ᠬᠤᠶᠠᠷ ᠂ ᠠᠮᠪᠠᠨ ᠤ ᠨᠢᠭᠤᠴᠠ ᠵᠠᠳᠠᠷᠠᠵᠠᠢ

ᠪᠠᠶᠠᠤᠨ ᠭᠡᠷᠡᠭᠦᠯᠳᠦᠭᠦ ᠳ᠋ᠤ

ᠪᠠᠷᠯᠤᠭ ᠤᠨ ᠪᠠᠶ᠎ᠠ ᠳᠤ ᠨᠢᠭᠡ ᠴᠢᠰᠤ

ᠪᠠᠶᠠᠤᠨ ᠥᠭ᠍ᠰᠦᠯᠳᠦᠭᠦ ᠳ᠋ᠤ

ᠪᠠᠷᠯᠤᠭ ᠤᠨ ᠪᠠᠶ᠎ᠠ ᠳᠤ ᠬᠤᠶᠠᠷ ᠴᠢᠰᠤ

᠊᠊᠊᠊᠊᠊᠊᠊᠊᠊᠊᠊᠊᠊᠊ ᠠᠷᠠᠤᠨ ᠤᠨ ᠮᠡᠷᠭᠡᠨ ᠥᠭᠡ


ᠪᠠᠽᠠᠷ᠂ ᠠᠭᠤᠯᠠ ᠶᠢᠨ ᠳᠤ᠋ ᠨᠤᠶᠠᠨ ᠤ ᠭᠢ ᠣᠷᠤᠭᠤ ᠭᠠᠯᠭᠢᠭᠤᠯᠤᠨ ᠶᠠᠪᠣᠯ᠎ᠠ᠃ ᠵᠡᠭᠦᠨ ᠭᠠᠷ ᠠᠳᠤᠭᠤᠴᠢᠨ ᠤ ᠳᠤᠭᠠᠷ ᠨᠤᠶᠠᠨ᠂ ᠠᠳᠤᠭᠤᠨ ᠤ ᠪᠠᠯᠴᠢᠭᠡᠷ ᠲᠠᠭᠠᠨ ᠭᠤᠤᠯᠴᠠᠭᠤ ᠠᠭᠤᠯᠠ ᠣᠪᠣᠭ᠎ᠠ ᠲᠡᠶ ᠨᠤᠳᠤᠭ ᠭᠡᠰᠦᠵᠤ ᠨᠤᠳᠤᠭᠯᠠᠬᠤ ᠳᠤᠯᠠ ᠴᠢᠩᠭᠢᠵᠤ ᠠᠭᠤᠯᠠ ᠶᠢᠨ ᠳᠤ᠋ ᠨᠤᠶᠠᠨ ᠨᠠᠷ᠎ᠠ ᠵᠡᠭᠦᠵᠡᠢ᠃ ᠳᠠᠳᠠᠨ ᠤ ᠭᠢ ᠡᠨᠡ ᠵᠢᠯ ᠰᠠᠠᠵᠢᠳᠤ ᠬᠠᠷ᠎ᠠ ᠦᠨᠳᠦᠷ ᠤᠨ ᠦᠪᠣᠷ ᠣᠷᠤᠭᠤ ᠬᠠᠪᠣᠷᠵᠢᠵᠤ ᠪᠠᠢ᠌ᠭ᠎ᠠ ᠶᠤᠮᠰᠠᠠᠵᠠᠢ ᠁

ᠬᠠᠩᠭ᠋ᠠᠢ ᠪᠠᠽᠠᠷ ᠦᠨᠳᠦᠷ ᠬᠠᠷᠠᠯᠠᠭ ᠮᠤᠷᠢᠨ ᠤ ᠵᠢᠯᠤᠭᠤ ᠶᠢ ᠳᠠᠳᠠᠰᠭᠢᠨ ᠠᠯᠬᠤᠯᠠᠭᠤᠯᠪᠠ᠃ ᠮᠤᠷᠢᠨ ᠤ ᠠᠯᠬᠤᠭᠠᠨ ᠳᠤ ᠪᠣᠳᠤᠯ ᠳᠤᠭᠳᠠᠳᠠᠭ ᠭᠡᠳᠡᠭ᠌᠃ ᠪᠠᠽᠠᠷ ᠲᠤ ᠦᠪᠡᠷ ᠲᠡᠶ ᠪᠠᠨ ᠶᠠᠷᠢᠵᠤ᠂ ᠳᠤᠭᠳᠠᠭᠠᠨ ᠪᠣᠳᠤᠬᠤ ᠶᠠᠭᠤᠮ᠎ᠠ ᠶᠡᠭᠡ ᠪᠠᠢ᠌ᠯ᠎ᠠ᠃ ᠳᠠᠷᠠᠪᠠᠷ ᠴᠠᠯᠢᠩ ᠴᠤᠭᠯᠠᠭᠠᠨ ᠳᠠᠷᠠᠭᠰᠠᠨ ᠤ ᠳᠠᠷᠠᠭᠠᠬᠠᠨ ᠭᠦᠭᠡ ᠳᠤᠭᠤᠳᠤ ᠶᠢᠨ ᠮᠠᠭᠤ ᠬᠠᠷ᠎ᠠ ᠭᠡᠷ ᠲᠤ ᠰᠠᠭᠤᠵᠤ ᠪᠠᠢ᠌ᠭᠰᠠᠨ ᠶᠢᠡᠨ ᠡᠭᠡᠨ ᠳᠤᠷᠠᠰᠪᠠ᠃

ᠴᠠᠢ ᠣᠤᠭᠤᠭᠠᠤᠨ ᠮᠤᠷᠳᠠᠬᠤ ᠭᠡᠵᠤ ᠳᠠᠳᠠᠨ ᠤ ᠭᠢ ᠪᠠᠷ ᠣᠷᠤᠭᠰᠠᠨ ᠭᠡᠷᠡᠭ᠌᠃ ᠬᠣᠢ᠌ᠨ᠎ᠠ ᠪᠠᠨ ᠵᠠᠪᠢᠯᠠᠵᠤ ᠣᠢ᠌ᠭᠤᠷᠵᠢᠨ ᠪᠢᠴᠢᠭ᠌ ᠶᠢᠡᠷ ᠨᠢᠭᠡ ᠶᠠᠭᠤᠮ᠎ᠠ ᠰᠠᠷᠠᠭᠠᠴᠢᠵᠤ ᠰᠠᠭᠤᠭᠰᠠᠨ ᠳᠤᠭᠤᠳᠤ᠂ ᠪᠠᠽᠠᠷ ᠢ ᠬᠠᠷᠠᠩᠭ᠋ᠤᠳᠠ ᠪᠢᠷ ᠶᠢᠡᠨ ᠴᠠᠭᠠᠰᠤᠨ ᠡᠴᠡ ᠰᠠᠯᠭᠠᠵᠤ ᠮᠠᠠᠳᠤ ᠶᠢᠨ ᠬᠠᠷᠢᠭᠤ ᠦᠭ‍ᠭᠦᠭᠡᠤᠨ ᠄

᠊᠊᠊᠊᠊᠊᠊᠊᠊᠊᠊᠊᠊᠊᠊ ᠳᠡᠭᠡᠭ᠍ᠰᠢ ᠪᠠᠨ ᠰᠠᠭᠤ᠂ ᠳᠡᠭᠡᠭ᠍ᠰᠢ ᠪᠠᠨ ᠰᠠᠭᠤ ᠭᠡᠮᠡᠨ ᠪᠠᠷᠠᠭᠤᠨ ᠭᠠᠷ ᠤᠨ ᠠᠯᠠᠭ᠎ᠠ ᠳᠡᠯᠭᠡᠨ ᠰᠠᠭᠤᠳᠠᠯ ᠵᠢᠭᠠᠵᠤ ᠵᠤᠴᠢᠨ ᠢ ᠭᠦᠡᠳᠦᠦᠡᠭᠡᠵᠡᠢ᠃

᠊᠊᠊᠊᠊᠊᠊᠊᠊᠊᠊᠊᠊᠊᠊ ᠵᠠ᠂ ᠰᠤᠨᠢᠨ ᠰᠠᠢ᠌ᠬᠠᠨ ᠶᠠᠭᠤ ᠪᠠᠢ᠌ᠨ᠎ᠠ ᠳ᠋ᠠ ᠭᠦ︖

᠊᠊᠊᠊᠊᠊᠊᠊᠊᠊᠊᠊᠊᠊᠊ ᠶᠠᠭᠤᠮ᠎ᠠ ᠦᠭᠡᠶ ᠳᠠᠢ᠌ᠪᠣᠩ ᠰᠠᠢ᠌ᠬᠠᠨ ᠰᠢᠪ ᠳ᠋ᠠ ᠭᠦ ᠭᠡᠤᠨ ᠳᠤᠭᠤᠳᠤ ᠴᠢᠪᠠᠭᠠᠠᠴᠠ ᠭᠦᠮᠤᠨ ᠰᠢᠭ᠌ ᠨᠤᠪᠰᠢᠷᠠᠭᠤᠨ ᠣᠳᠠᠭᠠᠨ ᠪᠣᠰᠴᠤ ᠡᠯᠭᠦᠭᠦᠷ ᠤᠨ ᠨᠠᠭᠠᠨ᠎ᠠ ᠣᠴᠢᠵᠤ ᠰᠠᠭᠤᠭᠠᠤᠨ᠂ ᠳᠠᠷᠢᠭᠠᠩᠭ᠋ᠠᠴᠤᠤᠯ ᠤᠨ 《ᠠᠷᠭᠠᠯ ᠤᠨ ᠳ᠋ᠸᠤ》 ᠭᠡᠵᠤ ᠨᠡᠷᠡᠯᠡᠳᠡᠭ᠌ ᠵᠢᠵᠢᠭ᠌ ᠮᠤᠳᠤᠨ ᠬᠠᠢ᠌ᠷᠴᠠᠭ ᠡᠴᠡ ᠳᠤᠮᠤ ᠭᠠᠷ ᠲᠠᠭᠠᠨ ᠭᠦᠭᠡ ᠬᠤᠮᠤᠯ ᠪᠠᠷᠵᠠᠢ᠌ᠳᠠᠯ᠎ᠠ ᠠᠤᠠᠬᠤᠨ᠂ ᠳᠠᠰᠤ ᠥᠰᠦᠷᠦᠭ᠍ᠰᠡᠨ ᠳᠡᠭᠡᠳᠤ ᠴᠠᠭᠠᠷᠢᠭ ᠳᠤᠨᠢ ᠴᠠᠮᠪᠠᠨ ᠤ ᠪᠦᠰᠡ ᠪᠠᠷ ᠳᠦᠳᠦᠭᠦᠯᠢ ᠳᠠᠯᠪᠢᠵᠤ ᠳᠤᠭᠳᠠᠭᠠᠭᠰᠠᠨ ᠳᠤᠮᠳᠠ ᠭᠠᠷ ᠤᠨ ᠳᠦᠷᠪᠡᠨ ᠳᠤᠳᠤᠭᠤ ᠲᠡᠶ ᠳᠤᠯᠭᠠᠨ ᠳᠤ ᠬᠠᠶᠠᠯᠠᠵᠤ᠂ ᠴᠠᠢ ᠴᠢᠨᠠᠬᠤ ᠪᠠᠷ ᠵᠠᠪᠳᠤᠪᠠ᠃

᠊᠊᠊᠊᠊᠊᠊᠊᠊᠊᠊᠊᠊᠊᠊ ᠵᠠ᠂ ᠴᠢ ᠮᠢᠨᠢ ᠳᠡᠭᠡᠭᠡᠤᠨ ᠰᠠᠢ᠌ᠬᠠᠨ ᠬᠠᠪᠣᠷᠵᠢᠵᠤ ᠪᠠᠢ᠌ᠨ᠎ᠠ ᠦᠦ ᠳ᠋ᠠ︖ ᠣᠢ᠌ᠷ᠎ᠠ ᠳᠤ ᠪᠠᠨ ᠠᠭᠤᠯᠵᠠᠭ᠎ᠠ ᠦᠭᠡᠶ ᠭᠡᠵᠤ ᠵᠤᠴᠢᠨ ᠢ ᠠᠰᠠᠭᠤᠬᠤ ᠳᠤ᠄

᠊᠊᠊᠊᠊᠊᠊᠊᠊᠊᠊᠊᠊᠊᠊ ᠰᠠᠢ᠌ᠬᠠᠨ ᠬᠠᠪᠣᠷᠵᠢᠵᠤ ᠪᠠᠢ᠌ᠨ᠎ᠠ ᠳ᠋ᠠ᠂ ᠶᠠᠭᠠᠭᠢᠬᠤᠪ᠃ ᠰᠦᠨᠢ ᠳᠡᠭᠡᠨ ᠳᠤᠪᠰᠢᠭᠤᠷ ᠮᠠᠨᠠᠭ᠎ᠠ ᠭᠢᠭ᠍ᠰᠡᠨ ᠪᠣᠯᠤᠭᠠᠤᠨ᠂ ᠡᠳᠦᠷ ᠲᠤ ᠪᠠᠨ ᠭᠡᠷ ᠤᠨ ᠮᠤᠬᠤᠷ ᠰᠠᠭᠢᠵᠤ ᠬᠠᠪᠣᠷᠵᠢᠯ᠎ᠠ᠃ ᠬᠣᠢ᠌ᠮᠤᠷ ᠰᠠᠭᠤᠵᠤ ᠡᠷ᠎ᠡ ᠪᠣᠯᠵᠤ᠂ ᠵᠡᠭᠦᠡᠳᠡᠢ ᠰᠠᠭᠤᠵᠤ ᠡᠮ᠎ᠡ ᠪᠣᠯᠵᠤ ᠪᠠᠢ᠌ᠨ᠎ᠠ ᠭᠡᠵᠡᠢ᠃

ᠥᠩᠭᠡᠷᠡᠭ᠍ᠰᠡᠨ ᠨᠠᠮᠤᠷ ᠥᠭᠡᠳᠡ ᠪᠣᠯᠤᠭᠰᠠᠨ ᠭᠡᠷᠭᠡᠢ ᠪᠠᠨ ᠳᠤᠷᠠᠰᠤᠨ ᠳᠤᠭᠤᠳᠤ ᠡᠢ᠌ᠮᠤ ᠥᠭᠡ ᠭᠡᠯᠡᠵᠤ ᠪᠠᠢ᠌ᠭ᠎ᠠ ᠶᠢ ᠣᠢ᠌ᠯᠠᠭᠠᠭᠰᠠᠨ ᠪᠠᠽᠠᠷ᠄

᠊᠊᠊᠊᠊᠊᠊᠊᠊᠊᠊᠊᠊᠊᠊ ᠭᠦᠭᠡᠷᠦᠭᠦᠢ ᠮᠠᠭᠤ ᠳᠠᠯᠠᠢ᠌ᠭᠠᠴᠢ ᠰᠠᠢ᠌ᠨ ᠭᠦᠮᠤᠨ ᠪᠠᠢ᠌ᠭᠰᠠᠨ ᠶᠤᠮ ᠰᠠᠨ᠃ ᠣᠳᠤ ᠪᠣᠷᠬᠠᠨ ᠤ ᠣᠷᠤᠨ ᠳᠤ ᠵᠠᠯᠠᠷᠠᠵᠤ ᠰᠠᠭᠤᠭ᠎ᠠ ᠳ᠋ᠠ ᠭᠡᠵᠤ ᠰᠠᠤᠠᠭᠢᠯ ᠢ ᠨᠢ ᠵᠠᠰᠠᠭᠰᠠᠨ ᠳᠤ᠄

᠊᠊᠊᠊᠊᠊᠊᠊᠊᠊᠊᠊᠊᠊᠊ ᠳᠠᠷᠠ ᠨᠢ ᠪᠠᠢ᠌ᠳᠠᠭ ᠪᠣᠯ ᠳᠠᠠᠳᠠ ᠯᠠ ᠪᠠᠢ᠌ᠭ᠎ᠠ ᠳ᠋ᠠ ᠭᠡᠵᠡᠢ᠃ ᠳᠠᠷᠠ ᠬᠤᠶᠠᠷ ᠴᠠᠢ ᠣᠤᠭᠤᠬᠤ ᠵᠠᠭᠤᠷ᠎ᠠ ᠨᠠᠯᠢᠶᠠᠤᠨ ᠶᠠᠭᠤᠮ᠎ᠠ ᠭᠦᠭᠡᠷᠦᠯᠳᠦᠪᠡ᠃ ᠶᠡᠭᠡ ᠲᠦᠯᠦᠪ ᠳᠤᠭᠤᠳᠤ ᠶᠠᠷᠢᠵᠤ ᠪᠠᠢ᠌ᠪᠠ᠃

᠊᠊᠊᠊᠊᠊᠊᠊᠊᠊᠊᠊᠊᠊᠊ ᠴᠢ ᠳᠡᠭᠡᠭᠡᠤᠨ ᠨᠢᠳᠤᠨᠤᠨ ᠶᠠᠭᠤᠨ ᠳᠤ ᠬᠤᠰᠢᠭᠤ ᠪᠦᠭᠦᠳᠡ ᠶᠢᠨ ᠳᠡᠷᠢᠭᠦᠨ ᠤ ᠭᠤᠴᠤᠭ ᠪᠣᠯᠤᠭ᠎ᠠ ᠦᠭᠡᠶ ᠶᠤᠮ ᠪᠣᠢ︖

᠊᠊᠊᠊᠊᠊᠊᠊᠊᠊᠊᠊᠊᠊᠊ ᠪᠠᠽᠠᠷ ᠮᠢᠨᠢ᠂ ᠦᠪᠡᠷ ᠢ ᠪᠠᠨ ᠳᠡᠭᠡᠵᠤ ᠨᠤᠶᠠᠨ ᠤ ᠠᠮᠠᠨ ᠳᠡᠭᠡᠷ᠎ᠡ ᠪᠠᠷᠢᠵᠤ ᠭᠦᠯᠢᠭᠡᠤᠨ ᠶᠠᠭᠠᠭᠢᠬᠤᠪ ᠯᠠ ᠭᠡᠵᠤ ᠪᠣᠳᠤᠭᠰᠠᠨ ᠶᠤᠮ᠃ ᠳᠤᠭᠤᠳᠤ ᠪᠦᠭᠦᠳᠡ ᠶᠢᠨ ᠳᠡᠷᠢᠭᠦᠨ ᠤ ᠭᠤᠴᠤᠭ ᠪᠣᠯᠪᠠᠯ ᠳᠤᠭᠤᠳᠤ ᠪᠢᠰᠢ ᠳᠠᠭᠤᠳᠠᠬᠤ ᠯᠠ ᠪᠣᠯᠤᠨ᠎ᠠ ᠰᠢᠤ ᠳ᠋ᠠ᠃ ᠪᠣᠬ᠎ᠠ ᠳ᠋ᠠᠭᠳᠠᠨ ᠢ ᠪᠠᠰᠠ ᠠᠪᠬᠤ ᠰᠠᠨᠠᠭᠠᠳᠠᠢ ᠭᠡᠰᠡᠨ᠃ ᠪᠢᠳᠠᠨ ᠤ ᠠᠯᠢ ᠨᠢ ᠴᠤ ᠳᠡᠭᠡᠵᠤ ᠳᠦᠷᠦᠯᠡᠭᠦᠯᠭᠦ ᠦᠭᠡᠶ ᠪᠠᠨ ᠮᠠᠳᠠᠨ᠎ᠠ ᠭᠦ︕ ᠬᠠᠷᠢᠨ ᠳᠠᠵᠢ ᠮᠠᠩᠨᠤᠭ ( ᠨᠢᠭᠡᠨ ᠭᠦᠮᠤᠨ ᠤ ᠬᠤᠴᠢ ᠪᠣᠯᠤᠯᠳᠠᠢ ) ᠨᠠᠰᠤ ᠪᠠᠷ ᠶᠢᠡᠨ ᠳᠤᠪᠰᠢᠭᠤᠷ ᠮᠠᠨᠠᠭᠠᠨ ᠳᠤ ᠪᠠᠢ᠌ᠨ᠎ᠠ ᠭᠡᠳᠡᠭ᠌ ᠭᠦᠮᠤᠨ ᠭᠡᠪᠡ᠃ ᠪᠠᠽᠠᠷ ᠦᠨᠡᠨ ᠶᠠᠭᠤᠮ᠎ᠠ ᠶᠠᠷᠢᠭᠰᠠᠨ ᠨᠥᠭᠦᠷ ᠶᠢᠡᠨ ᠬᠠᠢ᠌ᠷᠠᠯᠠᠵᠤ ᠭᠦᠤᠨ ᠭᠦᠤᠨ ᠢᠨᠢᠶᠡᠭᠡᠤᠨ᠄

᠊᠊᠊᠊᠊᠊᠊᠊᠊᠊᠊᠊᠊᠊᠊ ᠣᠳᠤ ᠪᠣᠳᠤᠬᠤᠨ᠎ᠠ ᠳᠠ ᠨᠡᠷ ᠤᠨ ᠵᠦᠪ ᠶᠤᠮ᠃ ᠪᠣᠬ᠎ᠠ ᠳ᠋ᠠᠭᠳᠠᠨ ᠳᠠ ᠬᠤᠶᠠᠷ ᠪᠣᠯ ᠳᠠᠷᠢᠭᠠᠩᠭ᠋᠎ᠠ ᠶᠢᠨ ᠨᠤᠳᠤᠭ ᠲᠤ ᠳᠤᠷᠠᠳᠠᠢ ᠭᠠᠵᠠᠷ ᠶᠢᠡᠨ ᠳᠠᠨᠤᠵᠤ᠂ ᠳᠤᠷᠠᠳᠠᠢ ᠬᠤᠭᠤᠯᠠᠢ ᠪᠠᠷ ᠶᠢᠡᠨ ᠴᠡᠩᠭᠡᠵᠤ ᠣᠷᠤᠮᠳᠠᠵᠤ ᠶᠠᠪᠣᠳᠠᠭ ᠪᠣᠬ᠎ᠠ ᠪᠠᠢ᠌ᠬᠤ ᠶᠤᠰᠤᠳᠠᠢ ᠁ ᠳᠠ ᠨᠡᠷ ᠤᠨ ᠯᠦᠡᠭ᠌ ᠠᠭᠤᠯᠠ ᠶᠢᠨ ᠵᠠᠷᠭᠤ ᠴᠢᠨᠢ ᠶᠠᠭᠤ ᠪᠣᠯᠵᠤ ᠪᠠᠢ᠌ᠨ᠎ᠠ︖ ᠭᠡᠪᠠᠯ᠄

᠊᠊᠊᠊᠊᠊᠊᠊᠊᠊᠊᠊᠊᠊᠊ ᠢᠱᠢ ᠨᠤᠶᠠᠨ ᠴᠢᠮᠡᠭᠡ ᠦᠭᠡᠶ ᠪᠣᠯᠴᠢᠬᠠᠯ᠎ᠠ ᠰᠢᠤ ᠳ᠋ᠠ᠃ ᠭᠡᠪᠠᠴᠤ ᠪᠢᠳᠠ ᠭᠦᠳᠡᠯᠭᠦ ᠳᠤ ᠪᠠᠯᠠᠨ ᠪᠠᠢ᠌ᠬᠤ ᠪᠠᠷ ᠶᠠᠷᠢᠯᠴᠠᠭᠰᠠᠨ᠃ ᠳ᠋ᠠᠭᠳᠠᠨ ᠤ ᠰᠢᠯᠦᠭᠯᠡᠵᠤ ᠭᠡᠯᠡᠭ᠍ᠰᠡᠨ ᠢ ᠪᠢ ᠵᠠᠷᠭᠤ ᠶᠢᠨ ᠳᠦᠷᠦᠭᠡ ᠪᠣᠯᠭᠠᠨ ᠮᠤᠷᠣᠢ᠌ᠯᠭᠠᠵᠤ ᠪᠠᠢ᠌ᠭ᠎ᠠ ᠨᠢ ᠳᠠᠷᠠ ᠭᠡᠮᠡᠨ ᠣᠷᠤᠵᠤ ᠢᠷᠡᠭᠦ ᠳᠤ ᠨᠢ ᠪᠢᠴᠢᠵᠤ ᠰᠠᠭᠤᠭᠰᠠᠨ ᠶᠠᠭᠤᠮ᠎ᠠ ᠣᠷᠤᠭᠤ ᠪᠠᠨ ᠨᠢᠳᠤ ᠡᠷᠭᠦᠨ ᠳᠤᠭᠢᠭᠠᠤᠨ᠄

᠊᠊᠊᠊᠊᠊᠊᠊᠊᠊᠊᠊᠊᠊᠊ ᠨᠠᠮᠤᠷ ᠤᠨ ᠰᠡᠭᠦᠯ ᠰᠠᠷ᠎ᠠ ᠳᠠᠭᠤᠰᠬᠤ ᠲᠡᠶ ᠵᠡᠷᠭᠡ ᠮᠢᠨᠤ ᠳᠠᠮᠠᠭ᠎ᠠ ᠶᠢᠨ ᠮᠠᠨᠠᠭᠠᠨ ᠤ ᠠᠯᠪᠠ ᠳᠡᠭᠦᠰᠭᠦ ᠶᠤᠮ᠃ ᠨᠠᠮᠢ᠋ᠢ ᠳᠤᠭᠤᠵᠤ᠂ ᠭᠤᠷᠪᠠᠨ ᠰᠠᠷ᠎ᠠ ᠬᠤᠰᠢᠭᠤ ᠳᠠᠮᠠᠭ᠎ᠠ ᠶᠢᠨ ᠮᠠᠨᠠᠭᠠᠨ ᠳᠤ ᠳᠤᠬᠤᠭᠠᠭᠰᠠᠨ ᠳᠤ ᠪᠢ ᠳᠤᠳᠤᠷ᠎ᠠ ᠪᠠᠨ ᠳᠤᠷᠠᠳᠠᠢ ᠰᠠᠭᠤᠭ᠎ᠠ᠃ ᠬᠤᠰᠢᠭᠤ ᠶᠠᠮᠤᠨ ᠶᠢᠡᠨ ᠮᠠᠨᠠᠵᠤ᠂ ᠰᠦᠨᠢ ᠶᠢᠨ ᠳᠡᠭ᠍ᠷᠢ ᠳᠤᠤᠷ᠎ᠠ ᠭᠠᠭᠴᠠᠭᠠᠷ ᠰᠡᠷᠡᠭᠦᠨ ᠪᠠᠢ᠌ᠬᠤ ᠭᠦᠭᠡ ᠳᠤᠭᠤᠳᠤ ᠨᠠᠳᠠᠳᠤ ᠠᠶᠠᠳᠠᠢ᠌ᠬᠠᠨ ᠪᠠᠢ᠌ᠳᠠᠭ ᠶᠤᠮ᠃ ᠡᠨᠡ ᠪᠣᠯ ᠨᠤᠶᠠᠨ ᠤ ᠭᠤᠴᠤᠭ ᠭᠡᠮᠡᠭᠦ ᠵᠠᠷᠤᠴᠠ ᠪᠠᠷ ᠬᠠᠳᠠᠭᠳᠠᠬᠤ ᠡᠴᠡ ᠥᠭᠡᠷ᠎ᠡ ᠠᠯᠪᠠ ᠰᠢᠤ︕ ᠳᠠᠵᠢ ᠮᠠᠩᠨᠤᠭ ᠤᠨ ᠬᠤᠷᠭᠤᠳᠠᠳᠠᠭ ᠨᠢ ᠴᠤ ᠣᠴᠢᠷᠳᠠᠢ ᠶᠤᠮ ᠭᠡᠵᠤ ᠶᠠᠷᠢᠪᠠ᠃

《ᠳᠠᠮᠠᠭ᠎ᠠ ᠶᠢᠨ ᠮᠠᠨᠠᠭ᠎ᠠ ᠬᠤᠶᠠᠷ ᠰᠠᠪᠠᠭ᠎ᠠ ᠮᠤᠳᠤ ᠬᠠᠪᠢᠷᠠᠯᠳᠤᠭᠤᠯᠤᠨ ᠳᠤᠭᠰᠢᠵᠤ᠂ ᠠᠮᠪᠠᠨ ᠤ ᠭᠡᠷ ᠢ ᠰᠦᠨᠢᠵᠢᠨ ᠳᠤᠭᠤᠷᠢᠨ ᠶᠠᠪᠣᠵᠤ ᠬᠤᠨᠤᠳᠠᠭ ᠳᠤᠯᠠ ᠳᠠᠢ᠌ᠨ ᠭᠦ ᠳᠤᠪᠰᠢᠭᠤᠷ ᠮᠠᠨᠠᠭ᠎ᠠ ᠨᠠᠷ᠎ᠠ ᠵᠡᠭᠦᠵᠡᠢ》 ᠭᠡᠮᠡᠨ ᠪᠠᠽᠠᠷ ᠪᠣᠳᠤᠭᠠᠤᠨ ᠄

᠊᠊᠊᠊᠊᠊᠊᠊᠊᠊᠊᠊᠊᠊᠊ ᠪᠦᠭᠦᠳᠡ ᠶᠢᠨ ᠳᠡᠷᠢᠭᠦᠨ ᠤ ᠳᠠᠮᠠᠭ᠎ᠠ ᠶᠢ ᠮᠠᠭᠤ ᠭᠦᠮᠤᠨ ᠬᠤᠯᠠᠭᠠᠢ᠌ᠯᠠᠬᠤ ᠭᠡᠰᠡᠨ ᠭᠡᠯᠢᠤ︖

᠊᠊᠊᠊᠊᠊᠊᠊᠊᠊᠊᠊᠊᠊᠊ ᠳᠠᠷᠠ ᠦᠨᠡᠨ︕ ᠨᠠᠮᠤᠷ ᠤᠨ ᠳᠡᠷᠢᠭᠦᠨ ᠰᠠᠷ᠎ᠠ ᠶᠢᠨ ᠰᠢᠨ᠎ᠠ ᠶᠢᠨ ᠬᠤᠶᠠᠷ ᠲᠤ ᠳᠠᠮᠳᠢᠨ ᠠᠮᠪᠠᠨ ᠨᠠᠮᠢ᠋ᠢ ᠳᠠᠭᠤᠳᠠᠳᠠᠭ ᠪᠠᠢ᠌ᠨ᠎ᠠ᠃ ᠣᠷᠤᠵᠤ ᠣᠴᠢᠭᠠᠤᠨ ᠬᠠᠳᠠᠪᠴᠢᠨ ᠳᠤ ᠨᠢ ᠵᠤᠭᠰᠤᠭᠰᠠᠨ ᠳᠤ᠂ ᠠᠮᠪᠠᠨ ᠨᠠᠳᠠᠳᠤ ᠰᠠᠭᠤᠳᠠᠯ ᠵᠢᠭᠠᠵᠤ ᠦᠭ‍ᠭᠦᠭᠡᠤᠨ 《ᠣᠷᠢᠳᠤ ᠰᠦᠨᠢ ᠮᠠᠨᠠᠢ ᠪᠦᠷᠢᠶᠡᠰᠤ ᠶᠢ ᠭᠦᠮᠤᠨ ᠭᠢᠳᠤᠭ᠎ᠠ ᠪᠠᠷ ᠵᠦᠰᠤᠵᠤ ᠠᠮᠪᠠᠨ ᠳᠠᠮᠠᠭ᠎ᠠ ᠶᠢ ᠬᠤᠯᠠᠭᠠᠢ᠌ᠯᠠᠬᠤ ᠭᠡᠪᠡ᠃ ᠴᠢ ᠮᠠᠷᠭᠠᠰᠢ ᠡᠴᠡ ᠳᠠᠮᠠᠭ᠎ᠠ ᠶᠢᠨ ᠮᠠᠨᠠᠭᠠᠨ ᠳᠤ ᠭᠠᠷ᠃ ᠭᠦᠮᠦᠰ ᠴᠢᠮᠢ᠋ᠢ ᠳ᠋ᠠᠭᠳᠠᠨ ᠲᠡᠶ ᠢᠵᠢᠯ ᠣᠰᠤ ᠨᠤᠳᠤᠭ ᠲᠠᠭᠠᠨ ᠬᠠᠢ᠌ᠷᠠᠳᠠᠢ ᠭᠦᠮᠤᠨ ᠭᠡᠭᠦ ᠶᠤᠮ᠃ ᠳᠡᠭᠡᠭᠡᠤᠨ ᠪᠢᠳᠠ ᠳᠠᠭᠤᠳᠠᠭᠤᠯᠤᠯ᠎ᠠ᠃ ᠴᠢᠮᠢ᠋ᠢ ᠪᠠᠰᠠ ᠨᠣᠢ᠌ᠷ ᠲᠠᠭᠠᠨ ᠰᠡᠷᠭᠡᠭ᠌ ᠭᠡᠵᠤ ᠰᠤᠨᠤᠰᠪᠠ᠃ ᠳᠤᠭᠤᠳᠤ ᠴᠢ ᠳᠠᠵᠢ ᠮᠠᠩᠨᠤᠭ ᠬᠤᠴᠢᠳᠠᠢ ᠴᠠᠩᠳᠠ ᠶᠢ᠁ ᠢᠷᠡᠭᠡᠤᠨ ᠠᠯᠪᠠ ᠪᠠᠨ ᠠᠪᠳᠠᠯ᠎ᠠ ᠳᠠᠮᠠᠭ᠎ᠠ ᠮᠠᠨᠠᠭᠠᠷᠠᠢ︕》 ᠭᠡᠰᠡᠨ ᠶᠤᠮ᠃ ᠡᠳᠦᠭᠡ ᠰᠤᠨᠤᠰᠬᠤᠯᠠᠷ ᠵᠡᠩᠴᠢᠭᠦᠤ ᠡᠴᠡ ᠳᠠᠮᠠᠭ᠎ᠠ ᠶᠢᠨ ᠳᠠᠮᠤᠷ ᠠᠪᠳᠠᠷ᠎ᠠ ᠢᠷᠡᠭ᠍ᠰᠡᠨ ᠭᠡᠯᠴᠡᠨ᠎ᠡ᠃ 《ᠳ᠋ᠠᠭᠳᠠᠨ᠂ ᠳᠤᠭᠤᠳᠤ ᠬᠤᠶᠠᠷ ᠢ ᠴᠢᠷᠠᠢ᠌ᠳᠠᠬᠤ ᠦᠭᠡᠶ ᠪᠣᠯᠪᠠ᠃ ᠴᠠᠩᠳᠠ᠂ ᠳᠠᠮᠤᠷ ᠠᠪᠳᠠᠷ᠎ᠠ ᠬᠤᠶᠠᠷ ᠪᠣᠯᠤᠨ᠎ᠠ》 ᠭᠡᠵᠤ ᠳᠠᠮᠳᠢᠨ ᠠᠮᠪᠠᠨ ᠭᠦᠭᠡᠷᠦᠵᠤ ᠪᠠᠢ᠌ᠨ᠎ᠠ ᠭᠡᠵᠤ ᠪᠢ ᠳᠤᠭᠤᠯᠪᠠ᠃ ᠬᠠᠷᠢᠨ ᠳᠠᠮᠤᠷ ᠠᠪᠳᠠᠷᠠᠨ ᠳᠤ ᠬᠤᠰᠢᠭᠤ ᠳᠠᠮᠠᠭ᠎ᠠ ᠪᠠᠨ ᠭᠡᠰᠡᠨ ᠰᠠᠤᠠᠭᠢᠯ ᠯᠠ ᠪᠠᠢ᠌ᠬᠤ ᠦᠭᠡᠶ ᠪᠣᠯᠪᠠᠤ ⁈ ᠭᠡᠵᠤ ᠳᠤᠭᠤᠳᠤ ᠶᠢ ᠶᠠᠷᠢᠭᠰᠠᠨ ᠳᠤ ᠪᠠᠽᠠᠷ ᠨᠥᠭᠦᠷ ᠤᠨ ᠮᠦᠷᠤᠨ ᠳᠡᠭᠡᠷ᠎ᠡ ᠭᠠᠷ ᠳᠠᠯᠪᠢᠨ ᠠᠭᠤᠵᠢᠮ ᠬᠠᠯᠠᠭᠤᠨ ᠰᠠᠤᠠᠭᠢᠯ ᠶᠢᠡᠷ ᠳᠠᠭᠢᠨ ᠢᠨᠢᠶᠠᠯ᠎ᠠ᠃ ᠳᠤᠭᠤᠳᠤ᠂ ᠪᠠᠽᠠᠷ ᠤᠨ ᠭᠠᠷ ᠢ ᠰᠢᠷᠪᠤᠰᠦᠯᠢᠭ᠌ ᠥᠳᠡᠭᠡᠷᠢ ᠭᠦᠭᠡ ᠭᠠᠷ ᠶᠢᠡᠷ ᠶᠢᠡᠨ ᠵᠠᠢ᠌ᠯᠠᠭᠤᠯᠵᠤ᠄

᠊᠊᠊᠊᠊᠊᠊᠊᠊᠊᠊᠊᠊᠊᠊ ᠨᠠᠳᠠ ᠪᠠᠷ ᠳᠤᠭᠯᠠᠭᠠᠮ ᠭᠢᠭᠦ ᠴᠤ ᠭᠠᠢ᠌ᠭᠤᠢ᠃ ᠳᠠᠮᠤᠷ ᠡᠴᠡ ᠴᠤ ᠭᠦᠢᠳᠡᠨ ᠰᠠᠤᠠᠭᠢᠯ ᠲᠡᠶ ᠭᠦᠮᠤᠨ ᠪᠠᠢ᠌ᠳᠠᠭ ᠶᠤᠮ᠃ ᠳᠠ ᠨᠡᠷ ᠳᠤ᠋ ᠨᠤᠶᠠᠨ ᠤ ᠥᠭᠡᠨ ᠳᠤ ᠥᠨᠡᠮᠰᠢᠭᠡ ᠦᠦ ᠳᠡᠭᠡᠭᠡᠤᠨ ᠭᠡᠵᠤ ᠭᠡᠨᠡᠳᠲᠡ ᠠᠰᠠᠭᠤᠪᠠ᠃ ᠭᠦᠷᠰᠢ ᠠᠢ᠌ᠯ ᠤᠨ ᠬᠤᠳᠠᠨ ᠳᠤ ᠠᠯᠳᠠᠭᠰᠠᠨ ᠢᠷᠭᠡ ᠪᠠᠨ ᠥᠵᠡᠭ᠍ᠰᠡᠨ ᠬᠤᠨᠢᠴᠢᠨ ᠰᠢᠭ ᠭᠡᠢ᠌ᠴᠢᠨ ᠤ ᠨᠢᠳᠤ ᠰᠡᠷᠭᠦᠵᠤ ᠭᠦᠮᠦᠰᠭᠡ ᠵᠠᠩᠭᠢᠷᠠᠭᠤᠯᠤᠨ ᠳᠤᠯᠤᠭᠠᠢ ᠡᠷᠭᠦᠨ ᠳᠤᠭᠤᠳᠤ ᠶᠢ ᠬᠠᠷᠠᠭᠠᠤᠨ᠄

᠊᠊᠊᠊᠊᠊᠊᠊᠊᠊᠊᠊᠊᠊᠊ ᠶᠠᠮᠠᠷ ᠥᠭᠡᠨ ᠳᠤ︖ ᠭᠡᠵᠤ ᠠᠩᠬᠠᠷᠤᠯᠳᠠᠢ᠌ᠶ᠎ᠠ ᠠᠰᠠᠭᠤᠵᠠᠢ᠃

᠊᠊᠊᠊᠊᠊᠊᠊᠊᠊᠊᠊᠊᠊᠊ ᠶᠠᠭᠠᠭᠢᠪᠠ ᠬᠤᠰᠢᠭᠤ ᠳᠠᠮᠠᠭ᠎ᠠ ᠶᠢᠨ ᠭᠡᠷᠡᠭ᠌ ᠡᠷᠭᠢᠯᠡᠯᠴᠡᠭᠦ ᠵᠡᠩᠴᠢᠭᠦᠤ ᠶᠢᠨ ᠫᠦᠰᠡᠨ᠎ᠡ ᠴᠠᠯᠢᠩ ᠹᠦᠩᠯᠤ ᠶᠢᠨ ᠳᠠᠯ᠎ᠠ ᠬᠤᠪᠢ ᠬᠤᠷᠢᠶᠠᠭᠳᠠᠪᠠ ᠭᠡᠰᠡᠨ ᠢ︖

᠊᠊᠊᠊᠊᠊᠊᠊᠊᠊᠊᠊᠊᠊᠊ ᠡᠡᠭ᠌᠂ ᠳᠠᠷᠠ ᠦᠦ︖ ᠭᠡᠵᠤ ᠪᠠᠽᠠᠷ ᠳᠦᠷᠠᠰᠭᠢᠨ ᠭᠦᠭᠡᠷᠦᠭ᠍ᠰᠡᠨ ᠰᠠᠤᠠᠭᠢᠯ ᠶᠢᠡᠨ ᠪᠠᠷᠢᠵᠤ ᠠᠯᠢ ᠪᠣᠯᠬᠤ ᠪᠠᠷ ᠳᠤᠭᠳᠠᠭᠤᠬᠠᠨ ᠰᠠᠭᠤᠵᠤ ᠯᠠᠪᠯᠠᠭᠰᠠᠨ ᠨᠢ᠄

᠊᠊᠊᠊᠊᠊᠊᠊᠊᠊᠊᠊᠊᠊᠊ ᠴᠢ ᠶᠠᠭᠤ ᠰᠤᠨᠤᠰᠪᠠ︖ ᠭᠦᠭᠡᠷᠦᠯ ᠳ᠋ᠠ ᠭᠡᠮᠡᠨ ᠦᠨᠳᠦᠷ ᠮᠠᠩᠨᠠᠢ ᠳᠤ ᠨᠢ ᠵᠤᠭᠢᠭᠰᠠᠨ ᠵᠤᠤᠪᠠᠡᠭ᠌ ᠠᠯᠠᠭ ᠨᠢᠳᠤ ᠪᠠᠨ ᠭᠡᠷᠡᠯᠳᠦᠭᠦᠯᠤᠨ ᠬᠠᠷᠠᠵᠠᠢ᠃ ᠳᠤᠭᠤᠳᠤ ᠬᠤᠯᠮᠠᠭᠠᠨᠠᠨ ᠳᠤᠷᠤᠭᠰᠢ ᠬᠠᠷᠠᠭᠰᠠᠨ ᠨᠢ ᠪᠣᠯᠭᠤᠮᠵᠢᠯᠠᠭᠰᠠᠨ ᠭᠡᠷᠡᠭ᠌ ᠪᠠᠢ᠌ᠪᠠ᠃

᠊᠊᠊᠊᠊᠊᠊᠊᠊᠊᠊᠊᠊᠊᠊ ᠵᠥᠭᠡᠷ︕ ᠴᠢ ᠨᠠᠳᠠᠳᠤ ᠢᠳᠡᠭᠡ᠃ ᠪᠢ ᠭᠡᠨ ᠡᠴᠡ ᠴᠤ ᠰᠤᠨᠤᠰᠤᠭᠰᠠᠨ ᠪᠠᠢ᠌ᠵᠤ ᠪᠣᠯᠤᠨ᠎ᠠ ᠰᠢᠤ ᠳ᠋ᠠ ᠭᠡᠮᠡᠭ᠍ᠰᠡᠨ ᠳᠤ ᠭᠡᠷ ᠤᠨ ᠡᠵᠡᠨ ᠡᠢ᠌ᠨ ᠥᠭᠦᠯᠡᠷᠤᠨ᠄

᠊᠊᠊᠊᠊᠊᠊᠊᠊᠊᠊᠊᠊᠊᠊ ᠪᠢ ᠡᠨᠡ ᠳᠠᠮᠳᠢᠨ ᠠᠮᠪᠠᠨ ᠢ ᠴᠢᠨᠢ ᠵᠢᠷ ᠤᠨ ᠨᠢᠭᠡ ᠰᠥᠷᠦᠭ᠌ ᠤᠨ ᠮᠠᠢ᠌ᠷᠠᠨ ᠶᠠᠪᠣᠭᠰᠠᠨ ᠪᠣᠯᠬᠤᠷ ᠨᠢ ᠣᠪᠣᠭ᠎ᠠ ᠢᠳᠡᠭᠡᠵᠤ ᠪᠠᠢ᠌ᠯ᠎ᠠ ᠰᠢᠤ ᠳ᠋ᠠ᠃ ᠨᠤᠶᠠᠨ ᠣᠷᠪᠠᠭᠠᠴᠢ᠂ ᠨᠤᠬᠠᠢ ᠰᠢᠷᠪᠠᠭᠠᠴᠢ ᠭᠡᠵᠤ ᠦᠨᠡᠨ ᠠᠵᠠᠢ᠃ ᠥᠴᠦᠭᠡᠳᠦᠷ ᠠᠭᠤᠯᠠ ᠶᠢᠨ ᠳᠤᠭᠠᠷ ᠨᠤᠶᠠᠨ ᠠᠮᠪᠠᠨ ᠤ ᠭᠢ ᠪᠠᠷ ᠢᠷᠠᠯ᠎ᠠ᠃ ᠪᠢ ᠳᠠᠮᠳᠢᠨ ᠠᠮᠪᠠᠨ ᠤ ᠰᠠᠯᠭᠢ ᠴᠤᠭᠢᠭᠤᠯᠤᠭᠰᠠᠨ ᠨᠡᠮᠡᠭᠦᠪᠠᠶᠡᠷ ᠭᠦᠤ ᠶᠢᠨ ᠨᠢᠷᠤᠭᠤᠨ ᠳᠤ ᠪᠣᠮᠪᠠ ᠳᠠᠯᠪᠢᠵᠤ ᠰᠠᠭᠤᠪᠠ ᠰᠢᠤ᠃ ᠠᠭᠤᠯᠠ ᠶᠢᠨ ᠳᠤᠭᠠᠷ ᠰᠤᠭᠳᠤᠭᠤ ᠪᠠᠢ᠌ᠭᠰᠠᠨ ᠣᠴᠢᠷ ᠨᠠᠮᠢ᠋ᠢ ᠭᠦᠮᠤᠨ ᠭᠡᠵᠤ ᠰᠠᠨᠠᠯ ᠦᠭᠡᠶ ᠪᠠᠢ᠌ᠳᠠᠭ ᠢ ᠪᠠᠨ ᠳᠡᠯᠭᠡᠵᠤ ᠭᠠᠷᠬᠤ ᠨᠢ ᠳᠠᠷᠠ᠃ ᠳᠠᠳᠠᠨ ᠤ ᠶᠠᠷᠢᠶᠠᠨ ᠡᠴᠡ ᠮᠢᠨᠤ ᠮᠠᠳᠠᠵᠤ ᠠᠪᠣᠭᠰᠠᠨ ᠵᠣᠢ᠌ᠯ ᠭᠡᠪᠠᠯ ᠳᠠᠮᠳᠢᠨ ᠢ ᠪᠦᠭᠦᠳᠡ ᠶᠢᠨ ᠳᠡᠷᠢᠭᠦᠨ ᠪᠣᠯᠬᠤ ᠳᠤ ᠠᠭᠤᠯᠠ ᠶᠢᠨ ᠳᠤᠭᠠᠷ ᠨᠤᠶᠠᠨ ᠳᠤᠰᠠᠯᠠᠵᠤ᠂ ᠬᠤᠱᠤᠢ ᠠᠮᠪᠠᠨ ᠳᠤ ᠮᠥᠩᠭᠦ ᠴᠢᠤᠠᠬᠤᠭᠰᠠᠨ ᠶᠤᠮ ᠪᠠᠢ᠌ᠨ᠎ᠠ᠃ ᠳᠠᠷᠠ ᠮᠥᠩᠭᠦ ᠪᠠᠨ ᠣᠳᠤ ᠠᠪᠴᠤ ᠪᠠᠢ᠌ᠭ᠎ᠠ ᠨᠢ ᠡᠨᠡ ᠭᠡᠨ᠎ᠡ᠃ ᠶᠡᠷᠦᠳᠡᠭᠡᠨ ᠯᠠ ᠡᠨᠡ ᠳ᠋ᠠ ᠭᠡᠤᠨ ᠴᠢᠮᠡᠭᠡ ᠦᠭᠡᠶ ᠪᠣᠯᠪᠠ᠃

ᠪᠠᠽᠠᠷ ᠳᠤᠭᠤᠳᠤ ᠶᠢ ᠳᠠᠮᠠᠭᠢᠯᠠᠭᠠᠤᠨ᠄

᠊᠊᠊᠊᠊᠊᠊᠊᠊᠊᠊᠊᠊᠊᠊ ᠴᠢ ᠳᠠᠳᠠᠨ ᠤ ᠶᠠᠷᠢᠶ᠎ᠠ ᠶᠢ ᠨᠠᠳᠠᠳᠤ ᠨᠢᠭᠡᠤᠨ ᠨᠢᠭᠡ ᠦᠭᠡᠶ ᠶᠠᠷᠢᠭᠠᠤᠨ ᠥᠭ᠌᠃ ᠴᠤᠬᠤᠮ ᠶᠠᠭᠤ ᠪᠣᠯᠤᠭᠰᠠᠨ᠂ ᠶᠠᠭᠠᠭᠢᠭᠰᠠᠨ ᠶᠤᠮ ᠪᠣᠢ︖ ᠭᠡᠵᠤ ᠰᠢᠬᠠᠮᠳᠠᠭᠤᠯᠤᠭᠰᠠᠨ ᠳᠤ ᠭᠡᠷ ᠤᠨ ᠡᠵᠡᠨ᠂ ᠪᠠᠽᠠᠷ ᠢ ᠰᠡᠵᠢᠭᠯᠡᠨ ᠬᠠᠷᠠᠭᠰᠠᠨ ᠶᠢᠡᠨ᠄

᠊᠊᠊᠊᠊᠊᠊᠊᠊᠊᠊᠊᠊᠊᠊ ᠴᠢ ᠭᠡᠷᠡᠭ᠌ ᠤᠨ ᠳᠦᠷᠦᠭᠡ ᠪᠣᠰᠬᠠᠬᠤ ᠨᠢ ᠦᠦ︖ ᠪᠣᠯᠬᠤ ᠦᠭᠡᠶ ᠰᠢᠤ︕

᠊᠊᠊᠊᠊᠊᠊᠊᠊᠊᠊᠊᠊᠊᠊ ᠦᠭᠡᠶ᠂ ᠪᠢ ᠵᠥᠭᠡᠷ ᠯᠠ ᠰᠤᠨᠤᠰᠤᠶ᠎ᠠ᠃ ᠶᠠᠷᠤ ᠨᠥᠭᠦᠷ ᠲᠡᠭᠡᠨ ᠶᠠᠷᠢᠴᠢᠬ᠎ᠠ︕

᠊᠊᠊᠊᠊᠊᠊᠊᠊᠊᠊᠊᠊᠊᠊ ᠪᠢ ᠠᠮᠪᠠᠨ ᠤ ᠭᠦᠤ ᠳᠤ ᠪᠣᠮᠪᠠ ᠳᠠᠯᠪᠢᠵᠤ ᠰᠠᠭᠤᠯ᠎ᠠ᠃ ᠳᠤᠭᠠᠷ ᠨᠤᠶᠠᠨ ᠰᠠᠯᠳᠠᠭᠠᠨᠠᠭᠰᠠᠭᠠᠷ ᠣᠷᠤᠵᠤ ᠢᠷᠠᠪᠠ᠃ ᠳᠡᠭᠡᠭᠡᠤᠨ ᠯᠠ ᠴᠠᠢ ᠢᠳᠡᠭᠡ ᠠᠮᠰᠠᠭᠰᠠᠨ ᠤ ᠳᠠᠷᠠᠭ᠎ᠠ ᠶᠠᠷᠢᠶ᠎ᠠ ᠪᠠᠨ ᠡᠭᠢᠯᠡᠭ᠍ᠰᠡᠨ ᠳ᠋ᠠ᠃ ᠠᠮᠪᠠᠨ ᠨᠠᠳᠠ ᠣᠷᠤᠭᠤ ᠳᠤᠯᠤᠭᠠᠢ ᠡᠷᠭᠦᠵᠤ ᠳᠤᠭᠢᠬᠤ ᠳᠤ ᠨᠢ 《ᠵᠠ᠂ ᠠᠮᠪᠠᠨ ᠭᠤᠸᠠᠢ︕ ᠪᠢ ᠳᠦᠩᠭᠡᠵᠢ ᠰᠠ‍‌ᠶᠢ ᠭᠦᠤ ᠶᠢᠨ ᠨᠢᠷᠤᠭᠤᠨ ᠳᠤ ᠳᠠᠪᠤᠨ ᠪᠣᠮᠪᠠ ᠳᠠᠯᠪᠢᠴᠢᠬᠠᠭᠰᠠᠨ ᠶᠤᠮ᠃ ᠠᠪᠬᠤ ᠠᠷᠠᠢ ᠪᠣᠯᠤᠭ᠎ᠠ ᠦᠭᠡᠶ ᠪᠠᠢ᠌ᠳᠠᠭ᠃ ᠶᠠᠭᠠᠭᠢᠨ᠎ᠠ︖》 ᠭᠡᠰᠡᠨ ᠳᠤ᠂ 《ᠴᠢ ᠣᠰᠤ ᠨᠤᠳᠤᠭ ᠲᠠᠭᠠᠨ ᠬᠠᠢ᠌ᠷᠠᠳᠠᠢ ᠭᠦᠮᠤᠨ᠂ ᠴᠢᠨᠤ ᠴᠢᠭᠢ ᠠᠯᠳᠠ ᠪᠣᠯᠤᠭ︕》 ᠭᠡᠪᠡ᠃ ᠢᠩᠭᠢᠵᠤ ᠨᠤᠶᠠᠨ ᠮᠢᠨᠤ ᠴᠢᠭᠢ ᠶᠢ ᠠᠯᠳᠠ ᠪᠣᠯᠭᠠᠴᠢᠬᠠᠭᠠᠤᠨ ᠦᠪᠡᠷᠰᠠᠤᠨ ᠶᠢᠡᠨ ᠠᠯᠳᠠᠨ ᠤ ᠳᠤᠬᠠᠢ ᠶᠠᠷᠢᠵᠤ ᠭᠠᠷᠬᠤ ᠨᠢ ᠳᠠᠷᠠ ᠳ᠋ᠠ᠃ ᠳᠤᠭᠠᠷ ᠨᠤᠶᠠᠨ᠄ 《ᠵᠠ᠂ ᠳᠠᠮᠳᠢᠨ ᠮᠢᠨᠢ ᠪᠢ ᠨᠢᠭᠡ ᠭᠡᠷᠡᠭ᠌ ᠲᠡᠶ ᠢᠷᠠᠯ᠎ᠠ᠃ ᠮᠠᠷᠭᠠᠰᠢ ᠭᠠᠩᠭ᠋᠎ᠠ ᠶᠢᠨ ᠡᠷᠭᠢ ᠳᠡᠭᠡᠷ᠎ᠡ ᠴᠠᠯᠢᠩ ᠴᠤᠭᠯᠠᠭᠠᠨ ᠬᠤᠷᠠᠬᠤ ᠭᠡᠨ᠎ᠡ᠃ ᠨᠠᠮᠢ᠋ᠢ ᠢᠷᠡᠭᠦ ᠶᠢ ᠣᠭᠳᠤᠭᠤᠯᠵᠤ ᠵᠠᠷᠯᠠᠴᠢᠬᠠᠵᠠᠢ᠃ ᠪᠢ ᠳᠦᠷᠪᠡᠨ ᠮᠢᠩᠭ᠋ᠠᠨ ᠯᠠᠩ ᠢ ᠨᠢ ᠥᠷᠦᠴᠢᠭᠡᠭᠡᠤᠨ ᠢᠷᠡᠭ᠍ᠰᠡᠨ ᠁》᠂ 《ᠶᠠᠭᠤ ᠭᠡᠰᠡᠨ ᠥᠭᠡ ᠪᠢᠯᠠ︖ ᠴᠠᠯᠢᠩ ᠶᠠᠭᠠᠭᠢᠵᠤ ᠳᠠᠯᠪᠢᠬᠤ ᠶᠤᠮ ᠪᠣᠢ︖》

《ᠬᠠᠷᠢᠨ ᠶᠠᠭᠠᠭᠢᠵᠤ ᠳᠠᠯᠪᠢᠬᠤ ᠶᠤᠮ ᠪᠣᠢ︖ ᠭᠡᠳᠡᠭ᠌ ᠴᠢᠨᠢ ᠯᠠ ᠪᠣᠯᠤᠭᠠᠤᠨ ᠪᠠᠢ᠌ᠨ᠎ᠠ︕ ᠪᠢ ᠠᠮᠪᠠᠨ ᠳᠠᠨ ᠢ ᠠᠯᠢ ᠪᠣᠯᠭᠠᠨ ᠭᠦᠯᠢᠶᠡᠭᠦ ᠪᠢᠯᠠ ⁈ ᠮᠤᠩᠬᠠᠭ ᠪᠢ ᠡᠵᠡᠨ ᠬᠠᠭᠠᠨ ᠤ ᠠᠳᠤᠭᠤᠨ ᠡᠴᠡ ᠬᠤᠷᠢᠨ ᠳᠠᠪᠤᠨ ᠰᠠᠢ᠌ᠬᠠᠨ ᠵᠢᠷᠤᠭ᠎ᠠ ᠮᠤᠷᠢ ᠳᠦᠯᠵᠢᠭᠦᠯᠤᠨ ᠭᠦᠶ‍ᠦᠯᠭᠡᠵᠤ᠂ ᠦᠵᠦᠮᠤᠴᠢᠨ ᠬᠤᠰᠢᠭᠤᠨ ᠳᠤ ᠭᠦᠷᠭᠡᠵᠤ ᠮᠥᠩᠭᠦ ᠪᠣᠯᠭᠠᠵᠤ᠂ ᠠᠯᠳᠠᠨ ᠶᠦᠮᠪᠣᠤ ᠴᠤᠭᠢᠭᠤᠯᠤᠨ᠂ ᠳᠡᠭᠦᠪᠠᠷ ᠳᠡᠷᠢᠭᠦᠯᠤᠨ ᠳᠠᠭᠠᠭᠰᠠᠨ ᠪᠠᠯᠡᠭ᠌ ᠢ ᠳᠠᠨ ᠳᠠᠭᠠᠨ ᠡᠷᠭᠦᠭ᠍ᠰᠡᠨ᠃ ᠳᠠ ᠬᠤᠱᠤᠢ ᠠᠮᠪᠠᠨ ᠳᠤ ᠳᠠᠷᠠ ᠪᠦᠭᠦᠳᠡ ᠪᠠᠨ ᠴᠢᠤᠠᠬᠤᠵᠤ ᠳᠠᠷᠢᠭᠠᠩᠭ᠋᠎ᠠ ᠶᠢᠨ ᠪᠦᠭᠦᠳᠡ ᠶᠢᠨ ᠳᠡᠷᠢᠭᠦᠨ ᠪᠣᠯᠤᠭᠰᠠᠨ ᠰᠢᠤ ᠳ᠋ᠠ᠃ ᠣᠳᠤ ᠨᠠᠳᠠᠳᠤ ᠠᠯᠳᠠ ᠭᠡᠷᠡᠭ᠍ᠳᠡᠢ ᠪᠠᠢ᠌ᠨ᠎ᠠ᠃ ᠪᠢ ᠭᠠᠭᠴᠠ ᠭᠦᠤ ᠶᠢᠨ ᠶᠢᠡᠨ ᠬᠤᠷᠢᠮ ᠢ ᠪᠡᠯᠡᠳᠭᠡᠭᠦ ᠭᠡᠵᠤ ᠶᠠᠪᠣᠭᠰᠠᠨ ᠢ ᠳᠠ ᠨᠡᠷ ᠮᠠᠳᠠᠨ᠎ᠠ᠃ ᠳᠠ ᠣᠳᠤ ᠶᠡᠭᠡ ᠭᠦᠮᠤᠨ ᠪᠣᠯᠵᠠᠢ᠃ ᠬᠤᠰᠢᠭᠤ ᠳᠠᠮᠠᠭ᠎ᠠ ᠶᠢ ᠭᠡᠷ ᠲᠡᠭᠡᠨ ᠵᠠᠯᠠᠭᠰᠠᠨ ᠪᠦᠭᠦᠳᠡ ᠶᠢᠨ ᠳᠡᠷᠢᠭᠦᠨ ᠢ ᠭᠡᠨ ᠭᠡᠯᠡᠵᠤ᠂ ᠨᠤᠬᠠᠢ ᠶᠢ ᠭᠡᠨ ᠰᠠᠭᠠᠬᠤ ᠶᠤᠮ ᠪᠣᠢ ⁈ ᠴᠢᠰᠤ ᠪᠠᠷ ᠳᠡᠭᠡᠭᠯᠡᠭᠡᠷᠡᠢ︕》

ᠳᠠᠮᠳᠢᠨ ᠤ ᠴᠠᠭᠠᠨ ᠰᠢᠷᠭᠠᠯ ᠴᠢᠷᠠᠢ ᠣᠯᠠᠭᠠᠨ ᠪᠣᠯᠵᠤ᠄ 《ᠳᠤᠭᠠᠷ ᠨᠤᠶᠠᠨ ᠳᠤᠭᠳᠠ︕ ᠬᠠᠷᠢᠶᠠᠬᠤ ᠭᠡᠷᠡᠭ᠌ ᠶᠠᠭᠤ ᠪᠠᠢ᠌ᠨ᠎ᠠ ⁈ ᠨᠢᠭᠡᠨᠲᠡ ᠭᠡᠷᠡᠭ᠌ ᠶᠠᠪᠣᠳᠠᠯ ᠡᠢ᠌ᠮᠤ ᠪᠣᠯᠤᠭᠰᠠᠨ ᠶᠤᠮ ᠪᠣᠯ ᠳᠠᠷᠠᠭ᠎ᠠ ᠶᠢ ᠨᠢ ᠪᠣᠳᠤᠶ᠎ᠠ᠃ ᠴᠢ ᠮᠠᠷᠭᠠᠰᠢ ᠳ᠋ᠠ᠂ ᠮᠠᠢ᠌ᠷᠠᠨ᠂ ᠬᠤᠶᠠᠭ ᠨᠡᠷ ᠤᠨ ᠴᠠᠯᠢᠩ ᠢ ᠶᠠᠭ ᠳᠠᠭᠠᠷᠠᠭᠤᠯᠵᠤ ᠦᠭ‍ᠭᠦᠭᠡᠤᠨ ᠶᠠᠪᠣᠭᠤᠯ᠂ ᠥᠯᠡᠳᠡᠭ᠍ᠰᠡᠨ ᠢ ᠨᠢ ᠨᠠᠳᠠᠳᠤ ᠠᠪᠴᠢᠷᠠᠵᠤ ᠳᠤᠰᠢᠶᠠ᠃ ᠮᠠᠯᠴᠢᠨ ᠤ ᠴᠠᠯᠢᠩ ᠢ ᠳᠠᠷᠠᠭ᠎ᠠ ᠪᠠᠷ ᠪᠣᠯᠤᠶ᠎ᠠ᠃ ᠬᠤᠰᠢᠭᠤᠨ ᠤ ᠠᠷᠠᠰᠤ ᠰᠢᠷᠢ᠂ ᠨᠤᠤᠰᠤ ᠦᠰᠦᠨ ᠤ ᠣᠷᠤᠨ ᠳᠤ ᠵᠡᠩᠴᠢᠭᠦᠤ ᠶᠢᠨ ᠫᠦᠰᠡ᠂ ᠰᠠᠩ ᠤᠨ ᠪᠣᠱᠤᠭᠠᠨ ᠳᠡᠭᠡᠷ᠎ᠡ ᠪᠣᠯᠢᠶᠠᠵᠤ ᠠᠪᠣᠭᠰᠠᠨ ᠪᠣᠯᠤᠭ︕ ᠵᠠ᠂ ᠡᠢ᠌ᠮᠤ ᠪᠠᠢ᠌ᠨ᠎ᠠ᠃ ᠴᠢ ᠰᠤᠭᠳᠤᠵᠠᠢ᠃ ᠶᠠᠪᠣᠵᠤ ᠠᠮᠠᠷᠠ︕ ᠰᠤᠭᠳᠤᠭᠤ ᠭᠦᠮᠤᠨ ᠰᠤᠬᠤᠷ ᠣᠬᠠᠭᠠᠨ ᠲᠡᠶ᠂ ᠢᠷᠡᠭ᠍ᠰᠡᠨ ᠴᠢᠨᠢ ᠵᠦᠪ》 ᠭᠡᠰᠡᠨ᠃ ᠢᠩᠭᠢᠭᠡᠤᠨ ᠯᠠ ᠳᠤᠭᠠᠷ ᠨᠤᠶᠠᠨ ᠮᠤᠷᠳᠠᠭᠰᠠᠨ ᠳ᠋ᠠ ᠭᠡᠤᠨ ᠳᠤᠭᠤᠳᠤ ᠶᠢᠨ ᠶᠠᠷᠢᠶ᠎ᠠ ᠳᠡᠭᠦᠰᠴᠡᠢ᠃

ᠠᠷᠴᠠᠳᠤ ᠭᠦᠭᠡ ᠦᠨᠳᠦᠷ ᠤᠨ ᠪᠠᠷᠠᠭᠤᠨ ᠰᠤᠭᠤ ᠪᠠᠷ ᠰᠢᠷᠭᠤᠨ ᠰᠢᠷᠭᠤᠳᠠᠯ᠎ᠠ ᠪᠠᠽᠠᠷ᠂ ᠳᠤᠭᠤᠳᠤ ᠲᠡᠶ ᠭᠦᠭᠡᠷᠦᠯᠳᠦᠭ᠍ᠰᠡᠨ ᠡᠨᠡ ᠶᠠᠷᠢᠶ᠎ᠠ ᠪᠠᠨ ᠡᠭᠡᠨ ᠳᠤᠷᠠᠰᠴᠤ᠂ ᠠᠯᠠᠭ ᠮᠤᠷᠢᠨ ᠤ ᠪᠠᠨ ᠭᠦᠯ ᠢ ᠠᠮᠠᠷᠠᠭᠠᠨ ᠭᠡᠯᠳᠦᠷᠢᠭᠦᠯᠵᠤ ᠶᠠᠪᠣᠯ᠎ᠠ᠃ ᠳᠡᠭᠡᠭᠡᠤᠨ ᠠᠭᠤᠯᠠ ᠶᠢᠨ ᠳᠤᠭᠠᠷ ᠤᠨ ᠭᠢ ᠨᠢᠭᠡᠨᠲᠡ ᠳᠦᠭᠦᠭ᠍ᠰᠡᠨ ᠳᠤᠯᠠ ᠵᠢᠵᠸᠤ ᠳᠦᠷᠦᠭᠡᠨ ᠳᠡᠭᠡᠷ᠎ᠡ ᠪᠦᠭᠦᠢᠨ ᠪᠣᠰᠴᠤ ᠶᠦᠷᠭᠡᠭᠦᠯᠤᠨ ᠣᠤᠠᠪᠠ᠃ ᠭᠡᠳᠤᠨ ᠮᠦᠴᠡ ᠶᠢᠨ ᠳᠠᠷᠠᠭ᠎ᠠ ᠳᠠᠷᠠ ᠡᠷ᠎ᠡ ᠳᠤᠭᠠᠷ ᠨᠤᠶᠠᠨ ᠤ ᠳᠡᠷᠭᠡᠨ ᠳᠡᠭᠡᠷ᠎ᠡ ᠢᠷᠡᠴᠢᠭᠡᠭ᠍ᠰᠡᠨ᠄

᠊᠊᠊᠊᠊᠊᠊᠊᠊᠊᠊᠊᠊᠊᠊ ᠨᠤᠬᠠᠢ ᠬᠤᠷᠢ ᠡ︕ ᠭᠡᠵᠤ ᠭᠡᠭᠡᠷ᠎ᠡ ᠶᠢᠨ ᠭᠡᠢ᠌ᠴᠢᠨ ᠭᠦᠮᠤᠨ ᠤ ᠨᠠᠮᠪᠠ ᠶᠤᠰᠤ ᠶᠢ ᠰᠠᠭᠢᠵᠤ ᠨᠠᠮᠤᠭᠤᠬᠠᠨ ᠬᠤᠭᠤᠯᠠᠢ ᠪᠠᠷ ᠳᠠᠭᠤᠳᠠᠨ ᠭᠡᠯᠡᠵᠤ ᠪᠠᠢ᠌ᠪᠠ᠃

ᠵᠤᠬᠢᠶᠠᠭᠴᠢ᠄ ᠳ·ᠮᠠᠮ᠎ᠠ
ᠳᠠᠷᠤᠮ᠄ 8061
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ