ᠠᠷᠤ ᠭᠡᠷ ᠲᠡᠭᠡᠨ ᠵᠠᠬᠢᠳᠠᠯ ᠪᠢᠴᠢᠯ᠎ᠡ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 25194
ᠴᠠᠭ᠄ 2006 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ

(ᠦᠪᠦᠷ ᠮᠤᠩᠭᠤᠯ ᠤᠨ ᠰᠡᠴᠡᠨᠪᠠᠭᠠᠲᠤᠷ᠂ ᠬᠦᠭᠵᠢᠯᠲᠦ ᠳᠠᠭᠤᠯᠠᠪᠠ)

 

ᠰᠠᠠᠰᠠᠷ ᠤᠨ ᠳᠤᠷᠭᠠᠨ ᠬᠤᠷᠮᠤᠢ ᠳᠤ

ᠰᠠᠢ᠌ᠬᠠᠨ ᠬᠠᠨ ᠮᠢᠨᠢ ᠰᠥᠭᠯᠥᠢᠨ ᠪᠠᠢ᠌ᠭ᠎ᠠ

ᠰᠠᠢ᠌ᠬᠠᠨ ᠬᠠᠨ ᠤ ᠬᠤᠷᠮᠤᠢ ᠳᠤ

ᠰᠢᠨᠡᠭᠡᠨ ᠭᠡᠷ ᠮᠢᠨᠢ ᠴᠠᠢ᠌ᠯᠵᠠᠨ ᠪᠠᠢ᠌ᠭ᠎ᠠ

        ᠠᠳᠠᠷ ᠤᠨ ᠨᠤᠭᠤᠭ᠎ᠠ ᠰᠡᠩᠭᠢᠨᠡᠭᠦ ᠬᠠᠪᠣᠷ

        ᠠᠷᠤ ᠭᠡᠷ ᠲᠡᠭᠡᠨ ᠵᠠᠭᠢᠳᠠᠯ ᠪᠢᠴᠢᠯ᠎ᠠ

        ᠠᠴᠢᠯᠠᠯ ᠶᠡᠭᠡᠳᠡᠢ ᠠᠪᠣ ᠡ

        ᠠᠵᠠᠢ ᠪᠣᠭᠤᠷᠤᠯ ᠡᠵᠢ ᠡ

 

ᠳᠦᠭᠦᠰᠢ ᠪᠠᠨ ᠳᠤᠯᠤᠭᠠᠤᠨ ᠰᠠᠭᠤᠬᠤ ᠳᠤ

ᠠᠭᠤᠯᠠᠰ ᠤᠨ ᠪᠠᠷ᠎ᠠ ᠤᠢ᠌ᠷᠠᠬᠠᠨ

ᠳᠦᠭᠦᠭᠡᠳ ᠣᠴᠢᠬᠤ ᠰᠡᠳᠭᠢᠯ ᠳᠤ

ᠳᠠᠯ᠎ᠠ ᠶᠢᠨ ᠵᠢᠰᠤ ᠮᠢᠨᠢ ᠢᠯᠡᠭᠡᠨ

        ᠡᠷᠢᠶᠡᠨ ᠴᠡᠴᠡᠭ᠌ ᠮᠢᠷᠠᠯᠵᠠᠬᠤ ᠵᠤᠨ

        ᠡᠷᠦᠭᠡ ᠭᠡᠷ ᠲᠡᠭᠡᠨ ᠵᠠᠭᠢᠳᠠᠯ ᠪᠢᠴᠢᠯ᠎ᠠ

        ᠦᠨᠳᠦᠷ ᠨᠠᠰᠤᠳᠠᠨ ᠠᠪᠣ ᠡ

        ᠦᠷᠤᠰᠢᠶᠠᠯ ᠶᠡᠭᠡᠳᠡᠢ ᠡᠵᠢ ᠡ

 

ᠰᠠᠮᠠᠵᠠᠨ ᠴᠠᠭᠠᠨ ᠡᠭᠦᠯᠡᠰ ᠢ

ᠭᠦᠯᠦᠭᠯᠡᠭᠡᠳ ᠭᠠᠷᠪᠠᠯ ᠤᠢ᠌ᠷᠠᠬᠠᠨ ᠪᠠᠢ᠌ᠭ᠎ᠠ

ᠰᠡᠳᠭᠢᠯ ᠤᠨ ᠴᠠᠭᠠᠨ ᠳᠠᠭᠳᠠᠭ᠎ᠠ ᠪᠠᠨ

ᠵᠠᠢ᠌ᠳᠠᠯᠠᠭᠠᠤᠨ ᠨᠢᠰᠪᠠᠯ ᠡᠨᠡᠦᠭᠡᠨ ᠪᠠᠢ᠌ᠭ᠎ᠠ

        ᠭᠢᠯᠠᠭᠠᠨ᠎ᠠ ᠶᠢᠨ ᠨᠠᠮᠠᠭ᠎ᠠ ᠬᠠᠯᠢᠭᠤᠷᠠᠬᠤ ᠨᠠᠮᠤᠷ

        ᠠᠷᠤ ᠭᠡᠷ ᠲᠡᠭᠡᠨ ᠵᠠᠭᠢᠳᠠᠯ ᠪᠢᠴᠢᠯ᠎ᠠ ᠪᠢ

        ᠭᠦᠡᠳᠦᠳᠡᠢ ᠪᠣᠶᠠᠨ ᠲᠡᠶ ᠠᠪᠣ ᠡ

        ᠬᠠᠢ᠌ᠷ᠎ᠠ ᠶᠡᠭᠡᠳᠡᠢ ᠡᠵᠢ ᠡ

 

ᠴᠡᠭ᠍ᠴᠡᠦᠭᠡᠢ ᠭᠦᠷᠭᠦ ᠦᠭᠡᠶ ᠭᠠᠵᠠᠷ ᠡᠴᠡ

ᠴᠠᠭᠠᠨ ᠮᠤᠷᠢ ᠲᠡᠶ ᠰᠡᠭᠦᠳᠡᠷ ᠶᠢᠡᠨ ᠢᠯᠡᠭᠡᠯ᠎ᠡ

ᠵᠠᠩ ᠰᠠᠢ᠌ᠳᠠᠢ ᠠᠬ᠎ᠠ ᠪᠠᠷᠭᠡᠨ ᠮᠢᠨᠢ

ᠵᠠᠭᠢᠳᠠᠯ ᠢ ᠮᠢᠨᠢ ᠣᠩᠰᠢᠵᠤ ᠦᠭ‍ᠭᠦᠭᠡᠷᠡᠢ

        ᠥᠡᠳᠦᠷᠯᠢᠭ᠌ ᠤᠨ ᠴᠠᠰᠤ ᠭᠢᠯᠠᠰᠤᠬᠤ ᠡᠪᠦᠯ

        ᠥᠯᠦᠭᠡᠢ ᠭᠡᠷ ᠲᠡᠭᠡᠨ ᠵᠠᠭᠢᠳᠠᠯ ᠪᠢᠴᠢᠯ᠎ᠠ ᠪᠢ

        ᠡᠳᠦᠷ ᠳᠤᠭᠠᠯᠠᠳᠠᠭ ᠠᠪᠣ ᠡ

        ᠦᠳᠡᠰᠢ ᠵᠡᠭᠦᠳᠦᠯᠡᠳᠡᠭ᠌ ᠡᠵᠢ ᠡ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁