ᠴᠢᠨᠦ ᠬᠠᠷᠠᠴᠠᠨ ᠳᠤ

ᠳᠠᠭᠤᠴᠢᠨ᠄ ᠪᠦᠬᠦ ᠤᠳᠤᠳ
ᠦᠭᠡ᠄ ᠪ᠊·ᠴᠤᠭᠲᠤᠰᠠᠢᠬᠠᠨ
ᠠᠶ᠎ᠠ᠄ ᠯ·ᠪᠠᠯᠾᠠᠵᠠᠪ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 16579
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ

(ᠮᠦᠩᠬᠡᠪᠠᠲᠤ᠂ ᠦᠦᠷᠴᠠᠢᠬᠤ ᠳᠠᠭᠤᠯᠠᠪᠠ)

 

ᠴᠡᠯᠮᠡᠭ᠌ ᠳᠡᠭ᠍ᠷᠢ ᠳᠤ ᠣᠳᠤᠳ ᠭᠡᠷᠡᠯᠳᠦᠭᠡᠳ

ᠰᠡᠳᠭᠢᠯ ᠳᠤ ᠮᠢᠨᠢ ᠨᠢᠭᠡ ᠯᠠ ᠵᠢᠷᠭᠠᠯ ᠲᠡᠶ

ᠴᠢᠮ᠎ᠠ ᠲᠡᠶ ᠪᠠᠨ ᠬᠠᠮᠳᠤ ᠵᠤᠭᠠᠯᠠᠮᠠᠷ

ᠰᠠᠢ᠌ᠬᠠᠨ ᠦᠳᠡᠰᠢ ᠪᠠᠢ᠌ᠨ᠎ᠠ ᠬᠠᠢ᠌ᠷᠠᠳᠤ ᠮᠢᠨᠢ

ᠵᠥᠭᠡᠯᠡᠨ ᠥᠯᠢᠶᠡᠭᠦ ᠰᠠᠯᠭᠢᠨ ᠨᠢ ᠢᠯᠪᠢᠭᠦ ᠳᠤ

ᠵᠣᠢ᠌ᠷ ᠦᠭᠡᠶ ᠰᠠᠢ᠌ᠬᠠᠨ ᠮᠠᠳᠠᠷᠠᠮᠵᠢ ᠳᠦᠷᠦᠭᠦ ᠯᠠ ᠶᠤᠮ

ᠵᠥᠪᠭᠡᠨ ᠴᠢᠮ᠎ᠠ ᠲᠡᠶ ᠪᠠᠨ ᠵᠤᠭᠠᠯᠠᠮᠠᠷ

ᠵᠡᠭᠦᠳᠤ ᠰᠢᠭ᠌ ᠰᠠᠢ᠌ᠬᠠᠨ ᠬᠠᠢ᠌ᠷ᠎ᠠ ᠶᠢᠨ ᠦᠳᠡᠰᠢ ᠪᠠᠷ

    ᠴᠢᠮᠢ᠋ᠢ ᠪᠠᠨ ᠪᠢ ᠴᠢᠨᠢ ᠬᠠᠢ᠌ᠷᠠᠯᠠᠶ᠎ᠠ

    ᠴᠢᠮ᠎ᠠ ᠲᠡᠶ ᠪᠠᠨ ᠬᠤᠤᠰᠯᠠᠨ ᠳᠠᠭᠤᠯᠠᠶ᠎ᠠ

    ᠴᠠᠭᠯᠠᠰᠢ ᠦᠭᠡᠶ ᠡᠨᠡ ᠯᠠ ᠬᠠᠢ᠌ᠷ᠎ᠠ ᠪᠠᠨ

    ᠴᠢᠮ᠎ᠠ ᠳᠠᠭᠠᠨ ᠪᠢ ᠴᠢᠨᠢ ᠠᠮᠠᠯᠠᠶ᠎ᠠ

    ᠬᠠᠨᠤᠰᠢ ᠦᠭᠡᠶ ᠡᠨᠡ ᠯᠠ ᠬᠠᠢ᠌ᠷ᠎ᠠ ᠪᠠᠨ

    ᠬᠠᠮᠳᠤ ᠳᠠᠭᠠᠨ ᠡᠳ᠋ᠯᠡᠨ ᠵᠢᠷᠭᠠᠶ᠎ᠠ

ᠳᠡᠷᠭᠡᠯ ᠰᠠᠷᠠ ᠲᠡᠶ ᠳᠤ ᠳᠡᠭ᠍ᠷᠢ ᠶᠢᠨ ᠣᠳᠤ ᠲᠡᠶ ᠳᠤ

ᠡᠭᠡᠰᠢᠭᠯᠡᠭᠦ ᠬᠠᠢ᠌ᠷ᠎ᠠ ᠶᠢᠨ ᠳᠠᠭᠤᠤ ᠪᠠᠨ ᠪᠢ ᠳᠠᠭᠤᠯᠠᠶ᠎ᠠ

ᠳᠠᠢ᠌ᠮᠤ ᠡ ᠬᠠᠢ᠌ᠷᠠᠳᠤ ᠮᠢᠨᠢ ᠡᠩᠭᠦᠷᠡᠢ ᠴᠢᠮ᠎ᠠ ᠳᠠᠭᠠᠨ

ᠡᠨᠡᠭᠡᠨ ᠬᠠᠢ᠌ᠷ᠎ᠠ ᠪᠠᠨ ᠪᠢ ᠵᠤᠷᠢᠭᠤᠯᠤᠶ᠎ᠠ

ᠠᠯᠢᠮᠠᠨ ᠰᠠᠷᠠ ᠲᠡᠶ ᠳᠤ ᠠᠶᠠᠰ ᠤᠨ ᠰᠠᠯᠭᠢ ᠲᠡᠶ ᠳᠤ

ᠠᠮᠠᠷᠠᠭ ᠴᠢᠮᠢ᠋ᠢ ᠪᠠᠨ ᠪᠢ ᠴᠢᠨᠢ ᠬᠠᠢ᠌ᠷᠠᠯᠠᠨ ᠳᠠᠭᠤᠯᠠᠶ᠎ᠠ

ᠠᠷᠢᠭᠤᠨ ᠬᠠᠢ᠌ᠷ᠎ᠠ ᠪᠠᠨ ᠨᠠᠠᠳᠢᠨ ᠬᠠᠢ᠌ᠷ᠎ᠠ ᠪᠠᠨ

ᠠᠶᠠᠯᠠᠬᠤ ᠳᠠᠭᠤᠤ ᠪᠠᠨ ᠪᠢ ᠵᠤᠷᠢᠭᠤᠯᠤᠶ᠎ᠠ

ᠴᠢᠨᠤᠭᠢ ᠪᠠᠨ ᠬᠠᠢ᠌ᠷᠠᠨ ᠳᠤ ᠪᠢ ᠠᠵᠠ ᠵᠢᠷᠭᠠᠯ ᠲᠡᠶ

ᠨᠠᠢ᠌ᠭᠤᠬᠤ ᠮᠤᠳᠤᠳ ᠤᠨ ᠨᠠᠪᠴᠢᠰ ᠰᠡᠷᠴᠢᠭᠢᠨᠡᠭᠡᠳ

ᠨᠠᠳᠠᠳᠤ ᠴᠢᠮᠠᠳᠤ ᠨᠢᠭᠡ ᠯᠠ ᠵᠢᠷᠭᠠᠯ ᠲᠡᠶ

ᠨᠠᠠᠳᠢᠨ ᠬᠠᠢ᠌ᠷ᠎ᠠ ᠪᠠᠨ ᠰᠢᠪᠠᠨᠠᠯᠳᠤᠮᠠᠷ

ᠨᠠᠮᠤᠭᠤᠨ ᠰᠠᠢ᠌ᠬᠠᠨ ᠬᠠᠢ᠌ᠷ᠎ᠠ ᠶᠢᠨ ᠦᠳᠡᠰᠢ ᠪᠠᠷ

ᠥᠩᠭᠡ ᠥᠩᠭᠡ ᠪᠠᠷ ᠣᠳᠤᠳ ᠠᠨᠢᠪᠴᠢᠭᠠᠤᠨ

ᠥᠯᠢᠭᠡᠷ ᠤᠨ ᠶᠤᠮ ᠰᠢᠭ ᠨᠢᠭᠡ ᠯᠠ ᠵᠢᠷᠭᠠᠯ ᠲᠡᠶ

ᠥᠵᠡᠰᠭᠦᠯᠡᠩ ᠲᠡᠶ ᠴᠢᠮ᠎ᠠ ᠲᠡᠶ ᠪᠠᠨ ᠵᠤᠭᠠᠯᠠᠮᠠᠷ

ᠥᠨᠡᠭᠡᠷ ᠰᠠᠢ᠌ᠬᠠᠨ ᠬᠠᠢ᠌ᠷ᠎ᠠ ᠶᠢᠨ ᠦᠳᠡᠰᠢ ᠪᠠᠷ

    ᠴᠢᠮᠢ᠋ᠢ ᠪᠠᠨ ᠪᠢ ᠴᠢᠨᠢ ᠬᠠᠢ᠌ᠷᠠᠯᠠᠶ᠎ᠠ

    ᠴᠢᠮ᠎ᠠ ᠲᠡᠶ ᠪᠠᠨ ᠬᠤᠤᠰᠯᠠᠨ ᠳᠠᠭᠤᠯᠠᠶ᠎ᠠ

    ᠴᠠᠭᠯᠠᠰᠢ ᠦᠭᠡᠶ ᠡᠨᠡ ᠯᠠ ᠬᠠᠢ᠌ᠷ᠎ᠠ ᠪᠠᠨ

    ᠴᠢᠮ᠎ᠠ ᠳᠠᠭᠠᠨ ᠪᠢ ᠴᠢᠨᠢ ᠠᠮᠠᠯᠠᠶ᠎ᠠ

    ᠬᠠᠨᠤᠰᠢ ᠦᠭᠡᠶ ᠡᠨᠡ ᠯᠠ ᠬᠠᠢ᠌ᠷ᠎ᠠ ᠪᠠᠨ

    ᠬᠠᠮᠳᠤ ᠳᠠᠭᠠᠨ ᠡᠳ᠋ᠯᠡᠨ ᠵᠢᠷᠭᠠᠶ᠎ᠠ

 

ᠣᠷᠭᠤᠬᠤ ᠨᠠᠷᠠ ᠲᠡᠶ ᠳᠤ ᠦᠷ ᠤᠨ ᠴᠤᠯᠮᠤᠨ ᠲᠡᠶ ᠳ᠋ᠤ

ᠬᠤᠩᠭ᠋ᠤᠷ ᠴᠢᠮ᠎ᠠ ᠳᠠᠭᠠᠨ ᠪᠢ ᠴᠢᠨᠢ ᠬᠠᠢ᠌ᠷ᠎ᠠ ᠪᠠᠨ ᠳᠠᠭᠤᠯᠠᠶ᠎ᠠ

ᠣᠨᠠᠭᠠᠨ ᠬᠠᠢ᠌ᠷ᠎ᠠ ᠪᠠᠨ ᠦᠨᠡᠨ ᠬᠠᠢ᠌ᠷ᠎ᠠ ᠪᠠᠨ

ᠣᠶᠠᠩᠭ᠋᠎ᠠ ᠪᠣᠯᠭᠠᠨ ᠴᠢᠮ᠎ᠠ ᠳᠠᠭᠠᠨ ᠳᠠᠭᠤᠯᠠᠶ᠎ᠠ

ᠰᠠᠪᠰᠢᠨ ᠥᠯᠢᠶᠡᠭᠦ ᠰᠡᠷᠢᠭᠦᠨ ᠰᠠᠯᠭᠢᠨ ᠳᠤ

ᠰᠡᠳᠭᠢᠯ ᠳᠤ ᠮᠢᠨᠢ ᠢᠷᠡᠭ᠍ᠰᠡᠨ ᠬᠠᠢ᠌ᠷ᠎ᠠ ᠪᠠᠨ ᠪᠢ ᠴᠢᠨᠢ ᠳᠠᠭᠤᠯᠠᠶ᠎ᠠ

ᠰᠠᠪ ᠦᠭᠡᠶ ᠬᠠᠢ᠌ᠷ᠎ᠠ ᠪᠠᠨ ᠰᠠᠢ᠌ᠬᠠᠨ ᠬᠠᠢ᠌ᠷ᠎ᠠ ᠪᠠᠨ

ᠭᠠᠭᠴᠠᠬᠠᠨ ᠴᠢᠮ᠎ᠠ ᠳᠠᠭᠠᠨ ᠪᠢ ᠴᠢᠨᠢ ᠳᠠᠭᠤᠯᠠᠶ᠎ᠠ

ᠴᠢᠨᠤᠭᠢ ᠪᠠᠨ ᠬᠠᠢ᠌ᠷᠠᠨ ᠳᠤ ᠪᠢ ᠠᠵᠠ ᠵᠢᠷᠭᠠᠯ ᠲᠡᠶ

(ᠰᠡᠳᠭᠢᠯ ᠳᠤ ᠮᠢᠨᠢ ᠰᠠᠪ ᠦᠭᠡᠶ ᠬᠠᠢ᠌ᠷ᠎ᠠ ᠪᠠᠨ

ᠵᠥᠪᠭᠡᠨ ᠴᠢᠮ᠎ᠠ ᠳᠠᠭᠠᠨ ᠵᠤᠷᠢᠭᠤᠯᠤᠨ ᠳᠠᠭᠤᠯᠠᠶ᠎ᠠ

ᠬᠠᠢ᠌ᠷᠠᠳᠤ ᠮᠢᠨᠢ ᠴᠢᠨᠤᠭᠢ ᠪᠠᠨ ᠬᠠᠢ᠌ᠷᠠᠨ ᠳᠤ ᠪᠢ ᠠᠵᠠ ᠵᠢᠷᠭᠠᠯ ᠲᠡᠶ)

    ᠴᠢᠮᠢ᠋ᠢ ᠪᠠᠨ ᠪᠢ ᠴᠢᠨᠢ ᠬᠠᠢ᠌ᠷᠠᠯᠠᠶ᠎ᠠ

    ᠴᠢᠮ᠎ᠠ ᠲᠡᠶ ᠪᠠᠨ ᠬᠤᠤᠰᠯᠠᠨ ᠳᠠᠭᠤᠯᠠᠶ᠎ᠠ

    ᠴᠠᠭᠯᠠᠰᠢ ᠦᠭᠡᠶ ᠡᠨᠡ ᠯᠠ ᠬᠠᠢ᠌ᠷ᠎ᠠ ᠪᠠᠨ

    ᠴᠢᠮ᠎ᠠ ᠳᠠᠭᠠᠨ ᠪᠢ ᠴᠢᠨᠢ ᠠᠮᠠᠯᠠᠶ᠎ᠠ

    ᠬᠠᠨᠤᠰᠢ ᠦᠭᠡᠶ ᠡᠨᠡ ᠯᠠ ᠬᠠᠢ᠌ᠷ᠎ᠠ ᠪᠠᠨ

    ᠬᠠᠮᠳᠤ ᠳᠠᠭᠠᠨ ᠡᠳ᠋ᠯᠡᠨ ᠵᠢᠷᠭᠠᠶ᠎ᠠ

ᠳᠡᠷᠭᠡᠯ ᠰᠠᠷᠠ ᠲᠡᠶ ᠳᠤ ᠳᠡᠭ᠍ᠷᠢ ᠶᠢᠨ ᠣᠳᠤ ᠲᠡᠶ ᠳᠤ

ᠡᠭᠡᠰᠢᠭᠯᠡᠭᠦ ᠬᠠᠢ᠌ᠷ᠎ᠠ ᠶᠢᠨ ᠳᠠᠭᠤᠤ ᠪᠠᠨ ᠪᠢ ᠳᠠᠭᠤᠯᠠᠶ᠎ᠠ

ᠳᠠᠢ᠌ᠮᠤ ᠡ ᠬᠠᠢ᠌ᠷᠠᠳᠤ ᠮᠢᠨᠢ ᠡᠩᠭᠦᠷᠡᠢ ᠴᠢᠮ᠎ᠠ ᠳᠠᠭᠠᠨ

ᠡᠨᠡᠭᠡᠨ ᠬᠠᠢ᠌ᠷ᠎ᠠ ᠪᠠᠨ ᠪᠢ ᠵᠤᠷᠢᠭᠤᠯᠤᠶ᠎ᠠ

ᠠᠯᠢᠮᠠᠨ ᠰᠠᠷᠠ ᠲᠡᠶ ᠳᠤ ᠠᠶᠠᠰ ᠤᠨ ᠰᠠᠯᠭᠢ ᠲᠡᠶ ᠳᠤ

ᠠᠮᠠᠷᠠᠭ ᠴᠢᠮᠢ᠋ᠢ ᠪᠠᠨ ᠪᠢ ᠴᠢᠨᠢ ᠬᠠᠢ᠌ᠷᠠᠯᠠᠨ ᠳᠠᠭᠤᠯᠠᠶ᠎ᠠ

ᠠᠷᠢᠭᠤᠨ ᠬᠠᠢ᠌ᠷ᠎ᠠ ᠪᠠᠨ ᠨᠠᠠᠳᠢᠨ ᠬᠠᠢ᠌ᠷ᠎ᠠ ᠪᠠᠨ

ᠠᠶᠠᠯᠠᠬᠤ ᠳᠠᠭᠤᠤ ᠪᠠᠨ ᠪᠢ ᠵᠤᠷᠢᠭᠤᠯᠤᠶ᠎ᠠ

ᠴᠢᠨᠤᠭᠢ ᠪᠠᠨ ᠬᠠᠢ᠌ᠷᠠᠨ ᠳᠤ ᠪᠢ ᠠᠵᠠ ᠵᠢᠷᠭᠠᠯ ᠲᠡᠶ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ