ᠪᠠᠢ᠌ᠪᠡᠢ ᠠᠩᠭ᠎ᠠ

ᠳᠠᠭᠤᠴᠢᠨ᠄ ᠰᠠᠢ᠌ᠰᠢᠶᠠᠯᠲᠤ
ᠴᠤᠮᠤᠭ ᠤᠨ ᠬᠠᠷᠢᠶ᠎ᠠ᠄ ᠮᠤᠩᠭᠤᠯ ᠤᠨ ᠰᠠᠢ᠌ᠬᠠᠨ ᠤᠷᠤᠨ ᠮᠢᠨᠢ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠰᠠᠢ᠌ᠰᠢᠶᠠᠯᠲᠤ ᠬᠠᠩᠭᠠᠪᠠ
ᠳᠠᠷᠤᠮ᠄ 4441
ᠴᠠᠭ᠄ 2018 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠳᠡᠷᠪᠡᠰ ᠳᠡᠷᠪᠡᠰ ᠰᠠᠯᠬᠢ ᠨᠢ ᠭᠠᠷᠪᠠᠯ

ᠳᠡᠷᠡᠰᠦᠨ ᠤ ᠨᠠᠮᠠᠭ᠎ᠠ ᠨᠢ ᠳᠡᠷᠪᠡᠯᠵᠡᠨ ᠬᠡᠢ᠌ᠰᠦᠨ᠎ᠡ

ᠳᠡᠷ᠎ᠡ ᠶᠦᠭᠡᠨ ᠳᠡᠷᠡᠯᠡᠭᠡᠳ ᠤᠨᠲᠠᠶ᠎ᠠ ᠭᠡᠬᠦᠯᠡᠷ

ᠳᠡᠷᠭᠡᠲᠡ ᠮᠢᠨᠢ ᠪᠠᠢ᠌ᠭᠰᠠᠨ ᠪᠠᠢ᠌ᠪᠠᠢ ᠠᠩᠭ᠎ᠠ

ᠳᠡᠩᠰᠡᠷᠡᠲᠡᠯ᠎ᠡ ᠪᠠᠨ ᠰᠠᠨᠠᠭᠳᠠᠨ᠎ᠠ

 

ᠦᠷᠪᠦᠰ ᠦᠷᠪᠦᠰ ᠰᠠᠯᠬᠢ ᠨᠢ ᠭᠠᠷᠪᠠᠯ

ᠡᠪᠡᠰᠦᠨ ᠤ ᠨᠠᠮᠠᠭ᠎ᠠ ᠨᠢ ᠦᠷᠪᠦᠯᠵᠡᠨ ᠬᠡᠢ᠌ᠰᠦᠨ᠎ᠡ

ᠤᠷᠤ ᠶᠤᠭᠠᠨ ᠳᠡᠯᠭᠡᠭᠡᠳ ᠤᠨᠲᠠᠶ᠎ᠠ ᠭᠡᠬᠦᠯᠡᠷ

ᠡᠮᠦᠨ᠎ᠡ ᠠᠢ᠌ᠯ ᠤᠨ ᠪᠠᠢ᠌ᠪᠠᠢ ᠠᠩᠭ᠎ᠠ

ᠤᠶᠠᠷᠠᠲᠠᠯ᠎ᠠ ᠪᠠᠨ ᠰᠠᠨᠠᠨᠳᠠᠨ᠎ᠠ

 

ᠠᠯᠲᠠᠨ ᠶᠤ ᠴᠠᠭ ᠢ ᠪᠠᠨ ᠠᠯᠳᠠᠭᠠᠳ ᠬᠠᠭᠠᠯᠪᠠᠯ

ᠠᠭᠠᠷ ᠲᠩᠷᠢ ᠶᠢᠨ ᠠᠷᠪᠠᠨ ᠬᠤᠶᠠᠷ ᠴᠠᠭ ᠢ ᠪᠠᠨ

ᠶᠠᠭᠤ ᠪᠠᠷ ᠶᠢᠠᠨ ᠦᠵᠡᠶ᠎ᠡ

ᠠᠩᠭ᠎ᠠ ᠪᠠᠭ᠎ᠠ ᠪᠠᠢ᠌ᠪᠠᠢ ᠠᠩᠭ᠎ᠠ ᠪᠠᠨ ᠠᠯᠤᠰ ᠭᠠᠵᠠᠷ ᠦᠭᠪᠡᠯ

ᠠᠶᠤᠤᠯᠢᠬᠠᠢ ᠴᠡᠭᠡᠵᠢᠨ ᠤ ᠬᠡᠳᠦᠨ ᠦᠭᠡ ᠶᠢ ᠪᠡᠨ

ᠬᠡᠨ ᠳᠤ ᠪᠡᠨ ᠴᠤ ᠬᠡᠯᠡᠶ᠎ᠡ

 

 

ᠡᠷᠳᠡᠨᠢ ᠶᠢᠨ ᠴᠠᠭ ᠢ ᠪᠠᠨ ᠡᠪᠳᠡᠯᠦᠭᠡᠳ ᠬᠠᠶᠠᠪᠠᠯ

ᠡᠴᠢᠭᠡ ᠲᠩᠷᠢ ᠶᠢᠨ ᠬᠤᠷᠢᠨ ᠳᠦᠷᠪᠡᠨ ᠴᠠᠭ ᠢ ᠪᠠᠨ

ᠶᠠᠭᠤ ᠪᠠᠷ ᠶᠢᠠᠨ ᠦᠵᠡᠶ᠎ᠡ

ᠡᠪᠯᠢᠭ ᠲᠦᠷᠦᠭᠰᠡᠨ ᠪᠠᠢ᠌ᠪᠠᠢ ᠠᠩᠭ᠎ᠠ ᠪᠠᠨ ᠬᠤᠯᠠ ᠭᠠᠵᠠᠷ ᠦᠭᠪᠡᠯ

ᠡᠪᠴᠢᠭᠦᠦ ᠴᠡᠭᠡᠵᠢᠨ ᠤ ᠬᠡᠳᠦᠨ ᠦᠭᠡ ᠶᠢ ᠪᠡᠨ

ᠬᠡᠨ ᠳᠤ ᠪᠡᠨ ᠴᠤ ᠬᠡᠯᠡᠶ᠎ᠡ

ᠡᠪᠴᠢᠭᠦᠦ ᠴᠡᠭᠡᠵᠢᠨ ᠤ ᠬᠡᠳᠦᠨ ᠦᠭᠡ ᠶᠢ ᠪᠡᠨ

ᠬᠡᠨ ᠳᠤ ᠪᠡᠨ ᠴᠤ ᠬᠡᠯᠡᠶ᠎ᠡ

ᠬᠡᠨ ᠳᠤ ᠪᠡᠨ ᠴᠤ ᠬᠡᠯᠡᠶ᠎ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ