ᠲᠤᠯᠤᠳᠤᠭᠠᠷ ᠪᠦᠯᠦᠭ ᠂ ᠬᠦᠰᠡᠯ ᠬᠦᠭᠡᠭᠡᠴᠡᠯᠳᠦᠯ ᠤᠨ ᠵᠠᠢ᠌ᠴᠠ
ᠲᠤᠯᠤᠳᠤᠭᠠᠷ ᠬᠡᠰᠡᠭ ᠂ ᠳᠦᠷᠦᠭᠡ ᠴᠢᠩᠭᠠᠯᠠᠬᠤ ᠳᠠᠭᠤᠦ

ᠰᠢᠠᠳᠠᠷᠠᠰᠢ ᠦᠭᠡᠶ ᠴᠢᠷᠮᠠᠢ᠌ᠵᠤ ᠴᠥᠭᠦᠷᠡᠰᠢ ᠦᠭᠡᠶ ᠳᠡᠮᠡᠴᠡᠳᠡᠭ᠌ ᠯᠠ ᠪᠣᠯ ᠳᠡᠯᠡᠭᠡᠢ ᠳᠡᠭᠡᠷ᠎ᠡ ᠢᠯᠠᠵᠤ ᠴᠢᠳᠠᠬᠤ ᠦᠭᠡᠶ ᠭᠦᠴᠢᠷ ᠪᠠᠷᠭᠡᠰᠢᠶᠡᠯ ᠭᠡᠵᠤ ᠪᠠᠢ᠌ᠳᠠᠭ ᠦᠭᠡᠶ᠃


᠊᠊᠊᠊᠊᠊᠊᠊᠊᠊᠊᠊᠊᠊᠊᠊᠊᠊᠊᠊᠊᠊᠊ ᠰᠧᠨᠧᠷ


ᠳᠦᠴᠢᠨ ᠨᠠᠰᠤ ᠶᠢ ᠭᠢᠳᠠᠤᠨ ᠤᠳ 《ᠳᠦᠭᠡᠷᠢᠭ᠍ᠳᠡᠭᠦ ᠦᠭᠡᠶ ᠥᠶ᠎ᠡ》 ᠭᠡᠳᠡᠭ᠌᠃ ᠭᠦᠮᠤᠨ ᠳᠦᠴᠢ ᠭᠠᠷᠤᠭᠰᠠᠨ ᠤ ᠬᠣᠢ᠌ᠨ᠎ᠠ ᠨᠡᠢ᠌ᠭᠡᠮ ᠤᠨ ᠳᠠᠨᠢᠯᠳᠠ ᠭᠦᠡᠵᠡᠭᠡᠢ᠌ᠷᠡᠨ ᠠᠮᠢᠳᠤᠷᠠᠯ ᠤᠨ ᠳᠤᠷᠰᠢᠯᠭ᠎ᠠ ᠵᠤᠵᠠᠭᠠᠷᠠᠭᠰᠠᠨ ᠡᠴᠡ ᠳᠤᠭᠤᠰᠤᠳᠤ ᠶ‍ᠢᠷᠳᠢᠠᠴᠤ ᠶᠢᠨ ᠡᠭᠡᠳᠡᠷᠭᠡᠨ ᠪᠣᠳᠤᠯᠢᠶᠠᠨ ᠳᠤ ᠭᠢᠷᠢ ᠪᠠᠷᠤᠭᠳᠠᠢ ᠵᠤᠭᠰᠤᠯᠳᠠ ᠠᠯᠳᠠᠵᠤ ᠳᠦᠭᠡᠷᠢᠭ᠍ᠳᠡᠭᠦ ᠦᠭᠡᠶ ᠪᠣᠯᠤᠭᠰᠠᠨ ᠢ ᠭᠡᠯᠡᠵᠤ ᠪᠠᠢ᠌ᠨ᠎ᠠ᠃ ᠮᠤᠩᠭ᠋ᠤᠯᠴᠤᠳ 《ᠭᠤᠴᠢ ᠡᠴᠡ ᠰᠡᠭᠦᠯᠡᠷ ᠣᠬᠠᠭᠠᠷᠠᠵᠤ᠂ ᠲᠦᠴᠢ ᠡᠴᠡ ᠬᠣᠢ᠌ᠰᠢ ᠳᠤᠮᠦᠭᠠᠵᠢᠨ᠎ᠡ》 ᠭᠡᠳᠡᠭ᠌ ᠨᠢ ᠠᠳᠠᠯᠢᠬᠠᠨ ᠡᠨᠡ ᠶᠤᠰᠤ ᠶᠢ ᠳᠤᠰᠬᠠᠭᠰᠠᠨ ᠪᠠᠢ᠌ᠪᠠ᠃ ᠭᠠᠯ ᠵᠠᠯᠠᠭᠤ ᠬᠤᠷᠢᠨ ᠨᠠᠰᠤᠨ ᠤ ᠦᠶ᠎ᠡ ᠳᠤ ᠣᠮᠤᠭ ᠵᠤᠷᠢᠭ ᠳᠦᠷᠡᠯᠵᠡᠨ ᠨᠤᠫᠧᠯ ᠢ ᠭᠤᠯᠤᠵᠤ ᠨᠠᠫᠣᠯᠢᠶᠤᠨ ᠢ ᠴᠢᠮᠠᠯᠠᠭᠠᠤᠨ᠂ ᠦᠪᠡᠷ ᠤᠨ ᠪᠠᠶ᠎ᠠ ᠣᠢ ᠪᠢᠯᠢᠭ᠌ ᠣᠬᠠᠭᠠᠨ ᠰᠠᠨᠠᠭ᠎ᠠ ᠪᠠᠷ ᠶᠢᠡᠨ ᠣᠯᠠᠨ ᠡᠴᠡ ᠭᠡᠳᠥᠢ᠌ᠳᠦᠭ᠍ᠰᠡᠨ ᠰᠢᠭ᠌ ᠰᠠᠨᠠᠭᠳᠠᠵᠤ᠂ ᠣᠷᠴᠢᠯᠠᠩ ᠳᠡᠯᠡᠭᠡᠢ ᠳᠡᠭᠡᠷ᠎ᠡ ᠰᠤᠷᠴᠤ ᠴᠢᠳᠠᠬᠤ ᠦᠭᠡᠶ ᠶᠠᠭᠤᠮ᠎ᠠ ᠪᠠᠢ᠌ᠬᠤ ᠦᠭᠡᠶ᠂ ᠪᠦᠳᠦᠭᠡᠵᠤ ᠳᠡᠢ᠌ᠯᠭᠦ ᠦᠭᠡᠶ ᠣᠢ᠌ᠯᠠᠰ ᠦᠭᠡᠶ ᠭᠡᠵᠤ ᠰᠠᠭᠰᠠᠭᠤᠷᠠᠵᠤ ᠪᠠᠢ᠌ᠵᠡᠢ᠃ ᠡᠢ᠌ᠮᠦᠷᠭᠦ ᠨᠢᠯᠬᠠᠰᠠᠭ ᠣᠮᠤᠭᠯᠠᠩ ᠵᠤᠷᠢᠭ ᠭᠦᠭᠡᠭᠡᠴᠡᠯᠳᠦᠯ ᠨᠢ ᠪᠣᠳᠠᠳᠤ ᠠᠬᠤᠢ ᠶᠢᠨ ᠬᠠᠳᠠᠭᠤ ᠬᠠᠨᠠᠨ ᠳᠡᠭᠡᠷ᠎ᠡ ᠬᠠᠭ᠎ᠠ ᠮᠥᠷᠭᠦᠨ ᠨᠢᠴᠠᠷᠠᠵᠤ᠂ ᠦᠨᠦ ᠣᠯᠠᠨ ᠭᠦᠰᠡᠯ ᠭᠤᠷᠢᠳᠠᠯ ᠨᠢ ᠨᠢᠭᠡ ᠨᠢᠭᠡ ᠪᠠᠷ ᠶᠢᠡᠨ ᠭᠦᠭᠡᠰᠤ ᠪᠣᠯᠤᠨ ᠵᠠᠮᠬᠠᠷᠠᠭᠰᠠᠭᠠᠷ ᠪᠠᠢ᠌ᠵᠤ᠂ ᠨᠢᠭᠡ ᠮᠡᠳᠡᠭᠦᠯ᠎ᠡ ᠭᠤᠴᠢᠨ ᠨᠠᠰᠤ ᠶᠢ ᠳᠠᠪᠠᠭᠠᠤᠨ ᠰᠠ‍‌ᠶᠢ ᠠᠭᠠᠵᠢᠮ ᠶᠢᠡᠷ ᠣᠬᠠᠭᠠᠷᠠᠬᠤ ᠮᠠᠶ‍ᠢᠭ ᠣᠷᠤᠵᠤ᠂ ᠣᠯᠠᠨ ᠠᠷᠪᠢᠨ ᠪᠣᠳᠠᠳᠠᠢ ᠲᠡᠶ ᠨᠡᠢ᠌ᠴᠡᠭᠦ ᠦᠭᠡᠶ ᠭᠡᠢ ᠭᠦᠰᠡᠯ ᠶᠢᠡᠨ ᠨᠢᠭᠡ ᠳᠠᠢ᠌ᠰᠢ ᠤᠷᠭᠢᠵᠤ᠂ ᠭᠦᠰᠡᠯ ᠭᠦᠰᠡᠷᠳᠡᠭ᠍ᠰᠡᠨ ᠭᠤᠮᠤᠷᠬᠠᠯ ᠳᠡᠡᠴᠢᠭᠦᠷᠡᠯ ᠤᠨ ᠭᠠᠰᠢᠭᠤᠨ ᠰᠢᠭᠢᠷ ᠵᠠᠵᠢᠯᠤᠭᠰᠠᠭᠠᠷ ᠦᠪᠡᠷ ᠳᠤᠨᠢ ᠬᠤᠪᠢᠳᠠᠭᠰᠠᠨ ᠠᠵᠢᠯ ᠣᠢ᠌ᠯᠠᠰ ᠲᠡᠭᠡᠨ ᠬᠠᠠᠴᠤᠢ ᠰᠢᠮᠠᠯᠠᠨ ᠰᠢᠭᠤᠷᠬᠠᠢ᠌ᠯᠠᠬᠤ ᠪᠣᠯᠳᠠᠭ᠃ ᠲᠦᠴᠢ ᠭᠠᠷᠤᠭᠰᠠᠨ ᠤ ᠬᠣᠢ᠌ᠨ᠎ᠠ ᠪᠣᠳᠠᠳᠤ ᠠᠬᠤᠢ ᠶᠢ ᠳᠠᠨᠢᠵᠤ ᠣᠬᠠᠮᠰᠠᠷᠠᠨ᠂ ᠦᠪᠡᠷ ᠤᠨ ᠪᠠᠶ᠎ᠠ ᠶᠢᠨ ᠳᠠᠪᠠᠭᠤᠯᠢᠭ ᠪᠠ ᠳᠤᠳᠠᠭᠳᠠᠯ ᠶᠢᠡᠨ ᠭᠦᠢᠴᠡᠳ ᠳᠠᠨᠢᠵᠤ᠂ ᠦᠪᠡᠷ ᠤᠨ ᠭᠦᠰᠡᠯ ᠭᠦᠭᠡᠭᠡᠴᠡᠯᠳᠦᠯ ᠶᠢᠡᠨ ᠨᠡᠢ᠌ᠭᠡᠮ ᠤᠨ ᠪᠣᠳᠠᠳᠠᠢ ᠪᠠᠢ᠌ᠳᠠᠯ ᠳᠤ ᠨᠡᠢ᠌ᠴᠡᠭᠦᠯᠭᠦ ᠪᠠᠷ ᠳᠤᠭᠢᠷᠠᠭᠤᠯᠤᠯᠳᠠ ᠭᠢᠭᠦ ᠪᠤᠯᠤᠨ᠎ᠠ᠃ ᠡᠨᠡ ᠦᠶᠡᠰ ᠭᠡᠦᠭᠡᠤᠨ ᠦᠶ᠎ᠡ ᠶᠢᠨ ᠪᠣᠳᠤᠯ ᠠᠷᠠᠠᠰᠢᠨ ᠣᠷᠤᠮ ᠦᠭᠡᠶ ᠠᠷᠢᠯᠤᠭᠠᠤᠨ ᠨᠡᠢ᠌ᠭᠡᠮ ᠤᠨ ᠣᠷᠴᠢᠨ ᠠᠬᠤᠢ ᠲᠡᠶ ᠪᠦᠷᠢᠮᠦᠰᠤᠨ ᠵᠤᠭᠢᠴᠡᠵᠤ᠂ ᠥᠯᠭᠢᠭᠦ ᠥᠭᠡᠨ ᠳᠤ ᠦᠰᠦ ᠪᠣᠰᠬᠤ ᠦᠭᠡᠶ᠂ ᠰᠥᠷᠭᠡᠤ ᠶᠠᠪᠣᠳᠠᠯ ᠳᠤ ᠰᠥᠭᠡ ᠡᠷᠭᠢᠭᠦᠯᠭᠦ ᠦᠭᠡᠶ ᠬᠠᠰᠢᠷᠵᠢᠨ ᠳᠤᠮᠤᠭᠠᠵᠢᠳᠠᠭ ᠪᠢᠯᠡ᠃ ᠡᠨᠡ ᠱᠠᠳᠤᠨ ᠳᠤ ᠣᠷᠤᠭᠰᠠᠨ ᠤ ᠬᠣᠢ᠌ᠨ᠎ᠠ᠂ ᠶᠠᠭ ᠯᠠ ᠬᠠᠳᠠᠨ ᠡᠴᠡ ᠬᠠᠭᠠᠷᠠᠭᠰᠠᠨ ᠢᠷ ᠲᠡᠶ ᠴᠢᠯᠠᠭᠤ ᠦᠶᠡᠷ ᠤᠨ ᠣᠰᠤᠨ ᠳᠤ ᠵᠠᠢ᠌ᠯᠤᠭᠳᠠᠨ ᠮᠥᠯᠢᠭ᠍ᠳᠡᠭ᠍ᠰᠡᠭᠡᠷ ᠪᠠᠢ᠌ᠵᠤ ᠭᠦᠯᠢᠭᠡᠷ ᠳᠦᠭᠦᠷᠢᠭ᠌ ᠭᠤᠤᠯ ᠤᠨ ᠳᠠᠩ ᠤᠨ ᠴᠢᠯᠠᠭᠤ ᠰᠢᠭ ᠪᠣᠯᠤᠭᠠᠤᠨ᠂ ᠠᠮᠢᠳᠤᠷᠠᠯ ᠤᠨ ᠠᠷᠭ᠎ᠠ ᠪᠠ ᠨᠡᠢ᠌ᠭᠡᠮ ᠤᠨ ᠬᠠᠷᠢᠯᠴᠠᠭᠠᠨ ᠳᠤᠮᠳᠠ ᠣᠠᠴᠠᠭᠠᠢ ᠭᠢᠨᠠᠭᠤᠷ ᠯᠠᠪᠳᠠᠭᠤᠨ ᠪᠣᠯᠴᠢᠬᠠᠳᠠᠭ ᠪᠠᠢ᠌ᠨ᠎ᠡ᠃ ᠡᠭᠦᠨ ᠊ᠢ 《ᠭᠡᠷᠰᠡᠤ ᠪᠣᠯ ᠬᠠᠰᠢᠷᠠᠭᠰᠠᠨ ᠤ ᠭᠢ》 ᠭᠡᠳᠡᠭ᠌ ᠶ‍ᠦᠮ᠃ ᠲ᠋ᠡᠭᠡᠭᠡᠤᠨ 《ᠨᠢᠭᠡ ᠭᠦᠮᠤᠨ ᠭᠡᠷᠪᠡ ᠠᠷᠪᠠᠨ ᠳᠠᠪᠤᠨ ᠨᠠᠰᠤᠯᠠᠭᠠᠤᠨ ᠪᠠᠰᠠ ᠭᠦᠰᠡᠭᠦᠢᠴᠢ ᠦᠵᠡᠯᠳᠠᠨ ᠪᠢᠰᠢ ᠪᠣᠯ ᠬᠤᠵᠢᠮ ᠯᠠᠪ ᠶᠠᠭᠤ ᠴᠤ ᠪᠦᠳᠦᠭᠡᠵᠤ ᠴᠢᠳᠠᠬᠤ ᠦᠭᠡᠶ᠂ ᠲ᠋ᠠᠪᠢᠨ ᠨᠠᠰᠤᠯᠠᠴᠢᠬᠠᠭᠠᠤᠨ ᠪᠠᠰᠠ ᠭᠡᠢ ᠭᠦᠰᠡᠯ ᠳᠡᠭᠡᠨ ᠪᠠᠷᠢᠭᠳᠠᠭᠠᠤᠨ ᠪᠠᠢ᠌ᠪᠠᠯ ᠮᠠᠭᠠᠤᠨ ᠮᠤᠨᠤᠭ ᠡᠡᠮᠢᠳᠡᠨ》 ᠭᠡᠰᠡᠨ ᠭᠡᠯᠡᠯᠭᠡ ᠪᠣᠢ ᠪᠤᠯᠵᠤ᠂ ᠨᠢᠭᠡ ᠭᠦᠮᠤᠨ ᠤ ᠠᠮᠢᠳᠤᠷᠠᠯ ᠤᠨ ᠶᠠᠪᠣᠴᠠ ᠶᠢ ᠮᠠᠰᠢ ᠣᠨᠤᠪᠴᠢᠳᠠᠢ ᠬᠤᠷᠢᠶᠠᠩᠭ᠋ᠣᠢ᠌ᠯᠠᠭᠰᠠᠨ ᠪᠠᠢ᠌ᠨ᠎ᠠ᠃

ᠳᠦᠴᠢ ᠶᠢ ᠳᠠᠪᠠᠵᠤ ᠳᠠᠪᠢ ᠭᠠᠷᠴᠤ ᠢᠷᠡᠭᠡᠤᠨ ᠭᠡᠨᠡᠳᠲᠡ ᠡᠷᠭᠢᠵᠤ ᠬᠠᠷᠠᠬᠤᠶ᠎ᠠ᠂ ᠠᠷᠪᠠᠨ ᠭᠡᠳᠤᠨ ᠨᠠᠰᠤ ᠶᠢ ᠨᠠᠭᠠᠤᠠᠴᠤ ᠥᠩᠭᠡᠷᠡᠭᠦᠯᠦᠭᠡᠤᠨ᠂ ᠬᠤᠷᠢᠨ ᠭᠡᠳᠤᠨ ᠨᠠᠰᠤ ᠪᠠᠨ ᠠᠮᠠᠷᠠᠭ ᠳᠤᠷᠠᠯᠠᠯ ᠤᠨ ᠰᠠᠷᠬᠤᠤᠨ ᠲᠤ ᠰᠤᠭᠳᠤᠵᠤ ᠪᠠᠢ᠌ᠭᠠᠤᠨ ᠨᠥᠭ᠍ᠴᠢᠭᠡᠵᠤ᠂ ᠭᠤᠴᠢᠨ ᠭᠡᠳᠤᠨ ᠨᠠᠰᠤ ᠶᠢ ᠭᠤᠨᠢᠭᠯᠠᠵᠤ ᠰᠠᠮᠠᠭᠠᠷᠳᠠᠭᠰᠠᠭᠠᠷ ᠪᠠᠢ᠌ᠵᠤ ᠥᠷᠡᠭᠡᠵᠤ ᠬᠠᠶᠠᠭᠠᠤᠨ ᠠᠵᠢᠯ ᠠᠮᠢᠳᠤᠷᠠᠯ ᠦᠷ᠎ᠡ ᠭᠡᠦᠭᠡᠤᠨ ᠭᠡᠵᠤ ᠮᠤᠩᠭ᠋ᠠᠨᠢᠭᠰᠠᠭᠠᠷ ᠪᠠᠢ᠌ᠭᠠᠤᠨ ᠶᠠᠮᠠᠷ ᠴᠤ ᠠᠮᠵᠢᠯᠳᠠ ᠪᠦᠳᠦᠭᠡᠯ ᠦᠭᠡᠶ ᠪᠠᠷ ᠳᠠᠪᠢ ᠶᠢᠨ ᠪᠤᠭᠤᠮᠳᠠ ᠶᠢ ᠳᠠᠪᠠᠵᠠᠢ᠃ 《ᠭᠤᠷᠪᠠᠨ ᠣᠯᠤᠰ ᠤᠨ ᠥᠯᠢᠭᠡᠷ》 ᠲ᠋ᠤ ᠯᠢᠤ ᠰᠢᠤᠸᠠᠨ ᠳ᠋ᠧ 《ᠭᠦᠮᠤᠨ ᠳᠠᠪᠢᠨ ᠨᠠᠰᠤᠯᠠᠪᠠᠯ ᠳᠡᠭᠦᠰᠦᠯ ᠳᠡᠭᠡᠨ ᠣᠢ᠌ᠷᠠᠳᠤᠵᠤ ᠥᠭᠦᠴᠢᠭᠡᠪᠠᠴᠤ ᠵᠠᠭᠤᠷᠮᠠᠭ ᠨᠠᠰᠤᠯᠠᠭᠰᠠᠨ ᠳᠤ ᠳᠤᠭᠠᠴᠢᠭᠳᠠᠬᠤ ᠦᠭᠡᠶ》 ᠭᠡᠵᠤ ᠭᠡᠯᠡᠵᠡᠢ᠃ ᠲ᠋ᠡᠭᠦᠨ ᠤ ᠡᠨᠡ ᠦᠵᠡᠯᠳᠠ ᠳᠠᠩᠴᠢ ᠭᠤᠳᠤᠷᠠᠩᠭ᠋ᠤᠢ ᠠᠶᠠᠰ ᠲᠡᠶ ᠪᠠᠢ᠌ᠵᠤ᠂ ᠣᠳᠤᠬᠠᠨ ᠤ ᠰᠢᠡᠵᠢᠯᠡᠭᠦ ᠣᠬᠠᠭᠠᠨ ᠪᠠ ᠠᠮᠢᠳᠤᠷᠠᠯ ᠤᠨ ᠨᠥᠭᠦᠴᠡᠯ ᠳᠤ ᠳᠠᠪᠢᠨ ᠨᠠᠰᠤ ᠨᠢ ᠦᠨᠳᠦᠷ ᠪᠠᠷᠢᠮᠵᠢᠶ᠎ᠠ ᠪᠢᠰᠢ ᠪᠣᠯᠤᠭᠠᠤᠨ 《ᠳᠠᠯᠠ ᠭᠡᠭ᠍ᠴᠢ ᠨᠢ ᠳᠠᠪᠠᠭᠠᠨ ᠨᠠᠭᠠᠨᠠᠭᠢ ᠵᠤᠭᠤᠭ᠂ ᠵᠠᠭᠤ ᠭᠡᠳᠡᠭ᠌ ᠨᠢ ᠵᠠᠬ᠎ᠠ ᠡᠴᠡ ᠪᠠᠨ ᠳᠤᠭᠠᠯᠠᠬᠤ ᠬᠤᠳᠤᠭ》 ᠪᠣᠯᠴᠢᠬᠠᠵᠠᠢ᠃ ᠨᠠᠩ ᠢᠯᠠᠩᠭ᠋ᠤᠶ᠎ᠠ ᠳᠡᠯᠡᠭᠡᠢ ᠨᠠᠢ᠌ᠳᠠ ᠪᠠᠷ ᠶᠢᠡᠨ ᠨᠠᠰᠤᠳᠠᠢ᠌ᠵᠢᠯ ᠤᠨ ᠨᠡᠢ᠌ᠭᠡᠮ ᠳᠤ ᠠᠯᠬᠤᠨ ᠣᠷᠤᠵᠤ ᠪᠠᠢ᠌ᠭ᠎ᠠ ᠡᠨᠡ ᠡᠷᠡᠨ ᠳ᠋ᠤ 《ᠥᠳᠡᠯᠭᠦ ᠳᠤᠳᠤᠮ ᠡᠷᠴᠢ ᠵᠤᠷᠢᠭ ᠪᠠᠳᠠᠷᠠᠨ᠂ ᠦᠵᠡᠯᠳᠠ ᠵᠤᠷᠢᠯᠳᠠ ᠮᠢᠩᠭ᠋ᠠᠨ ᠪᠠᠷ᠎ᠠ ᠶᠢᠨ ᠡᠡᠯᠦᠰ》 ᠭᠡᠭᠦ ᠵᠤᠷᠢᠭ ᠰᠠᠨᠠᠭ᠎ᠠ ᠪᠠᠷ ᠠᠮᠢᠳᠤᠷᠠᠨ ᠳᠡᠮᠡᠴᠡᠭᠦ ᠳᠤ ᠵᠠᠮ ᠤᠨ ᠭᠦᠵᠦᠭᠦᠤ ᠮᠦᠨ ᠯᠠ ᠣᠷᠳᠤ ᠪᠠᠢ᠌ᠭᠰᠠᠭᠠᠷ ᠡ᠃ ᠲ᠋ᠡᠭᠡᠪᠠᠴᠤ ᠳᠠᠪᠢ ᠭᠦᠷᠪᠠᠯ ᠭᠡᠵᠢᠭᠡ ᠦᠰᠦ ᠵᠠᠬ᠎ᠠ ᠡᠴᠡ ᠪᠠᠨ ᠠᠯᠠᠭᠯᠠᠵᠤ᠂ ᠨᠢᠭᠤᠷ ᠤᠨ ᠠᠳᠤᠷᠢᠶ᠎ᠠ ᠨᠡᠮᠡᠭ᠍ᠳᠡᠨ ᠬᠠᠷᠠᠴᠠ ᠰᠤᠯᠠᠷᠠᠵᠤ ᠴᠡᠭᠡᠵᠢᠯᠡᠭᠦ ᠴᠢᠳᠠᠪᠣᠷᠢ ᠮᠠᠭᠤᠳᠠᠭᠠᠤᠨ᠂ ᠴᠢᠰᠤᠨ ᠳᠠᠷᠤᠯᠳᠠ ᠦᠨᠳᠦᠷᠵᠢᠨ ᠬᠤᠳᠤᠭᠠᠳᠤ ᠳᠡᠯᠢᠭᠦᠤ ᠪᠠᠭ᠎ᠠ ᠰᠠᠭ᠎ᠠ ᠡᠮᠵᠡᠭᠯᠡᠭᠦ ᠪᠣᠯᠵᠠᠢ᠃ ᠵᠠᠯᠠᠭᠤ ᠶᠢᠨ ᠦᠶᠡᠰ ᠡᠳᠦᠷ ᠰᠦᠨᠢ ᠲᠡᠶ ᠪᠠᠨ ᠵᠠᠯᠭᠠᠵᠤ ᠭᠡᠳᠤᠨ ᠲᠦᠮᠡᠨ ᠥᠰᠦᠭ᠌ ᠪᠢᠴᠢᠭᠡᠤᠨ ᠠᠯᠵᠢᠶᠠᠬᠤ ᠦᠭᠡᠶ ᠪᠠᠢ᠌ᠬᠤ ᠳᠤ᠂ ᠣᠳᠤ ᠬᠠᠷᠢᠨ ᠬᠤᠶᠠᠷ ᠮᠢᠩᠭ᠋ᠠᠨ ᠥᠰᠦᠭ᠌ ᠲᠡᠭᠡᠨ ᠵᠥᠳᠡᠷᠡᠭᠡᠤᠨ ᠪᠠᠢ᠌ᠳᠠᠭ ᠪᠣᠯᠪᠠ᠃ ᠺᠤᠮᠫᠢᠦ᠋ᠲ᠋ᠧᠷ ᠤᠨ ᠡᠮᠦᠨ᠎ᠡ ᠰᠠᠭᠤᠬᠤ ᠳᠠᠭᠠᠨ ᠭᠠᠯ ᠰᠢᠯ ᠵᠡᠭᠦᠭᠦ ᠪᠤᠯᠵᠤ᠂ ᠪᠢᠴᠢᠭ᠍ᠰᠡᠨ ᠥᠰᠦᠭ᠌ ᠶᠢᠡᠨ ᠪᠠᠭᠤᠯᠭᠠᠬᠤ ᠪᠠᠨ ᠮᠠᠷᠳᠠᠭᠠᠤᠨ ᠬᠤᠶᠠᠷ ᠥᠰᠦᠭ᠌ ᠶᠢᠡᠨ ᠵᠠᠯᠭᠠᠭᠤᠯᠤᠨ ᠡᠷᠦᠢ ᠬᠤᠷᠤᠢ ᠶᠠᠭᠤᠮ᠎ᠠ ᠪᠠᠭᠤᠯᠭᠠᠴᠢᠳᠠᠭ ᠶᠠᠪᠣᠳᠠᠯ ᠭᠠᠷᠤᠨ᠎ᠠ᠃ ᠠᠮᠵᠢᠳᠠ ᠪᠦᠳᠦᠭᠡᠯ ᠲᠡᠶ ᠪᠣᠰᠤᠳ ᠨᠥᠭᠦᠤᠨ ᠢ ᠬᠠᠷᠠᠬᠤᠯ᠎ᠠ ᠭᠡᠳᠤᠨ ᠳᠠᠪᠳᠠᠷ ᠨᠤᠮ ᠭᠡᠪᠯᠡᠭᠦᠯᠵᠤ᠂ ᠲ᠋ᠦᠬᠠᠢ᠌ᠯᠠᠭᠰᠡᠨ ᠠᠵᠢᠯ ᠤᠨ ᠪᠠᠢ᠌ᠷᠢᠨ ᠳᠡᠭᠡᠷ᠎ᠡ ᠪᠠᠨ ᠭᠢᠯᠠᠷᠠᠭᠤᠯᠤᠨ ᠬᠤᠰᠢᠭᠤᠷᠠᠵᠤ ᠨᠡᠢ᠌ᠭᠡᠮ ᠨᠠᠢ᠌ᠳᠠ ᠶᠢᠨ ᠦᠨᠳᠦᠷ ᠦᠨᠡᠯᠠᠯᠳᠠ ᠶᠢ ᠣᠯᠵᠤ ᠪᠠᠢ᠌ᠨ᠎ᠠ᠃ ᠦᠪᠡᠷ ᠤᠨ ᠪᠠᠶ᠎ᠠ ᠮᠢᠨᠢ ᠡᠴᠢᠨᠡᠨ ᠵᠢᠯ ᠳᠤ ᠪᠦᠳᠦᠭᠡᠭ᠍ᠰᠡᠨ ᠶᠠᠭᠤᠮ᠎ᠠ ᠭᠡᠵᠤ ᠶᠠᠭᠤ ᠪᠠᠢ᠌ᠨ᠎ᠡ︖ ᠭᠡᠵᠤ ᠶᠠᠪᠣᠵᠤ ᠰᠠᠭᠤᠭᠰᠠᠨ ᠶᠢᠡᠨ ᠳ᠋ᠦ᠋ᠩᠨᠠᠵᠤ ᠥᠵᠡᠭᠦ ᠳᠤ᠂ ᠨᠢᠳᠤᠨ ᠳᠤ ᠦᠷᠳᠤᠮᠠᠷ ᠶᠠᠭᠤᠮ᠎ᠠ ᠦᠭᠡᠶ ᠳᠡᠭᠡᠨ ᠳᠣᠢ᠌ᠯ ᠶᠢᠡᠷ ᠢᠴᠡᠩᠭᠦᠷᠡᠨᠡᠮ᠃ ᠲ᠋ᠡᠳᠡᠭᠡᠷ ᠠᠮᠵᠢᠯᠳᠠ ᠪᠦᠳᠦᠭᠡᠯ ᠶᠡᠭᠡᠳᠡᠢ ᠭᠦᠮᠤᠨ ᠲᠡᠶ ᠬᠠᠷᠢᠴᠠᠭᠤᠯᠬᠤ ᠳᠤ ᠦᠪᠡᠷ ᠤᠨ ᠪᠠᠶ᠎ᠠ ᠮᠢᠨᠢ ᠣᠢ ᠪᠢᠯᠢᠭ᠌ ᠠᠯᠢᠪᠠ ᠨᠥᠭᠦᠴᠡᠯ ᠶᠢᠡᠷ ᠬᠤᠯᠠ ᠳᠠᠪᠠᠭᠤ ᠪᠠᠢ᠌ᠭᠰᠠᠨ ᠳ᠋ᠠ ᠭᠡᠵᠤ ᠪᠣᠳᠤᠪᠠᠯ ᠬᠤᠷᠤ ᠪᠣᠴᠠᠯᠤᠭᠠᠤᠨ ᠨᠣᠢ᠌ᠷ ᠬᠤᠯᠵᠢᠳᠠᠭ ᠪᠣᠯᠴᠢᠬᠠᠯ᠎ᠠ᠃ ᠠᠮᠢᠳᠤᠷᠠᠯ ᠨᠠᠳᠠᠳᠤ ᠭᠡᠴᠢᠨᠡᠭᠡᠨ ᠣᠯᠠᠨ ᠰᠠᠢ᠌ᠬᠠᠨ ᠲᠤᠬᠢᠶᠠᠯ ᠣᠯᠭᠤᠵᠤ ᠪᠠᠢ᠌ᠳᠠᠯ᠎ᠠ ᠦᠯᠢ᠌ᠵᠤ ᠬᠠᠷᠠᠭᠠᠤᠨ ᠢᠰᠭᠦᠯᠵᠤ ᠣᠷᠭᠢᠭᠰᠠᠨ ᠳᠠᠭᠠᠨ ᠭᠡᠮᠰᠢᠵᠤ ᠭᠤᠨᠢᠭᠯᠠᠬᠤ ᠨᠢ ᠭᠡᠴᠡᠭᠦᠤ᠃ 《ᠭᠦᠮᠤᠨ ᠨᠢ ᠦᠳᠡᠯᠪᠠᠴᠤ ᠰᠠᠨᠠᠭ᠎ᠠ ᠨᠢ ᠥᠳᠡᠯᠳᠡᠭ᠌ ᠦᠭᠡᠶ》 ᠭᠡᠭ᠍ᠴᠢ ᠪᠠᠷ᠂ ᠦᠪᠡᠷ ᠤᠨ ᠪᠠᠶ᠎ᠠ ᠪᠠᠨ ᠶᠠᠭᠠᠭᠢᠵᠤ ᠵᠠᠰᠠᠵᠤ ᠴᠢᠮᠠᠯ᠎ᠠ ᠴᠤ ᠭᠡᠰᠡᠨ ᠵᠠᠯᠠᠭᠤᠴᠤᠳ ᠤᠨ ᠡᠩᠨᠡᠭᠡᠨ ᠳᠤ ᠭᠦᠯ ᠨᠡᠢ᠌ᠯᠭᠦ ᠦᠭᠡᠶ ᠪᠣᠯᠵᠤ᠂ ᠣᠴᠠᠷᠠᠭᠰᠠᠤᠨ 《ᠠᠪᠠᠭ᠎ᠠ ᠡ》 ᠭᠡᠭᠦ ᠦᠭᠡᠶ ᠪᠤᠯ 《ᠡᠪᠦᠭᠡᠨ ᠭᠤᠸᠡᠢ》 ᠭᠡᠵᠤ ᠳᠠᠭᠤᠳᠠᠭᠠᠤᠨ ᠣᠷᠮ᠎ᠠ ᠶᠢ ᠬᠤᠭᠤᠯᠳᠠᠭ ᠪᠠᠢ᠌ᠨ᠎ᠠ᠃ 《ᠪᠢ ᠴᠢᠨᠢ ᠳᠠᠢ᠌ᠮᠤ ᠰᠥᠷᠡᠭᠡᠢ ᠥᠳᠡᠯᠴᠢᠭᠡᠭ᠍ᠰᠡᠨ ᠭᠡᠵᠢ ᠦᠦ︖》 ᠭᠡᠵᠤ ᠳᠤᠯᠢ ᠱᠠᠭᠠᠢ᠌ᠨ ᠪᠣᠳᠤᠯᠭᠠᠰᠢᠷᠠᠨ᠎ᠠ᠃ ᠬᠤᠷᠢᠮ ᠴᠤᠭᠯᠠᠭᠠᠨ ᠳᠡᠭᠡᠷ᠎ᠡ ᠨᠠᠢ᠌ᠷ ᠤᠨ ᠳᠠᠭᠤᠤ ᠡᠭᠦᠰᠭᠡᠭᠦ ᠳ᠋ᠡᠭᠡᠨ 《ᠵᠡᠩ ᠮᠦᠷᠠᠨ ᠤ ᠣᠰᠤ》 ᠵᠢ᠌ ᠳᠠᠭᠤᠯᠠᠬᠤ ᠡᠴᠡ ᠪᠠᠨ ᠪᠠᠬᠠᠨ ᠰᠢᠷᠪᠠᠭᠡᠳᠦᠳᠡᠭ᠌ ᠴᠤ ᠪᠤᠯᠤᠯ᠎ᠡ᠃ ᠡᠨᠡ ᠦᠶᠡᠰ ᠣᠯᠠᠭᠠᠨ ᠨᠢᠯᠬ᠎ᠠ ᠭᠦᠤ ᠮᠢᠨᠢ ᠪᠣᠰᠤᠭ᠎ᠠ ᠡᠷ᠎ᠡ ᠪᠣᠯᠴᠢᠬᠠᠭᠰᠠᠨ ᠭᠤᠷᠣᠢ᠌ᠵᠤ ᠶᠠᠪᠣᠭ᠎ᠠ ᠶᠢ ᠬᠠᠷᠠᠭᠠᠤᠨ ᠠᠮᠢᠳᠤᠷᠠᠯ ᠤᠨ ᠨᠠᠷᠠ ᠮᠢᠨᠢ ᠨᠢᠭᠡ᠊ᠨᠳᠡ ᠭᠡᠯᠪᠠᠢ᠌ᠴᠢᠭᠡᠭ᠍ᠰᠡᠨ ᠢ ᠠᠯᠪᠠ ᠪᠠᠷ ᠮᠡᠳᠡᠷᠡᠳᠡᠭ᠌ ᠰᠠᠨ᠃ ᠢᠩᠭᠢᠵᠤ ᠪᠠᠢ᠌ᠳᠠᠯ᠎ᠠ 《ᠬᠤᠩ ᠬᠤ ᠨᠠᠭᠤᠷ ᠤᠨ ᠣᠰᠤᠨ ᠣᠢ᠌ᠯᠤᠨ ᠳᠡᠪᠠᠯᠭᠠᠯᠡᠨ᠎ᠡ》 ᠭᠡᠭᠦ ᠣᠶᠠᠬᠠᠨ ᠳᠠᠭᠤᠤ ᠬᠠᠩᠭᠢᠨᠠᠬᠤ ᠳ᠋ᠤ 《ᠦᠳᠠᠰᠢ ᠣᠷᠤᠢ ᠪᠣᠴᠠᠬᠤᠶ᠎ᠠ ᠣᠩᠭ᠋ᠤᠴᠠ ᠳᠦᠭᠦᠷᠡᠩ ᠵᠢᠭᠠᠰᠤ》 ᠭᠡᠭᠦ ᠪᠠᠳᠠᠭ ᠢ ᠰᠤᠨᠤᠰᠤᠭᠠᠤᠨ ᠰᠠᠤᠠᠭᠢᠯ ᠣᠶᠠᠷᠠᠨ ᠵᠢᠷᠦᠭᠡ ᠡᠮᠵᠡᠭᠯᠡᠵᠤ᠂ ᠡᠡᠮᠢ ᠨᠠᠰᠤᠨ ᠤ ᠠᠶᠠᠯᠠᠯ ᠤᠨ ᠡᠴᠦᠰ ᠤᠨ ᠪᠠᠭᠤᠴᠠᠨ ᠳᠠᠭᠠᠨ ᠬᠤᠭᠤᠰᠤᠨ ᠶᠠᠭᠠᠭᠢᠵᠤ ᠬᠠᠷᠢᠬᠤ ᠪᠢᠯᠠ ᠭᠡᠤᠨ ᠬᠠᠷᠠᠰᠠᠯ ᠭᠤᠮᠤᠷᠬᠠᠯ ᠤᠨ ᠨᠢᠯᠪᠣᠰᠤ ᠪᠠᠨ ᠬᠤᠷᠢᠭᠠᠵᠤ ᠳᠡᠢ᠌ᠯᠭᠦ ᠦᠭᠡᠶ ᠪᠤᠯᠳᠠᠭ᠃ ᠭᠡᠳᠡᠯ᠎ᠡ ᠪᠠᠢ᠌ᠭᠠᠯᠢ ᠶᠢᠨ ᠵᠢᠮ᠎ᠠ ᠶᠤᠰᠤ ᠶᠠᠭ ᠯᠠ ᠥᠷᠭᠡᠨ ᠮᠦᠷᠠᠨ ᠤ ᠳᠤᠭᠰᠢᠨ ᠣᠷᠤᠰᠬᠠᠯ ᠠᠳᠠᠯᠢ ᠴᠢᠨᠤ ᠪᠠᠶᠠᠷᠯᠠᠵᠤ ᠭᠤᠮᠤᠳᠠᠬᠤ ᠶᠢ ᠬᠠᠮᠢᠶᠠᠷᠬᠤ ᠦᠭᠡᠶ᠂ ᠠᠮᠢ ᠨᠠᠰᠤᠨ ᠤ 《ᠡᠷᠭᠢ》 ᠵᠢ᠌ ᠴᠢᠨᠢ ᠭᠡᠰᠡᠭ᠌ ᠭᠡᠰᠡᠭ᠌ ᠶᠢᠡᠷ ᠬᠤᠪᠬᠤᠯᠵᠤ ᠠᠪᠣᠭᠠᠤᠨ ᠣᠷᠤᠰᠬᠠᠵᠤ ᠠᠪᠠᠴᠢᠨ᠎ᠠ᠃ ᠴᠠᠭ ᠤᠨ ᠣᠷᠤᠰᠬᠠᠯ ᠳᠤ ᠠᠮᠢ ᠨᠠᠰᠤ ᠳᠠᠩᠴᠢ ᠣᠬᠤᠷᠬᠠᠨ᠂ ᠣᠨ ᠵᠢᠯ ᠤᠨ ᠣᠷᠤᠰᠬᠤ ᠬᠤᠷᠳᠤᠴᠠ ᠭᠡᠳᠦᠷᠭᠡᠢ ᠳᠦᠷᠭᠡᠨ ᠡᠡᠵᠢ᠃ ᠡᠨᠡᠭᠦ ᠣᠷᠤᠰᠬᠠᠯ ᠳᠤ ᠭᠦᠮᠤᠨ ᠨᠢ ᠵᠥᠪᠭᠡᠨ ᠨᠢᠭᠡᠯᠡ ᠵᠢᠯ ᠤᠨ ᠣᠷᠭᠤᠮᠠᠯ ᠳᠠᠳᠤᠢ ᠪᠠᠢ᠌ᠵᠤ᠂ ᠬᠠᠭᠢᠷ ᠡᠪᠦᠯ ᠶᠢᠡᠨ ᠣᠢ᠌ᠷᠠᠳᠤᠪᠠᠯ ᠬᠠᠳᠠᠵᠤ ᠬᠤᠪᠬᠠᠢ᠌ᠷᠠᠬᠤ ᠪᠠᠨ ᠠᠯᠳᠠᠬᠤ ᠦᠭᠡᠶ᠃ ᠡᠡᠢ᠌ᠡᠰᠲ᠋ᠡᠢ᠌ᠨ᠂ ᠧᠳᠢᠰᠤᠨ᠂ ᠯᠤ ᠰᠢᠦ᠋ᠨ ᠰᠢᠭ᠌ ᠭᠦᠮᠤᠨ ᠲᠦᠷᠦᠯᠭᠢᠳᠠᠨ ᠤ ᠨᠡᠢ᠌ᠭᠡᠮ ᠤᠨ ᠳᠠᠪᠰᠢᠯᠳᠠ ᠳᠤ ᠪᠠᠯᠠᠷᠠᠰᠢ ᠦᠭᠡᠶ ᠵᠢᠦᠡᠭᠦᠯ ᠥᠵᠡᠭᠦᠯᠦᠭ᠍ᠰᠡᠨ ᠪᠠᠢ᠌ᠪᠠᠯ ᠰᠠ‍‌ᠶᠢ ᠳᠡᠦᠭᠡ ᠶᠢᠨ ᠬᠠᠭᠤᠳᠠᠰᠤᠨ ᠳᠤ ᠮᠥᠩᠭᠡ ᠨᠠᠷᠠᠰᠤ ᠪᠣᠯᠤᠨ ᠰᠡᠭᠦᠢᠨ ᠰᠦᠨᠳᠠᠷᠯᠠᠵᠤ ᠴᠢᠳᠡᠨ᠎ᠡ᠃ ᠲ᠋ᠡᠭᠡᠭᠦ ᠦᠭᠡᠶ ᠪᠣᠯ ᠡᠨᠡ ᠪᠠᠶ᠎ᠠ ᠮᠢᠨᠢ ᠠᠮᠤ ᠭᠠᠰᠢᠯᠭᠠᠳᠠᠭ ᠣᠯᠠᠭᠠᠨ ᠳᠤᠯᠤᠮ ᠳᠠᠳᠤᠢ ᠪᠠᠢ᠌ᠵᠤ᠂ ᠣᠭᠢᠯᠠᠨ ᠬᠠᠢ᠌ᠯᠤᠨ ᠶ‍ᠢᠷᠳᠢᠠᠴᠤ ᠳᠤ ᠳᠦᠷᠦᠭᠡᠤᠨ ᠡᠭᠡᠳᠡᠢ ᠬᠤᠤᠳᠠᠢ ᠶ‍ᠢᠷᠳᠢᠠᠴᠤ ᠡᠴᠡ ᠠᠩᠭᠢᠵᠢᠷᠠᠬᠤ ᠭᠡᠵᠢ ᠦᠦ︖ ᠭᠡᠵᠤ ᠪᠣᠳᠤᠬᠤ ᠡᠴᠡ ᠠᠶᠤᠳᠠᠰᠤ ᠭᠦᠷᠭᠦ ᠪᠤᠯᠵᠠᠢ᠃ ᠭᠡᠷᠪᠡ ᠬᠤᠷᠮᠤᠰᠳᠠ ᠳᠡᠭ᠍ᠷᠢ ᠵᠠᠪᠰᠢᠶᠠᠨ ᠬᠠᠢ᠌ᠷᠡᠯᠡᠵᠤ᠂ ᠥᠩᠭᠡᠷᠡᠭ᠍ᠰᠡᠨ ᠤ ᠳᠡᠷᠡᠭᠦ ᠭᠢᠮᠠᠭᠠᠳᠠᠵᠤ ᠨᠠᠠᠳᠢᠩᠨᠠᠯ ᠦᠭᠡᠶ ᠰᠦᠷᠴᠢᠵᠤ ᠬᠠᠶᠠᠭᠰᠠᠨ ᠰᠢᠵᠢᠷ ᠠᠯᠳᠠᠨ ᠴᠠᠭ ᠮᠦᠴᠡ ᠶᠢ ᠪᠣᠴᠠᠭᠠᠭᠠᠤᠨ ᠥᠭ᠍ᠳᠡᠭ᠌ ᠶᠤᠮ ᠪᠣᠯ ᠯᠠᠪᠳᠠᠢ ᠬᠤᠷᠤᠮ ᠵᠠᠭᠤᠷ᠎ᠠ ᠶᠢ ᠴᠤ ᠬᠤᠭᠤᠰᠤᠨ ᠥᠩᠭᠡᠷᠡᠭᠦᠯᠭᠦ ᠦᠭᠡᠶ ᠪᠠᠨ ᠪᠠᠳᠦᠯᠡᠨ᠎ᠡ᠃ ᠡᠨᠡ ᠴᠤᠬᠤᠮ ᠭᠦ 《ᠵᠡᠯᠡᠭᠤ ᠨᠠᠰᠤ ᠴᠠᠯᠭᠠᠢ᠌ᠷᠠᠪᠠᠯ ᠥᠳᠡᠯᠦᠭᠡ ᠨᠠᠰᠤ ᠭᠤᠨᠢᠭᠯᠡᠨ᠎ᠡ》 ᠭᠡᠭ᠍ᠴᠢ ᠪᠣᠶᠤ᠃

ᠨᠢᠭᠡᠨᠳᠡ ᠬᠠᠳᠠᠵᠤ ᠬᠤᠪᠬᠠᠢ᠌ᠷᠠᠬᠤ ᠵᠥᠭ᠌ ᠲᠡᠭᠡᠨ ᠬᠠᠠᠳᠤᠭᠰᠠᠨ ᠶᠢᠡᠨ ᠰᠠᠷᠠᠵᠤ ᠮᠡᠳᠡᠭᠦ ᠦᠶ᠎ᠡ ᠳᠤ᠂ ᠠᠮᠢᠳᠤᠷᠠᠯ ᠡᠴᠡ ᠳᠤᠯᠭᠠᠭᠰᠠᠨ ᠠᠯᠢ ᠣᠯᠠᠨ 《ᠰᠢᠯᠭᠠᠯᠳᠠ ᠶᠢᠨ ᠬᠠᠭᠤᠳᠠᠰᠤ》 ᠵᠢᠨ ᠠᠷᠪᠢᠨ ᠨᠢ ᠬᠤᠭᠤᠰᠤᠨ ᠭᠡᠪ ᠶᠢᠡᠷ ᠪᠠᠢ᠌ᠬᠤ ᠪᠠᠨ ᠣᠬᠠᠮᠰᠠᠷᠠᠵᠤ ᠣᠯᠤᠨ᠎ᠠ᠃ ᠵᠠᠯᠠᠭᠤ ᠶᠢᠨ ᠦᠶᠡᠰ 《ᠴᠠᠭ ᠪᠠᠢ᠌ᠬᠤ ᠯᠠ᠂ ᠮᠠᠷᠭᠠᠰᠢ ᠮᠡᠳᠡᠶ᠎ᠡ》 ᠭᠡᠤᠨ ᠬᠣᠢ᠌ᠰᠢ ᠪᠠᠨ ᠲᠦᠯᠬᠢᠵᠤ ᠳᠠᠯᠪᠢᠭᠰᠠᠨ ᠶᠠᠭᠤᠮᠠᠰ ᠪᠦᠷ ᠨᠢᠭᠡ ᠪᠣᠯᠤᠩ ᠳᠤ ᠤᠪᠦᠭᠠᠷᠡᠵᠤ᠂ ᠡᠨᠡ ᠶᠢ ᠨᠢ ᠡᠪᠯᠡᠭᠦᠯᠳᠡᠯ᠎ᠡ ᠳᠠᠷᠠ ᠨᠢ ᠳᠤᠯᠤᠭᠳᠠᠭᠠᠤᠨ ᠥᠷᠯᠦᠭᠡ ᠦᠳᠡᠰᠢ ᠶᠢ ᠳᠠᠮᠠᠴᠠᠨ ᠠᠵᠢᠯᠯᠠᠪᠠᠴᠤ ᠡᠭᠢ ᠵᠠᠬ᠎ᠠ ᠨᠢ ᠢᠯᠭᠠᠭᠳᠠᠬᠤ ᠦᠭᠡᠶ ᠡᠡᠵᠢ᠃ ᠢᠩᠭᠢᠭᠡᠤᠨ ᠠᠵᠢᠯ ᠨᠢ ᠠᠷᠪᠢᠤᠠᠴᠤ ᠴᠠᠭ ᠨᠢ ᠳᠠᠪᠴᠢᠭᠤᠳᠠᠭᠰᠠᠨ ᠳᠦᠷᠦᠭ᠍ᠳᠡᠯ ᠥᠷᠭᠡᠨ ᠮᠦᠷᠠᠨ ᠤ ᠳᠠᠪᠠᠯᠭᠠᠨ ᠰᠢᠭ ᠦᠶ᠎ᠡ ᠦᠶ᠎ᠡ ᠳᠦᠯᠭᠢᠯᠡᠭᠡᠤᠨ ᠰᠠᠤᠠᠭᠢᠯ ᠢ ᠰᠢᠨᠠᠯᠭᠠᠬᠤ ᠨᠢ ᠭᠡᠴᠡᠭᠦᠤ᠃ ᠭᠡᠷᠪᠡ ᠵᠠᠯᠠᠭᠤ ᠶᠢᠨ ᠦᠶ᠎ᠡ ᠳᠤ ᠴᠠᠭ ᠢ ᠡᠷᠭᠢᠮᠯᠡᠨ ᠲᠦᠰᠤᠪ ᠳᠦᠯᠦᠪᠯᠡᠭᠡ ᠲᠡᠶ ᠭᠡᠳᠤᠨ ᠶᠡᠭᠡ ᠠᠵᠢᠯ ᠭᠢᠭ᠍ᠰᠡᠨ ᠪᠠᠢ᠌ᠪᠠᠯ᠂ ᠥᠳᠡᠯᠭᠦ ᠶᠢᠨ ᠥᠵᠦᠭᠦᠷ ᠲᠤ ᠢᠩᠭᠢᠵᠤ ᠰᠠᠮᠠᠭᠠᠷᠳᠠᠬᠤ ᠳᠤ ᠭᠦᠷᠭᠦ ᠦᠭᠡᠶ ᠪᠠᠢ᠌ᠭᠰᠡᠨ᠃ ᠲ᠋ᠡᠭᠡᠭᠡᠤᠨ ᠳᠤᠬᠠᠢ᠌ᠯᠠᠭᠰᠠᠨ ᠠᠵᠢᠯ ᠶᠢᠡᠨ ᠭᠢᠭᠦ ᠡᠴᠡ ᠪᠣᠰᠤᠳ ᠴᠠᠭ ᠲᠤ ᠳᠸᠯᠸᠢᠰ ᠥᠵᠡᠭᠦ ᠦᠭᠡᠶ᠂ ᠰᠦᠯᠵᠢᠶᠠᠨ ᠳᠤ ᠵᠤᠭᠤᠭᠳᠠᠬᠤ ᠦᠭᠡᠶ᠂ ᠠᠬ᠎ᠠ ᠳᠡᠭᠦᠤ ᠨᠡᠷ ᠲᠡᠶ ᠪᠠᠨ ᠠᠷᠢᠭᠢᠳᠠᠬᠤ ᠦᠭᠡᠶ᠂ ᠪᠢᠴᠢᠭ᠌ ᠤᠨ ᠰᠢᠷᠡᠭᠡᠨ᠎ᠡ ᠳᠤᠩᠭ᠋ᠣᠢ᠌ᠭᠠᠤᠨ ᠰᠦᠨᠢ ᠳᠦᠯᠢ ᠥᠩᠭᠡᠷᠡᠳᠡᠯ᠎ᠡ ᠪᠢᠷ ᠵᠢᠷᠢᠯᠵᠡᠭᠦᠯᠵᠤ ᠭᠠᠷᠤᠨ᠎ᠠ᠃ ᠦᠪᠡᠷ ᠤᠨ ᠠᠯᠢ ᠣᠯᠠᠨ ᠭᠦᠰᠡᠯ ᠭᠦᠭᠡᠭᠡᠴᠡᠯᠳᠦᠯ ᠤᠨ ᠣᠯᠤᠯ ᠠᠯᠳᠠᠯ ᠢ ᠳᠤᠩᠭ᠋ᠠᠵᠤ᠂ ᠠᠵᠢᠯ ᠣᠢ᠌ᠯᠠᠰ ᠤᠨ ᠳᠤᠷᠰᠢᠯᠭ᠎ᠠ ᠰᠤᠷᠭᠠᠮᠵᠢ ᠪᠠᠨ ᠳ᠋ᠦ᠋ᠩᠨᠡᠭᠡᠤᠨ ᠬᠣᠢ᠌ᠴᠢᠰ ᠪᠣᠯᠤᠨ ᠬᠤᠳᠠᠯᠠ ᠣᠯᠠᠨ ᠳᠤ ᠳᠤᠰᠠᠯᠠᠮᠵᠢ ᠪᠣᠯᠤᠮᠠᠷ ᠶᠠᠭᠤᠮ᠎ᠠ ᠪᠢᠴᠢᠨ᠎ᠠ ᠭᠡᠮᠡᠨ ᠥᠭᠦᠯᠳᠡᠨ᠎ᠡ ᠪᠢᠯᠡ᠃ ᠲ᠋ᠡᠭᠡᠭᠦ ᠳᠡᠭᠡᠨ ᠦᠪᠡᠷ ᠤᠨ ᠪᠠᠶ᠎ᠠ ᠮᠢᠨᠢ 《ᠶ‍ᠢᠷᠳᠢᠠᠴᠤ ᠳᠤ ᠮᠥᠩᠭᠡᠷᠡᠭᠦ ᠠᠤᠭ᠎ᠠ ᠪᠦᠳᠦᠭᠡᠯ》 ᠭᠠᠷᠭᠠᠬᠤ ᠡᠴᠡ ᠥᠩᠭᠡᠷᠡᠴᠢᠭ᠍ᠰᠡᠨ ᠶᠢᠡᠨ ᠮᠠᠳᠠᠵᠤ ᠪᠠᠢ᠌ᠯ᠎ᠠ ᠴᠤ᠂ ᠦᠯᠠᠳᠠᠵᠤ ᠪᠦᠭᠦᠢ ᠣᠬᠤᠷᠬᠠᠨ ᠮᠦᠴᠡ ᠪᠠᠨ ᠱᠠᠯᠠᠪᠬᠠᠨ ᠠᠰᠢᠭᠯᠠᠵᠤ ᠡᠨᠡᠷᠢᠯ ᠶᠡᠭᠡᠳᠡᠢ ᠡᠭᠡ ᠣᠯᠤᠰ ᠪᠣᠯᠤᠨ ᠡᠩᠭᠦᠷᠡᠢ ᠬᠠᠢ᠌ᠷᠠᠳᠤ ᠦᠨᠳᠦᠰᠦᠳᠠᠨ ᠶᠠᠰᠤᠳᠠᠨ ᠳᠠᠭᠠᠨ ᠥᠴᠦᠭᠡᠨ ᠴᠤ ᠪᠣᠯᠤᠭ ᠬᠤᠪᠢ ᠨᠠᠮᠠᠷᠢ ᠪᠠᠨ ᠥᠵᠡᠭᠦᠯᠳᠡᠭ᠌ ᠯᠠ ᠪᠣᠯ ᠭᠦᠮᠤᠨ ᠪᠣᠯᠵᠤ ᠳᠦᠷᠦᠭ᠍ᠰᠡᠨ ᠤ ᠬᠠᠷᠠᠮᠰᠠᠯ ᠪᠠᠭᠠᠳᠠᠢ ᠪᠠᠢ᠌ᠵᠤ ᠳᠠᠭᠠᠷᠠᠨ᠎ᠠ᠃ 《ᠳᠡᠨᠡᠭ᠌ ᠭᠦᠮᠤᠨ ᠤ ᠨᠢᠭᠡ ᠨᠠᠰᠤ ᠪᠣᠯ ᠣᠤᠠᠬ᠎ᠠ ᠠᠭᠤᠯᠭ᠎ᠠ ᠦᠭᠡᠶ ᠠᠮᠢᠳᠤᠷᠠᠯ ᠤᠨ ᠳᠠᠮᠠᠢ ᠪᠠᠯᠠᠢ ᠮᠤᠩᠭ᠋ᠠᠨᠢᠯ ᠳᠤᠮᠳᠠ ᠴᠠᠭ ᠮᠦᠴᠡ ᠵᠢ ᠨᠥᠭ᠍ᠴᠢᠭᠡᠵᠤ᠂ ᠡᠡᠯᠢᠪᠡ ᠰᠠᠢ᠌ᠨ ᠰᠠᠢ᠌ᠬᠠᠨ ᠭᠦᠰᠡᠯ ᠶᠢᠡᠨ ᠳᠠᠷᠠᠭ᠎ᠠ ᠲᠦᠷᠦᠯ ᠳᠤ ᠨᠠᠢ᠌ᠳᠠᠳᠠᠭ ᠪᠠᠢ᠌ᠨ᠎ᠡ》 ᠭᠡᠵᠤ ᠰᠧᠨᠧᠺ ᠶᠠᠭ ᠣᠨᠤᠭᠠᠵᠤ ᠭᠡᠯᠡᠵᠡᠢ᠃ ᠥᠪᠠᠷ ᠤᠨ ᠪᠠᠶ᠎ᠠ ᠮᠢᠨᠢ ᠶᠠᠭᠠᠭᠢᠵᠤ ᠮᠡᠷᠭᠡᠨ ᠪᠢᠰᠢ ᠪᠠᠢ᠌ᠯ᠎ᠠ ᠴᠤ ᠡᠨᠡ ᠲᠦᠷᠦᠯ ᠤᠨ ᠶᠠᠪᠣᠳᠠᠯ ᠢ ᠡᠨᠡ ᠲᠦᠷᠦᠯ ᠳ᠋ᠤᠨᠢ ᠭᠢᠵᠤ᠂ ᠠᠯᠢᠪᠠ ᠭᠦᠰᠡᠯ ᠶᠢᠡᠨ ᠳᠠᠷᠠᠭ᠎ᠠ ᠲᠦᠷᠦᠯ ᠢ ᠪᠠᠢ᠌ᠳᠠᠭᠠᠢ ᠦᠷ᠎ᠡ ᠭᠡᠦᠭᠡᠤᠨ ᠲᠡᠭᠡᠨ ᠴᠤ ᠨᠠᠢ᠌ᠳᠠᠬᠤ ᠦᠭᠡᠶ᠃ ᠮᠤᠩᠭ᠋ᠤᠯᠴᠦᠳ 《ᠡᠨᠡ ᠡᠳᠦᠷ ᠤᠨ ᠶᠠᠪᠣᠳᠠᠯ ᠢ ᠮᠠᠷᠭᠠᠰᠢ ᠭᠢᠭᠦ ᠦᠭᠡᠶ》 ᠭᠡᠳᠡᠭ᠌ ᠨᠢ ᠡᠨᠡ ᠶᠤᠰᠤ ᠶᠢ ᠶᠠᠷᠢᠭᠰᠠᠨ ᠶᠤᠮ᠃

ᠢᠩᠭᠢᠵᠤ ᠴᠠᠭ ᠮᠦᠴᠡ ᠶᠢ ᠱᠠᠯᠠᠪᠳᠠᠨ ᠠᠵᠢᠯᠯᠠᠬᠤ ᠳᠤ᠂ ᠮᠠᠨ ᠤ ᠵᠠᠷᠢᠮ ᠨᠥᠭᠦᠤᠨ 《ᠳᠡᠯᠡ ᠭᠦᠷᠭᠦ ᠪᠠᠷ ᠪᠣᠳᠤᠭᠰᠠᠨ ᠴᠤ ᠬᠤᠷᠢᠨ ᠵᠢᠯ ᠪᠠᠢ᠌ᠨ᠎ᠠ᠂ ᠶᠠᠮᠠᠷ ᠮᠠᠷᠭᠠᠰᠢ ᠥᠭᠦᠴᠢᠭᠦ ᠪᠢᠰᠢ᠂ ᠲ᠋ᠡᠭᠡᠵᠤ ᠥᠭᠦᠯᠳᠡᠭᠡᠤᠨ ᠶᠠᠭᠠᠭᠢᠬᠤᠪ︕》 ᠭᠡᠵᠤ ᠳᠠᠪᠠᠯᠠᠬᠤ ᠳᠤ᠂ ᠬᠠᠷᠢᠭᠤ ᠳ᠋ᠦᠨᠢ 《ᠥᠨᠡᠭᠡᠷ ᠳᠠᠯᠠ ᠭᠦᠷᠴᠢᠭᠦ ᠶᠤᠮ ᠪᠣᠯ ᠳᠠᠷᠢᠭᠢ ᠳᠤᠯᠤᠭᠠᠢ ᠪᠢᠳᠠᠭᠤᠷᠠᠵᠤ ᠭᠦᠯ ᠭᠠᠷ ᠭᠦᠳᠡᠭᠢ ᠪᠣᠯᠴᠢᠬᠠᠭᠠᠤᠨ ᠥᠰᠦᠭ᠌ ᠪᠢᠴᠢᠭ᠌ ᠤᠨ ᠶᠢᠡᠨ ᠴᠠᠴᠤᠯᠭ᠎ᠠ ᠳ᠋ᠤᠨᠢ ᠪᠦᠳᠦᠷᠢᠵᠤ ᠣᠷᠭᠢᠴᠠ ᠳ᠋ᠤᠨᠢ ᠣᠢ᠌ᠴᠢᠴᠢᠬᠠᠨ᠎ᠠ ᠰᠢᠤ》 ᠭᠡᠵᠤ ᠬᠠᠷᠢᠭᠤᠯᠳᠠᠭ ᠰᠡᠨ᠃ ᠭᠦᠯ ᠶᠢᠡᠨ ᠴᠤ ᠴᠢᠷᠴᠤ ᠳᠡᠢ᠌ᠯᠭᠦ ᠦᠭᠡᠶ ᠭᠦᠮᠤᠨ ᠶᠢᠡᠷ ᠠᠰᠠᠷᠠᠭᠤᠯᠵᠤ ᠪᠠᠢ᠌ᠭᠠᠤᠨ ᠭᠡᠳᠤᠨ ᠵᠠᠭᠤ ᠨᠠᠰᠤᠯᠠᠪᠠᠴᠤ ᠶᠠᠮᠠᠷ ᠠᠮᠳᠠ ᠪᠠᠢ᠌ᠬᠤᠪ᠃ ᠠᠮᠢ ᠨᠠᠰᠤᠨ ᠤ ᠣᠤᠠᠬ᠎ᠠ ᠠᠭᠤᠯᠭ᠎ᠠ ᠨᠢ ᠳᠡᠭᠦᠨ ᠤ ᠣᠷᠳᠤ ᠣᠬᠤᠷ ᠲᠤ ᠪᠠᠢ᠌ᠬᠤ ᠪᠢᠰᠢ᠂ ᠬᠠᠷᠢᠨ ᠴᠢᠨᠠᠷ ᠴᠢᠠᠰᠠᠭ᠎ᠠ ᠳ᠋ᠤᠨᠢ ᠪᠠᠢ᠌ᠨ᠎ᠠ᠃ 《ᠳᠡᠭ᠍ᠷᠢ ᠶᠢᠨ ᠴᠢᠷᠠᠢ ᠬᠠᠷᠠᠭᠠᠤᠨ ᠪᠣᠳᠠᠭ᠎ᠠ ᠢᠳᠠᠵᠤ᠂ ᠲ᠋ᠠᠪᠠᠯ ᠤᠨ ᠬᠤᠷᠮᠤᠢ ᠶᠢᠨ ᠭᠡᠮᠵᠢᠶ᠎ᠡ ᠪᠠᠷ ᠭᠦᠯ ᠵᠢᠭᠢᠳᠡᠭ᠌》 ᠮᠤᠩᠭ᠋ᠤᠯᠴᠦᠳ᠂ ᠡᠡᠮᠢ ᠨᠠᠰᠤᠨ ᠤ ᠴᠢᠨᠠᠷ ᠴᠢᠠᠰᠠᠭ᠎ᠠ ᠨᠢ ᠴᠤᠬᠤᠮ ᠬᠠᠮᠢᠭ᠎ᠠ ᠪᠠᠨ ᠪᠠᠢ᠌ᠳᠠᠭ ᠢ ᠪᠣᠳᠤᠯᠭᠢᠯᠠᠵᠤ ᠥᠵᠡᠭ᠍ᠰᠡᠨ ᠪᠣᠯᠪᠠᠤ︖ 《ᠵᠢᠷᠠ ᠭᠦᠷᠦᠭᠡᠤᠨ ᠣᠬᠠᠭᠠᠷᠠᠵᠤ ᠵᠢᠷᠠᠨ ᠨᠢᠭᠡᠳᠡᠢ ᠥᠭᠦᠨ᠎ᠡ》 ᠭᠡᠳᠡᠭ᠌ ᠨᠢ ᠮᠠᠨ ᠤ ᠠᠮᠠᠨ ᠣᠩᠰᠢᠯᠭ᠎ᠠ ᠰᠢᠤ ᠳ᠋ᠠ︕ ᠵᠠᠪᠠᠯ 《ᠠᠭᠤᠤ ᠭᠦᠰᠡᠯᠡᠩ ᠭᠦᠢᠴᠡᠭ᠍ᠳᠡᠭᠦ ᠡᠴᠡ ᠡᠮᠦᠨ᠎ᠡ ᠠᠷᠤᠤᠬᠠᠨ ᠪᠠᠶ᠎ᠠ ᠮᠢᠨᠢ ᠡᠴᠦᠰᠯᠡᠭᠦ ᠪᠣᠯᠵᠤ᠂ ᠠᠯᠳᠠᠵᠤ ᠣᠨᠤᠭᠰᠠᠨ ᠶᠢᠡᠨ ᠭᠢᠨᠠᠵᠤ ᠪᠣᠳᠤᠬᠤᠯ᠎ᠠ ᠠᠯᠠᠭ ᠨᠢᠳᠤᠨ ᠤ ᠨᠢᠯᠪᠣᠰᠤ ᠡᠡᠰᠬᠠᠷᠡᠨᠡᠮ》 ᠭᠡᠰᠡᠨ ᠬᠤᠵᠢᠮᠳᠠᠭᠰᠠᠨ ᠭᠤᠮᠤᠳᠠᠯ ᠳᠤᠭᠠᠴᠢᠭᠠᠤᠨ ᠶᠠᠭᠤ ᠭᠢᠭᠦ ᠪᠢᠯᠠ᠃ ᠬᠠᠷᠢᠨ ᠭᠦᠯ ᠶᠢᠡᠨ ᠵᠥᠭᠡᠭᠡᠵᠤ ᠭᠦᠴᠦᠷᠭᠦ ᠴᠠᠭ ᠶᠢᠡᠨ ᠱᠠᠯᠠᠪᠳᠠᠵᠤ ᠨᠢᠭᠡ 《ᠳᠤᠭᠤᠰᠬ᠎ᠠ》 ᠴᠤ ᠭᠡᠰᠡᠨ ᠦᠷᠦᠵᠤ ᠪᠠᠢ᠌ᠪᠠᠯ᠂ ᠦᠷ᠎ᠡ ᠬᠣᠢ᠌ᠴᠢᠰ ᠴᠢᠨᠢ ᠳᠡᠭᠡᠷ᠎ᠡ ᠨᠢ ᠠᠰᠠᠷ ᠳᠠᠭᠳᠤ ᠪᠠᠷᠢᠬᠤ ᠳᠤ ᠨᠠᠮᠠᠷᠢ ᠪᠣᠯᠤᠨ᠎ᠠ᠃ ᠣᠳᠤᠮᠰᠢᠯ ᠳᠡᠦᠭᠡ ᠪᠠᠨ ᠥᠭᠡ ᠪᠠᠷ ᠣᠯᠠᠮᠵᠢᠯᠠᠬᠤ ᠪᠠᠷ ᠪᠠᠷᠠᠬᠤ ᠦᠭᠡᠶ ᠥᠰᠦᠭ᠌ ᠪᠢᠴᠢᠭ᠌ ᠲᠤ ᠴᠠᠳᠢᠭᠯᠠᠭᠠᠤᠨ ᠦᠨᠳᠦᠰᠦᠳᠠᠨ ᠶᠠᠰᠤᠳᠠᠨ ᠤ ᠪᠠᠨ ᠠᠯᠳᠠᠷ ᠢ ᠮᠠᠠᠳᠤᠭᠤᠯᠵᠤ ᠶᠠᠪᠣᠬᠤ ᠨᠢ ᠳᠠᠭᠠᠷᠠᠨ᠎ᠠ᠃ ᠮᠠᠨ ᠤ ᠦᠨᠳᠦᠰᠦᠳᠠᠨ ᠭᠦᠮᠤᠨ ᠨᠢᠭᠡᠪᠦᠷᠢ ᠡᠢ᠌ᠮᠤ ᠵᠤᠷᠢᠭ ᠢ ᠪᠠᠷᠢᠭᠰᠠᠨ ᠴᠠᠭ ᠲᠤ᠂ ᠪᠢᠳᠠ ᠪᠦᠭᠦᠨ ᠭᠤᠤᠯ ᠤᠨ ᠳᠠᠩ ᠤᠨ ᠭᠦᠯᠢᠭᠡᠷ ᠴᠢᠯᠠᠭᠤ ᠪᠢᠰᠢ᠂ ᠬᠠᠷᠢᠨ 《ᠾᠧ ᠣᠪᠣᠭᠳᠤ ᠶᠢᠨ ᠬᠠᠰ》 ᠪᠠᠢ᠌ᠵᠤ ᠳᠠᠭᠠᠷᠠᠨ᠎ᠠ᠃ ᠭᠠᠳᠠᠭᠤᠷ ᠨᠢ ᠪᠠᠭᠯᠠᠭᠰᠠᠨ ᠴᠢᠯᠠᠭᠤᠯᠢᠭ ᠪᠣᠳᠠᠰ ᠢ ᠨᠢ ᠨᠡᠢ᠌ᠭᠡᠮ ᠤᠨ ᠣᠷᠤᠰᠬᠠᠯ ᠦᠷᠦᠵᠤ ᠱᠥᠷᠭᠦᠭᠡᠭᠡᠤᠨ ᠣᠨᠠᠭᠠᠭᠰᠠᠨ ᠤ ᠬᠣᠢ᠌ᠨ᠎ᠠ ᠵᠢᠩᠭᠢᠨᠢ ᠬᠠᠰ ᠰᠠ‍‌ᠶᠢ ᠢᠯᠠᠷᠠᠨ ᠭᠠᠷᠴᠤ᠂ ᠰᠢᠩᠭᠡᠭᠦ ᠨᠠᠷᠠᠨ ᠤ ᠣᠯᠠᠪᠢᠷ ᠳᠤᠶᠠᠭᠠᠨ ᠳᠤ ᠶ‍ᠢᠰᠤᠨ ᠥᠩᠭᠡ ᠪᠠᠷ ᠰᠤᠯᠤᠩᠭ᠋ᠠᠷᠠᠬᠤ ᠨᠢ ᠯᠡᠪᠳᠡᠢ᠃ ᠲ᠋ᠡᠭᠡᠭᠡᠤᠨ ᠭᠦᠮᠤᠨ ᠤ ᠨᠢᠭᠡ ᠨᠡᠰᠤ ᠪᠣᠯ :

ᠠᠷᠪᠠᠨ ᠭᠡᠳᠦᠳᠡᠢ ᠠᠯᠢᠶᠠᠯᠠᠵᠤ ᠨᠠᠭᠠᠤᠠᠬᠤ ᠬᠤᠷᠤᠮ

ᠬᠤᠷᠢᠨ ᠭᠡᠳᠦᠳᠡᠢ ᠬᠤᠷᠢᠮᠯᠠᠵᠤ ᠢᠨᠠᠭᠯᠠᠬᠤ ᠊ᠭ᠍ᠱᠡᠨ

ᠭᠤᠴᠢᠨ ᠭᠡᠳᠦᠳᠡᠢ ᠭᠤᠳᠤᠷᠠᠵᠤ ᠮᠤᠩᠭ᠋ᠠᠨᠢᠬᠤ ᠵᠠᠭᠤᠷ᠎ᠠ

ᠳᠦᠴᠢᠨ ᠭᠡᠳᠦᠳᠡᠢ ᠳᠦᠷᠦᠭᠡ ᠴᠢᠩᠭ᠋ᠠᠯᠠᠬᠤ ᠮᠦᠴᠡ

ᠳᠠᠪᠢᠨ ᠭᠡᠳᠦᠳᠡᠢ ᠳᠠᠪᠠᠷᠠᠵᠤ ᠭᠦᠶ‍ᠦᠭᠦ ᠴᠠᠭ

ᠵᠢᠷᠠᠨ ᠭᠡᠳᠦᠳᠡᠢ ᠵᠢᠷᠤᠭᠠᠯᠠᠵᠤ ᠬᠠᠳᠠᠷᠢᠬᠤ ᠡᠳᠦᠷ

ᠳᠠᠯᠠᠨ ᠭᠡᠳᠦᠳᠡᠢ ᠳᠠᠪᠠᠭ᠎ᠠ ᠮᠠᠴᠤᠬᠤ ᠰᠠᠷ᠎ᠠ

ᠨᠠᠶᠠᠨ ᠭᠡᠳᠦᠳᠡᠢ ᠨᠠᠷᠭᠢᠵᠤ ᠵᠢᠷᠭᠠᠬᠤ ᠣᠯᠠᠷᠢᠯ

ᠶ‍ᠢᠷᠠᠨ ᠭᠡᠳᠦᠳᠡᠢ ᠶᠠᠳᠠᠷᠠᠵᠤ ᠠᠮᠠᠷᠠᠬᠤ ᠵᠢᠯ

ᠵᠠᠭᠤ ᠶᠢᠨ ᠭᠦᠳᠦᠯ ᠢ ᠳᠠᠪᠠᠪᠠᠯ ᠵᠤᠳᠤᠭᠯᠠᠭᠠᠤᠨ ᠮᠠᠭᠰᠢᠬᠤ ᠮᠥᠴᠡᠯᠭᠡ ᠡ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6792
ᠴᠠᠭ᠄ 2009 ᠤᠨ ᠤ 04 ᠰᠠᠷ᠎ᠠ ᠶᠢᠨ 29