ᠠᠯᠲᠠᠨ ᠠᠷᠤᠷ᠎ᠠ

ᠳᠠᠭᠤᠴᠢᠨ᠄ ᠴᠦᠨ ᠯᠢᠶᠠᠩ
ᠦᠭᠡ᠄ ᠮᠡᠷᠭᠡᠨ ᠭᠡᠭᠡᠨ ᠯᠤᠪᠰᠠᠩᠳᠠᠮᠪᠢᠵᠯᠠᠰᠠᠨ
ᠠᠶ᠎ᠠ᠄ ᠰᠡᠴᠡᠨᠴᠤᠭᠲᠤ
ᠴᠤᠮᠤᠭ ᠤᠨ ᠬᠠᠷᠢᠶ᠎ᠠ᠄ ᠰᠤᠩᠭᠤᠳᠠᠭ ᠬᠠᠳᠠᠭᠠᠯᠠᠮᠵᠢ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤᠱᠠᠰᠢᠨ ᠤ ᠳᠠᠭᠤᠤ
ᠢᠷᠡᠯᠲᠡ᠄ ᠴᠦᠨ ᠯᠢᠶᠠᠩ ᠬᠠᠩᠭᠠᠪᠠ
ᠳᠠᠷᠤᠮ᠄ 3370
ᠴᠠᠭ᠄ 2018 ᠤᠨ ᠤ 01 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ

᠊        ᠦᠭᠡ᠄ ᠮᠡᠷᠭᠡᠨ ᠭᠡᠭᠡᠨ ᠯᠤᠪᠰᠠᠩᠳᠠᠮᠪᠢᠵᠠᠯᠰᠠᠨ

        ᠠᠶ᠎ᠠ᠄ ᠰᠡᠴᠡᠨᠴᠤᠭᠲᠤ

        ᠬᠦᠭᠵᠢᠮ ᠨᠠᠢ᠌ᠷᠠᠭᠤᠯᠤᠭᠴᠢ᠄ ᠪᠤᠯᠠᠭ

        ᠳᠠᠭᠤᠤ ᠰᠢᠩᠭᠡᠭᠡᠭᠴᠢ᠄ ᠲᠤᠯᠭᠠᠭᠤᠷᠢ

        ᠳᠠᠭᠤᠤ ᠬᠠᠪᠰᠤᠷᠤᠭᠴᠢ᠄ ᠪᠤᠯᠠᠭ᠂ ᠲᠤᠯᠭᠠᠭᠤᠷᠢ

 

ᠠᠯᠲᠠᠨ ᠠᠷᠤᠷ᠎ᠠ ᠶᠢᠨ ᠨᠠᠪᠴᠢ ᠰᠠᠢ᠌ᠬᠠᠨ

ᠠᠴᠢᠲᠤ ᠪᠤᠭᠳᠠ ᠶᠢᠨ ᠢᠷᠦᠭᠡᠯ ᠰᠠᠢ᠌ᠬᠠᠨ

ᠠᠮᠢᠳᠤ ᠪᠦᠬᠦᠨ ᠳᠤ ᠵᠢᠷᠭᠠᠯ ᠰᠠᠢ᠌ᠬᠠᠨ

ᠠᠰᠢᠲᠠ ᠶᠢᠨ ᠲᠤᠰᠠ ᠳᠤ ᠪᠤᠶᠠᠨ ᠰᠠᠢ᠌ᠬᠠᠨ

    ᠤᠮ ᠮᠠ ᠨᠢ ᠪᠠᠳ ᠮᠧ ᠬᠤᠩ

 

ᠵᠠᠪᠳᠤᠵᠤ ᠪᠦᠲᠦᠭᠡᠪᠡᠯ ᠪᠤᠶᠠᠨ ᠰᠠᠢ᠌ᠬᠠᠨ

ᠵᠠᠯᠪᠠᠷᠢᠵᠤ ᠮᠦᠷᠭᠦᠪᠡᠯ ᠯᠠᠮᠠ ᠰᠠᠢ᠌ᠬᠠᠨ

ᠽᠠᠨᠳᠠᠨ ᠮᠤᠳᠤᠨ ᠤ ᠦᠨᠦᠷ ᠰᠠᠢ᠌ᠬᠠᠨ

ᠵᠠᠶᠠᠭᠠᠲᠤ ᠪᠤᠭᠳᠠ ᠶᠢᠨ ᠢᠷᠦᠭᠡᠯ ᠰᠠᠢ᠌ᠬᠠᠨ

    ᠤᠮ ᠮᠠ ᠨᠢ ᠪᠠᠳ ᠮᠧ ᠬᠤᠩ

 

ᠡᠷᠭᠦᠵᠦ ᠦᠰᠭᠡᠭᠰᠡᠨ ᠡᠵᠢ ᠰᠠᠢ᠌ᠬᠠᠨ

ᠡᠷᠭᠢᠴᠡᠭᠦᠯᠵᠦ ᠪᠤᠳᠤᠬᠤᠯ᠎ᠠ ᠠᠴᠢ ᠰᠠᠢ᠌ᠬᠠᠨ

ᠡᠷᠬᠢᠵᠤ ᠵᠤᠯᠭᠠᠪᠠᠯ ᠲᠦᠷᠦᠯ ᠰᠠᠢ᠌ᠬᠠᠨ

ᠡᠨᠡ ᠪᠡᠶ᠎ᠡ ᠳᠤ ᠠᠯᠳᠠᠷ ᠰᠠᠢ᠌ᠬᠠᠨ

    ᠤᠮ ᠮᠠ ᠨᠢ ᠪᠠᠳ ᠮᠧ ᠬᠤᠩ

 

ᠰᠠᠷᠠᠭᠤᠯ ᠰᠦᠨᠢ ᠶᠢᠨ ᠭᠡᠷᠡᠯ ᠰᠠᠢ᠌ᠬᠠᠨ

ᠱᠠᠪᠢ ᠬᠦᠮᠦᠨ ᠤ ᠡᠷᠳᠡᠮᠲᠡᠢ ᠰᠠᠢ᠌ᠬᠠᠨ

ᠱᠠᠵᠢᠨ ᠲᠦᠷᠦ ᠶᠢᠨ ᠡᠪ ᠰᠠᠢ᠌ᠬᠠᠨ

ᠰᠠᠯᠤᠭᠠᠳ ᠶᠠᠪᠤᠬᠤ ᠳᠤ ᠨᠤᠲᠤᠭ ᠰᠠᠢ᠌ᠬᠠᠨ

    ᠤᠮ ᠮᠠ ᠨᠢ ᠪᠠᠳ ᠮᠧ ᠬᠤᠩ

 

ᠵᠤᠪᠠᠬᠤ ᠴᠠᠭ ᠲᠤ ᠵᠤᠷᠢᠭ ᠰᠠᠢ᠌ᠬᠠᠨ

ᠵᠢᠷᠭᠠᠬᠤ ᠴᠠᠭ ᠲᠤ ᠰᠡᠷᠡᠮᠵᠢ ᠰᠠᠢ᠌ᠬᠠᠨ

ᠡᠷᠳᠡᠮᠲᠦ ᠯᠠᠮᠠ ᠶᠢᠨ ᠡᠷᠳᠡᠮ ᠰᠠᠢ᠌ᠬᠠᠨ

ᠡᠷᠢᠵᠦ ᠬᠦᠰᠡᠨ ᠰᠤᠷᠬᠤ ᠰᠠᠢ᠌ᠬᠠᠨ

    ᠤᠮ ᠮᠠ ᠨᠢ ᠪᠠᠳ ᠮᠧ ᠬᠤᠩ

 

ᠲᠦᠷᠦ ᠶᠢᠨ ᠳᠤᠮᠳᠠ ᠶᠤᠰᠤ ᠰᠠᠢ᠌ᠬᠠᠨ

ᠲᠦᠰᠢᠮᠡᠯ ᠬᠦᠮᠦᠨ ᠦᠨᠡᠨᠴᠢ ᠰᠠᠢ᠌ᠬᠠᠨ

ᠲᠦᠷᠦ ᠱᠠᠵᠢᠨ ᠪᠠᠲᠤᠳᠠ ᠰᠠᠢ᠌ᠬᠠᠨ

ᠲᠦᠪᠰᠢᠨ ᠡᠩᠬᠡ ᠵᠢᠷᠭᠠᠯ ᠰᠠᠢ᠌ᠬᠠᠨ

    ᠤᠮ ᠮᠠ ᠨᠢ ᠪᠠᠳ ᠮᠧ ᠬᠤᠩ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ