ᠰᠠᠢ᠌ᠨ ᠰᠢᠨᠡᠯᠡᠪᠡᠦ

ᠳᠠᠭᠤᠴᠢᠨ᠄ ᠦᠨᠡᠨ
ᠦᠭᠡ᠄ ᠯ·ᠴᠢᠯᠠᠭᠤᠨᠪᠠᠭᠠᠳᠤᠷ
ᠠᠶ᠎ᠠ᠄ ᠯ·ᠴᠢᠯᠠᠭᠤᠨᠪᠠᠭᠠᠲᠤᠷ
ᠴᠤᠮᠤᠭ ᠤᠨ ᠬᠠᠷᠢᠶ᠎ᠠ᠄ ᠰᠠᠢ᠌ᠨ ᠰᠢᠨᠡᠯᠡᠪᠡᠦ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠬᠦᠷᠡᠯᠲᠤᠭᠲᠠᠬᠤ ᠬᠠᠩᠭᠠᠪᠠ
ᠳᠠᠷᠤᠮ᠄ 6200
ᠴᠠᠭ᠄ 2018 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠠᠤᠭ᠎ᠠ ᠠᠮᠤᠭᠤᠯᠠᠩ ᠰᠢᠨ᠎ᠡ ᠤᠨ ᠢ ᠪᠠᠨ

ᠬᠠᠲᠠᠭ ᠶᠢᠠᠨ ᠡᠷᠭᠦᠵᠤ ᠤᠭᠳᠤᠵᠤ ᠪᠠᠢ᠌ᠨᠠᠤ

ᠤᠷᠭᠤᠭ᠎ᠠ ᠵᠢᠪᠬᠤᠯᠠᠩ ᠰᠢᠯᠢ ᠶᠢᠨ ᠨᠠᠷᠠ ᠲᠠᠢ ᠪᠠᠨ

ᠤᠷᠤᠯᠳᠤᠨ ᠪᠠᠢ᠌ᠵᠤ ᠵᠤᠯᠭᠠᠵᠤ ᠪᠠᠢ᠌ᠨᠠᠤ

ᠰᠠᠢ᠌ᠨ ᠰᠢᠨᠡᠯᠡᠪᠡᠦ ᠳᠡᠯᠭᠡᠷ ᠪᠠᠶᠠᠨ ᠨᠤᠲᠤᠭ ᠮᠢᠨᠢ

ᠰᠠᠢ᠌ᠨ ᠰᠢᠨᠡᠯᠡᠪᠡᠦ ᠳᠡᠭᠵᠢᠷᠡᠬᠦ ᠲᠦᠮᠡᠨ ᠮᠤᠩᠭᠤᠯᠴᠤᠳ ᠡ

 

ᠰᠢᠨ᠎ᠡ ᠶᠢᠨ ᠳᠡᠭᠡᠵᠢ ᠪᠠᠨ ᠳᠡᠭᠡᠳᠦᠯᠡᠵᠦ ᠦᠷᠦᠭᠡᠳ

ᠨᠠᠰᠤᠲᠠᠢ᠌ᠴᠤᠳ ᠶᠢᠠᠨ ᠰᠠᠭᠠᠳᠠᠭᠠᠵᠤ ᠪᠠᠢ᠌ᠨᠠᠤ

ᠰᠢᠨ᠎ᠡ ᠶᠢᠨ ᠴᠠᠢ ᠪᠠᠨ ᠳᠡᠭᠡᠵᠢᠯᠡᠵᠦ ᠡᠷᠭᠦᠭᠡᠳ

ᠠᠪᠠᠭᠠᠢ᠌ᠴᠤᠳ ᠨᠢ ᠶᠠᠭᠠᠷᠠᠵᠤ ᠪᠠᠢ᠌ᠨᠠᠤ

ᠰᠠᠢ᠌ᠨ ᠰᠢᠨᠡᠯᠡᠪᠡᠦ ᠳᠡᠯᠭᠡᠷ ᠪᠠᠶᠠᠨ ᠨᠤᠲᠤᠭ ᠮᠢᠨᠢ

ᠰᠠᠢ᠌ᠨ ᠰᠢᠨᠡᠯᠡᠪᠡᠦ ᠳᠡᠭᠵᠢᠷᠡᠬᠦ ᠲᠦᠮᠡᠨ ᠮᠤᠩᠭᠤᠯᠴᠤᠳ ᠡ

 

ᠴᠢᠭ ᠤᠨ ᠬᠤᠯᠠ ᠶᠢ ᠰᠢᠷᠳᠡᠵᠦ ᠬᠠᠷᠠᠭᠠᠳ

ᠰᠢᠨ᠎ᠡ ᠶᠢᠨ ᠭᠡᠢ᠌ᠴᠢᠨ ᠶᠢᠡᠨ ᠲᠤᠰᠴᠤ ᠯᠠ ᠪᠠᠢ᠌ᠨᠠᠤ

ᠴᠡᠭᠡ ᠰᠠᠷᠬᠤᠳ ᠶᠢᠠᠨ ᠳᠦᠭᠦᠷᠡᠩ ᠬᠡᠮᠨᠡᠭᠡᠳ

ᠰᠢᠯ ᠤᠨ ᠬᠤᠨᠳᠠᠭ᠎ᠠ ᠪᠠᠨ ᠲᠤᠯᠭᠠᠵᠤ ᠪᠠᠢ᠌ᠨᠠᠤ

ᠰᠠᠢ᠌ᠨ ᠰᠢᠨᠡᠯᠡᠪᠡᠦ ᠳᠡᠯᠭᠡᠷ ᠪᠠᠶᠠᠨ ᠨᠤᠲᠤᠭ ᠮᠢᠨᠢ

ᠰᠠᠢ᠌ᠨ ᠰᠢᠨᠡᠯᠡᠪᠡᠦ ᠳᠡᠭᠵᠢᠷᠡᠬᠦ ᠲᠦᠮᠡᠨ ᠮᠤᠩᠭᠤᠯᠴᠤᠳ ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ