ᠨᠡᠪᠲᠡᠷᠡᠨ ᠤᠷᠤᠬᠤ
ᠮᠤᠤᠷ

ᠮᠤᠤᠷ ᠰᠠᠬᠠᠯ ᠲᠡᠶ ᠡᠳᠦᠷ ᠤᠳ ᠲᠤ ᠪᠠᠨ

ᠮᠤᠠᠳᠠᠭ ᠳᠠᠢ᠌ᠰᠤᠨ ᠶᠢᠡᠷ ᠶᠢᠡᠨ ᠰᠦᠷᠯᠡᠭᠦᠯᠵᠤ

ᠮᠤᠩᠭ᠋ᠤᠯ ᠠᠢ᠌ᠯ ᠤᠨ ᠬᠣᠢ᠌ᠮᠤᠷ ᠢ

ᠪᠣᠷᠬᠠᠨ ᠰᠢᠤ ᠳᠦᠭᠦᠷᠡᠩ ᠳᠠᠯᠪᠢᠷᠠᠭᠤᠯᠵᠤ

ᠮᠤᠬᠤᠷ ᠭᠤᠳᠤᠮᠵᠢᠨ ᠤ ᠵᠠᠶᠠᠭ᠎ᠠ ᠪᠠᠨ

ᠳᠡᠭ᠍ᠷᠢ ᠶᠢᠨ ᠴᠠᠭ ᠶᠢᠠᠷ ᠥᠮᠰᠢᠭᠦᠯᠵᠤ ᠵᠡᠭᠦᠳᠦᠯᠡᠨ᠎ᠡ


ᠬᠠᠶᠠ ᠬᠠᠮᠠᠷ ᠤᠨ ᠭᠢᠨᠢ ᠳᠠᠭᠤᠨ ᠳ᠋ᠤᠨᠢ

ᠬᠠᠭᠠᠯᠭ᠎ᠠ ᠱᠠᠷᠭᠢᠷᠠᠨ

ᠬᠠᠳᠠᠪᠴᠢᠨ ᠳᠤ ᠳᠡᠨᠡᠭᠡᠯᠵᠡᠭᠦ ᠵᠠᠶᠠᠭ᠎ᠠ

ᠬᠠᠷ᠎ᠠ ᠨᠤᠬᠠᠢ ᠳᠤ ᠡᠭᠦᠷᠢᠳᠦᠨ᠎ᠡ


ᠭᠡᠵᠢᠶ᠎ᠡ ᠨᠢᠭᠡ ᠴᠠᠭ ᠮᠤᠤᠷ ᠰᠠᠬᠠᠯ ᠶᠢᠡᠨ ᠭᠡᠭᠡᠭ᠍ᠰᠡᠨ ᠰᠤᠨᠢᠨ ᠭᠠᠷᠤᠨ᠎ᠠ

ᠭᠡᠷᠡᠭ᠌ ᠲᠤ ᠳᠤᠷᠠᠳᠠᠢ ᠬᠤᠯᠤᠭᠠᠨ᠎ᠠ ᠬᠠᠮᠠᠷ ᠢ ᠨᠢ ᠢᠯᠢᠨ᠎ᠡ

ᠭᠡᠵᠢᠶ᠎ᠡ ᠴᠤ ᠳᠠᠢ᠌ᠪᠣᠩ ᠪᠣᠰᠤ ᠪᠠᠢ᠌ᠭᠰᠠᠨ ᠡᠳᠦᠷ ᠶᠢᠡᠨ ᠮᠠᠷᠳᠠᠵᠤ

ᠭᠡᠳᠡᠭᠡᠨᠡᠳᠡᠯ᠎ᠡ ᠢᠨᠢᠶᠠᠨ᠎ᠡ


ᠮᠤᠤᠷ ᠰᠤᠴᠢᠨ᠎ᠠ

ᠮᠤᠳᠤᠨ ᠬᠠᠳᠠᠪᠴᠢᠨ ᠴᠠᠭᠠᠨ᠎ᠠ

ᠮᠤᠩᠭ᠋ᠤᠯ ᠨᠤᠬᠠᠢ ᠶᠢ ᠰᠤᠨᠢᠭᠤᠴᠢᠯᠠᠵᠤ

ᠮᠤᠬᠤᠭᠰᠠᠨ ᠪᠣᠳᠤᠯ ᠶᠢᠡᠷ

ᠬᠠᠷᠠᠩ ᠰᠤᠬᠤᠷ ᠶᠢᠡᠷ

ᠬᠠᠭᠠᠨ ᠤ ᠣᠷᠤ ᠵᠢ

ᠵᠡᠭᠦᠳᠦᠯᠡᠨ᠎ᠡ


ᠮᠤᠤᠷ ᠭᠡᠵᠤ ᠵᠡᠭᠦᠳᠤ ᠣᠯᠠᠨ ᠠᠮᠢᠳᠠᠨ ᠪᠠᠢ᠌ᠵᠤ ᠁


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠣᠩᠨᠢᠭᠤᠳ

ᠵᠤᠬᠢᠶᠠᠭᠴᠢ᠄ ᠪᠣᠶᠠᠠᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2613
ᠴᠠᠭ᠄ 2010 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ