ᠵᠢᠦᠢ ᠬᠤᠸᠠᠷ

ᠳᠠᠭᠤᠴᠢᠨ᠄ ᠭᠡᠭᠡᠨᠵᠤᠯᠠ
ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠭᠡᠭᠡᠨᠵᠤᠯᠠ
ᠳᠠᠷᠤᠮ᠄ 9912
ᠴᠠᠭ᠄ 2015 ᠤᠨ ᠤ 11 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ

ᠴᠡᠴᠡᠭ ᠬᠤᠸᠠᠷ ᠤᠨ ᠳᠡᠯᠭᠡᠭᠡᠳ ᠳᠡᠭᠡᠬᠦ ᠨᠢ

ᠴᠠᠭ ᠤᠨ ᠰᠠᠢ᠌ᠬᠠᠨ ᠳᠦᠷᠪᠡᠨ ᠰᠠᠷ᠎ᠠ ᠳᠤ

ᠴᠠᠭᠠᠨ ᠵᠢᠦᠢ ᠬᠤᠸᠠᠷ ᠢ ᠪᠤᠳᠤᠭᠠᠳ ᠰᠠᠨᠠᠬᠤ ᠨᠢ

ᠴᠠᠭᠠᠨ ᠪᠤᠭᠤᠷᠤᠯ ᠪᠤᠯᠲᠠᠯ᠎ᠠ ᠡᠨᠡ ᠨᠢᠭᠡ ᠨᠠᠰᠤᠨ ᠳᠠᠭᠠᠨ

 

ᠦᠩᠭᠡ ᠶᠢᠨ ᠴᠡᠴᠡᠭ ᠨᠢ ᠳᠡᠯᠭᠡᠭᠡᠳ ᠳᠡᠭᠡᠬᠦ ᠨᠢ

ᠦᠵᠡᠮᠵᠢᠲᠦ ᠰᠠᠢ᠌ᠬᠠᠨ ᠳᠦᠷᠪᠡᠨ ᠰᠠᠷ᠎ᠠ ᠳᠤ

ᠡᠪᠯᠢᠭ᠌ ᠵᠢᠦᠢ ᠬᠤᠸᠠᠷ ᠢ ᠡᠪᠴᠢᠭᠦᠨ ᠳᠡᠭᠡᠨ ᠰᠠᠨᠠᠬᠤ ᠨᠢ

ᠡᠭᠦᠳᠡᠨ ᠰᠢᠳᠦ ᠪᠠᠨ ᠤᠨᠠᠲᠠᠯ᠎ᠠ ᠡᠨᠡ ᠨᠢᠭᠡ ᠨᠠᠰᠤᠨ ᠳᠠᠭᠠᠨ

 

ᠬᠤᠨᠳᠠᠭ᠎ᠠ ᠲᠠᠢ ᠠᠷᠢᠬᠢ ᠪᠠᠨ ᠤᠤᠭᠤᠬᠤ ᠪᠠᠨ ᠪᠠᠢ᠌ᠶ᠎ᠠ

ᠬᠤᠷᠮᠤᠰᠲᠠ ᠲᠡᠭᠷᠢ ᠳᠤ ᠡᠷᠭᠦᠵᠦ ᠳᠠᠭᠠᠳᠬᠠᠶ᠎ᠠ

ᠬᠤᠢ᠌ᠲᠤ ᠲᠦᠷᠦᠯ ᠤᠨ ᠬᠤᠪᠢ ᠢᠷᠦᠭᠡᠯ ᠢ

ᠬᠠᠷᠢᠨ ᠵᠢᠦᠢ ᠬᠤᠸᠠᠷ ᠲᠠᠢ ᠲᠠᠯᠪᠢᠭᠠᠳ ᠦᠭ ᠳ᠋ᠡ

 

ᠦᠬᠡᠷ ᠤᠨ ᠮᠢᠬ᠎ᠠ ᠶᠢ ᠢᠳᠡᠬᠦ ᠪᠠᠨ ᠪᠠᠢ᠌ᠶ᠎ᠠ

ᠦᠨᠳᠦᠷ ᠲᠡᠭᠷᠢ ᠳᠤ ᠡᠷᠭᠦᠨ ᠪᠠᠷᠢᠶ᠎ᠠ

ᠡᠷᠬᠢᠬᠦ ᠲᠦᠷᠤᠯ ᠤᠨ ᠢᠷᠦᠭᠡᠯ ᠬᠤᠪᠢ ᠶᠢ

ᠡᠪᠯᠢᠭ᠌ ᠵᠢᠦᠢ ᠬᠤᠸᠠᠷ ᠲᠠᠢ ᠲᠠᠯᠪᠢᠭᠠᠳ ᠦᠭ ᠳ᠋ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ