠯᠳᠡ ᠭᠢᠵᠤ ᠴᠢᠳᠠᠬᠤ ᠮᠡᠷᠭᠡᠵᠢᠯ ᠤᠨ ᠡᠭᠦᠳᠤᠨ ᠪᠦᠳᠦᠭᠡᠯ ᠭᠠᠷᠭᠠᠵᠤ ᠣᠯᠤᠰ ᠣᠷᠤᠨ ᠤ ᠭᠦᠡᠳᠤ ᠱᠠᠩᠨᠠᠯ ᠢ ᠭᠦᠷᠳᠡᠪᠡ᠃ ᠡᠭᠦᠨ ᠤ ᠬᠠᠮᠳᠤ ᠥᠪᠠᠷᠳᠡᠭᠡᠨ ᠳᠸᠯᠸᠢᠰ ᠣᠭᠰᠠᠷᠠᠨ ᠣᠢ᠌ᠯᠠᠳᠤᠪᠠ᠃

ᠳᠠᠷᠠ ᠪᠠᠰᠠ ᠳᠡᠭᠡᠷ᠎ᠡ ᠵᠠᠭᠤᠨ ᠤ ᠨᠠᠶᠠᠭᠠᠤᠨ ᠣᠨ ᠤ ᠦᠶ᠎ᠡ ᠳᠤ ᠡᠯᠸᠺᠲ᠋ᠷᠤᠨ ᠭᠦᠭ᠍ᠵᠢᠮ ᠵᠢᠷᠤᠭᠯᠠᠨ ᠲᠦᠰᠤᠪᠯᠠᠵᠤ᠂ ᠤᠭᠰᠠᠡᠷᠡᠵᠤ᠂ ᠡᠷᠭᠢᠯᠡᠭ᠍ᠰᠡᠨ ᠨᠢᠭᠡᠴᠢ 《ᠳᠤᠮᠳᠠᠳᠤ ᠣᠯᠤᠰ ᠤᠨ ᠡᠯᠸᠺᠲ᠋ᠷᠤᠨ ᠰᠤᠨᠢᠨ》᠊ᠤ ᠭᠤᠷᠪᠠᠳᠤᠭᠠᠷ ᠳᠠᠰ ᠤᠨ ᠱᠠᠩᠨᠠᠯ ᠣᠯᠪᠠ᠃ ᠳᠡᠭᠡᠭᠡᠳ᠂ ᠬᠠᠮᠢᠶ᠎ᠠ ᠪᠦᠭᠦᠢ ᠮᠡᠷᠭᠡᠵᠢᠯ ᠤᠨ ᠰᠢᠯᠭᠠᠯᠳᠠ ᠪᠠ ᠭᠠᠳᠠᠭᠠᠳᠤ ᠭᠡᠯᠡᠨ ᠤ ᠰᠢᠯᠭᠠᠯᠳᠠ ᠳᠤ ᠭᠢᠷᠢ ᠳᠠᠩᠴᠠᠨ᠂ ᠺᠢᠨᠤ᠋ ᠮᠡᠷᠭᠡᠵᠢᠯ ᠤᠨ ᠦᠨᠳᠦᠷ ᠵᠡᠷᠭᠡ ᠶᠢᠨ ᠢᠨᠵᠧᠨᠧᠷ ᠤᠨ ᠴᠤᠯᠠ ᠭᠦᠷᠳᠡᠪᠡ᠃

ᠬᠠᠢ᠌ᠷᠬᠠᠨ ᠠᠭᠤᠯᠠ ᠶᠢ ᠴᠠᠰᠤ ᠳᠠᠷᠤᠵᠤ᠂ ᠬᠠᠢ᠌ᠷᠠᠨ ᠪᠠᠶ᠎ᠠ ᠶᠢ ᠨᠠᠰᠤ ᠳᠠᠷᠤᠨ᠎ᠠ ᠭᠡᠳᠡᠭ᠍ᠴᠢᠯᠡᠨ᠂ ᠣᠳᠤ ᠭᠠᠭ᠎ᠠ ᠮᠢᠨᠢ ᠨᠠᠰᠤᠨ ᠠᠮᠠᠷᠠᠯᠳᠠ ᠪᠠᠨ ᠠᠪᠣᠭᠠᠤᠨ ᠠᠯᠪᠠᠨ ᠠᠵᠢᠯ ᠭᠢᠵᠤ ᠦᠭᠡᠶ ᠪᠣᠯᠪᠠᠴᠤ᠂ ᠣᠯᠠᠮ ᠴᠤ ᠶᠠᠭᠠᠷᠠᠬᠤ ᠪᠣᠯᠵᠤ᠂ ᠺᠤᠮᠫᠢᠦ᠋ᠲ᠋ᠸᠷ ᠣᠭᠰᠠᠷᠠᠬᠤ᠂ ᠳᠡᠦᠭᠡ ᠰᠤᠶᠤᠯ (ᠥᠭᠡᠯᠡᠳ ᠤᠨ ᠳᠡᠦᠭᠡ ᠰᠤᠶᠤᠯ) ᠰᠤᠳᠤᠯᠬᠤ᠂ ᠷᠤᠮ ᠨᠤᠮ ᠪᠢᠴᠢᠭᠦ ᠪᠠ 《ᠳᠠᠯ᠎ᠠ ᠤᠨ ᠪᠦᠷᠭᠦᠤᠨ ᠰᠦᠯᠵᠢᠶᠠᠨ》 ᠳᠡᠭᠡᠷ᠎ᠡ ᠵᠤᠬᠢᠶᠠᠯ ᠳᠠᠭᠤᠤ ᠨᠡᠢ᠌ᠳᠡᠯᠡᠭᠦ ᠵᠡᠷᠭᠡ ᠠᠵᠢᠯ ᠳᠤ ᠡᠳᠦᠷ ᠰᠦᠨᠢ ᠦᠭᠡᠶ ᠮᠤᠩᠭᠢᠨᠠᠵᠤ ᠪᠣᠢ᠃

ᠳᠠᠷᠠ ᠣᠯᠤᠰ ᠤᠨ ᠳᠤᠳᠤᠭᠠᠳᠤ ᠭᠠᠳᠠᠭᠠᠳᠤ ᠶᠢᠨ ᠰᠤᠨᠢᠨ ᠰᠡᠳᠭᠦᠯ ᠳᠡᠭᠡᠷ᠎ᠡ ᠮᠠᠰᠢ ᠣᠯᠠᠨ ᠰᠤᠳᠤᠯᠬᠤ ᠦᠨ᠎ᠡ ᠦᠷᠳᠡᠭ᠌ ᠲᠡᠶ ᠡᠷᠳᠡᠮ ᠰᠢᠡᠵᠢᠯᠡᠭᠡᠨ ᠤ ᠥᠭᠦᠯᠡᠯ᠂ ᠥᠭᠡᠯᠡᠳ ᠤᠨ ᠳᠡᠦᠭᠡ ᠰᠤᠶᠤᠯ ᠤᠨ ᠰᠤᠳᠤᠯᠤᠯ ᠤᠳ ᠨᠡᠢ᠌ᠳᠡᠯᠡᠭᠡᠳ ᠡᠷᠳᠡᠮ ᠰᠢᠡᠵᠢᠯᠡᠭᠡᠳᠡᠨ ᠤ ᠠᠩᠬᠠᠷᠤᠯ ᠢ ᠶᠡᠭᠡᠪᠠᠷ ᠳᠠᠳᠠᠵᠤ᠂ ᠮᠠᠰᠢ ᠰᠠᠢ᠌ᠨ ᠨᠥᠯᠦᠭᠡ ᠳᠤᠰᠬᠠᠯ ᠭᠠᠷᠭᠠᠪᠠ᠃

ᠭᠠᠭ᠎ᠠ ᠮᠢᠨᠢ ᠴᠤᠪᠣᠭᠤ ᠴᠤ ᠶᠠᠪᠣᠯ᠎ᠠ᠂ ᠴᠤᠤ ᠲᠡᠶ ᠴᠤ ᠶᠠᠪᠣᠯ᠎ᠠ᠂ ᠰᠠᠢ᠌ᠨ ᠴᠤ ᠶᠠᠪᠣᠯ᠎ᠠ᠂ ᠱᠠᠭᠢᠭᠤᠯᠵᠤ ᠴᠤ ᠶᠠᠪᠣᠯ᠎ᠠ ᠁ 《ᠥᠭᠡᠯᠡᠳ ᠭᠠᠯᠳᠠᠨ》 ᠭᠡᠮᠡᠭᠦ ᠨᠠᠷ᠎ᠠ ᠶᠢ ᠢᠠᠲ᠋ᠸᠷᠨᠧᠲ᠋ ᠲᠤ ᠭᠢᠯᠠᠷᠭᠤᠯᠵᠤ ᠶᠠᠪᠣᠭ᠎ᠠ᠃ ᠳᠡᠭᠦᠨ ᠤ ᠳᠦᠷᠦᠭ᠍ᠰᠡᠨ ᠳᠡᠭᠦᠤ᠂ ᠬᠠᠢ᠌ᠷᠠᠳᠠᠢ ᠱᠠᠪᠢ ᠨᠢ ᠪᠣᠯᠤᠭᠰᠠᠨ ᠪᠢ ᠮᠠᠰᠢ ᠣᠮᠤᠭᠯᠠᠩ᠂ ᠮᠠᠰᠢ ᠪᠠᠶᠠᠬᠤᠯᠠᠩ ᠶᠠᠪᠣᠨᠠᠮ᠃

ᠭᠠᠭ᠎ᠠ ᠲᠡᠶ ᠪᠠᠨ ᠬᠠᠮᠳᠤ ᠠᠪᠣ ᠡᠵᠢ ᠶᠢᠨ ᠶᠢᠡᠨ ᠵᠠᠭᠢᠶ᠎ᠠ ᠶᠢ ᠠᠯᠳᠠᠷᠭᠤᠯᠤᠭᠰᠠᠨ ᠦᠭᠡᠶ ᠪᠠᠷ ᠡᠡᠩᠭ᠍ᠯᠢ᠂ ᠺᠢᠷᠢᠯ᠂ ᠶᠠᠫᠣᠨ᠂ ᠭᠢᠳᠠᠤᠨ᠂ ᠮᠤᠩᠭ᠋ᠤᠯ ᠭᠡᠯᠡ ᠪᠠᠷ ᠢᠠᠲ᠋ᠸᠷᠨᠧᠲ᠋ ᠰᠦᠯᠵᠢᠶᠠᠨ ᠳᠤ ᠭᠠᠷᠴᠤ᠂ ᠨᠡᠢ᠌ᠭᠡᠮ ᠤᠨ ᠰᠢᠡᠵᠢᠯᠡᠭᠦ ᠣᠬᠠᠭᠠᠨ ᠪᠣᠯᠤᠨ ᠪᠠᠢ᠌ᠭᠠᠯᠢ ᠶᠢᠨ ᠰᠢᠡᠵᠢᠯᠡᠭᠦ ᠣᠬᠠᠭᠠᠨ ᠤ ᠠᠯᠢ ᠣᠯᠠᠨ ᠰᠤᠳᠤᠯᠭᠠᠨ ᠤ ᠰᠠᠳᠤᠪ ᠤᠳ ᠲᠤ ᠦᠪᠡᠷ ᠤᠨ ᠡᠷᠳᠡᠮ ᠮᠡᠷᠭᠡᠵᠢᠯ ᠶᠢᠡᠨ ᠭᠢᠯᠠᠷᠠᠭᠤᠯᠤᠨ ᠴᠢᠷᠮᠠᠢ᠌ᠬᠤ ᠨᠢ ᠥᠳᠡᠯᠦᠭᠡ ᠨᠠᠰᠤᠨ ᠤ ᠮᠠᠨᠢ ᠪᠣᠶᠠᠨ ᠵᠠᠶᠠᠭ᠎ᠠ᠂ ᠵᠤᠯ ᠵᠢᠷᠭᠠᠯ ᠯᠠ ᠭᠡᠭ᠍ᠴᠢ ᠡ᠃ ᠮᠠᠨ ᠤ ᠮᠤᠩᠭ᠋ᠤᠯ ᠭᠦᠮᠤᠨ ᠳᠤ ᠭᠠᠭ᠎ᠠ ᠮᠢᠨᠢ ᠰᠢᠭ᠌ ᠡᠷᠳᠡᠮᠳᠡᠨ ᠣᠯᠠᠨ ᠣᠯᠠᠨ ᠳᠦᠷᠦᠭᠡᠰᠡᠢ ᠭᠡᠵᠤ ᠭᠦᠳᠦᠳᠭᠡᠯ ᠡᠷᠭᠦᠶ᠎ᠡ᠃

ᠮᠠᠨ ᠤ ᠭᠠᠭ᠎ᠠ ᠨᠢᠭᠡᠨ ᠵᠤᠯ ᠵᠢᠷᠭᠠᠯᠳᠤ ᠭᠡᠷ ᠪᠦᠯᠢ ᠲᠡᠶ᠃ ᠳᠡᠭᠦᠨ ᠤ ᠡᠭᠡᠨᠡᠷ ᠨᠢ ᠨᠠᠷᠠ ᠭᠡᠳᠡᠭ᠌ (ᠪᠠᠷᠭᠤ ᠮᠤᠩᠭ᠋ᠤᠯ)᠃ ᠨᠠᠷᠠ ᠡᠶᠡᠯᠳᠡᠭ᠌ ᠵᠥᠭᠡᠯᠡᠨ ᠵᠠᠩ ᠠᠭᠠᠰᠢ ᠲᠡᠶ ᠭᠤᠸ᠎ᠠ ᠰᠠᠢ᠌ᠬᠠᠨ᠂ ᠠᠵᠢᠯᠴᠢ ᠪᠣᠷᠤᠭᠵᠢᠭᠤᠨ ᠪᠦᠰᠡᠭᠦᠢ ᠪᠣᠯᠤᠨ᠎ᠠ᠃ ᠳᠠᠷᠠ ᠪᠣᠯ ᠣᠳᠠᠭᠠᠨ ᠵᠢᠯ ᠤᠨ ᠺᠢᠨᠤ᠋ ᠣᠷᠴᠢᠭᠤᠯᠤᠭᠴᠢ ᠪᠦᠭᠡᠳ ᠠᠪᠢᠶᠠᠯᠠᠭᠴᠢ᠂ ᠮᠦᠨᠴᠤ ᠭᠦᠯᠤᠨ ᠪᠣᠢ᠌ᠷ ᠬᠤᠳᠠ ᠶᠢᠨ ᠺᠢᠨᠤ᠋ ᠭᠦᠩᠰᠧ ᠶᠢᠨ ᠳᠤᠮᠳᠠ ᠵᠡᠷᠭᠡ ᠶᠢᠨ ᠮᠡᠷᠭᠡᠵᠢᠯ ᠤᠨ ᠴᠤᠯᠠ ᠲᠡᠶ ᠳᠠᠳ᠋ ᠵᠠᠭᠢᠷᠤᠯ ᠪᠣᠯᠤᠨ᠎ᠠ᠃

ᠮᠠᠨ ᠤ ᠭᠠᠭ᠎ᠠ ᠪᠠᠰᠠ ᠪᠣᠭᠳᠠ ᠳᠡᠭ᠍ᠷᠢ ᠡᠴᠠ ᠵᠠᠶᠠᠭᠠᠨ ᠬᠠᠢ᠌ᠷᠠᠯᠠᠭᠰᠠᠨ ᠰᠠᠴᠠᠨ ᠰᠡᠷᠭᠦᠯᠡᠩ ᠡᠷᠳᠡᠮ ᠮᠡᠳᠡᠯᠭᠡ ᠲᠡᠶ ᠨᠢᠭᠡᠨ ᠭᠦᠤ ᠨᠢᠭᠡ ᠭᠡᠦᠭᠡᠨ ᠲᠡᠶ᠃ ᠭᠦᠤ ᠨᠢ ᠮᠥᠩᠭᠡ᠂ ᠭᠡᠦᠭᠡᠨ ᠨᠢ ᠡᠩᠭᠡ ᠭᠡᠳᠡᠭ᠌᠃ ᠡᠨᠡ ᠠᠬ᠎ᠠ ᠦᠬᠢᠨ ᠳᠡᠭᠦᠤ ᠬᠤᠶᠠᠷ ᠣᠳᠤ ᠨᠢᠭᠡᠨᠲᠡ ᠶᠡᠭᠡ ᠰᠤᠷᠭᠠᠭᠤᠯᠢ ᠪᠠᠨ ᠳᠡᠭᠦᠰᠭᠡᠭᠡᠳ᠂ ᠭᠦᠤ ᠨᠢ ᠠᠵᠢᠯ ᠤᠨ ᠪᠠᠢ᠌ᠷᠢ ᠳᠠᠭᠠᠨ ᠭᠢᠯᠪᠠᠭ᠎ᠠ ᠳᠠᠳᠠᠭᠤᠯᠤᠨ ᠠᠵᠢᠯᠯᠠᠵᠤ᠂ ᠭᠡᠦᠭᠡᠨ ᠨᠢ ᠰᠤᠳᠤᠯᠬᠤ ᠰᠤᠷᠤᠭᠴᠢ ᠰᠢᠯᠭᠠᠬᠤ ᠪᠠᠷ ᠳᠠᠭᠢᠨ ᠰᠤᠷᠤᠯᠴᠠᠵᠤ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 62346
ᠴᠠᠭ᠄ 2013 ᠤᠨ ᠤ 09 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ