ᠳᠡᠯᠭᠡᠷᠡᠩᠭᠦᠢ
ᠳᠠᠷᠤᠮ᠄ 4741

1982.11.25. ᠳ᠋ᠥ ᠬᠣᠷᠴᠢ᠍ᠨ ᠵᠡᠭᠦᠨ ᠭᠠᠷᠣᠨ ᠬᠤᠢ᠌ᠲᠤ ᠬᠣᠰᠢ᠍ᠭᠣᠨ ᠤ ᠪᠠᠭᠠᠲᠠᠯ᠎ᠠ ᠰᠣᠮᠣ ᠶᠢᠨ ᠪᠣᠯᠣᠩ ᠭᠠᠴᠠᠭᠠᠨ ᠳ᠋ᠥ ᠲᠥᠪᠶ‍ᠣᠰᠤᠲᠦ ᠪᠣᠯᠣᠨ ᠢᠥᠢ ᠴᠦ᠋ᠨ ᠤ ᠠᠬᠠᠮᠠᠳ ᠬᠦᠣ ᠨᠢ ᠪᠣᠯᠵᠦ ᠵᠠᠶᠠᠭᠠᠵᠠᠢ᠃ ᠠᠬ᠎ᠠ ᠳᠡᠭᠦᠣ ᠭᠣᠷᠪᠠᠭᠣᠯᠠ ᠨᠢ᠍ᠭᠡ ᠬᠡᠣᠬᠡᠨ ᠳᠡᠭᠦᠣ ᠨᠢ᠍ᠭᠡ ᠳᠡᠭᠦᠣ ᠲᠡᠶ᠂ ᠪᠠᠭ᠎ᠠ ᠡᠴᠡ ᠪᠠᠨ ᠠᠪᠣ ᠶᠢᠨ ᠨᠥᠯᠦᠭᠡ ᠪᠡᠷ ᠥᠯᠢ᠍ᠭᠡᠷ᠂ ᠬᠣᠯᠪᠣᠭ᠎ᠠ᠂ ᠠᠷᠠᠳ ᠤᠨ ᠳᠠᠭᠤᠤ ᠳ᠋ᠥ ᠲᠥᠢ᠍ᠯ ᠤᠨ ᠳᠣᠷ᠎ᠠ ᠪᠠᠬᠠᠲᠠᠢ ᠣᠴᠢ᠍ᠷ ᠡᠴᠡ ᠪᠠᠭ᠎ᠠ ᠡᠴᠡ ᠪᠠᠨ ᠬᠣᠭᠣᠷ ᠰᠣᠷᠴᠦ ᠥᠯᠢ᠍ᠭᠡᠷ᠂ ᠬᠣᠯᠪᠣᠭ᠎ᠠ᠂ ᠠᠷᠠᠳ ᠤᠨ ᠳᠠᠭᠣᠣ ᠬᠢᠴᠢ᠍ᠶᠡᠨ ᠰᠣᠷᠴᠠᠢ᠃ ᠨᠢ᠍ᠭᠡ ᠬᠡᠮᠵᠢ᠍ᠶᠡᠨ ᠤ ᠰᠣᠷᠣᠭᠰᠠᠨ ᠤ ᠰᠡᠭᠦᠯᠡᠷ ᠷᠠᠳ᠋ᠢ᠍ᠣ᠋ ᠲᠧᠯᠸᠢ᠍ᠰ ᠳᠡᠭᠡᠷ᠎ᠠ ᠡᠴᠡ ᠠᠬᠠᠮᠠᠳ ᠣᠷᠠᠯᠢ᠍ᠭᠴᠢ᠍ᠨ ᠨᠡᠷ ᠤᠨ ᠳᠠᠭᠣᠯᠠᠭᠰᠠᠨ ᠢ ᠰᠣᠨᠣᠰᠴᠦ ᠰᠣᠷᠬᠣ᠂ ᠨᠡᠢ᠌ᠭᠡᠮ ᠳᠡᠭᠡᠷ᠎ᠠ ᠶᠠᠪᠣᠵᠦ ᠨᠣᠲᠣᠭ ᠤᠨ ᠪᠣᠭᠣᠷᠣᠯᠴᠣᠳ᠂ ᠠᠷᠠᠳ ᠤᠨ ᠣᠷᠠᠯᠢ᠍ᠭᠴᠢ᠍ᠳ ᠡᠴᠡ ᠰᠣᠷᠬᠣ᠂ ᠠᠪᠣ ᠡᠴᠡ ᠪᠠᠨ ᠰᠣᠷᠬᠣ ᠭᠡᠬᠦ ᠮᠡᠲᠦ ᠪᠡᠷ ᠰᠣᠷᠣᠯᠴᠠᠵᠦ ᠢᠷᠡᠵᠡᠢ᠃ ᠬᠣᠵᠢ᠍ᠮ ᠨᠢ ᠬᠣᠰᠢ᠍ᠭᠣ᠂ ᠬᠣᠲᠠ ᠶᠢᠨ ᠳᠡᠰ ᠤᠨ ᠣᠷᠣᠯᠳ᠋ᠣᠭᠠᠨ ᠳ᠋ᠥ ᠣᠯᠠᠨ ᠣᠷᠣᠯᠴᠠᠵᠠᠢ᠃

2009 ᠣᠨ ᠳ᠋ᠥ ᠬᠣᠷᠴᠢ᠍ᠨ ᠵᠡᠭᠦᠨ ᠭᠠᠷᠣᠨ ᠬᠣᠢ᠌ᠲᠦ ᠬᠣᠰᠢ᠍ᠭᠣ ᠳ᠋ᠥ ᠶᠠᠪᠣᠭᠳ᠋ᠠᠭᠰᠠᠨ 《ᠪᠥᠯᠬᠦᠮᠳ᠋ᠡᠯ ᠳᠠᠪᠰᠢ᠍ᠯᠲᠦ》 ᠬᠣᠨᠳ᠋ᠠᠭᠠᠲᠦ ᠳᠠᠭᠣᠣ ᠶᠢᠨ ᠣᠷᠣᠯᠳ᠋ᠣᠭᠠᠨ ᠳ᠋ᠥ ᠰᠢ᠍ᠯᠢ᠍ᠳ᠋ᠡᠭ᠌ ᠱᠠᠩᠨᠠᠯ ᠬᠥᠷᠲᠡᠪᠡ᠃

2010 ᠣᠨ ᠤ 1 ᠰᠠᠷ᠎ᠠ ᠶᠢᠨ 18 ᠳ᠋ᠥ 2010 ᠣᠨ ᠤ ᠲᠥᠩᠯᠢ᠍ᠶ‍ᠣᠦ ᠷᠠᠳ᠋ᠢ᠍ᠣ᠋ ᠬᠣᠷᠢ᠍ᠶᠠᠨ ᠤ ᠡᠷᠬᠢᠯᠡᠨ ᠶᠠᠪᠣᠭᠳ᠋ᠠᠭᠣᠯᠣᠭᠰᠠᠨ 《ᠠᠯᠲᠠᠨ ᠰᠣᠨᠳ᠋ᠣᠷ》 ᠬᠣᠨᠳ᠋ᠠᠭᠠᠲᠦ ᠰᠣᠳ᠋ᠣᠨ ᠳᠠᠭᠣᠴᠢ᠍ᠳ ᠤᠨ ᠣᠨ ᠤ ᠮᠠᠩᠨᠠᠢ ᠰᠢ᠍ᠯᠭᠠᠷᠠᠭᠣᠯᠬᠣ ᠮᠥᠷᠦᠢ᠌ᠴᠡᠭᠡᠨ ᠳ᠋ᠥ 《ᠯᠢ᠍ᠶᠠᠩ ᠶᠠᠯᠭ᠎ᠠ》 ᠭᠡᠬᠦ ᠳᠠᠭᠣᠣ ᠪᠡᠷ ᠨᠢ᠍ᠭᠡᠳ᠋ᠦᠭᠡᠷ ᠳᠡᠰ ᠤᠨ ᠱᠠᠩᠨᠠᠯ ᠬᠥᠷᠲᠡᠪᠡ᠃

2011 ᠣᠨ ᠳ᠋ᠥ ᠲᠥᠩᠯᠢ᠍ᠶ‍ᠣᠦ ᠬᠣᠲᠠ ᠶᠢᠨ ᠬᠣᠷᠴᠢ᠍ᠨ ᠠᠷᠠᠳ ᠤᠨ ᠳᠠᠭᠣᠣ ᠶᠢᠨ ᠨᠡᠢ᠌ᠭᠡᠮᠯᠢ᠍ᠭ᠌ ᠤᠨ ᠭᠡᠰᠢ᠍ᠭᠦᠨ ᠪᠣᠯᠪᠠ᠃

2011 ᠣᠨ ᠤ 9 ᠰᠠᠷ᠎ᠠ ᠶᠢᠨ 18 ᠳ᠋ᠥ ᠢᠥᠢ ᠪᠣᠣ ᠯᠢ᠍ᠨ ᠪᠠᠭᠰᠢ ᠡᠴᠡ ᠴᠣᠭᠣᠷ ᠰᠣᠷᠴᠦ᠂ ᠣᠳ᠋ᠣ ᠳ᠋ᠥ ᠴᠣᠭᠣᠷ ᠤᠨ ᠭᠣᠴᠣᠯᠠᠯ ᠠᠶ᠎ᠠ 《ᠨᠢ᠋ᠮᠠᠨ ᠠᠶᠠᠯᠭᠣ》᠂ 《ᠮᠥᠴᠦᠷᠡᠢ》᠂ 《ᠾᠧ ᠶᠢ᠍ᠩ ᠬᠣᠸᠠᠷ》᠁ ᠵᠡᠷᠭᠡ ᠠᠶ᠎ᠠ ᠶᠢ ᠬᠥᠭ᠍ᠵᠢ᠍ᠮᠳ᠋ᠡᠵᠦ ᠪᠠᠰᠠ ᠲᠣᠣᠯᠢ ᠬᠠᠢ᠌ᠯᠠᠬᠣ᠂ ᠴᠣᠭᠣᠷᠳ᠋ᠠᠨ ᠳᠠᠭᠣᠯᠠᠬᠣ ᠵᠡᠷᠭᠡ ᠮᠡᠷᠭᠡᠵᠢ᠍ᠯ ᠢ ᠬᠠᠪᠰᠣᠷᠭᠠᠨ ᠰᠣᠷᠴᠠᠢ᠃ ᠣᠳ᠋ᠣ ᠳ᠋ᠥ ᠬᠠᠢ᠌ᠯᠠᠵᠦ ᠪᠠᠢ᠌ᠭ᠎ᠠ ᠲᠣᠣᠯᠢ 《ᠭᠡᠰᠡᠷ ᠪᠣᠭᠳ᠋ᠠ ᠭᠠᠰᠢ᠍ᠨ ᠵᠠᠯᠪᠦ ᠬᠠᠨ ᠯᠣᠭ᠎ᠠ ᠶᠡᠬᠡ ᠪᠡᠷ ᠪᠠᠢ᠌ᠯᠳ᠋ᠣᠭᠰᠠᠨ》᠂ 《ᠭᠡᠰᠡᠷ ᠨᠣᠮᠲᠦ ᠬᠠᠭᠠᠨ ᠳ᠋ᠥ ᠲᠣᠰᠠᠯᠠᠵᠦ ᠭᠠᠯ ᠳᠠᠭᠲᠠᠷ ᠮᠠᠩᠭ᠋ᠣᠰ ᠢ ᠳᠠᠷᠣᠭᠰᠠᠨ》᠃

2011 ᠣᠨ ᠤ 11 ᠰᠠᠷ᠎ᠠ ᠳ᠋ᠥ 《ᠮᠧᠩ ᠶᠣᠸᠠᠨ》 ᠬᠣᠨᠳ᠋ᠠᠭᠠᠲᠦ ᠴᠣᠭᠣᠷ ᠤᠨ ᠣᠷᠣᠯᠳ᠋ᠣᠭᠠᠨ ᠳ᠋ᠥ ᠰᠢ᠍ᠯᠢ᠍ᠳ᠋ᠡᠭ᠌ ᠱᠠᠩᠨᠠᠯ ᠬᠥᠷᠲᠡᠪᠡ᠃

 

2012 ᠣᠨ ᠤ 7 ᠰᠠᠷ᠎ᠠ ᠶᠢᠨ 15 ᠳ᠋ᠥ ᠠᠩᠬᠠᠳ᠋ᠣᠭᠠᠷ ᠣᠳ᠋ᠠᠭᠠᠨ ᠤ ᠬᠣᠲᠠ ᠶᠢᠨ ᠨᠠᠭᠠᠳ᠋ᠣᠮ ᠤᠨ ᠬᠣᠷᠠᠯ ᠤᠨ ᠠᠷᠠᠳ ᠤᠨ ᠳᠠᠭᠣᠨ ᠤ ᠣᠷᠣᠯᠳ᠋ᠣᠭᠠᠨ ᠳ᠋ᠥ 《ᠶᠠᠩᠯᠢ᠍ᠩᠬᠣᠸᠠᠷ》 ᠭᠡᠬᠦ ᠳᠠᠭᠣᠣ ᠪᠡᠷ ᠨᠢ᠍ᠭᠡᠳ᠋ᠦᠭᠡᠷ ᠳᠡᠰ ᠤᠨ ᠱᠠᠩᠨᠠᠯ ᠬᠥᠷᠲᠡᠪᠡ᠃

2012 ᠣᠨ ᠤ 12 ᠰᠠᠷ᠎ᠠ ᠳ᠋ᠥ 《ᠰᠣᠳ᠋ᠣᠨ ᠬᠣᠨᠳ᠋ᠠᠭᠠᠲᠦ》 ᠬᠢᠴᠢ᠍ᠶᠡᠯᠡᠯᠭᠡ ᠶᠢᠨ ᠣᠷᠣᠯᠳ᠋ᠣᠭᠠᠨ ᠳ᠋ᠥ ᠰᠢ᠍ᠯᠢ᠍ᠳ᠋ᠡᠭ᠌ ᠱᠠᠩᠨᠠᠯ ᠬᠥᠷᠲᠡᠪᠡ᠃

2014 ᠣᠨ ᠤ 5 ᠰᠠᠷ᠎ᠠ ᠳ᠋ᠥ ᠥᠪᠦᠷ ᠮᠣᠩᠭ᠋ᠣᠯ ᠤᠨ ᠥᠨᠳ᠋ᠦᠰᠦᠲᠡᠨ ᠤ ᠶᠡᠬᠡ ᠰᠣᠷᠭᠠᠭᠣᠯᠢ ᠳ᠋ᠥ ᠶᠠᠪᠣᠭᠳ᠋ᠠᠭᠰᠠᠨ ᠠᠷᠠᠳ ᠤᠨ ᠳᠠᠭᠣᠣ ᠶᠢᠨ ᠣᠷᠣᠯᠳ᠋ᠣᠭᠠᠨ ᠤ ᠬᠢᠨᠠᠭᠴᠢ᠃

2014 ᠣᠨ ᠳ᠋ᠥ ᠥᠪᠦᠷ ᠮᠣᠩᠭ᠋ᠣᠯ ᠤᠨ ᠴᠣᠭᠣᠷ ᠤᠨ ᠨᠡᠢ᠌ᠭᠡᠮᠯᠢ᠍ᠭ᠌ ᠤᠨ ᠭᠡᠰᠢ᠍ᠭᠦᠨ ᠪᠣᠯᠪᠠ᠃

 

2014.10.26 ᠣᠨ ᠳ᠋ᠥ ᠲᠥᠩᠯᠢ᠍ᠶ‍ᠣᠦ ᠬᠣᠲᠠ ᠶᠢᠨ ᠬᠣᠷᠴᠢ᠍ᠨ ᠴᠣᠭᠣᠷ ᠤᠨ ᠨᠡᠢ᠌ᠭᠡᠮᠯᠢ᠍ᠭ᠌ ᠤᠨ ᠳᠡᠳ᠋ ᠲᠡᠷᠢ᠍ᠭᠦᠯᠡᠭ᠍ᠴᠢ ᠪᠣᠯᠪᠠ᠃

2014 ᠣᠨ ᠤ 11 ᠰᠠᠷ᠎ᠠ ᠳ᠋ᠥ ᠳᠣᠮᠳ᠋ᠠᠳ᠋ᠦ ᠶᠢᠨ ᠬᠣᠷᠴᠢ᠍ᠨ᠂ ᠮᠠᠩᠯᠠᠢ ᠰᠢ᠍ᠯᠭᠠᠷᠠᠭᠣᠯᠬᠣ ᠳᠠᠭᠣᠣ ᠶᠢᠨ ᠣᠷᠣᠯᠳ᠋ᠣᠭᠠᠨ ᠤ 11 ᠳ᠋ᠣᠭᠡᠷ ᠰᠠᠷ᠎ᠠ ᠶᠢᠨ ᠰᠠᠷ᠎ᠠ ᠶᠢᠨ ᠮᠠᠩᠯᠠᠢ ᠪᠣᠯᠪᠠ᠃

2015.1.23 ᠳ᠋ᠥ ᠳᠣᠮᠳ᠋ᠠᠳ᠋ᠦ ᠬᠣᠷᠴᠢ᠍ᠨ᠂ ᠮᠠᠩᠯᠠᠢ ᠰᠢ᠍ᠯᠭᠠᠷᠠᠭᠣᠯᠬᠣ ᠳᠠᠭᠣᠣ ᠶᠢᠨ ᠣᠷᠣᠯᠳ᠋ᠣᠭᠠᠨ ᠤ ᠵᠢᠯ ᠤ ᠮᠠᠩᠨᠠᠢ ᠰᠢ᠍ᠯᠭᠠᠷᠠᠭᠣᠯᠬᠣ ᠣᠷᠣᠯᠳ᠋ᠣᠭᠠᠨ ᠳ᠋ᠥ ᠭᠣᠷᠪᠠᠳ᠋ᠣᠭᠠᠷ ᠱᠠᠩᠨᠠᠯ ᠬᠥᠷᠲᠡᠪᠡ᠃

2015.3 ᠳ᠋ᠥ ᠥᠪᠦᠷ ᠮᠣᠩᠭ᠋ᠣᠯ ᠤᠨ ᠳᠥᠷᠪᠡᠨ ᠣᠳ᠋ᠠᠰᠣᠲᠦ ᠬᠤᠭᠤᠷ ᠤᠨ ᠨᠡᠢ᠌ᠭᠡᠮᠡᠯᠢ᠍ᠭ᠌ ᠤᠨ ᠭᠡᠰᠢ᠍ᠭᠦᠨ ᠪᠣᠯᠪᠠ᠃

2015.9 ᠰᠠᠷ᠎ᠠ ᠳ᠋ᠥ ᠲᠥᠩᠯᠢ᠍ᠶ‍ᠣᠦ ᠬᠣᠲᠠ ᠶᠢᠨ ᠮᠣᠩᠭ᠋ᠣᠯ ᠪᠠᠭ᠎ᠠ ᠰᠣᠷᠭᠠᠭᠣᠯᠢ ᠳ᠋ᠥ ᠳᠥᠷᠪᠡᠨ ᠣᠳ᠋ᠠᠰᠣᠲᠦ ᠬᠣᠭᠣᠷ ᠤᠨ ᠪᠠᠭᠰᠢ ᠪᠡᠷ ᠣᠷᠢ᠍ᠭᠳ᠋ᠠᠪᠠ᠃

2015.11 ᠰᠠᠷ᠎ᠠ ᠳ᠋ᠥ ᠲᠥᠩᠯᠢ᠍ᠶ‍ᠣᠦ ᠷᠠᠳ᠋ᠢ᠍ᠥ ᠬᠣᠷᠢ᠍ᠶᠠᠨ ᠳ᠋ᠥ 《ᠪᠣᠭᠳ᠋ᠠ ᠶᠢᠨ ᠰᠣᠷᠭᠠᠯ》᠂ 《ᠡᠬᠡ ᠶᠢᠨ ᠠᠴᠢ》 《ᠯᠣᠦ ᠳᠡᠭᠦᠯᠢ᠍ᠭ᠍ᠰᠡᠨ ᠰᠢ᠍ᠷᠠᠮᠦ᠋ᠷᠡᠨ》᠂ 《ᠪᠠᠶᠠᠨ ᠰᠥᠷᠦᠭ᠌ ᠤᠨ ᠬᠣᠷᠣᠢ》᠂ 《ᠲᠥᠩᠯᠢ᠍ᠶ‍ᠣᠦ ᠬᠣᠲᠠ ᠶᠢᠨ ᠮᠠᠭᠲᠠᠭᠠᠯ》 ᠵᠡᠷᠭᠡ ᠲᠠᠪᠣᠨ ᠬᠣᠯᠪᠣᠭ᠎ᠠ ᠰᠢ᠍ᠩᠭᠡᠭᠡᠪᠡ᠃

2015 ᠣᠨ ᠤ 11 ᠰᠠᠷ᠎ᠠ ᠳ᠋ᠥ ᠪᠥᠬᠦ ᠣᠷᠣᠨ ᠤ 《ᠬᠣᠷᠴᠢ᠍ᠨ ᠬᠣᠨᠳ᠋ᠠᠭᠠᠲᠦ》ᠥᠯᠢ᠍ᠭᠡᠷ ᠲᠣᠣᠯᠢ ᠶᠢᠨ ᠣᠷᠣᠯᠳ᠋ᠣᠭᠠᠨ ᠳ᠋ᠥ 《ᠭᠡᠰᠡᠷ ᠪᠣᠭᠳ᠋ᠠ ᠭᠠᠰᠢ᠍ᠨ ᠵᠠᠯᠪᠣ ᠬᠠᠨ ᠯᠣᠭ᠎ᠠ ᠶᠡᠬᠡᠪᠡᠷ ᠪᠠᠢ᠌ᠯᠳ᠋ᠣᠭᠰᠠᠨ》 ᠭᠡᠬᠦ ᠲᠣᠣᠯᠢ ᠪᠡᠷ ᠬᠣᠶᠠᠳ᠋ᠣᠭᠠᠷ ᠳᠡᠰ ᠤᠨ ᠱᠠᠩᠨᠠᠯ ᠬᠥᠷᠲᠡᠪᠡ᠃

2015 ᠣᠨ ᠤ 12 ᠰᠠᠷ᠎ᠠ ᠳ᠋ᠥ ᠣᠭ᠍ᠶ‍ᠣᠨᠽᠠᠨᠳ᠋ᠠᠨ ᠭᠡᠬᠦ ᠥᠯᠢ᠍ᠭᠡᠷᠲᠦ ᠳᠠᠭᠣᠣ ᠶᠢ ᠵᠢᠷᠣᠭᠲᠦ ᠰᠢ᠍ᠩᠭᠡᠭᠡᠯᠲᠡ ᠬᠢᠵᠦ ᠮᠣᠩᠭ᠋ᠣᠯ ᠣᠯᠣᠰ ᠤᠨ ᠴᠠᠭᠠᠨ ᠰᠠᠷ᠎ᠠ ᠶᠢᠨ ᠨᠡᠪᠲᠡᠷᠡᠭᠦᠯᠭᠡ ᠬᠢᠪᠡ᠃

2016 ᠣᠨ ᠤ 2 ᠰᠠᠷ᠎ᠠ ᠳ᠋ᠥ ᠲᠥᠩᠯᠢ᠍ᠶ‍ᠣᠦ ᠬᠣᠲᠠ ᠶᠢᠨ ᠷᠠᠳ᠋ᠢ᠍ᠣ᠋ ᠲᠧᠯᠸᠢ᠍ᠰ ᠬᠣᠷᠢ᠍ᠶᠠᠨ ᠳ᠋ᠥ ᠬᠣᠷᠢ᠍ᠨ ᠬᠡᠳ᠋ᠦᠨ ᠪᠥᠷᠢᠨ ᠪᠥᠲᠦᠨ ᠥᠯᠢ᠍ᠭᠡᠷᠲᠦ ᠳᠠᠭᠣᠣ ᠰᠢ᠍ᠩᠭᠡᠭᠡᠵᠦ ᠥᠪᠦᠷ ᠮᠣᠩᠭ᠋ᠣᠯ ᠤᠨ ᠲᠧᠯᠸᠢ᠍ᠰ ᠬᠣᠷᠢ᠍ᠶ᠎ᠠ ᠪᠡᠷ ᠴᠠᠭᠠᠨ ᠰᠠᠷ᠎ᠠ ᠶᠢᠨ ᠨᠠᠪᠲᠡᠷᠡᠭᠦᠯᠭᠡ ᠬᠢᠵᠡᠢ᠃

2016᠂ 4᠂11 ᠳ᠋ᠥ ᠳᠣᠮᠳ᠋ᠠᠳ᠋ᠦ ᠶᠢᠨ ᠬᠣᠷᠴᠢ᠍ᠨ ᠣᠯᠠᠨ ᠣᠯᠣᠰ ᠤᠨ ᠮᠠᠩᠯᠠᠢ ᠰᠢ᠍ᠯᠭᠠᠷᠠᠭᠣᠯᠬᠣ ᠣᠷᠣᠯᠳ᠋ᠣᠭᠠᠨ ᠳ᠋ᠥ ᠰᠢ᠍ᠯᠢ᠍ᠳ᠋ᠡᠭ᠌ ᠳᠡᠰ ᠤᠨ ᠱᠠᠩᠨᠠᠯ ᠬᠥᠷᠲᠡᠪᠡ᠃

2016 ᠣᠨ ᠤ 8.18 ᠳ᠋ᠥ ᠲᠥᠩᠯᠢ᠍ᠶ‍ᠣᠦ ᠷᠠᠳ᠋ᠢ᠍ᠣ᠋ ᠬᠣᠷᠢ᠍ᠶᠠᠨ ᠳ᠋ᠥ ᠥᠪᠡᠷ ᠤᠨ ᠪᠥᠲᠦᠭᠡᠯ 《ᠠᠷᠢ᠍ᠬᠢᠨ ᠰᠣᠭᠲᠣᠭᠣ ᠶᠢᠨ ᠬᠣᠯᠪᠣᠭ᠎ᠠ》᠂ 《ᠮᠣᠲ᠋ᠣᠷ ᠤᠨ ᠬᠣᠯᠪᠣᠭ᠎ᠠ》᠂ 《ᠬᠥᠭ᠍ᠵᠢ᠍ᠨ ᠴᠡᠴᠡᠭᠯᠡᠭ᠍ᠰᠡᠨ ᠲᠥᠩᠯᠢ᠍ᠶ‍ᠣᠦ ᠬᠣᠲᠠ》᠂ 《ᠴᠣᠭᠣᠷ ᠮᠢ᠍ᠨᠢ》᠂ 《ᠬᠣᠭᠣᠷ ᠮᠢ᠍ᠨᠢ》 ᠭᠡᠬᠦ ᠲᠠᠪᠣᠨ ᠬᠣᠯᠪᠣᠭ᠎ᠠ ᠰᠢ᠍ᠩᠭᠡᠭᠡᠨ ᠥᠢ᠍ᠯᠡᠳᠴᠡᠢ᠃

ᠣᠳ᠋ᠣ ᠳ᠋ᠥ ᠲᠥᠩᠯᠢ᠍ᠶ‍ᠣᠦ ᠮᠣᠩᠭ᠋ᠣᠯ ᠥᠨᠳ᠋ᠦᠰᠦᠲᠡᠨ ᠤ ᠳᠣᠮᠳ᠋ᠠᠳ᠋ᠦ ᠰᠣᠷᠭᠠᠭᠣᠯᠢ ᠳ᠋ᠥ ᠥᠯᠢ᠍ᠭᠡᠷ᠂ ᠲᠣᠣᠯᠢ᠂ ᠬᠣᠯᠪᠣᠭ᠎ᠠ ᠠᠷᠠᠳ ᠤᠨ ᠳᠠᠭᠣᠣ ᠶᠢᠨ ᠪᠠᠭᠰᠢ ᠶᠢᠡᠷ ᠠᠵᠢ᠍ᠯᠯᠠᠵᠦ ᠳᠠᠭᠣᠣ ᠬᠥᠭ᠍ᠵᠢ᠍ᠮ ᠤᠨ ᠰᠣᠨᠢᠷᠬᠠᠮᠵᠢ ᠶᠢᠨ ᠬᠢᠴᠢ᠍ᠶᠡᠯ ᠶᠢᠡᠷ ᠬᠢᠴᠢ᠍ᠶ‍ᠯᠯᠡᠵᠦ ᠪᠠᠢ᠌ᠨ᠎ᠠ᠃

ᠳᠠᠭᠤᠤ ᠶᠢᠨ ᠪᠢᠴᠢᠯᠭᠡ ᠤᠳ
ᠴᠤᠮᠤᠭ ᠤᠳ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁