ᠠᠳᠤᠭᠤᠨ ᠤ ᠢᠯᠴᠢᠨ ᠳᠦ ᠵᠢᠪᠠᠷ ᠲᠠᠢᠳᠬᠤᠷᠠᠨ᠎ᠠ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 17964
ᠴᠠᠭ᠄ 2009 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ

(ᠳᠠᠭᠤᠴᠢᠨ ᠴᠢᠩᠪᠠᠲᠤ)

 

ᠴᠠᠰᠤ ᠲᠡᠶ ᠴᠠᠷᠮᠠᠨ ᠳᠤ ᠠᠳᠤᠭᠤ ᠮᠢᠨᠢ ᠱᠠᠷᠭᠢᠭᠠᠤᠨ

ᠴᠠᠩᠭᠢᠨᠠᠨ ᠴᠠᠩᠭᠢᠨᠠᠨ ᠣᠨᠠᠭ᠎ᠠ ᠤᠳ ᠦᠣᠷᠰᠠᠨ᠎ᠠ

ᠵᠢᠷᠭᠤᠭᠠᠨ ᠮᠠᠴᠢᠳ ᠤᠷᠤᠢ ᠳᠤ ᠵᠢᠩᠭᠢᠨᠡᠭᠡᠳ

ᠵᠢᠷᠤᠭ ᠤᠨ ᠪᠠᠢ᠌ᠭᠠᠯᠢ ᠠᠶᠠᠯᠭᠤ ᠠᠰᠬᠠᠨ᠎ᠠ

    ᠠᠳᠤᠭᠤᠨ ᠤ ᠢᠯᠴᠢᠨ ᠳᠤ ᠵᠢᠪᠠᠷ ᠳᠠᠢ᠌ᠤᠠᠬᠤᠷᠠᠬᠤ ᠳᠤ

    ᠠᠪᠣ ᠶᠢᠨ ᠮᠢᠨᠢ ᠣᠷᠭ᠎ᠠ ᠠᠯᠠᠭᠠᠨ ᠳᠤ ᠭᠦᠯᠦᠷᠡᠨ᠎ᠡ

 

ᠮᠤᠳᠤᠳ ᠤᠨ ᠭᠡᠰᠢᠭᠦᠳ ᠰᠠᠯᠭᠢ ᠪᠠᠷ ᠢᠰᠭᠢᠷᠦᠭᠡᠳ

ᠮᠤᠷᠢᠳ ᠤᠨ ᠭᠦᠯ ᠶᠢᠡᠷ ᠰᠢᠭᠤᠷᠭ᠎ᠠ ᠶᠠᠪᠠᠭᠠᠯᠠᠨ᠎ᠠ

ᠪᠣᠰᠤᠭ᠎ᠠ ᠴᠢᠭᠢ ᠲᠡᠶ ᠬᠤᠯᠠᠨ ᠰᠦᠷᠦᠭ᠌ ᠮᠢᠨᠢ

ᠪᠣᠳᠤᠯ ᠤᠨ ᠶ‍ᠢᠷᠳᠢᠠᠴᠤ ᠳᠤ ᠠᠶᠠᠯᠭᠤ ᠰᠠᠴᠤᠯᠠᠨ᠎ᠠ

    ᠠᠳᠤᠭᠤᠨ ᠤ ᠢᠯᠴᠢᠨ ᠳᠤ ᠵᠢᠪᠠᠷ ᠳᠠᠢ᠌ᠤᠠᠬᠤᠷᠠᠬᠤ ᠳᠤ

    ᠠᠯᠠᠭᠬᠠᠨ ᠪᠣᠷᠤᠭ ᠡᠴᠡ ᠴᠤ ᠠᠢ᠌ᠷᠠᠭ ᠰᠠᠩᠭᠢᠨᠠᠨ᠎ᠠ

    ᠠᠳᠤᠭᠤᠨ ᠤ ᠢᠯᠴᠢᠨ ᠳᠤ ᠵᠢᠪᠠᠷ ᠳᠠᠢ᠌ᠤᠠᠬᠤᠷᠠᠬᠤ ᠳᠤ

    ᠠᠪᠣ ᠶᠢᠨ ᠮᠢᠨᠢ ᠣᠷᠭ᠎ᠠ ᠠᠯᠠᠭᠠᠨ ᠳᠤ ᠭᠦᠯᠦᠷᠡᠨ᠎ᠡ

 

ᠴᠠᠩ ᠲᠡᠶ ᠭᠦᠯᠦᠭ᠌ ᠤᠨ ᠳᠦᠷᠦᠭᠡ ᠬᠠᠷᠰᠢᠭᠠᠤᠨ

ᠬᠠᠩᠭᠢᠨᠠᠨ ᠬᠠᠩᠭᠢᠨᠠᠨ ᠠᠰᠬᠠᠤᠨ ᠴᠤᠤᠷᠠᠢ᠌ᠯᠠᠨ᠎ᠠ

ᠬᠤᠷᠢᠳ ᠤᠨ ᠰᠠᠷᠠ ᠲᠡᠶ ᠳᠤᠷᠮᠣᠢ᠌ᠵᠤ ᠬᠤᠨᠤᠬᠤ ᠳᠤ

ᠭᠡᠭᠡᠷ᠎ᠡ ᠶᠢᠨ ᠬᠤᠢᠮᠤᠷ ᠭᠦᠰᠡᠯ ᠢᠮᠠᠷᠠᠨ᠎ᠠ

    ᠠᠳᠤᠭᠤᠨ ᠤ ᠢᠯᠴᠢᠨ ᠳᠤ ᠵᠢᠪᠠᠷ ᠳᠠᠢ᠌ᠤᠠᠬᠤᠷᠠᠬᠤ ᠳᠤ

    ᠠᠷᠭᠤᠮᠠᠭᠬᠠᠨ ᠭᠦᠯᠦᠭ᠌ ᠡᠴᠡ ᠭᠡᠦᠷᠡᠭ᠌ ᠰᠢᠯᠭᠡᠭᠡᠨ᠎ᠡ

    ᠠᠳᠤᠭᠤᠨ ᠤ ᠢᠯᠴᠢᠨ ᠳᠤ ᠵᠢᠪᠠᠷ ᠳᠠᠢ᠌ᠤᠠᠬᠤᠷᠠᠬᠤ ᠳᠤ

    ᠠᠯᠠᠭᠬᠠᠨ ᠪᠣᠷᠤᠭ ᠡᠴᠡ ᠴᠤ ᠠᠢ᠌ᠷᠠᠭ ᠰᠠᠩᠭᠢᠨᠠᠨ᠎ᠠ

    ᠠᠳᠤᠭᠤᠨ ᠤ ᠢᠯᠴᠢᠨ ᠳᠤ ᠵᠢᠪᠠᠷ ᠳᠠᠢ᠌ᠤᠠᠬᠤᠷᠠᠬᠤ ᠳᠤ

    ᠠᠪᠣ ᠶᠢᠨ ᠮᠢᠨᠢ ᠣᠷᠭ᠎ᠠ ᠠᠯᠠᠭᠠᠨ ᠳᠤ ᠭᠦᠯᠦᠷᠡᠨ᠎ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ