ᠲᠦᠷᠦ ᠶᠢᠨ ᠠᠯᠲᠠᠨ ᠯᠢᠩᠬᠤᠸ᠎ᠠ

ᠳᠠᠭᠤᠴᠢᠨ᠄ ᠴᠦᠨ ᠯᠢᠶᠠᠩ
ᠦᠭᠡ᠄ ᠬᠤᠷᠠᠭ᠎ᠠ
ᠠᠶ᠎ᠠ᠄ ᠦᠯᠢᠭᠡᠷ
ᠴᠤᠮᠤᠭ ᠤᠨ ᠬᠠᠷᠢᠶ᠎ᠠ᠄ ᠰᠤᠩᠭᠤᠳᠠᠭ ᠬᠠᠳᠠᠭᠠᠯᠠᠮᠵᠢ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤᠱᠠᠰᠢᠨ ᠤ ᠳᠠᠭᠤᠤ
ᠢᠷᠡᠯᠲᠡ᠄ ᠴᠦᠨ ᠯᠢᠶᠠᠩ ᠬᠠᠩᠭᠠᠪᠠ
ᠳᠠᠷᠤᠮ᠄ 3094
ᠴᠠᠭ᠄ 2018 ᠤᠨ ᠤ 01 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ

᠊        ᠦᠭᠡ᠄ ᠬᠤᠷᠠᠭ᠎ᠠ

        ᠠᠶ᠎ᠠ᠄ ᠦᠯᠢᠭᠡᠷ

        ᠬᠦᠭᠵᠢᠮ ᠨᠠᠢ᠌ᠷᠠᠭᠤᠯᠤᠭᠴᠢ᠄ ᠪᠤᠯᠠᠭ

        ᠳᠠᠭᠤᠤ ᠰᠢᠩᠭᠡᠭᠡᠭᠴᠢ᠄ ᠴᠡᠩᠭᠡᠯ᠂ ᠲᠤᠯᠭᠠᠭᠤᠷᠢ

        ᠮᠤᠷᠢᠨ ᠬᠤᠭᠤᠷ᠄ ᠦᠷᠭᠡᠨ

        ᠠᠶ᠎ᠠ ᠳᠠᠭᠤᠤ ᠡᠪᠯᠡᠭᠦᠯᠦᠭᠴᠢ᠄ ᠴᠡᠩᠭᠡᠯ

        ᠡᠬᠡ ᠲᠠᠢ᠌ᠫ᠄ ᠴᠢᠤᠸᠠᠨ ᠰᠢᠶᠠᠩ ᠶᠠᠨ

        ᠳᠠᠭᠤᠤ ᠬᠠᠪᠰᠤᠷᠤᠭᠴᠢ᠄ ᠦᠷᠭᠡᠨ

        ᠳᠠᠭᠤᠴᠢᠨ᠄ ᠴᠦᠨ ᠯᠢᠶᠠᠩ

 

ᠡᠬᠡ ᠪᠤᠯᠤᠭᠰᠠᠨ ᠵᠢᠷᠭᠤᠭᠠᠨ ᠵᠤᠢ᠌ᠯ ᠢ

ᠡᠯᠢᠭᠡ ᠵᠢᠷᠦᠬᠡᠨ ᠳᠡᠭᠡᠨ ᠪᠠᠭᠳᠠᠭᠠᠬᠤ ᠳᠠᠭᠠᠨ

ᠡᠷᠳᠡᠨᠢ ᠡᠪᠦᠷᠯᠡᠭᠰᠡᠨ ᠡᠵᠢ ᠨᠤᠲᠤᠭ ᠶᠢᠠᠨ

ᠡᠮᠲᠡᠷᠡᠰᠢ ᠦᠭᠡᠢ ᠭᠡᠳ ᠵᠠᠯᠪᠠᠷᠢᠬᠤ ᠳᠠᠭᠠᠨ

ᠲᠦᠷᠦ ᠶᠢᠨ ᠠᠯᠲᠠᠨ ᠯᠢᠩᠬᠤᠸ᠎ᠠ ᠳᠡᠭᠡᠷ᠎ᠡ

ᠲᠡᠭᠦᠰ ᠵᠠᠪᠢᠯᠠᠭᠰᠠᠨ ᠠᠴᠢᠲᠤ ᠪᠠᠭᠰᠢ

ᠲᠦᠮᠡᠨ ᠤ ᠠᠷᠢᠭᠤᠨ ᠰᠦᠰᠦᠭ ᠳᠡᠭᠡᠷ᠎ᠡ

ᠲᠡᠭᠦᠯᠳᠡᠷ ᠵᠠᠯᠠᠷᠠᠭᠰᠠᠨ ᠦᠮᠦᠭᠲᠦ ᠪᠠᠭᠰᠢ

        ᠤᠮ ᠮᠠ ᠨᠢ ᠪᠠᠳ ᠮᠧ ᠬᠤᠩ

        ᠤᠮ ᠮᠠ ᠨᠢ ᠪᠠᠳ ᠮᠧ ᠬᠤᠩ

 

ᠡᠷᠳᠡᠮ ᠬᠤᠷᠠᠭᠰᠠᠨ ᠵᠢᠷᠭᠤᠭᠠᠨ ᠮᠠᠨᠢ ᠶᠢ

ᠡᠷᠢᠬᠡᠨ ᠭᠤᠤᠯ ᠳᠠᠭᠠᠨ ᠰᠢᠩᠭᠡᠭᠡᠬᠦ ᠳᠡᠭᠡᠨ

ᠡᠪ ᠨᠠᠢ᠌ᠷᠠᠲᠠᠢ ᠡᠬᠡ ᠤᠷᠤᠨ ᠶᠢᠠᠨ

ᠡᠪᠳᠡᠷᠡᠰᠢ ᠦᠭᠡᠢ ᠭᠡᠵᠦ ᠳᠠᠭᠠᠳᠭᠠᠬᠤ ᠳᠠᠭᠠᠨ

ᠱᠠᠰᠢᠨ ᠤ ᠴᠠᠭᠠᠨ ᠰᠢᠬᠦᠷ ᠳᠤᠤᠷ᠎ᠠ

ᠱᠠᠰᠳᠢᠷ ᠪᠦᠲᠦᠭᠡᠭᠰᠡᠨ ᠡᠨᠡᠷᠢᠩᠭᠦᠢ ᠪᠠᠭᠰᠢ

ᠽᠠᠮᠪᠤᠲᠢᠪ ᠤᠨ ᠠᠷᠠᠳ ᠪᠦᠬᠦᠨ ᠳᠤ

ᠵᠢᠷᠭᠠᠯ ᠬᠤᠷᠤᠢ᠌ᠯᠠᠭᠰᠠᠨ ᠡᠵᠢ ᠪᠠᠭᠰᠢ

        ᠤᠮ ᠮᠠ ᠨᠢ ᠪᠠᠳ ᠮᠧ ᠬᠤᠩ

        ᠤᠮ ᠮᠠ ᠨᠢ ᠪᠠᠳ ᠮᠧ ᠬᠤᠩ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ