ᠭᠡᠷᠡᠯ ᠠᠩᠭ᠎ᠠ

ᠳᠠᠭᠤᠴᠢᠨ᠄ ᠭᠡᠭᠡᠨᠵᠤᠯᠠ
ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠭᠡᠭᠡᠨᠵᠤᠯᠠ
ᠳᠠᠷᠤᠮ᠄ 8852
ᠴᠠᠭ᠄ 2015 ᠤᠨ ᠤ 11 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠠᠭᠤᠯᠠ ᠨᠢ ᠬᠡᠳᠦᠢ᠌ᠪᠡᠷ ᠦᠨᠳᠦᠷ ᠪᠤᠯᠪᠠᠴᠤ

ᠤᠷᠳᠤᠭᠤᠷ ᠨᠢ ᠭᠠᠷᠬᠤ ᠵᠠᠮ ᠲᠠᠢ ᠪᠢᠰᠢᠦ

ᠤᠯᠤᠰ ᠤᠨ ᠡᠵᠡᠨ ᠤ ᠭᠦᠩᠵᠦ ᠪᠤᠯᠪᠠᠴᠤ

ᠤᠷᠤᠭᠴᠠᠭᠠᠵᠤ ᠦᠭ᠍ᠬᠦ ᠶᠤᠰᠤ ᠲᠠᠢ ᠪᠢᠰᠢᠦ

 

ᠬᠠᠳᠠ ᠨᠢ ᠬᠡᠳᠦᠢ᠌ᠪᠡᠷ ᠦᠨᠳᠦᠷ ᠪᠤᠯᠪᠠᠴᠤ

ᠬᠠᠵᠠᠭᠤ ᠪᠠᠷ ᠨᠢ ᠭᠠᠷᠬᠤ ᠵᠠᠮ ᠲᠠᠢ ᠪᠢᠰᠢᠦ

ᠬᠠᠭᠠᠨ ᠡᠵᠡᠨ ᠤ ᠭᠦᠩᠵᠦ ᠪᠤᠯᠪᠠᠴᠤ

ᠬᠠᠷᠢ ᠳᠤ ᠮᠤᠷᠳᠠᠬᠤ ᠶᠤᠰᠤ ᠲᠠᠢ ᠪᠢᠰᠢᠦ

 

ᠡᠭᠦᠳᠡᠨ ᠪᠤᠱᠤᠭ᠎ᠠ ᠨᠢ ᠦᠨᠳᠦᠷ ᠭᠡᠳ

ᠦᠰᠦᠷᠦᠭᠡᠳ ᠪᠤᠤ ᠤᠷᠤ ᠳᠠ ᠭᠡᠷᠡᠯ ᠡ

ᠤᠷᠤᠭ ᠤᠨ ᠭᠠᠵᠠᠷ ᠬᠠᠯᠠ ᠲᠠᠢ ᠭᠡᠳ

ᠡᠰᠡᠷᠭᠦᠴᠡᠵᠦ ᠪᠤᠤ ᠳᠤᠤᠭᠠᠷ ᠳ᠋ᠠ ᠭᠡᠷᠡᠯ ᠡ

 

ᠬᠠᠭᠠᠯᠭᠠᠨ ᠪᠤᠱᠤᠭ᠎ᠠ ᠨᠢ ᠦᠨᠳᠦᠷ ᠭᠡᠳ

ᠬᠠᠷᠠᠢ᠌ᠭᠠᠳ ᠪᠤᠤ ᠤᠷᠤ ᠳ᠋ᠠ ᠭᠡᠷᠡᠯ ᠡ

ᠬᠠᠳᠠᠮ ᠤᠨ ᠭᠠᠵᠠᠷ ᠬᠠᠯᠠ ᠲᠠᠢ ᠭᠡᠳ

ᠬᠠᠷᠢᠭᠤᠴᠠᠵᠤ ᠪᠤᠤ ᠳᠤᠤᠭᠠᠷ ᠳ᠋ᠠ ᠭᠡᠷᠡᠯ ᠡ

 

ᠪᠤᠤᠪᠤ ᠪᠤᠭᠤᠷᠰᠤᠭ ᠶᠢᠠᠨ ᠢᠳᠡᠶ᠎ᠡ ᠭᠡᠪᠡᠯ

ᠪᠤᠷᠤ ᠸᠠᠳᠠᠩ ᠳᠤ ᠴᠢᠨᠢ ᠪᠤᠭᠤᠳᠠᠯ ᠲᠠᠢ ᠪᠠᠨ ᠪᠠᠢ᠌ᠨ᠎ᠠ

ᠪᠤᠳᠤᠯᠭᠠᠨ ᠤ ᠦᠭᠡ ᠪᠠᠨ ᠶᠠᠷᠢᠶ᠎ᠠ ᠭᠡᠪᠡᠯ

ᠪᠤᠭᠳᠤᠯᠤᠭᠠᠳ ᠦᠭ᠍ᠭᠦᠭ᠍ᠰᠡᠨ ᠬᠦᠷᠭᠡᠨ ᠴᠢᠨᠢ ᠪᠠᠢ᠌ᠨ᠎ᠠ

 

ᠰᠢᠬᠢᠷ ᠪᠤᠷᠠᠮ ᠶᠢᠠᠨ ᠢᠳᠡᠶ᠎ᠡ ᠭᠡᠪᠡᠯ

ᠴᠠᠭᠠᠳᠠᠢ ᠪᠠᠭᠯᠠᠭᠠᠨ ᠳᠤ ᠴᠢᠨᠢ ᠴᠠᠭᠠᠰᠤ ᠲᠠᠢ ᠪᠠᠨ ᠪᠠᠢ᠌ᠨ᠎ᠠ

ᠰᠠᠨᠠᠭᠠᠨ ᠤ ᠦᠭᠡ ᠪᠠᠨ ᠶᠠᠷᠢᠶ᠎ᠠ ᠭᠡᠪᠡᠯ

ᠰᠠᠭᠠᠳᠠᠭᠯᠠᠭᠠᠳ ᠦᠭ᠍ᠭᠦᠭ᠍ᠰᠡᠨ ᠬᠦᠷᠭᠡᠨ ᠴᠢᠨᠢ ᠪᠠᠢ᠌ᠨ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ