ᠲᠦᠷᠪᠡᠳᠦᠭᠡᠷ ᠪᠦᠯᠦᠭ ᠂ ᠠᠷᠢᠭᠤᠨ ᠮᠦᠰᠦᠨ ᠤ ᠭᠢᠯᠪᠠᠭ᠎ᠠ
ᠭᠤᠷᠪᠠᠳᠤᠭᠠᠷ ᠬᠡᠰᠡᠭ ᠂ ᠳᠠᠷᠤᠤ ᠬᠢᠴᠢᠶᠡᠩᠭᠦᠢ

ᠲ᠋ᠠᠷᠤᠤ ᠭᠢᠴᠢᠶᠡᠩᠭᠦᠢ ᠨᠢ ᠭᠦᠮᠤᠨ ᠢ ᠳᠠᠪᠰᠢᠭᠤᠯᠵᠤ᠂ ᠣᠮᠤᠷᠬᠠᠭ ᠪᠠᠷᠳᠠᠮ ᠨᠢ ᠭᠦᠮᠤᠨ ᠢ ᠬᠤᠴᠤᠷᠠᠭᠤᠯᠤᠨ᠎ᠠ᠃


᠊᠊᠊᠊᠊᠊᠊᠊᠊᠊᠊᠊᠊᠊᠊᠊᠊᠊᠊᠊᠊᠊᠊᠊᠊ ᠮᠠᠤ ᠽᠧ ᠳ᠋ᠦ᠋ᠩ


ᠲ᠋ᠡᠭᠡᠷ᠎ᠡ ᠵᠠᠭᠤᠨ ᠤ ᠭᠤᠴᠢᠭᠠᠤᠨ ᠣᠨ ᠪᠣᠯ ᠭᠠᠳᠠᠭᠠᠳᠤ ᠶᠢᠨ ᠳᠦᠷᠢᠮᠡᠭᠡᠢ᠌ᠯᠡᠭ᠍ᠴᠢᠳ ᠤᠨ ᠳᠠᠮᠤᠷ ᠳᠤᠭᠤᠷᠠᠢ ᠳᠤᠮᠳᠠᠳᠤ ᠣᠯᠤᠰ ᠢ ᠡᠷᠦᠢ ᠬᠤᠷᠤᠢ ᠳᠡᠯᠭᠢᠯᠡᠨ᠂ ᠴᠡᠷᠢᠭ᠌ ᠤᠨ ᠡᠷᠭᠡᠳᠡᠳ ᠤᠨ ᠰᠠᠮᠠᠭᠤᠨ ᠳᠠᠢ᠌ᠨ ᠤ ᠬᠠᠷ᠎ᠠ ᠣᠳᠤᠭ᠎ᠠ ᠡᠭᠡ ᠭᠠᠵᠠᠷ ᠢ ᠪᠦᠷᠭᠦᠭᠡᠤᠨ᠂ ᠥᠢᠯᠡ ᠵᠤᠪᠠᠯᠠᠩ ᠶᠡᠭᠡᠳᠡᠢ ᠳᠤᠮᠳᠠᠳᠤ ᠶᠢᠨ ᠦᠨᠳᠦᠰᠦᠳᠠᠨ ᠭᠠᠯ ᠣᠰᠤᠨ ᠤ ᠠᠶᠤᠯ ᠳᠤᠮᠳᠠ ᠳᠠᠯᠴᠢᠯᠠᠵᠤ ᠪᠠᠢ᠌ᠭᠰᠠᠨ ᠴᠦᠪ ᠤᠨ ᠴᠠᠭ ᠮᠦᠨ᠃ ᠰᠢᠨ᠎ᠠ ᠰᠤᠶᠤᠯ ᠤᠨ ᠭᠦᠳᠡᠯᠭᠡᠭᠡᠨ ᠤ ᠭᠠᠪᠰᠢᠭᠠᠢ᠌ᠯᠠᠭᠴᠢ ᠪᠣᠯᠤᠭᠰᠠᠨ ᠯᠤ ᠰᠢᠦ᠋ᠨ ᠠᠪᠣᠭᠠᠢ ᠰᠤᠶᠤᠯ ᠤᠨ ᠹᠷᠤᠠᠲ᠋ ᠳᠡᠭᠡᠷᠡᠭᠢ  ᠵᠠᠠᠳᠠᠯᠴᠢᠳ ᠲᠡᠶ ᠮᠤᠬᠤᠰᠢ ᠦᠭᠡᠶ ᠳᠠᠮᠠᠴᠠᠯ ᠭᠢᠵᠤ᠂ ᠭᠤᠮᠢᠠᠳᠠᠩ ᠤᠨ ᠵᠠᠰᠠᠭ ᠤᠨ ᠭᠠᠵᠠᠷ ᠤᠨ ᠵᠢᠭ᠍ᠰᠢᠭᠦᠷᠢᠳᠤ ᠵᠢᠰᠤ ᠴᠢᠷᠠᠢ ᠶᠢ ᠬᠠᠢ᠌ᠷ᠎ᠠ ᠨᠠᠢ᠌ᠷ ᠦᠭᠡᠶ ᠢᠯᠡᠴᠢᠯᠡᠭᠡᠤᠨ ᠦᠰ ᠵᠠᠩᠭᠢᠤᠠᠴᠤ᠂ ᠢᠯᠠ ᠬᠠᠪᠴᠢᠯ ᠳᠠᠯᠳᠠ ᠬᠤᠤᠷᠯᠠᠯ ᠠᠮᠰᠠᠭᠠᠤᠨ ᠳᠠᠩᠰᠢᠨ ᠪᠠᠳᠠᠷᠢᠵᠤ ᠪᠠᠢ᠌ᠭᠰᠠᠨ ᠶᠤᠮ᠃

ᠯᠤ ᠰᠢᠦ᠋ᠨ ᠠᠪᠤᠭᠠᠢ᠂ ᠪᠠᠭᠡᠵᠢᠩ ᠶᠡᠭᠡ ᠰᠤᠷᠭᠠᠭᠤᠯᠢ ᠪᠠ ᠰᠢᠶᠠᠮᠧᠨ ᠶᠡᠭᠡ ᠰᠤᠷᠭᠠᠭᠤᠯᠢ ᠳᠤ ᠪᠠᠭᠰᠢᠯᠠᠵᠤ ᠪᠠᠢ᠌ᠬᠤ ᠳᠠᠭᠠᠨ ᠰᠠᠷ᠎ᠠ ᠳᠤ ᠭᠤᠷᠪᠠᠨ ᠵᠠᠭᠤᠨ ᠳᠦᠭᠦᠷᠢᠭ᠌ ᠤᠨ ᠴᠠᠯᠢᠩ ᠠᠪᠴᠤ᠂ ᠪᠠᠭᠡᠵᠢᠩ ᠳᠤ ᠵᠠᠭᠤ ᠬᠤᠷᠢᠨ ᠳᠦᠭᠦᠷᠢᠭ᠌ ᠤᠨ ᠭᠡᠷ ᠳᠦᠷᠢᠶᠠᠰᠤᠯᠠᠵᠤ ᠰᠠᠭᠤᠭᠰᠠᠨ ᠪᠦᠭᠡᠤᠨ᠂ ᠡᠵᠢ ᠪᠣᠯᠤᠨ ᠠᠪᠠᠯᠢ ᠭᠡᠷᠭᠡᠢ ᠵᠤ ᠠᠨ ᠳᠤ ᠠᠰᠳᠠᠭᠠᠨ ᠭᠡᠷ ᠳᠦᠷᠢᠶᠠᠰᠤᠯᠠᠨ ᠥᠭ᠍ᠴᠤ ᠬᠠᠶᠠ ᠢᠷᠡᠭᠦ ᠡᠭᠡ ᠪᠢᠴᠢᠭ᠌ ᠤᠨ ᠬᠠᠷᠠᠮᠵᠢ ᠶᠢᠨ ᠮᠥᠩᠭᠦ ᠲᠡᠶ ᠨᠡᠢ᠌ᠯᠡᠭᠦᠯᠦᠭᠡᠤᠨ ᠨᠠᠯᠢᠶᠠᠤᠨ ᠴᠢᠨᠡᠭᠡᠯᠢᠭ᠌ ᠠᠮᠢᠳᠤᠷᠠᠵᠤ ᠪᠠᠢ᠌ᠵᠠᠢ᠃ 1927 ᠣᠨ ᠤ ᠡᠭᠢᠨ ᠪᠣᠯᠬᠤ ᠳᠤ ᠵᠠᠰᠠᠭ ᠤᠨ ᠭᠠᠵᠠᠷ ᠤᠨ ᠬᠠᠪᠴᠢᠯᠳᠠ ᠭᠢᠬᠠᠯ ᠣᠯᠠᠮ ᠠᠬᠠᠳᠠᠵᠤ᠂ ᠴᠠᠭᠠᠨ ᠤ ᠰᠥᠷᠳᠡᠭᠦᠯᠦᠯ ᠯᠤ ᠰᠢᠦ᠋ᠨ ᠠᠪᠣᠭᠠᠢ ᠶᠢ ᠰᠡᠭᠦᠳᠡᠷ ᠰᠢᠭ᠌ ᠳᠠᠭᠠᠭᠰᠠᠨ ᠶᠢᠡᠷ᠂ ᠰᠢᠶᠠᠮᠧᠨ ᠶᠡᠭᠡ ᠰᠤᠷᠭᠠᠭᠤᠯᠢ ᠶᠢᠨ ᠠᠵᠢᠯ ᠶᠢᠡᠨ ᠠᠯᠳᠠᠭᠠᠤᠨ ᠭᠤᠸᠠᠩᠵᠸᠤ ᠳᠤ ᠳᠤᠳᠠᠭᠠᠨ ᠣᠴᠢᠵᠤ᠂ ᠳᠦᠷᠢᠶᠠᠰᠤᠨ ᠭᠡᠷ ᠲᠡᠭᠡᠨ ᠨᠠᠢ᠌ᠷᠠᠭᠤᠯᠤᠯ ᠤᠨ ᠳᠡᠭᠦᠪᠦᠷᠢ 《ᠭᠡᠭᠡᠷ᠎ᠡ ᠶᠢᠨ ᠡᠪᠠᠰᠤ》 ᠪᠠᠨ ᠨᠠᠢ᠌ᠷᠠᠭᠤᠯᠵᠤ ᠰᠠᠭᠤᠵᠠᠢ᠃ ᠡᠨᠡ ᠦᠶ᠎ᠡ ᠳᠤ ᠳᠡᠭᠦᠨ ᠳᠤ ᠴᠠᠯᠢᠩ ᠭᠦᠯᠦᠰᠤ ᠦᠭ‍ᠭᠦ ᠪᠠᠨ ᠳᠠᠭ ᠵᠤᠭᠰᠤᠭᠠᠤᠨ᠂ ᠣᠳᠠᠵᠤ ᠣᠳᠠᠭᠠᠤᠨ ᠢᠷᠡᠭᠦ ᠨᠢᠮᠭᠡᠨ ᠵᠤᠬᠢᠶᠠᠯ ᠤᠨ ᠬᠠᠷᠠᠮᠵᠢ ᠪᠠᠷ ᠶᠢᠡᠨ ᠠᠮᠢᠳᠤᠷᠠᠯ ᠶᠢᠡᠨ ᠠᠷᠭᠠᠴᠠᠭᠠᠵᠤ ᠪᠠᠢ᠌ᠵᠠᠢ᠃

1927 ᠣᠨ ᠤ 9 ᠰᠠᠷᠠᠢ᠌ᠨ 17 ᠊ᠤ ᠡᠳᠦᠷ᠂ ᠯᠤ ᠰᠢᠦ᠋ᠨ ᠠᠪᠣᠭᠠᠢ ᠰᠸᠢᠰ ᠤᠨ 《ᠨᠤᠫᠧᠯ ᠤᠨ ᠣᠤᠠᠬ᠎ᠠ ᠵᠤᠬᠢᠶᠠᠯ ᠤᠨ ᠱᠠᠩᠨᠠᠯ ᠤᠨ ᠺᠤᠮᠢᠰ》᠊ᠤᠨ ᠭᠢᠨ ᠤ ᠢᠷᠡᠭᠦᠯᠦᠭ᠍ᠰᠡᠨ ᠵᠠᠭᠢᠳᠠᠯ ᠢ ᠳᠤᠰᠴᠤ᠂ ᠲ᠋ᠤᠰ ᠵᠢᠯ ᠤᠨ ᠣᠤᠠᠬ᠎ᠠ ᠵᠤᠬᠢᠶᠠᠯ ᠱᠠᠩᠨᠠᠯ ᠶᠢᠡᠨ ᠳᠡᠭᠦᠨ ᠳᠤ ᠦᠭ‍ᠭᠦ ᠪᠠᠷ ᠪᠠᠢ᠌ᠬᠤ ᠶᠢ ᠣᠯᠵᠤ ᠮᠠᠳᠠᠪᠠ᠃ ᠵᠠᠭᠤ ᠰᠢᠬᠠᠮ ᠲᠦᠮᠡᠨ ᠳ᠋ᠤᠯᠯᠠᠷ ᠤᠨ ᠶᠡᠭᠡ ᠱᠠᠩ ᠭᠡᠭ᠍ᠴᠢ ᠶ‍ᠦᠰᠦᠳᠡᠢ 《ᠳᠡᠭ᠍ᠷᠢ ᠡᠴᠡ ᠣᠨᠠᠭᠠᠤᠨ ᠢᠷᠡᠭ᠍ᠰᠡᠨ ᠠᠯᠳᠠᠨ ᠶ‍ᠦᠸᠡᠮᠪᠦᠤ》 ᠪᠠᠢ᠌ᠵᠤ᠂ ᠡᠨᠡ ᠵᠤᠭᠤᠰ ᠢ ᠣᠯᠴᠢᠬᠠᠪᠠᠯ ᠳᠤᠤᠷ᠎ᠠ ᠪᠠᠨ ᠭᠦᠷᠦᠩᠭᠡᠵᠢᠵᠤ ᠳᠤᠬᠠᠢ ᠶᠢᠨ ᠦᠶ᠎ᠡ ᠶᠢᠨ ᠳᠦᠷᠪᠡᠨ ᠶᠡᠭᠡ ᠮᠥᠩᠭᠦᠨ 《ᠳᠤᠯᠦᠮ》 ᠡᠴᠡ ᠳᠤᠤᠷᠠᠳᠤᠬᠤ ᠦᠭᠡᠶ ᠪᠠᠶᠠᠨ ᠰᠠᠷᠳᠠᠸᠠᠭᠢ ᠪᠣᠯᠵᠤ ᠴᠢᠳᠡᠨ᠎ᠡ᠃ ᠭᠡᠳᠡᠯ᠎ᠡ ᠦᠪᠡᠷ ᠤᠨ ᠪᠠᠶ᠎ᠠ ᠳᠡᠭᠡᠨ ᠣᠠᠴᠠ ᠴᠢᠩᠭ᠋᠎ᠠ ᠬᠠᠠᠳᠤᠳᠠᠭ ᠯᠤ ᠰᠢᠦ᠋ᠨ ᠠᠪᠣᠭᠠᠢ ᠱᠠᠩᠨᠠᠯ ᠠᠪᠬᠤ ᠡᠴᠡ ᠡᠷᠡᠰ ᠳᠠᠳᠠᠭᠠᠯᠵᠠᠵᠤ᠄

《ᠳᠠᠨᠤᠰ ᠤᠨ ᠰᠠᠢ᠌ᠬᠠᠨ ᠰᠠᠤᠠᠭᠢᠯ ᠳᠤ ᠳᠠᠯᠠᠷᠬᠠᠵᠤ ᠪᠠᠢ᠌ᠨ᠎ᠠ᠃ ᠪᠢ ᠦᠪᠡᠷ ᠤᠨ ᠶᠢᠡᠨ ᠳᠦᠯᠦᠭᠡ᠂ ᠨᠡᠩ ᠴᠤ ᠳᠤᠮᠳᠠᠳᠤ ᠣᠯᠤᠰ ᠤᠨ ᠶᠢᠡᠨ ᠳᠦᠯᠦᠭᠡ ᠡᠨᠡ ᠱᠠᠩᠨᠠᠯ ᠢ ᠠᠪᠬᠤ ᠦᠭᠡᠶ ᠪᠠᠨ ᠲᠦᠪ ᠶᠤᠰᠤᠭᠠᠷ ᠮᠡᠳᠡᠭ᠍ᠳᠡᠶ᠎ᠡ︕ᠲ᠋ᠡᠯᠡᠭᠡᠢ ᠳᠠᠶᠠᠭᠠᠷ ᠤᠨ ᠣᠤᠠᠬ᠎ᠠ ᠵᠤᠬᠢᠶᠠᠯ ᠤᠨ ᠭᠢᠷᠢ ᠲᠦᠪᠰᠢᠨ ᠡᠴᠡ ᠠᠪᠴᠤ ᠥᠵᠡᠭᠦ ᠳᠤ᠂ ᠶᠡᠭᠡ ᠵᠤᠬᠢᠶᠠᠯᠴᠢ ᠭᠡᠮᠡᠭ᠍ᠳᠡᠭ᠍ᠰᠡᠨ ᠯᠢᠶᠠᠩ ᠴᠢ ᠴᠤᠤ ᠴᠤ ᠡᠨᠡ ᠱᠠᠩᠨᠠᠯ ᠢ ᠳᠤᠰᠬᠤ ᠭᠢᠷᠢ ᠭᠡᠮ ᠦᠭᠡᠶ ᠪᠠᠢ᠌ᠳᠠᠯ᠎ᠠ ᠨᠠᠩ ᠨᠠᠳᠠ ᠶᠢ ᠶᠠᠭᠤᠨ ᠥᠭᠦᠯᠡᠭᠦ ᠠᠵᠢ᠃ ᠮᠠᠨᠤᠰ ᠤᠨ ᠵᠤᠬᠢᠶᠠᠯ ᠭᠢᠷᠢ ᠲᠦᠪᠰᠢᠨ ᠶᠢᠡᠷ ᠳᠤᠩ ᠳᠤᠤᠷ᠎ᠠ ᠪᠣᠯᠬᠤᠷ ᠶᠡᠭᠡ ᠱᠠᠩᠨᠠᠯ ᠳᠤᠰᠬᠤ ᠴᠢᠷᠮᠠᠢ᠌ᠯᠭ᠎ᠠ ᠳᠤᠳᠠᠭᠠᠤᠨ ᠪᠠᠢ᠌ᠨ᠎ᠡ᠃ ᠲ᠋ᠡᠯᠡᠭᠡᠢ ᠳ᠋ᠠᠭᠢᠨ ᠳᠤ ᠨᠠᠳᠠ ᠡᠴᠡ ᠳᠠᠪᠠᠬᠤ ᠵᠤᠬᠢᠶᠠᠯᠴᠢ ᠳᠤᠩ ᠣᠯᠠᠨ ᠪᠠᠢ᠌ᠬᠤ ᠪᠦᠭᠡᠤᠨ᠂ ᠮᠢᠨᠤ ᠣᠷᠴᠢᠭᠤᠯᠤᠭᠰᠠᠨ 〈ᠪᠢᠴᠢᠬᠠᠨ ᠶᠤᠬᠠᠨ〉 ᠭᠡᠰᠡᠨ ᠵᠤᠬᠢᠶᠠᠯ ᠤᠨ ᠵᠤᠬᠢᠶᠠᠭᠴᠢ ᠭᠦᠷᠳᠡᠯ᠎ᠡ ᠡᠨᠡ ᠱᠠᠩᠨᠠᠯ ᠢ ᠣᠯᠤᠭᠠᠳᠤᠢ ᠪᠠᠢ᠌ᠬᠤ ᠳᠤ᠂ ᠡᠢ᠌ᠮᠦᠷᠭᠦ ᠵᠤᠬᠢᠶᠠᠯ ᠢ ᠴᠤ ᠳᠤᠭᠤᠷᠪᠢᠵᠤ ᠴᠢᠳᠠᠭ᠎ᠠ ᠦᠭᠡᠶ ᠨᠠᠳᠠᠳᠤ ᠬᠠᠨᠠᠰᠠ ᠱᠠᠩᠨᠠᠯ ᠳᠤᠰᠬᠤ ᠨᠢᠭᠤᠷ ᠪᠠᠢ᠌ᠬᠤ ᠪᠢᠯᠡ》 ᠭᠡᠵᠤ ᠬᠠᠷᠢᠭᠤ ᠪᠢᠴᠢᠭᠡᠤᠨ ᠪᠣᠴᠠᠭᠠᠵᠠᠢ᠃

ᠮᠠᠤ ᠽᠧ ᠳ᠋ᠦᠩ 《ᠯᠤ ᠰᠢᠦ᠋ᠨ ᠪᠣᠯ ᠳᠤᠮᠳᠠᠳᠤ ᠣᠯᠤᠰ ᠤᠨ ᠬᠤᠪᠢᠰᠬᠠᠯ ᠤᠨ ᠮᠡᠡᠭᠯᠡᠢ ᠪᠠᠭᠠᠳᠤᠷ ᠮᠥᠨ》 ᠭᠡᠵᠤ ᠥᠨᠡᠯᠡᠭ᠍ᠰᠡᠨ ᠪᠠᠢ᠌ᠳᠠᠭ᠃ ᠲ᠋ᠠᠷᠠ ᠪᠣᠯ ᠮᠠᠨ ᠤ ᠣᠯᠤᠰ ᠤᠨ ᠬᠤᠪᠢᠰᠬᠠᠯ ᠪᠠ ᠣᠷᠠᠨ ᠵᠤᠬᠢᠶᠠᠯ ᠤᠨ ᠭᠦᠭ᠍ᠵᠢᠯᠳᠡ ᠳᠤ ᠯᠤᠳᠤ ᠶᠡᠭᠡ ᠨᠥᠯᠦᠭᠡ ᠥᠵᠡᠭᠦᠯᠦᠭ᠍ᠰᠡᠨ ᠭᠦᠮᠤᠨ ᠪᠦᠭᠡᠤᠨ᠂ ᠰᠢᠨ᠎ᠡ ᠰᠤᠶᠤᠯ ᠤᠨ ᠭᠦᠳᠡᠯᠭᠡᠭᠡᠨ ᠢ ᠣᠳᠤᠷᠢᠤᠠᠴᠤ ᠬᠠᠭᠤᠴᠢᠨ ᠤ ᠮᠥᠯᠵᠢᠭ᠍ᠴᠢ ᠪᠠᠢ᠌ᠭᠤᠯᠤᠯ ᠪᠠ ᠣᠯᠠᠮᠵᠢᠯᠠᠯᠳᠤ ᠶᠤᠰᠤ ᠰᠤᠷᠳᠠᠬᠤᠨ ᠤ ᠥᠭᠡᠳᠡ ᠰᠢᠷᠦᠭᠦᠨ ᠭᠠᠯᠠᠯᠵᠤ ᠥᠭᠦᠨ ᠥᠭᠦᠳᠡᠯ᠎ᠡ ᠪᠠᠨ ᠳᠡᠮᠡᠴᠡᠭ᠍ᠰᠡᠨ ᠪᠠᠢ᠌ᠵᠠᠢ᠃ ᠲ᠋ᠤᠬᠠᠢ ᠶᠢᠨ ᠦᠶ᠎ᠡ ᠶᠢᠨ ᠭᠦᠡᠳᠤ ᠭᠡᠴᠡᠭᠦᠤ ᠣᠯᠤᠰ ᠲᠦᠷᠦ ᠶᠢᠨ ᠠᠭᠤᠷ ᠠᠮᠢᠰᠬᠤᠯ ᠳᠤᠤᠷ᠎ᠠ᠂ ᠯᠤ ᠰᠢᠦ᠋ᠨ ᠠᠪᠣᠭᠠᠢ ᠰᠠᠨᠠᠭ᠎ᠠ ᠠᠮᠤᠷ ᠰᠠᠤᠠᠭᠢᠯ ᠳᠠᠢ᠌ᠪᠣᠩ ᠭᠡᠳᠡᠢ᠌ᠵᠤ ᠰᠠᠭᠤᠭᠠᠤᠨ 《ᠰᠠᠯᠭᠢᠨ ᠰᠠᠷᠠᠨ ᠢ ᠣᠶᠠᠩᠭ᠋ᠠᠯᠠᠨ ᠦᠬᠢᠳ ᠭᠦᠪᠠᠭᠦᠤᠨ ᠤᠨ ᠣᠷᠢᠨ ᠰᠡᠳᠬᠢᠯᠭᠡ ᠶᠢ ᠵᠢᠷᠤᠭᠯᠠᠬᠤ》 ᠣᠷᠠᠨ ᠵᠤᠬᠢᠶᠠᠯ ᠤᠨ ᠰᠤᠯᠠ ᠰᠠᠤᠠᠭᠢᠯ ᠪᠠᠢ᠌ᠭᠰᠠᠨ ᠦᠭᠡᠶ᠂ ᠪᠢᠷ ᠭᠦᠳᠡᠯᠭᠡᠭᠦ ᠪᠦᠷᠢ 《ᠭᠠᠯ ᠴᠤᠪᠣᠷᠢᠭᠤᠯᠤᠨ ᠣᠳᠤᠭ᠎ᠠ ᠮᠠᠨᠠᠷᠠᠭᠠᠵᠤ》 ᠂ ᠥᠵᠦᠭ᠌ ᠵᠢᠷᠢᠯᠵᠡᠭᠦᠯᠭᠦ ᠪᠣᠯᠭᠠᠨ 《ᠠᠮᠢᠨ ᠭᠠᠵᠠᠷ ᠢ ᠨᠢ ᠣᠨᠤᠬᠤ ᠬᠠᠳᠠᠭᠤ ᠰᠤᠮᠤ ᠬᠠᠷᠪᠣᠭᠠᠤᠨ》 ᠰᠤᠶᠤᠯ ᠤᠨ ᠹᠷᠤᠠᠲ᠋ ᠶᠢᠨ ᠳᠡᠷᠰᠯᠡᠭᠦᠴᠦᠳ ᠲᠡᠶ ᠰᠢᠷᠦᠭᠦᠨ ᠳᠠᠮᠠᠴᠠᠯ ᠭᠢᠭ᠍ᠰᠡᠨ ᠪᠠᠢ᠌ᠵᠡᠢ᠃ ᠯᠤ ᠰᠢᠦ᠋ᠨ ᠪᠣᠯ ᠴᠠᠭ ᠦᠶ᠎ᠡ ᠶᠢ ᠵᠠᠭᠠᠭᠯᠠᠬᠤ ᠣᠢ᠌ᠯᠠᠳᠤᠯ ᠥᠵᠡᠭᠦᠯᠦᠭ᠍ᠰᠡᠨ ᠳᠠᠢ᠌ᠴᠢᠨ ᠵᠤᠭᠢᠶᠡᠯᠴᠢ ᠮᠥᠨ᠃ ᠡᠢ᠌ᠮᠤ ᠭᠦᠮᠤᠨ ᠨᠤᠫᠧᠯ ᠤᠨ ᠱᠠᠩᠨᠠᠯ ᠢ ᠭᠦᠷᠳᠡᠭᠦ ᠳᠤ ᠢᠯᠡᠭᠦᠳᠡᠭᠦ ᠶᠠᠭᠤᠮ᠎ᠠ ᠪᠠᠢ᠌ᠬᠤ ᠦᠭᠡᠶ᠃ ᠭᠡᠳᠡᠯ᠎ᠡ ᠳᠠᠷᠠ ᠦᠪᠡᠷ ᠤᠨ ᠵᠤᠬᠢᠶᠠᠯ ᠶᠢᠡᠨ ᠳᠡᠯᠡᠭᠡᠢ ᠶᠢᠨ ᠠᠪᠣᠷᠭᠤᠴᠤᠤᠯ ᠲᠡᠶ ᠬᠠᠷᠢᠴᠠᠭᠤᠯᠵᠤ᠂ ᠲ᠋ᠠᠷᠤᠤ ᠭᠢᠴᠢᠶᠡᠩᠭᠦᠢ ᠪᠠᠷ ᠦᠪᠡᠷ ᠤᠨ ᠪᠠᠶ᠎ᠠ ᠪᠠᠨ ᠳᠤᠤᠷ᠎ᠠ ᠥᠨᠡᠯᠡᠵᠤ᠂ ᠮᠥᠩᠭᠦ ᠥᠵᠡᠭᠡᠤᠨ ᠨᠢᠳᠤ ᠣᠯᠠᠢ᠌ᠬᠤ ᠦᠭᠡᠶ ᠠᠷᠤᠤᠬᠠᠨ ᠭᠡᠭᠡᠡᠴᠡᠷ ᠵᠠᠩ ᠴᠢᠨᠠᠷ ᠶᠢᠡᠨ ᠳᠡᠯᠡᠭᠡᠢ ᠳᠤ ᠳᠤᠩᠬᠠᠭᠯᠠᠭᠰᠠᠨ ᠪᠠᠢ᠌ᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6961
ᠴᠠᠭ᠄ 2009 ᠤᠨ ᠤ 04 ᠰᠠᠷ᠎ᠠ ᠶᠢᠨ 29