ᠲᠠᠪᠤᠳᠤᠭᠠᠷ ᠪᠦᠯᠦᠭ ᠂ ᠤᠬᠠᠭᠠᠷᠠᠵᠤ ᠠᠮᠢᠳᠤᠷᠠᠬᠤ ᠬᠤᠷᠸ᠎ᠠ
ᠲᠠᠪᠤᠳᠤᠭᠠᠷ ᠬᠡᠰᠡᠭ ᠂ ᠲᠤᠤᠷ ᠰᠦᠯᠵᠢᠶ᠎ᠡ ᠴᠤᠬᠤᠮ ᠶᠠᠭᠠᠬᠢᠯ᠎ᠠ︖

ᠭᠦᠮᠤᠨ ᠪᠦᠭᠦᠨ ᠵᠠᠮ ᠶᠠᠪᠣᠵᠤ ᠴᠢᠳᠡᠨ᠎ᠡ᠃ ᠭᠡᠪᠠᠴᠤ ᠪᠦᠭᠦᠳᠡᠭᠡᠷ ᠲᠦᠪ ᠵᠠᠮ ᠶᠢᠡᠷ ᠵᠠᠮᠨᠠᠨ᠎ᠠ ᠭᠡᠭ᠍ᠴᠢ ᠪᠠᠢ᠌ᠰᠢ ᠦᠭᠡᠶ ᠭᠡᠷᠡᠭ᠌᠃ ᠭᠦᠮᠤᠨ ᠪᠦᠭᠦᠨ ᠳᠤ ᠭᠦᠰᠡᠯᠡᠩ ᠲᠡᠶ᠂ ᠭᠡᠪᠠᠴᠤ ᠠᠳᠠᠯᠢ ᠪᠣᠰᠤ ᠭᠦᠰᠡᠯᠡᠩ ᠡᠪᠦᠷᠯᠡᠭ᠍ᠰᠡᠨ ᠡᠴᠡ ᠠᠳᠠᠯᠢ ᠪᠣᠰᠤ ᠵᠠᠮ ᠶᠢᠡᠷ ᠤᠷᠦᠳᠠᠭ᠃ ᠭᠡᠪᠠᠴᠤ ᠭᠡᠷᠡᠯ ᠰᠠᠴᠤᠷᠠᠩᠭ᠋ᠤᠢ ᠵᠠᠮ ᠪᠣᠯ ᠭᠠᠭᠴᠠᠬᠠᠨ ᠵᠤᠷᠪᠣᠰ ᠪᠠᠢ᠌ᠳᠠᠭ᠂ ᠲ᠋ᠠᠷᠠ ᠨᠢ ᠡᠷᠭᠢᠮ ᠳᠡᠭᠡᠳᠤ ᠭᠦᠰᠡᠯᠡᠩ ᠶᠢᠡᠷ ᠵᠢᠯᠤᠭᠤᠳᠤᠭᠤᠯᠤᠭᠰᠠᠨ ᠰᠠᠷᠠᠭᠤᠯ ᠳᠠᠷᠳᠠᠩ ᠵᠠᠮ ᠪᠣᠯᠤᠨ᠎ᠠ᠃


᠊᠊᠊᠊᠊᠊᠊᠊᠊᠊᠊᠊᠊᠊᠊᠊᠊᠊᠊᠊᠊᠊᠊᠊᠊᠊ ᠯᠠᠨ ᠯᠢᠩ


2007 ᠣᠨ ᠤ 8 ᠰᠠᠷᠠᠢ᠌ᠨ 13 ᠤ ᠡᠳᠦᠷ᠂ ᠳᠦᠪ ᠳᠸᠯᠸᠢᠰ ᠤᠨ ᠨᠢᠭᠡᠳᠦᠭᠡᠷ ᠰᠤᠪᠠᠭ ᠊ᠤᠨ 《ᠬᠠᠤᠯᠢ ᠴᠠᠭᠠᠵᠠ ᠶᠢᠨ ᠳᠤᠰᠬᠠᠢ ᠣᠳᠠᠰᠤ》 ᠪᠣᠯᠤᠩ ᠳᠤ ᠡᠢ᠌ᠮᠤ ᠨᠢᠭᠡᠨ ᠮᠡᠳᠡᠭᠡ ᠨᠠᠢ᠌ᠳᠠᠯᠠᠪᠠ᠄

ᠾᠧᠨᠠᠨ ᠮᠤᠵᠢ ᠶᠢᠨ ᠨᠢᠭᠡ ᠠᠷᠪᠠᠨ ᠭᠤᠷᠪᠠᠳᠠᠢ ᠠᠩᠬ᠎ᠠ ᠳᠤᠮᠳᠠ ᠶᠢᠨ ᠰᠤᠷᠤᠭᠴᠢ ᠰᠢᠶᠤᠤ ᠴᠢᠨ ᠥᠭᠢᠨ᠂ ᠭᠡᠭᠡᠨ ᠴᠠᠭᠠᠨ ᠡᠳᠦᠷ ᠶᠢᠡᠷ ᠭᠡᠷ ᠲᠡᠭᠡᠨ ᠭᠢᠳᠤᠭᠠᠯᠠᠭᠳᠠᠵᠤ ᠶᠡᠭᠡ ᠴᠢᠰᠤ ᠭᠠᠷᠤᠭᠰᠠᠨ ᠶᠢᠡᠷ ᠡᠮᠨᠡᠯᠭᠡ ᠳᠤ ᠭᠦᠷᠭᠡᠭ᠍ᠳᠡᠨ ᠳᠦᠷᠭᠡᠨ ᠠᠪᠣᠷᠠᠯᠳᠠ ᠭᠢᠵᠠᠢ᠃ ᠲ᠋ᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠭᠢᠨᠢ ᠳᠤᠬᠠᠢ ᠶᠢᠨ ᠳᠠᠯᠠᠪᠠᠢ ᠶᠢ ᠪᠠᠢ᠌ᠴᠠᠭᠠᠭᠠᠤᠨ ᠰᠡᠵᠢᠭ᠍ᠳᠡᠨ᠂ ᠰᠢᠶ‍ᠦᠤ ᠴᠢᠨ ᠤ ᠭᠡᠷ ᠤᠨ ᠮᠢᠩᠭ᠋ᠠᠨ ᠳᠦᠭᠦᠷᠢᠭ᠌ ᠢ ᠬᠤᠯᠠᠭᠠᠢ᠌ᠯᠠᠭᠰᠠᠨ ᠡᠴᠡ ᠪᠣᠰᠤᠳ ᠶᠠᠭᠤᠮ᠎ᠠ ᠶᠢ ᠨᠢ ᠭᠦᠳᠡᠯᠭᠡᠭ᠍ᠰᠡᠨ ᠦᠭᠡᠶ᠃ ᠨᠢᠭᠡ ᠭᠠᠷᠠᠭ ᠤᠨ ᠳᠠᠷᠠᠭ᠎ᠠ᠂ ᠰᠢᠶᠤᠤ ᠴᠢᠨ ᠰᠡᠷᠭᠦᠵᠤ ᠮᠡᠳᠡᠭᠡ ᠣᠷᠤᠭᠰᠠᠨ ᠪᠣᠯᠪᠠᠴᠤ ᠥᠭᠡ ᠭᠡᠯᠡᠵᠤ ᠴᠢᠳᠠᠬᠤ ᠦᠭᠡᠶ ᠪᠠᠢ᠌ᠯ᠎ᠠ᠃ ᠴᠠᠭᠳᠠᠭ᠎ᠠ ᠨᠡᠷ ᠳᠡᠭᠦᠨ ᠳᠤ ᠪᠢᠷ ᠴᠠᠭᠠᠰᠤ ᠥᠭ᠍ᠴᠤ ᠶᠠᠷᠭᠠᠴᠢᠨ ᠤ ᠨᠠᠷ᠎ᠠ ᠶᠢ ᠪᠢᠴᠢᠭᠦᠯᠦᠭ᠍ᠰᠡᠨ ᠳᠤ᠂ ᠪᠣᠢ ᠪᠦᠭᠦᠢ ᠭᠦᠮᠤᠨ ᠢ ᠰᠤᠴᠢᠭᠠᠭᠰᠠᠨ ᠨᠢᠭᠡ ᠭᠦᠮᠤᠨ ᠢ ᠢᠯᠡᠷᠡᠭᠦᠯᠤᠨ ᠭᠠᠷᠭᠠᠪᠠ᠄ ᠣᠤᠯ ᠨᠢ ᠰᠢᠶᠤᠤ ᠴᠢᠨ ᠲᠡᠶ ᠬᠠᠷᠠᠬᠠᠨ ᠪᠠᠭ᠎ᠠ ᠡᠴᠡ ᠪᠠᠨ ᠨᠠᠭᠠᠳᠤᠨ ᠳᠤᠭᠯᠠᠵᠤ ᠥᠰᠦᠭ᠍ᠰᠡᠨ ᠠᠮᠠᠷᠠᠭ ᠨᠠᠢ᠌ᠵᠠ ᠨᠢ ᠪᠣᠯᠬᠤ ᠵᠡᠷᠭᠡᠯᠡᠳᠡᠭᠡ ᠭᠡᠷ ᠤᠨ ᠠᠷᠪᠠᠨ ᠳᠦᠷᠪᠡᠳᠠᠢ ᠰᠢᠶᠤᠤ ᠮᠸᠢ ᠦᠬᠢᠨ ᠪᠠᠢ᠌ᠵᠠᠢ︕ ᠴᠠᠭᠳᠠᠭ᠎ᠠ ᠨᠡᠷ ᠰᠤᠷᠭᠠᠭᠤᠯᠢ ᠡᠴᠡ ᠨᠢ ᠰᠢᠶᠤᠤ ᠮᠸᠢ ᠶᠢ ᠪᠠᠷᠢᠵᠤ ᠠᠪᠬᠤ ᠳᠤ᠂ ᠲ᠋ᠠᠷᠠ ᠥᠴᠦᠭᠡᠨ ᠴᠤ ᠠᠶᠤᠵᠤ ᠰᠥᠷᠳᠡᠭ᠍ᠰᠡᠨ ᠪᠠᠢ᠌ᠳᠠᠯ ᠦᠭᠡᠶ ᠪᠦᠭᠡᠤᠨ᠂ ᠥᠪᠠᠷ ᠤᠨ ᠶᠠᠯ᠎ᠠ ᠭᠢᠭ᠍ᠰᠡᠨ ᠥᠩᠭᠡᠷᠡᠯᠳᠡ ᠪᠠᠨ ᠳᠤᠭᠠᠴᠢᠬᠤ ᠨᠢ ᠪᠣᠰᠤᠳ ᠤᠨ ᠥᠯᠢᠭᠡᠷ ᠢ ᠶᠠᠷᠢᠬᠤ ᠰᠢᠭ ᠡᠮᠭᠢ ᠳᠠᠷᠠᠭ᠎ᠠ ᠲᠡᠶ ᠳᠠᠢ᠌ᠪᠣᠭᠤᠬᠠᠨ ᠶᠠᠷᠢᠭᠰᠠᠨ ᠪᠠᠢ᠌ᠪᠡ᠃ ᠭᠡᠷᠡᠭ᠌ ᠤᠨ ᠶᠠᠪᠣᠴᠠ ᠶᠡᠭᠡᠯ᠎ᠡ ᠳᠦᠭᠦᠮᠭᠡᠨ᠄ ᠰᠢᠶᠤᠤ ᠮᠸᠢ ᠰᠢᠶᠤᠤ ᠴᠢᠨ ᠤ ᠭᠡᠷ ᠲᠤ ᠭᠦᠮᠤᠨ ᠦᠭᠡᠶ ᠵᠠᠪᠰᠢᠶᠠᠨ ᠢ ᠳᠠᠯᠢᠮᠳᠠᠭᠤᠯᠵᠤ ᠬᠠᠭᠠᠯᠭ᠎ᠠ ᠶᠢ ᠨᠢ ᠬᠠᠭ᠎ᠠ ᠢᠰᠭᠦᠯᠤᠨ ᠳᠠᠯᠪᠢᠵᠤ ᠣᠷᠤᠭᠠᠤᠨ᠂ ᠰᠢᠶᠤᠤ ᠴᠢᠨ ᠤ ᠡᠪᠦᠭᠡ ᠶᠢᠨ ᠭᠢᠨᠢ ᠬᠠᠳᠠᠭᠠᠯᠠᠵᠤ ᠪᠠᠢ᠌ᠭᠰᠠᠨ ᠮᠢᠩᠭ᠋ᠠᠨ ᠳᠦᠭᠦᠷᠢᠭ᠌ ᠢ ᠬᠤᠯᠠᠭᠠᠢ᠌ᠯᠠᠵᠤ ᠠᠪᠣᠭᠠᠤᠨ ᠭᠠᠷᠴᠤ ᠢᠷᠡᠭᠦ ᠳᠤ ᠭᠠᠳᠠᠨ᠎ᠠ ᠡᠴᠡ ᠢᠷᠡᠭ᠍ᠰᠡᠨ ᠰᠢᠶᠤᠤ ᠴᠢᠨ ᠲᠡᠶ ᠬᠠᠯᠵᠡ ᠲ᠋ᠡᠭᠠᠷᠢᠯᠳᠦᠵᠡᠢ᠃ ᠢᠩᠭᠢᠭᠡᠤᠨ ᠳᠠᠷᠠ ᠭᠢᠭ᠍ᠰᠡᠨ ᠶᠠᠯ᠎ᠠ ᠪᠠᠨ ᠰᠡᠷᠡᠭ᠍ᠳᠡᠭᠦ ᠡᠴᠡ ᠠᠶᠤᠵᠤ ᠬᠠᠷᠮᠠᠨ ᠳ᠋ᠠᠭᠢ ᠵᠢᠮᠢᠰ ᠵᠤᠷᠭᠤᠬᠤ ᠭᠢᠳᠤᠭ᠎ᠠ ᠪᠠᠷ ᠰᠠᠢ᠌ᠨ ᠨᠠᠢ᠌ᠵᠠ ᠶᠢᠨ ᠶᠢᠡᠨ ᠭᠦᠵᠦᠭᠦᠤ ᠶᠢ ᠣᠭᠳᠤᠯᠤᠭᠰᠠᠨ ᠪᠠᠢ᠌ᠯ᠎ᠠ᠃ ᠰᠢᠶᠤᠤ ᠴᠢᠨ ᠴᠤ ᠰᠢᠶᠤᠤ ᠮᠸᠢ ᠶᠢ ᠪᠦᠷᠢᠨ ᠢᠳᠠᠭᠡᠵᠤ ᠪᠠᠭᠠᠬᠠᠨ ᠴᠤ ᠰᠠᠷᠠᠮᠵᠢ ᠪᠠᠢ᠌ᠭᠰᠠᠨ ᠦᠭᠡᠶ ᠪᠣᠯᠬᠤᠷ ᠭᠡᠨᠡᠳᠡᠭᠦᠯᠦᠭ᠍ᠳᠡᠭ᠍ᠰᠡᠨ ᠪᠠᠢ᠌ᠪᠠ᠃ ᠰᠢᠶᠤᠤ ᠮᠸᠢ ᠶᠢᠨ ᠭᠡᠷ ᠨᠢ ᠨᠠᠯᠢᠶᠠᠤᠨ ᠴᠢᠨᠡᠭᠡᠯᠢᠭ᠌ ᠪᠠᠢ᠌ᠳᠠᠭ ᠪᠣᠯᠬᠤᠷ ᠦᠷ᠎ᠡ ᠶᠢᠨ ᠭᠠᠭᠴᠠ ᠦᠬᠢᠨ ᠤ ᠪᠠᠨ ᠰᠤᠯᠠ ᠵᠠᠷᠤᠳᠠᠯ ᠢ ᠡᠯᠪᠠᠭ᠌ ᠥᠭ᠍ᠳᠡᠭ᠌ ᠡᠴᠡ ᠰᠢᠶᠤᠤ ᠮᠸᠢ ᠶᠡᠷᠦᠳᠡᠭᠡᠨ ᠶᠡᠭᠡ ᠭᠠᠷ ᠲᠡᠶ᠂ ᠬᠤᠳᠠᠯᠳᠤᠵᠤ ᠠᠪᠣᠭᠰᠠᠨ ᠰᠤᠯᠠ ᠢᠳᠡᠭᠡᠨ ᠶᠢᠡᠨ ᠠᠩᠭᠢ ᠶᠢᠨ ᠨᠥᠭᠦᠤᠨ ᠲᠡᠶ ᠪᠠᠨ ᠬᠤᠪᠢᠶᠡᠯᠴᠡᠨ᠂ ᠢᠯᠡᠭᠦᠴᠡ ᠬᠤᠪᠴᠠᠰᠤ ᠪᠠᠨ ᠶᠠᠳᠠᠭᠤ ᠭᠦᠴᠢᠷᠳᠡᠯᠳᠡᠢ ᠬᠠᠮᠳᠤ ᠰᠤᠷᠤᠭᠴᠢ ᠳᠠᠭᠠᠨ ᠥᠭ᠍ᠳᠡᠭ᠌ ᠡᠴᠡ ᠠᠩᠭᠢ ᠳᠠᠭᠠᠨ ᠶᠡᠭᠡ ᠭᠦᠷᠢᠶᠡᠯᠡᠯ ᠲᠡᠶ ᠡᠡᠵᠢ᠃ ᠲ᠋ᠡᠭᠡᠭᠦ ᠳᠡᠭᠡᠨ ᠭᠢᠴᠢᠶᠠᠯ ᠰᠤᠷᠤᠯᠭ᠎ᠠ ᠳᠠᠭᠠᠨ ᠠᠩᠭᠢ ᠳᠠᠭᠠᠨ ᠳᠡᠷᠢᠭᠦᠯᠡᠵᠤ᠂ ᠵᠢᠯ ᠵᠢᠯ ᠭᠤᠷᠪᠠᠨ ᠰᠠᠢ᠌ᠠᠳᠠᠢ ᠰᠤᠷᠤᠭᠴᠢ ᠪᠠᠷ ᠭᠦᠭᠢᠭᠦᠯᠦᠭ᠍ᠳᠡᠳᠡᠭ᠌ ᠡᠢ᠌ᠮᠤ ᠨᠢᠭᠡᠨ ᠳᠠᠩᠭᠢᠯ ᠦᠬᠢᠨ ᠡᠢ᠌ᠮᠦᠷᠭᠦᠤ ᠬᠠᠷᠠᠰᠠᠯᠳᠠᠢ ᠭᠡᠷᠡᠭ᠌ ᠢ ᠥᠢᠯᠡᠳᠦᠴᠢᠭᠡᠨ᠎ᠡ ᠭᠡᠵᠤ ᠪᠦᠭᠦᠳᠡ ᠶᠢᠨ ᠣᠢ ᠳᠤ ᠣᠷᠤᠮ᠎ᠠ ᠦᠭᠡᠶ ᠪᠠᠢ᠌ᠭᠰᠠᠨ ᠶᠤᠮ ᠡ᠃ ᠴᠠᠭᠳᠠᠭ᠎ᠠ ᠨᠡᠷ ᠴᠢᠨᠠᠭᠰᠢᠳᠠ ᠭᠦᠡᠵᠡᠭᠡᠢ᠌ᠷᠡᠭᠦᠯᠤᠨ ᠪᠠᠢ᠌ᠴᠠᠭᠠᠭᠰᠠᠨ ᠳᠤ᠂ ᠰᠢᠶᠤᠤ ᠮᠸᠢ ᠬᠠᠷᠢᠨ ᠬᠠᠮᠳᠤ ᠰᠤᠷᠤᠭᠴᠢ ᠪᠠᠨ ᠳᠠᠭᠠᠭᠠᠤᠨ ᠰᠦᠯᠵᠢᠶᠠᠨ ᠳᠤᠭᠯᠠᠭᠠᠮ ᠨᠠᠭᠠᠳᠤᠭᠰᠠᠭᠠᠷ ᠪᠠᠢ᠌ᠵᠤ ᠠᠮᠳᠠᠨ ᠳ᠋ᠤᠨᠢ ᠣᠷᠤᠭᠠᠤᠨ᠂ ᠪᠠᠭ᠎ᠠ ᠯᠠ ᠴᠢᠯᠦᠭᠡ ᠭᠠᠷᠤᠭᠰᠠᠭᠠᠷ ᠰᠦᠯᠵᠢᠶᠠᠨ ᠮᠤᠬᠤᠯᠠᠭ ᠲᠤ ᠰᠢᠷᠭᠤᠳᠠᠭ ᠪᠤᠯᠤᠯ᠎ᠡ᠃ ᠢᠩᠭᠢᠭᠡᠤᠨ ᠶᠡᠭᠡ ᠭᠠᠷ ᠡᠷᠭᠢᠭᠦᠯᠵᠤ ᠰᠤᠷᠤᠭᠰᠠᠨ ᠰᠢᠶᠤᠤ ᠮᠸᠢ ᠶᠢᠨ ᠵᠠᠷᠤᠳᠠᠯ ᠮᠥᠩᠭᠦ ᠭᠦᠷᠦᠯᠴᠡᠭᠦ ᠦᠭᠡᠶ ᠪᠤᠯᠵᠤ᠂ ᠡᠵᠢ ᠶᠢᠨ ᠶᠢᠡᠨ ᠬᠠᠳᠠᠭᠠᠯᠠᠵᠤ ᠪᠠᠢ᠌ᠭᠰᠠᠨ ᠵᠢᠷᠭᠤᠭᠠᠨ ᠵᠠᠭᠤᠨ ᠳᠦᠭᠦᠷᠢᠭ᠌ ᠢ ᠬᠤᠯᠠᠭᠠᠢ᠌ᠯᠠᠵᠤ ᠭᠠᠷᠤᠭᠠᠤᠨ ᠣᠳᠠᠯ ᠦᠭᠡᠶ ᠥᠷᠦᠭᠡᠤᠨ ᠬᠠᠶᠠᠴᠢᠬᠠᠵᠠᠢ᠃ ᠵᠤᠭᠤᠰ ᠶᠢᠡᠨ ᠪᠠᠷᠠᠭᠠᠤᠨ ᠳᠠᠭᠢᠨ ᠬᠤᠯᠠᠭᠠᠢ᠌ᠯᠠᠬᠤ ᠭᠡᠰᠡᠨ ᠳᠤ᠂ ᠡᠵᠢ ᠨᠢ ᠰᠠᠷᠠᠮᠵᠢ ᠠᠪᠣᠭᠰᠠᠨ ᠡᠴᠡ ᠪᠣᠯᠵᠤ ᠣᠷᠤᠯᠳᠤᠯᠭ᠎ᠠ ᠨᠢ ᠪᠦᠳᠦᠭ᠍ᠰᠡᠨ ᠦᠭᠡᠶ᠃ ᠡᠨᠡ ᠦᠶ᠎ᠡ ᠳᠤ᠂ ᠵᠤᠭᠤᠰ ᠬᠤᠯᠠᠭᠠᠢ᠌ᠯᠠᠵᠤ ᠵᠤᠷᠢᠭ ᠨᠢ ᠪᠦᠳᠦᠭᠦᠷᠡᠭ᠍ᠰᠡᠨ ᠰᠢᠶᠤᠤ ᠮᠸᠢ ᠶᠢᠨ ᠳᠠᠷᠢᠭᠢᠨ ᠳᠤ ᠰᠠᠢ᠌ᠨ ᠨᠠᠢ᠌ᠵᠠ ᠰᠢᠶᠤᠤ ᠴᠢᠨ ᠤ ᠡᠪᠦᠭᠡ ᠨᠢ ᠵᠤᠭᠤᠰ ᠶᠢᠡᠨ ᠨᠢᠭᠡ ᠭᠠᠵᠠᠷ ᠬᠤᠷᠢᠶᠠᠵᠤ ᠳᠠᠯᠪᠢᠳᠠᠭ ᠶᠠᠪᠣᠳᠠᠯ ᠰᠠᠨᠠᠭᠠᠨ ᠳᠤ ᠤᠷᠦᠪᠡ᠃ ᠲ᠋ᠡᠭᠡᠭᠡᠤᠨ ᠳᠠᠷᠠ ᠥᠴᠦᠭᠡᠨ ᠴᠤ ᠡᠷᠡᠭᠡᠯᠵᠡᠯ ᠦᠭᠡᠶ ᠪᠠᠷ ᠭᠦᠮᠤᠨ ᠤ ᠭᠡᠷ ᠲᠤ ᠣᠷᠤᠵᠤ ᠦᠪᠡᠷ ᠤᠨ ᠶᠠᠭᠤᠮ᠎ᠠ ᠪᠠᠨ ᠠᠪᠬᠤ ᠠᠳᠠᠯᠢ ᠵᠤᠭᠤᠰ ᠬᠤᠯᠠᠭᠠᠢ᠌ᠯᠠᠭᠠᠤᠨ᠂ ᠭᠠᠷᠴᠤ ᠢᠷᠡᠭᠦ ᠳᠡᠭᠡᠨ ᠰᠠᠢ᠌ᠨ ᠨᠠᠢ᠌ᠵᠠ ᠪᠠᠨ ᠭᠢᠳᠤᠭᠠᠯᠠᠵᠤ ᠣᠷᠭᠢᠭᠠᠤᠨ ᠶᠠᠭᠠᠷᠠᠯ ᠦᠭᠡᠶ ᠭᠤᠤᠯ ᠤᠨ ᠭᠦᠪᠠᠭᠡᠨ ᠳᠤ ᠣᠴᠢᠨ ᠭᠠᠷ ᠳᠡᠭᠡᠷᠡᠭᠢ ᠴᠢᠰᠤ ᠨᠦᠵᠢ ᠪᠠᠨ ᠣᠭᠠᠭᠠᠤᠨ ᠰᠤᠷᠭᠠᠭᠤᠯᠢ ᠳᠠᠭᠠᠨ ᠶᠠᠪᠣᠵᠠᠢ᠃ ᠵᠤᠯ ᠶᠢᠡᠷ ᠰᠢᠶᠤᠤ ᠴᠢᠨ ᠳᠦᠷᠭᠡᠨ ᠠᠪᠣᠷᠠᠭᠳᠠᠵᠤ ᠰᠢᠶᠤᠤ ᠮᠸᠢ ᠶᠢ ᠢᠯᠡᠴᠢᠯᠡᠭ᠍ᠰᠡᠨ ᠦᠭᠡᠶ ᠶᠤᠮ ᠪᠣᠯ᠂ ᠣᠯᠠᠭᠠᠨ ᠨᠢᠯᠬ᠎ᠠ ᠪᠠᠷ ᠶᠢᠡᠨ ᠪᠠᠢ᠌ᠭ᠎ᠠ ᠰᠢᠶᠤᠤ ᠮᠸᠢ ᠶᠢ ᠡᠢ᠌ᠮᠤ ᠭᠡᠷᠡᠭ᠌ ᠣᠢ᠌ᠯᠠᠳᠤᠨ᠎ᠠ ᠭᠡᠵᠤ ᠭᠡᠨ ᠴᠤ ᠢᠳᠡᠭᠡᠭᠦ ᠦᠭᠡᠶ᠃ ᠲ᠋ᠡᠭᠡᠭᠡᠤᠨ ᠰᠤᠷᠭᠠᠭᠤᠯᠢ ᠪᠠ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠭᠢᠨ ᠤ ᠭᠠᠷᠭᠠᠭᠰᠠᠨ ᠬᠠᠮᠳᠤ ᠶᠢᠨ ᠳ᠋ᠦ᠋ᠩᠨᠠᠯᠳᠠ ᠳᠤ ᠪᠦᠷ 《ᠳᠤᠤᠷ ᠰᠦᠯᠵᠢᠶᠠᠨ ᠤ ᠬᠤᠤᠷ》 ᠭᠡᠵᠡᠭᠡᠪᠡ᠃ ᠢᠩᠭᠢᠭᠡᠤᠨ ᠳᠤᠤᠷ ᠰᠦᠯᠵᠢᠶᠠᠨ ᠤ ᠬᠠᠮᠢᠶᠠᠳᠠᠢ ᠮᠡᠳᠡᠯᠭᠡ ᠳᠤᠳᠠᠮᠠᠭ ᠪᠠᠢ᠌ᠳᠠᠭ ᠭᠦᠳᠡᠭᠡᠨ ᠤ ᠭᠦᠮᠤᠨ ᠳᠤ ᠰᠦᠯᠵᠢᠶ᠎ᠠ ᠨᠢ ᠳᠤᠰᠬᠠᠢ᠌ᠯᠠᠨ ᠭᠦᠮᠤᠨ ᠠᠯᠠᠵᠤ ᠳᠤᠨᠤᠭ᠎ᠠ ᠭᠢᠳᠡᠭ᠌ ᠣᠬᠠᠭᠠᠨ ᠢ ᠰᠤᠷᠭᠠᠬᠤ ᠪᠠᠭᠠᠵᠢ ᠪᠣᠯᠤᠨ ᠭᠡᠯᠡᠯᠴᠡᠭ᠍ᠳᠡᠵᠤ᠂ ᠡᠨᠡ ᠬᠤᠠᠳᠠᠭ᠎ᠠ 《ᠬᠤᠤᠷᠳᠤ ᠳᠠᠷᠠᠰᠤ》 ᠵᠢ᠌ ᠪᠠᠯᠭᠤᠭᠰᠠᠨ ᠪᠣᠯᠭᠠᠨ ᠮᠠᠩᠬᠤᠷᠠᠭᠠᠤᠨ ᠭᠦᠯ ᠶᠢᠡᠨ ᠰᠤᠭᠤᠯᠵᠤ ᠳᠡᠢ᠌ᠯᠭᠦ ᠦᠭᠡᠶ ᠶᠠᠯ᠎ᠠ ᠨᠢᠭᠦᠯ ᠤᠨ ᠭᠦᠨ ᠭᠦᠪ ᠲᠤ ᠣᠷᠤᠬᠤ ᠰᠢᠭ ᠪᠦᠭᠦᠳᠡ ᠣᠯᠠᠨ ᠤ ᠠᠶᠤᠩᠭ᠋ᠤᠷᠢ ᠶᠢ ᠳᠦᠷᠦᠭᠦᠯᠳᠡᠭ᠌ ᠪᠣᠯᠪᠠ᠃ ᠶᠠᠭ ᠡᠨᠡ ᠦᠵᠡᠯᠳᠠ ᠶᠢ ᠨᠢ ᠨᠤᠳᠠᠯᠠᠬᠤ ᠭᠡᠰᠡᠨ ᠶᠤᠮᠰᠢᠭ ᠰᠦᠯᠵᠢᠶᠠᠨ ᠬᠠᠨᠢ ᠪᠠᠨ ᠠᠯᠠᠵᠤ ᠨᠥᠵᠢᠦᠡᠯᠡᠭᠦ ᠭᠡᠷᠡᠭ᠌ ᠪᠠᠢ᠌ᠩᠭ᠋ᠤ ᠭᠠᠷᠴᠤ᠂ ᠲ᠋ᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠭᠢᠨ ᠳᠤ ᠬᠠᠮᠢᠶᠠᠷᠤᠯᠳᠠ ᠶᠢᠨ ᠳᠦᠪᠠᠭ᠍ᠳᠡᠢ ᠰᠠᠳᠤᠪ ᠢ ᠳᠤᠯᠭᠠᠭᠰᠠᠨ ᠪᠠᠢ᠌ᠨ᠎ᠠ᠃

ᠲ᠋ᠡᠭᠡᠷ᠎ᠡ ᠵᠠᠭᠤᠨ ᠤ ᠡᠴᠦᠰ ᠶᠢᠡᠷ᠂ ᠵᠠᠯᠠᠭᠤᠴᠤᠳ ᠪᠠᠭᠠᠴᠤᠳ ᠤᠨ ᠳᠤᠮᠳᠠ ᠬᠤᠤᠷ ᠳᠠᠳᠠᠵᠤ ᠪᠦᠵᠢᠭ᠌ ᠥᠰᠦᠷᠭᠦ ᠬᠠᠯᠠᠭᠤᠷᠠᠯ ᠡᠭᠦᠰᠴᠤ᠂ 《ᠳᠤᠯᠤᠭᠠᠢ ᠰᠠᠵᠢᠬᠤ ᠦᠷᠢᠯ》 ᠣᠤᠭᠤᠭᠠᠤᠨ ᠳᠤᠯᠤᠭᠠᠢ ᠭᠡᠳᠡᠭ᠌ ᠢ ᠴᠢᠨᠢ ᠭᠡᠩᠭᠡᠷᠭᠡᠨ ᠳᠤᠭᠢᠭᠤᠷ ᠰᠢᠭ ᠭᠤᠶᠠᠳᠠᠯᠠᠵᠤ ᠪᠠᠢ᠌ᠵᠠᠢ᠃ ᠣᠳᠤ ᠪᠣᠯ ᠺᠤᠮᠫᠢᠦ᠋ᠲ᠋ᠧᠷ ᠤᠨ ᠳᠠᠷᠤᠪᠴᠢᠨ ᠳᠡᠭᠡᠷ᠎ᠡ ᠰᠢᠵᠢᠷ ᠴᠠᠭ ᠢ ᠥᠷᠡᠭᠡᠵᠤ᠂ ᠴᠡᠭᠡᠨ ᠭᠦᠰᠢᠭᠡᠨ ᠤ ᠡᠮᠦᠨ᠎ᠡ ᠠᠯᠳᠠᠩᠬᠠᠨ ᠨᠠᠰᠤ ᠶᠢ ᠨᠥᠭ᠍ᠴᠢᠭᠡᠭ᠍ᠰᠡᠨ ᠭᠠᠵᠢᠭ ᠬᠠᠯᠠᠭᠤᠷᠠᠯ ᠭᠠᠮᠰᠢᠭ ᠳᠠᠷᠢᠵᠤ ᠪᠠᠢ᠌ᠨ᠎ᠠ᠃ 14 ᠊᠊᠊᠊᠊᠊᠊᠊᠊᠊᠊᠊᠊᠊᠊ 20 ᠨᠠᠰᠤᠨ ᠤ ᠦᠶ᠎ᠡ ᠪᠣᠯ ᠪᠠᠭᠠᠴᠤᠳ ᠤᠨ ᠦᠶ᠎ᠡ ᠡᠴᠡ ᠪᠠᠨ ᠵᠠᠯᠠᠭᠤᠴᠤᠳ ᠤᠨ ᠱᠠᠳᠤᠨ ᠳᠤ ᠳᠠᠪᠰᠢᠵᠤ ᠪᠠᠢ᠌ᠭ᠎ᠠ ᠰᠢᠯᠵᠢᠯᠳᠠ ᠶᠢᠨ ᠬᠤᠭᠤᠴᠠᠭ᠎ᠠ ᠪᠤᠯᠤᠨ᠎ᠠ᠃ ᠡᠨᠡ ᠦᠶ᠎ᠡ ᠶᠢᠨ ᠭᠡᠦᠭᠡᠤᠨ ᠲᠤ ᠰᠥᠷᠭᠡᠤ ᠰᠠᠤᠠᠭᠢᠴᠠ ᠪᠦᠷᠢᠯᠳᠤᠵᠤ᠂ ᠪᠠᠭᠰᠢ ᠪᠣᠯᠤᠨ ᠭᠡᠷ ᠤᠨ ᠠᠬᠠᠮᠠᠤᠨ ᠤᠨ 《ᠬᠠᠷᠢᠴᠠᠯᠠᠰᠢ ᠦᠭᠡᠶ ᠰᠤᠷᠭᠠᠯ》 ᠳ᠋ᠤ ᠰᠡᠵᠢᠭ᠌ ᠲᠦᠷᠦᠵᠤ᠂ ᠲ᠋ᠠᠳᠠᠨ ᠤ 《ᠳᠠᠷᠬᠠᠨ ᠡᠷᠭᠡ》 ᠳ᠋ᠤ ᠬᠠᠯᠳᠠᠵᠤ ᠥᠵᠡᠭᠦ ᠳᠠᠮᠠᠴᠠᠯ ᠤᠨ ᠵᠤᠷᠢᠭ ᠣᠪᠣᠯᠵᠠᠬᠤ ᠪᠠᠷ ᠪᠠᠷᠠᠬᠤ ᠦᠭᠡᠶ᠂ ᠠᠯᠢ ᠪᠣᠯᠬᠤ ᠦᠭᠡᠶ ᠭᠡᠰᠡᠨ ᠶᠠᠭᠤᠮ᠎ᠠ ᠲᠡᠶ ᠨᠢ ᠣᠷᠤᠯᠳᠤᠵᠤ ᠥᠵᠡᠭᠦ ᠳᠤᠷ᠎ᠠ ᠰᠤᠨᠢᠷᠬᠠᠯ ᠳᠦᠯᠭᠢᠯᠡᠭᠡᠤᠨ ᠪᠠᠢ᠌ᠳᠠᠭ ᠰᠡᠨ᠃ ᠡᠨᠡ ᠦᠶ᠎ᠡ ᠳᠤ ᠬᠠᠰᠢᠵᠤ ᠬᠤᠷᠢᠬᠤ ᠳᠤᠳᠤᠮ ᠳᠠᠳᠠᠨ ᠤ ᠰᠠᠳᠠᠯᠳᠠ ᠡᠷᠢᠭᠦ ᠰᠤᠨᠢᠭᠤᠴᠢ ᠰᠠᠤᠠᠭᠢᠯ ᠢ ᠭᠦᠡᠳᠡᠵᠤ᠂ ᠤᠯᠡᠮ ᠴᠢᠩᠭ᠋᠎ᠠ ᠡᠰᠡᠷᠭᠦ ᠣᠢ᠌ᠯᠠᠳᠤᠯ ᠥᠵᠡᠭᠦᠯᠳᠡᠭ᠌ ᠪᠠᠢ᠌ᠨ᠎ᠡ᠃ ᠡᠨᠡ ᠪᠣᠯ ᠭᠦᠮᠤᠨ ᠪᠦᠭᠦᠨ ᠤ ᠦᠰᠦᠨ ᠪᠣᠢ᠌ᠵᠢᠬᠤ ᠶᠠᠪᠣᠴᠠ ᠳ᠋ᠠᠭᠢ ᠵᠠᠪᠠᠯ ᠥᠩᠭᠡᠷᠡᠭᠦᠯᠭᠦ ᠹᠢᠽᠢᠤᠯᠤᠭᠢ ᠱᠠᠳᠤ ᠪᠤᠯᠤᠨ᠎ᠠ᠃ ᠭᠡᠭᠦ ᠳᠡᠭᠡᠨ ᠡᠢ᠌ᠮᠦᠷᠭᠦᠤ ᠰᠤᠨᠢᠭᠤᠴᠢ ᠭᠡᠨᠡᠨ ᠵᠠᠩ ᠴᠢᠨᠠᠷ ᠪᠣᠯ ᠰᠤᠷᠴᠤ ᠰᠤᠳᠤᠯᠤᠭᠠᠤᠨ ᠣᠢ᠌ᠯᠠᠰ ᠪᠦᠳᠦᠭᠡᠭᠦ ᠰᠢᠨ᠎ᠠ ᠰᠤᠷᠭᠤᠭ ᠭᠦᠴᠤᠨ ᠵᠣᠢ᠌ᠯ ᠤᠳ ᠪᠠᠢ᠌ᠭ᠎ᠠ ᠶ‍ᠦᠮ᠃ ᠡᠭᠦᠨ ᠢ ᠪᠢᠳᠠ ᠭᠦᠴᠤ ᠪᠠᠷ ᠳᠠᠷᠤᠵᠤ ᠰᠦᠷ ᠶᠢᠡᠷ ᠠᠶᠤᠯᠭᠠᠬᠤ ᠹᠧᠥᠳᠠᠯ ᠤᠨ ᠰᠤᠷᠭᠠᠨ ᠭᠦᠮᠦᠵᠢᠭᠦᠯᠭᠦ ᠠᠷᠭ᠎ᠠ ᠶᠢ ᠶᠠᠭᠠᠭᠢᠭᠰᠠᠨ ᠴᠤ ᠠᠪᠴᠤ ᠪᠣᠯᠬᠤ ᠦᠭᠡᠶ᠃ ᠴᠠᠭ ᠦᠶ᠎ᠡ ᠭᠦᠭ᠍ᠵᠢᠭᠡᠤᠨ ᠭᠦᠮᠤᠨ ᠤ ᠦᠵᠡᠯ ᠣᠬᠠᠮᠰᠠᠷ ᠴᠤ ᠦᠨᠳᠦᠷ ᠨᠢᠭᠡ ᠱᠠᠳᠤᠨ ᠳᠤ ᠣᠷᠤᠭᠰᠠᠨ ᠳᠤᠯᠠ᠂ ᠰᠤᠷᠭᠠᠨ ᠭᠦᠮᠦᠵᠢᠭᠦᠯᠭᠦ ᠠᠷᠭ᠎ᠠ ᠪᠠᠷᠢᠯ ᠴᠤ ᠴᠠᠭ ᠦᠶ᠎ᠡ ᠶᠢ ᠳᠠᠭᠠᠵᠤ ᠠᠮᠵᠢᠬᠤ ᠭᠡᠷᠡᠭ᠍ᠳᠡᠢ ᠪᠤᠯᠪᠠ᠃ ᠲ᠋ᠡᠭᠡᠭᠦ ᠳᠤ᠂ ᠵᠠᠯᠠᠭᠤᠴᠤᠳ ᠪᠠᠭᠠᠴᠤᠳ ᠤᠨ ᠰᠦᠯᠵᠢᠶᠠᠨ ᠳᠤ ᠣᠷᠤᠬᠤ ᠠᠰᠠᠭᠤᠳᠠᠯ ᠪᠣᠯ ᠵᠥᠪᠭᠡᠨ ᠳᠤᠳᠤᠭᠠᠳᠤ ᠶᠢ ᠬᠠᠮᠠᠭᠠᠯᠠᠬᠤ ᠭᠢᠨ ᠤ ᠬᠠᠷᠢᠭᠤᠴᠠᠬᠤ ᠪᠠᠭ᠎ᠠ ᠠᠰᠠᠭᠤᠳᠠᠯ ᠪᠢᠰᠢ᠂ ᠬᠠᠷᠢᠨ ᠪᠦᠭᠦ ᠨᠡᠢ᠌ᠭᠡᠮ ᠶᠢᠡᠷ ᠶᠢᠡᠨ ᠵᠠᠯᠠᠭᠤ ᠨᠢᠭᠡ ᠦᠶ᠎ᠡ ᠶᠢᠨ ᠭᠢᠨ ᠳᠤ ᠠᠪᠴᠤ ᠪᠦᠭᠦᠢ ᠰᠤᠷᠭᠠᠨ ᠭᠦᠮᠦᠵᠢᠯ ᠤᠨ ᠠᠷᠭ᠎ᠠ ᠪᠣᠳᠤᠯᠭ᠎ᠠ ᠲᠡᠶ ᠰᠢᠭᠤᠳ ᠬᠤᠯᠪᠣᠭᠳᠠᠨ᠎ᠠ᠃ ᠶᠠᠷᠢᠶᠠᠨ ᠦᠭᠡᠶ᠂ ᠰᠦᠯᠵᠢᠶ᠎ᠠ ᠳᠦᠭᠡᠮᠡᠯᠵᠢᠭᠡᠤᠨ ᠳᠠᠮᠠᠢ ᠣᠳᠠᠭᠠᠳᠤᠢ ᠪᠤᠯᠬᠤᠷ᠂ ᠲ᠋ᠡᠭᠦᠨ ᠤ ᠢᠳᠠᠪᠭᠢᠳᠠᠢ ᠳᠠᠯ᠎ᠠ ᠶᠢ ᠠᠰᠢᠭᠯᠠᠵᠤ ᠨᠠᠵᠠᠭᠠᠢ ᠳᠠᠯ᠎ᠠ ᠡᠴᠡ ᠨᠢ ᠶᠠᠭᠠᠭᠢᠵᠤ ᠵᠠᠢ᠌ᠯᠠᠬᠤ ᠠᠰᠠᠭᠤᠳᠠᠯ ᠤᠨ ᠳᠠᠯ᠎ᠠ ᠪᠠᠷ 《ᠦᠯᠦ ᠬᠠᠯᠳᠠᠭᠠᠬᠤ ᠴᠢᠳᠠᠪᠣᠷᠢ》 ᠵᠢ᠌ ᠨᠢ ᠪᠣᠢ᠌ᠵᠢᠭᠤᠯᠵᠤ ᠠᠮᠵᠢᠭᠠᠳᠤᠢ ᠪᠠᠢ᠌ᠭᠰᠠᠭᠠᠷ ᠠᠵᠢ᠃

ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠦᠭ᠍ᠵᠢᠯᠳᠡ ᠶᠢᠨ ᠦᠨᠳᠦᠷ ᠭᠢᠷᠢ ᠲᠦᠪᠰᠢᠨ ᠤ ᠢᠯᠡᠳᠭᠡᠮᠵᠢ ᠪᠣᠯᠤᠭᠰᠠᠨ ᠳᠤᠤᠷ ᠰᠦᠯᠵᠢᠶ᠎ᠠ ᠨᠢ᠂ ᠲ᠋ᠡᠯᠡᠭᠡᠢ ᠳ᠋ᠠᠭᠢᠨ ᠤ ᠣᠯᠤᠰ ᠲᠦᠷᠦ ᠠᠵᠤ ᠠᠬᠤᠢ᠂ ᠰᠤᠶᠤᠯ ᠤᠨ ᠠᠮᠢᠳᠤᠷᠠᠯ ᠳᠤ ᠯᠤᠳᠤ ᠶᠡᠭᠡ ᠨᠥᠯᠦᠭᠡ ᠥᠵᠡᠭᠦᠯᠦᠭ᠍ᠰᠡᠨ ᠳᠠᠳᠤᠢ ᠦᠭᠡᠶ᠂ ᠨᠡᠢ᠌ᠭᠡᠮ ᠤᠨ ᠶᠡᠭᠡ ᠬᠠᠠᠳᠤᠰᠢ ᠡᠴᠡ ᠠᠪᠴᠤ ᠭᠡᠯᠡᠭ᠍ᠰᠡᠨ ᠴᠤ᠂ ᠮᠡᠳᠡᠭᠡ ᠵᠡᠩᠭᠢ᠂ ᠴᠡᠷᠢᠭ᠌ ᠳᠠᠢ᠌ᠨ᠂ ᠲ᠋ᠠᠷᠢᠶᠠᠯᠠᠩ ᠠᠵᠤ ᠣᠢ᠌ᠯᠠᠤᠠᠪᠣᠷᠢ ᠵᠡᠷᠭᠡ ᠠᠯᠢ ᠴᠤ ᠳᠠᠯ᠎ᠠ ᠳᠤ ᠪᠦᠷ ᠰᠠᠯᠵᠤ ᠴᠢᠳᠠᠬᠤ ᠦᠭᠡᠶ ᠴᠢᠬᠤᠯᠠ ᠭᠡᠷᠡᠭᠯᠡᠭᠦᠷ ᠪᠣᠯᠤᠭᠰᠠᠨ ᠪᠠᠢ᠌ᠨ᠎ᠠ᠃ ᠨᠠᠩ ᠴᠤ ᠰᠤᠶᠤᠯ ᠰᠢᠡᠵᠢᠯᠡᠭᠦ ᠣᠬᠠᠭᠠᠨ ᠤ ᠳᠦᠷᠭᠡᠨ ᠭᠦᠭ᠍ᠵᠢᠯᠳᠡ ᠨᠢ ᠴᠤ ᠣᠯᠠᠨ ᠵᠠᠭᠤᠴᠢᠳᠤ ᠺᠤᠮᠫᠢᠦ᠋ᠲ᠋ᠸᠷ ᠤᠨ ᠳᠧᠭᠨᠢᠭ᠌ ᠢ ᠳᠦᠰᠢᠭᠯᠡᠵᠤ ᠪᠠᠶᠠᠯᠠᠯ ᠶᠢᠡᠨ ᠣᠯᠬᠤ ᠪᠣᠯᠤᠨ᠎ᠠ᠃ ᠳᠤᠤᠷ ᠰᠦᠯᠵᠢᠶ᠎ᠠ ᠪᠣᠯ ᠠᠯᠢᠪᠠ ᠶᠠᠯ᠎ᠠ ᠭᠢᠯᠢᠠᠴᠠ ᠶᠢᠨ ᠡᠭᠢ ᠪᠣᠯᠠᠭ ᠪᠢᠰᠢ᠂ ᠬᠠᠷᠢᠨ ᠣᠢ᠌ᠯᠠᠤᠠᠪᠣᠷᠢᠯᠠᠯ ᠤᠨ ᠭᠦᠴᠤᠨ ᠤ ᠭᠦᠭ᠍ᠵᠢᠯᠳᠡ ᠶᠢᠨ ᠱᠠᠳᠤᠨ ᠳ᠋ᠠᠭᠢ ᠳᠠᠪᠰᠢᠭᠰᠠᠨ ᠣᠢ᠌ᠯᠠᠤᠠᠪᠣᠷᠢᠯᠠᠯ ᠤᠨ ᠭᠡᠷᠡᠭ᠍ᠰᠡᠯ ᠳᠠᠳᠤᠢ ᠶ‍ᠦᠮ᠃ ᠲ᠋ᠡᠭᠡᠭᠦᠯᠡᠷ ᠺᠤᠮᠫᠢᠦ᠋ᠲ᠋ᠸᠷ ᠳᠦᠭᠡᠮᠡᠯᠵᠡᠵᠤ ᠳᠤᠤᠷ ᠰᠦᠯᠵᠢᠶ᠎ᠠ ᠨᠢ ᠮᠠᠨ ᠤ ᠡᠳᠦᠷ ᠳᠤᠳᠤᠮ ᠤᠨ ᠠᠮᠢᠳᠤᠷᠠᠯ ᠳᠤᠮᠳᠠ ᠰᠠᠯᠵᠤ ᠪᠣᠯᠤᠰᠢ ᠦᠭᠡᠶ ᠨᠢᠭᠡ ᠪᠦᠷᠢᠯᠳᠦᠭᠦᠨ ᠪᠣᠯᠤᠭᠰᠠᠨ ᠤ ᠬᠤᠪᠢ ᠳᠤ᠂ ᠵᠠᠯᠠᠭᠤᠴᠤᠳ ᠪᠠᠭᠠᠴᠤᠳ ᠤᠨ ᠶᠠᠯ᠎ᠠ ᠭᠢᠭᠦ ᠶᠢ ᠭᠢᠵᠠᠭᠠᠷᠯᠠᠬᠤ ᠶᠢᠨ ᠳᠦᠯᠦᠭᠡ ᠰᠦᠯᠵᠢᠶ᠎ᠠ ᠭᠡᠷᠡᠭᠯᠡᠭᠦ ᠪᠠᠨ ᠵᠤᠭᠰᠤᠭᠠᠨ᠎ᠠ ᠭᠡᠰᠡᠨ ᠶᠠᠪᠣᠳᠠᠯ ᠪᠢᠰᠢ᠂ ᠬᠠᠷᠢᠨ ᠳᠠᠳᠠᠨ ᠢ ᠶᠠᠭᠠᠭᠢᠵᠤ ᠵᠦᠪ ᠠᠷᠭ᠎ᠠ ᠪᠠᠷ ᠭᠦᠳᠦᠯᠤᠨ ᠵᠢᠯᠤᠭᠤᠤᠠᠴᠤ᠂ ᠲ᠋ᠤᠤᠷ ᠰᠦᠯᠵᠢᠶ᠎ᠠ ᠶᠢ ᠡᠷᠳᠡᠮ ᠨᠤᠮ ᠰᠤᠷᠬᠤ ᠳᠡᠭᠡᠷ᠎ᠡ ᠭᠡᠷᠭᠢᠨ ᠰᠠᠢ᠌ᠨ ᠠᠰᠢᠭᠯᠠᠬᠤ ᠶᠠᠪᠣᠳᠠᠯ ᠨᠢ ᠮᠠᠨ ᠤ ᠡᠳᠦᠷ ᠳᠤᠳᠤᠮ ᠤᠨ ᠠᠮᠢᠳᠤᠷᠠᠯ ᠤᠨ ᠭᠤᠤᠯ ᠵᠥᠪᠯᠡᠯᠭᠡᠨ ᠤ ᠰᠠᠳᠤᠪ ᠪᠣᠯᠤᠭᠠᠤᠨ ᠪᠠᠢ᠌ᠨ᠎ᠠ᠃

ᠮᠡᠳᠡᠭᠡ ᠵᠠᠩᠭᠢᠴᠢᠯᠠᠯᠳᠠ ᠪᠣᠯ ᠣᠳᠤᠭᠢ ᠳᠡᠯᠡᠭᠡᠢ ᠶᠢᠨ ᠰᠤᠶᠤᠯ ᠰᠢᠡᠵᠢᠯᠡᠭᠦ ᠣᠬᠠᠭᠠᠨ ᠤ ᠥᠳᠲᠥᠷ ᠭᠦᠭ᠍ᠵᠢᠯᠳᠡ ᠶᠢᠨ ᠢᠯᠡᠳᠭᠡᠮᠵᠢ ᠪᠣᠯᠬᠤ ᠪᠦᠭᠡᠤᠨ᠂ ᠬᠤᠵᠢᠮ ᠤᠨ ᠨᠡᠢ᠌ᠭᠡᠮ ᠤᠨ ᠭᠦᠭ᠍ᠵᠢᠯᠳᠡ ᠶᠢᠨ ᠶᠡᠭᠡ ᠬᠠᠠᠳᠤᠰᠢ ᠮᠦᠨ᠃ ᠰᠦᠯᠵᠢᠶ᠎ᠠ ᠨᠢ ᠳᠢᠪ ᠠᠯᠤᠰᠯᠠᠭᠰᠠᠨ ᠴᠢᠮᠡᠭᠡ ᠵᠠᠩᠭᠢ ᠶᠢ ᠳᠠᠮᠵᠢᠭᠤᠯᠬᠤ ᠳᠤ ᠭᠡᠳᠦᠭᠡᠨ ᠰᠸᠺᠦ᠋ᠨᠳ᠋ ᠶᠢᠨ ᠴᠠᠭ ᠭᠡᠷᠡᠭ᠍ᠰᠡᠳᠡᠭ᠌ ᠪᠦᠭᠡᠤᠨ᠂ ᠲ᠋ᠦᠬᠠᠢ ᠶᠢᠨ ᠳᠠᠯᠠᠪᠠᠢ ᠳ᠋ᠠᠭᠢ ᠭᠡᠷᠡᠭ᠌ ᠶᠠᠪᠣᠳᠠᠯ ᠢ ᠥᠩᠭᠡ ᠪᠣᠳᠤᠭ᠂ ᠲ᠋ᠠᠭᠤ ᠱᠤᠤ ᠲᠡᠶ ᠨᠢ ᠪᠣᠳᠠᠳᠤ ᠳᠦᠷᠢ ᠪᠠᠷ ᠨᠢ ᠳᠠᠮᠵᠢᠭᠤᠯᠵᠤ ᠴᠢᠳᠠᠳᠠᠭ ᠳᠠᠳᠤᠢ ᠦᠭᠡᠶ᠂ ᠶ‍ᠢᠷᠳᠢᠠᠴᠤ ᠳᠡᠭᠡᠷᠡᠭᠢ ᠡᠯ᠎ᠡ ᠲᠦᠷᠦᠯ ᠤᠨ ᠡᠷᠳᠡᠮ ᠮᠡᠳᠡᠯᠭᠡ᠂ ᠲ᠋ᠡᠩᠰᠡ ᠪᠠᠷᠢᠮᠳᠡ᠂ ᠪᠢᠴᠢᠭ᠌ ᠮᠠᠲ᠋ᠸᠷᠢᠶᠠᠯ ᠪᠦᠭᠦᠨ ᠢ ᠨᠢᠭᠡᠭᠡᠨ ᠵᠥᠭᠡᠯᠡᠨ ᠳᠠᠪᠠᠭ ᠲᠤ ᠰᠢᠩᠭᠡᠭᠡᠵᠤ ᠠᠪᠤᠭᠠᠳ᠂ ᠭᠡᠵᠢᠶ᠎ᠡ ᠴᠢᠬᠤᠯᠠ ᠲᠡᠶ ᠦᠶ᠎ᠡ ᠳᠤ ᠭᠡᠷᠡᠭᠯᠡᠭᠦ ᠪᠠᠨ ᠡᠷᠢᠵᠤ ᠰᠢᠭᠤᠳ ᠠᠰᠢᠭᠯᠠᠵᠤ ᠪᠣᠯᠳᠠᠭ ᠶᠢᠡᠷ ᠶᠢᠡᠨ ᠭᠦᠮᠦᠰ ᠤᠨ ᠪᠠᠬᠠᠷᠤᠯ ᠢ ᠣᠯᠵᠤ ᠪᠠᠢ᠌ᠳᠠᠭ᠃ ᠡᠢ᠌ᠮᠦᠷᠭᠦᠤ ᠦᠨᠳᠦᠷ ᠮᠡᠷᠭᠡᠵᠢᠯ ᠶᠢᠡᠷ ᠪᠦᠳᠦᠭᠡᠭ᠍ᠳᠡᠭ᠍ᠰᠡᠨ ᠰᠦᠯᠵᠢᠶᠠᠨ ᠳᠤᠭᠯᠠᠭᠠᠮ ᠨᠢ ᠨᠠᠩ ᠴᠤ ᠭᠡᠢ᠌ᠰᠪᠦᠷᠢᠯᠡᠭ᠍ᠰᠡᠨ ᠠᠬᠤᠢ ᠶᠢ ᠪᠣᠳᠠᠳᠠᠢ᠌ᠴᠢᠯᠠᠵᠤ᠂ ᠲ᠋ᠠᠢ᠌ᠰᠤᠨ ᠢ ᠴᠠᠪᠴᠢᠬᠤ ᠦᠶ᠎ᠡ ᠳᠤ ᠠᠷᠠᠰᠤ ᠮᠢᠬ᠎ᠠ ᠨᠢ ᠳᠠᠰᠤᠷᠠᠨ ᠴᠢᠰᠤ ᠨᠦᠵᠢ ᠨᠢ ᠣᠷᠤᠰᠴᠤ ᠪᠠᠢ᠌ᠬᠤ ᠪᠡ᠂ ᠭᠦᠮᠤᠨ ᠤ ᠡᠪᠠᠦᠡᠴᠤ ᠵᠤᠪᠠᠵᠤ ᠪᠠᠢ᠌ᠬᠤ ᠥᠵᠡᠭ᠍ᠳᠡᠯ ᠢ ᠳᠠᠭᠤ ᠱᠤᠤ ᠲᠡᠶ ᠦᠨᠡᠨ ᠳᠦᠷᠢ ᠰᠢᠭ᠌ ᠥᠵᠡᠭᠦᠯᠵᠤ ᠴᠢᠳᠠᠳᠠᠭ ᠶᠢᠡᠷ ᠶᠢᠡᠨ᠂ ᠲ᠋ᠤᠭᠯᠠᠭᠠᠮ ᠳᠤᠭᠯᠠᠭᠰᠠᠤᠨ ᠲᠤ ᠬᠠᠷᠠᠭᠠᠨ ᠰᠠᠷᠠᠯ ᠤᠨ ᠴᠢᠩᠭ᠋᠎ᠠ ᠰᠠᠳᠤᠯᠳᠠ ᠦᠭ‍ᠭᠦ ᠪᠠᠷ ᠪᠠᠷᠠᠬᠤ ᠦᠭᠡᠶ᠂ ᠣᠶᠤᠨ ᠮᠠᠳᠠᠷᠠᠮᠵᠢ ᠶᠢᠨ ᠶᠡᠭᠡ ᠳᠤᠯᠭᠢᠰᠤᠯ ᠠᠪᠴᠢᠷᠠᠬᠤ ᠨᠢ ᠴᠤ ᠳᠠᠮᠵᠢᠭ ᠦᠭᠡᠶ᠃ ᠢᠩᠭᠢᠭᠦ ᠪᠠᠷ ᠶᠢᠡᠨ ᠵᠠᠯᠠᠭᠤ ᠪᠠᠭᠠᠴᠤᠳ ᠤᠨ ᠣᠷᠮᠠᠰᠢᠯ ᠢ ᠣᠯᠠᠮ ᠶᠡᠭᠡ ᠳᠠᠳᠠᠳᠠᠭ ᠪᠠᠢ᠌ᠯ᠎ᠡ᠃ ᠡᠢ᠌ᠮᠤ ᠳᠤᠭᠯᠠᠭᠠᠮ ᠢ ᠠᠷᠪᠢᠨ ᠨᠠᠭᠠᠳᠤᠭᠰᠠᠨ ᠭᠦᠮᠤᠨ ᠠᠶᠤᠯ ᠰᠥᠷᠳᠡᠭᠦᠯᠦᠯ ᠪᠦᠷᠭᠦᠭ᠍ᠰᠡᠨ ᠴᠢᠰᠤ ᠨᠦᠵᠢᠳᠤ ᠣᠷᠴᠢᠨ ᠠᠬᠤᠢ ᠳᠤ ᠨᠢᠭᠡᠮᠦᠰᠤᠨ ᠳᠡᠰᠴᠤ᠂ ᠡᠭᠦᠨ ᠡᠴᠡ ᠨᠠᠩ ᠢᠯᠡᠭᠦᠤ ᠰᠥᠷᠳᠡᠭᠦᠯᠦᠯ ᠤᠨ ᠠᠬᠤᠢ ᠲᠡᠶ ᠳᠤᠭᠯᠠᠭᠠᠮ ᠨᠢ ᠰᠠ‍‌ᠶᠢ ᠳᠡᠭᠦᠨ ᠤ ᠰᠤᠨᠢᠭᠤᠴᠢ ᠰᠠᠤᠠᠭᠢᠯ ᠢ ᠨᠢ ᠬᠠᠩᠭ᠋ᠠᠵᠤ ᠴᠢᠳᠠᠬᠤ ᠪᠤᠯᠤᠨ᠎ᠠ᠃ ᠡᠢ᠌ᠮᠤ ᠳᠤᠭᠯᠠᠭᠠᠮ ᠳᠤ ᠮᠡᠨᠡᠭ᠍ᠰᠢᠭ᠍ᠰᠡᠨ ᠭᠦᠳᠡᠭᠡᠨ ᠤ ᠨᠢᠭᠡ ᠵᠠᠯᠠᠭᠤ᠂ ᠰᠦᠯᠵᠢᠶᠠᠨ ᠳᠡᠭᠡᠷ᠎ᠡ ᠨᠠᠭᠠᠤᠠᠴᠤ ᠰᠤᠷᠤᠭᠰᠠᠨ ᠠᠷᠭ᠎ᠠ ᠪᠠᠷᠢᠯ ᠶᠢᠡᠨ ᠭᠡᠷᠡᠭᠯᠡᠵᠤ᠂ ᠰᠥᠯᠵᠢᠶᠡᠨ ᠬᠠᠨᠢ ᠪᠠᠨ ᠭᠡᠷ ᠲᠡᠭᠡᠨ ᠮᠡᠭᠡᠯᠡᠵᠤ ᠠᠪᠠᠴᠢᠨ ᠣᠭᠳᠤᠴᠢᠵᠤ ᠠᠯᠠᠭᠠᠤᠨ ᠭᠦᠷᠢᠶᠡᠨ ᠳᠤᠳᠤᠷ᠎ᠠ ᠪᠠᠨ ᠪᠣᠯᠠᠵᠤ ᠤᠷᠭᠢᠵᠡᠢ᠃ ᠢᠩᠭᠢᠭᠦ ᠳᠤᠳᠤᠮ ᠰᠠᠳᠠᠯᠳᠠ ᠲᠡᠶ ᠪᠦᠭᠡᠤᠨ ᠳᠠᠭᠠᠯᠠᠮᠵᠢᠳᠠᠢ ᠰᠠᠨᠠᠭᠳᠠᠵᠤ ᠬᠣᠢ᠌ᠨ᠎ᠠ ᠬᠣᠢ᠌ᠨ᠎ᠠ ᠡᠴᠡ ᠨᠢ ᠳᠠᠪᠤᠨ ᠭᠦᠮᠤᠨ ᠢ ᠢᠩᠭᠢᠵᠤ ᠠᠯᠠᠭᠠᠤᠨ ᠰᠠ‍‌ᠶᠢ ᠭᠡᠷᠡᠭ᠌ ᠨᠢ ᠯᠡᠪᠠᠷᠡᠭ᠍ᠰᠡᠨ ᠢ ᠣᠷᠵᠢᠨᠤᠨ ᠤ ᠳᠸᠯᠸᠢᠰ ᠮᠡᠳᠡᠭᠡᠯᠡᠯ ᠡᠴᠡ ᠦᠵᠡᠵᠤ ᠥᠩᠭᠡᠷᠡᠵᠡᠢ᠃ ᠤᠷᠢᠳᠤ ᠳᠠᠭᠠᠨ ᠶᠠᠯᠠᠳᠠᠨ ᠢ ᠠᠯᠠᠬᠤ ᠳᠤ ᠠᠷᠪᠢᠨ ᠠᠮᠢ ᠬᠤᠷᠤᠭᠠᠭᠰᠠᠨ ᠶᠠᠷᠭᠠᠴᠢᠨ ᠢ ᠭᠡᠷᠡᠭᠯᠡᠳᠡᠭ᠌᠂ ᠡᠢ᠌ᠮᠤ ᠭᠦᠮᠤᠨ᠂ ᠭᠦᠮᠤᠨ ᠠᠯᠠᠭᠰᠠᠭᠠᠷ ᠪᠠᠢ᠌ᠵᠤ ᠳᠠᠤᠠᠭᠠᠯᠢᠰᠢᠴᠢᠭᠰᠠᠨ ᠪᠣᠯᠬᠤᠷ ᠶᠠᠭ ᠳᠦᠯᠡᠭᠡ ᠮᠤᠳᠤ ᠴᠠᠪᠴᠢᠬᠤ ᠠᠳᠠᠯᠢ ᠶᠠᠷᠤ ᠶᠢᠨ ᠭᠡᠷᠡᠭ᠌ ᠪᠣᠯᠴᠢᠬᠠᠭᠰᠠᠨ ᠪᠠᠢ᠌ᠨ᠎ᠡ᠃ ᠡᠨᠡ ᠪᠣᠯ ᠳᠤᠬᠠᠢ ᠶᠢᠨ ᠨᠡᠢ᠌ᠭᠡᠮ ᠤᠨ ᠭᠡᠷᠡᠭ᠍ᠴᠡᠭᠡ ᠡᠴᠡ ᠪᠣᠯᠤᠭᠰᠠᠨ ᠣᠠᠴᠠᠭᠠᠢ ᠥᠵᠡᠭ᠍ᠳᠡᠯ ᠪᠣᠯᠬᠤ ᠶ‍ᠦᠮ᠃ ᠭᠡᠳᠡᠯ᠎ᠡ ᠰᠤᠶᠤᠯ ᠰᠢᠡᠵᠢᠯᠡᠭᠦ ᠣᠬᠠᠭᠠᠨ ᠳᠡᠭᠡᠳᠤ ᠭᠡᠮᠵᠢᠶ᠎ᠡ ᠪᠠᠷ ᠭᠦᠭ᠍ᠵᠢᠭ᠍ᠰᠡᠨ ᠡᠶ᠎ᠡ ᠨᠠᠢ᠌ᠷᠠᠮᠳᠠᠯᠳᠤ ᠡᠩᠭᠡ ᠲᠦᠪᠰᠢᠨ ᠭᠦᠷᠤᠨ ᠳᠤ᠂ ᠰᠦᠯᠵᠢᠶᠠᠨ ᠳᠤᠭᠯᠠᠭᠠᠮ ᠳᠤ ᠵᠥᠨᠦᠭ᠍ᠷᠡᠭ᠍ᠰᠡᠨ ᠨᠢᠯᠬ᠎ᠠ ᠪᠠᠯᠴᠢᠷ ᠦᠬᠢᠨ᠂ ᠬᠤᠸᠠᠷ ᠬᠠᠤᠠᠬᠤᠵᠤ ᠡᠷᠪᠠᠭᠡᠢ ᠵᠢᠷᠤᠬᠤ ᠪᠣᠯᠪᠠᠷᠠᠢ ᠬᠤᠷᠤᠭᠤ ᠪᠠᠷ ᠶᠢᠡᠨ ᠭᠦᠮᠤᠨ ᠢ ᠭᠢᠳᠤᠭᠠᠯᠠᠨ᠎ᠠ ᠭᠡᠭ᠍ᠴᠢ ᠳᠤᠤᠷ ᠰᠦᠯᠵᠢᠶᠠᠨ ᠤ ᠬᠤᠤᠷ ᠪᠢᠰᠢ ᠭᠡᠵᠤ ᠭᠡᠯᠡᠭᠡᠤᠨ ᠭᠠᠷᠤᠨ᠎ᠠ ᠦᠦ︖

ᠪᠠᠭᠠᠴᠤᠳ ᠵᠠᠯᠠᠭᠤᠴᠤᠳ ᠤᠨ ᠰᠥᠷᠳᠡᠭᠦᠯᠦᠯ ᠤᠨ ᠭᠡᠷᠡᠭ᠌ ᠭᠦᠭ᠍ᠵᠢᠭ᠍ᠰᠡᠨ ᠣᠯᠤᠰ ᠤᠳ ᠶᠢᠡᠷ ᠪᠦᠷ ᠭᠠᠷᠴᠤ ᠪᠣᠢ ᠪᠦᠭᠡᠤᠨ᠂ ᠡᠭᠦᠰᠦᠭ᠍ᠰᠡᠨ ᠰᠢᠯᠳᠠᠭᠠᠨ ᠨᠢ ᠳᠤᠰ ᠳᠤᠰ ᠤᠨ ᠢᠯᠭᠠᠭ᠎ᠠ ᠲᠡᠶ ᠪᠠᠢ᠌ᠯ᠎ᠠ ᠴᠤ᠂ ᠶᠡᠭᠡᠩᠭᠢ ᠨᠢ ᠰᠦᠯᠵᠢᠶᠠᠨ ᠳᠤᠭᠯᠠᠭᠠᠮ ᠡᠴᠡ ᠢᠷᠠᠯᠳᠠ ᠲᠡᠶ ᠪᠣᠯᠬᠤ ᠶᠢ ᠰᠤᠳᠤᠯᠭᠠᠴᠢᠳ ᠨᠤᠳᠠᠯᠠᠵᠤ ᠪᠠᠢ᠌ᠨ᠎ᠠ᠃ ᠠᠮᠸᠷᠢᠺᠠ ᠳᠤ ᠰᠤᠷᠭᠠᠭᠤᠯᠢ ᠶᠢᠨ ᠭᠦᠷᠢᠶᠡᠨ ᠤ ᠫᠣᠤᠳᠠᠭᠰᠠᠨ ᠭᠡᠷᠡᠭ᠌ ᠵᠢᠯ ᠪᠦᠷᠢ ᠭᠠᠷᠴᠤ ᠪᠣᠢ ᠪᠦᠭᠡᠤᠨ᠂ ᠡᠨᠡ ᠨᠢ ᠭᠢᠳᠤᠭ᠎ᠠ ᠰᠢᠪᠦᠭᠡ ᠡᠴᠡ ᠬᠤᠯᠠ ᠳᠠᠪᠰᠢᠭᠰᠠᠨ ᠵᠡᠪᠰᠡᠭ᠌ ᠪᠠᠢ᠌ᠵᠤ᠂ ᠰᠦᠯᠵᠢᠶᠠᠨ ᠳᠤᠭᠯᠠᠭᠠᠮ ᠳᠤ ᠵᠠᠮᠤᠭ ᠭᠤᠬᠠᠳᠠᠬᠤ ᠠᠳᠠᠯᠢ ᠬᠠᠮᠳᠤ ᠰᠤᠷᠤᠭᠴᠢ ᠶᠢᠨ ᠶᠢᠡᠨ ᠥᠭᠡᠳᠡ ᠡᠴᠡ ᠰᠥᠷᠴᠢᠭᠡᠤᠨ ᠣᠷᠭᠢᠪᠠᠯ ᠠᠷᠪᠢᠨ ᠭᠦᠮᠤᠨ ᠢ ᠣᠨᠠᠭᠠᠵᠤ ᠴᠢᠳᠡᠨ᠎ᠡ᠃ ᠭᠦᠮᠤᠨ ᠤ ᠶ‍ᠢᠷᠳᠢᠠᠴᠤ ᠪᠣᠯ ᠪᠣᠰᠤᠤᠠᠴᠢ ᠠᠬᠤᠢ ᠪᠠᠢ᠌ᠳᠠᠯ᠎ᠠ ᠪᠠᠨ ᠳᠤᠤᠷ ᠰᠦᠯᠵᠢᠶ᠎ᠠ ᠪᠣᠯ ᠬᠠᠷᠢᠨ ᠭᠡᠢ᠌ᠰᠪᠦᠷᠢᠯᠡᠭ᠍ᠰᠡᠨ ᠶ‍ᠢᠷᠳᠢᠠᠴᠤ ᠪᠠᠢ᠌ᠵᠤ᠂ ᠪᠣᠷᠤᠩᠬᠠᠢ ᠳᠤᠭᠯᠠᠭᠠᠮ ᠳᠤ ᠰᠢᠨᠤᠭᠰᠠᠨ ᠨᠢᠭᠡ ᠨᠢ ᠭᠡᠳᠤᠨ ᠡᠳᠦᠷ ᠭᠡᠳᠤᠨ ᠰᠦᠨᠢ ᠰᠠᠯᠬᠤ ᠥᠭᠡᠢ 《ᠪᠠᠢ᠌ᠯᠳᠤᠭᠰᠡᠭᠠᠷ》 ᠪᠠᠢ᠌ᠵᠤ᠂ ᠪᠠᠶ᠎ᠡ ᠨᠢ ᠰᠦᠯᠵᠢᠶᠠᠨ ᠮᠤᠬᠤᠯᠠᠭ ᠡᠴᠡ ᠰᠠᠯᠤᠭᠰᠠᠨ ᠪᠠᠢ᠌ᠳᠠᠯ᠎ᠠ ᠪᠠᠨ ᠳᠠᠷᠢᠭᠢ ᠨᠢ ᠮᠦᠨ ᠯᠠ ᠭᠡᠢ᠌ᠰᠪᠦᠷᠢᠯᠡᠭ᠍ᠰᠡᠨ ᠣᠷᠴᠢᠨ ᠠᠬᠤᠢ ᠳᠤ ᠳᠡᠨᠦᠭᠡᠤᠨ ᠭᠡᠷᠡᠭ᠌ ᠳᠠᠳᠠᠨ ᠠᠮᠢ ᠬᠤᠷᠤᠭᠠᠬᠤ ᠳᠤ ᠭᠦᠷᠳᠡᠭ᠌ ᠪᠠᠢ᠌ᠨ᠎ᠠ᠃ ᠪᠠᠭᠠᠴᠤᠳ ᠵᠠᠯᠠᠭᠤᠴᠤᠳ ᠤᠨ ᠣᠶᠤᠨ ᠳᠠᠷᠢᠭᠢ ᠭᠡᠯᠪᠠᠷᠢᠵᠢᠨ ᠳᠤᠭᠳᠠᠭᠠᠳᠤᠢ ᠱᠠᠳᠤᠨ ᠳᠠᠭᠠᠨ ᠪᠠᠢ᠌ᠭ᠎ᠠ ᠳᠤᠯᠠ ᠨᠠᠭᠠᠳᠤᠮ ᠢ ᠦᠨᠡᠨ ᠪᠣᠯᠭᠠᠵᠤ᠂ ᠪᠣᠳᠠᠳᠤ ᠠᠬᠤᠢ ᠶᠢ ᠴᠡᠭᠡᠨ ᠭᠦᠰᠢᠭᠡ ᠲᠡᠶ ᠡ᠊ᠨᠳᠡᠭᠦᠷᠡᠭᠦ ᠶᠠᠪᠣᠳᠠᠯ ᠵᠥᠩᠳᠡᠭᠡᠨ ᠭᠠᠷᠬᠤ ᠪᠠᠷ ᠵᠤᠭᠰᠤᠬᠤ ᠦᠭᠡᠶ᠂ ᠠᠬᠠᠳᠠᠪᠠᠯ ᠰᠤᠯᠢᠶᠠᠷᠬᠤ ᠳᠤ ᠭᠦᠷᠦᠨ᠎ᠡ᠃ ᠡᠭᠦᠨ ᠢ 《ᠰᠦᠯᠵᠢᠶᠠᠨ ᠰᠤᠯᠢᠶ᠎ᠡ》 ᠭᠡᠨ᠎ᠡ᠃ ᠡᠭᠦᠨ ᠡᠴᠡ ᠪᠢᠳᠠ ᠮᠸᠩᠽᠢ ᠶᠢᠨ ᠡᠭᠡ ᠶᠠᠭᠤᠨ ᠤ ᠳᠦᠯᠦᠭᠡ ᠭᠡᠷ ᠶᠢᠡᠨ ᠭᠤᠷᠪᠠᠠᠳᠠ ᠨᠡᠭᠦᠯᠭᠡᠭᠦ ᠪᠢᠯᠠ ᠭᠡᠳᠡᠭ᠌ ᠢ ᠰᠡᠳᠭᠢᠭᠦᠰᠢᠳᠡᠢ ᠪᠠᠢ᠌ᠨ᠎ᠠ᠃

ᠳᠤᠤᠷ ᠰᠦᠯᠵᠢᠶ᠎ᠠ ᠪᠣᠯ ᠯᠠᠪᠳᠠᠢ ᠨᠢᠭᠡᠨ ᠬᠤᠠᠳᠠᠭ᠎ᠠ 《ᠬᠤᠤᠷᠳᠤ ᠳᠠᠷᠠᠰᠤ》 ᠪᠢᠰᠢ᠂ ᠬᠠᠷᠢᠨ ᠮᠡᠳᠡᠯᠭᠡ ᠶᠢᠨ ᠭᠦᠮᠦᠷᠭᠡ ᠡᠷᠳᠡᠮ ᠤᠨ ᠳᠠᠯᠠᠢ ᠮᠥᠨ᠃ ᠡᠨᠡ ᠳᠠᠯᠠᠢ ᠡᠴᠡ 《ᠳᠡᠨ᠎ᠡ ᠰᠤᠪᠦᠤᠨ》 ᠱᠥᠭᠦᠭᠦ ᠳᠤ᠂ ᠬᠤᠤᠷᠳᠤ ᠭᠢᠰᠦᠭ᠎ᠠ᠂ ᠪᠠᠭᠡᠳᠤ ᠵᠢᠭᠠᠰᠤ ᠮᠠᠳᠤ ᠶᠢᠨ ᠬᠤᠤᠷᠳᠠᠢ ᠠᠮᠢᠳᠠᠨ ᠪᠠᠢ᠌ᠬᠤ ᠪᠠᠷ ᠪᠠᠷᠠᠬᠤ ᠦᠭᠡᠶ᠂ ᠲ᠋ᠠᠯᠠᠢ ᠳᠠᠩᠭᠢᠰ ᠤᠨ ᠳᠡᠷᠢᠭᠦᠨ ᠶᠠᠷᠭᠠᠴᠢᠨ ᠪᠣᠯᠬᠤ 《ᠴᠠᠭᠠᠨ ᠰᠡᠯᠢᠭᠦᠷᠳᠤ ᠳᠤᠯᠠᠨ》 ᠮᠠᠳᠤ ᠶᠢᠨ ᠳᠤᠮᠤ ᠠᠮᠢᠳᠠᠨ ᠣᠢ᠌ᠷ᠎ᠠ ᠬᠠᠪᠢ ᠪᠠᠷ ᠴᠢᠨᠢ ᠡᠷᠭᠢᠯᠳᠦᠵᠤ᠂ ᠵᠡᠯᠠᠭᠤᠴᠦᠳ ᠪᠠᠭᠠᠴᠤᠳ ᠤᠨ ᠰᠤᠨᠢᠷᠬᠠᠯ ᠢ ᠳᠠᠳᠠᠭᠠᠤᠨ ᠪᠠᠢ᠌ᠳᠠᠭ᠃ ᠡᠳᠡᠭᠡᠷ 《ᠶᠠᠷᠭᠠᠴᠢᠳ》 ᠊ᠤᠨ ᠬᠤᠤᠷ ᠢ ᠠᠮᠰᠠᠵᠤ ᠥᠵᠡᠭᠡ ᠦᠭᠡᠶ ᠰᠢᠨ᠎ᠠ ᠨᠢᠭᠡ ᠦᠶ᠎ᠡ ᠵᠢᠨ ᠭᠢᠨ 《ᠰᠠ‍‌ᠶᠢ ᠳᠦᠷᠦᠭ᠍ᠰᠡᠨ ᠳᠤᠭᠤᠯ ᠪᠠᠷᠰ ᠡᠴᠡ ᠠᠶᠤᠬᠤ ᠦᠭᠡᠶ》 ᠪᠠᠢ᠌ᠬᠤ ᠨᠢ ᠵᠦᠢ ᠶᠤᠰᠤᠨ ᠤ ᠭᠡᠷᠡᠭ᠌᠃ ᠡᠢ᠌ᠮᠦᠷᠭᠦᠤ 《ᠳᠦᠭᠡᠷᠢᠭ᠍ᠳᠡᠭᠦᠯᠦᠯ ᠤᠨ ᠮᠠᠨᠠᠨ》 ᠲ᠋ᠤᠮᠳᠠ ᠡᠴᠡ ᠵᠠᠯᠠᠭᠤ ᠪᠠᠭᠠᠴᠤᠳ ᠶᠢᠡᠨ ᠠᠪᠣᠷᠠᠬᠤ ᠶᠢᠨ ᠳᠦᠯᠦᠭᠡ ᠪᠠᠭᠰᠢ ᠭᠡᠷ ᠤᠨ ᠠᠬᠠᠮᠠᠤᠨ ᠭᠡᠰᠡᠨ ᠦᠭᠡᠶ ᠨᠡᠢ᠌ᠭᠡᠮ ᠨᠠᠢ᠌ᠳᠠ ᠪᠠᠷ ᠶᠢᠡᠨ ᠭᠦᠳᠡᠯᠦᠯᠴᠡᠵᠤ᠂ ᠨᠢᠭᠡᠨ ᠶᠡᠭᠡ ᠦᠵᠡᠯ ᠰᠠᠨᠠᠭᠠᠨ ᠤ ᠳᠤᠮᠤ ᠬᠠᠰᠢᠯᠭ᠎ᠠ ᠶᠢ ᠪᠠᠢ᠌ᠭᠤᠯᠤᠭᠠᠤᠨ᠂ ᠦᠷ᠎ᠡ ᠬᠣᠢ᠌ᠴᠢᠰ ᠶᠢᠡᠨ ᠠᠵᠢᠯ ᠣᠢ᠌ᠯᠠᠰ ᠤᠨ ᠠᠯᠳᠠᠩᠬᠠᠨ ᠣᠷᠭᠢᠯ ᠥᠭᠡᠳᠡ ᠨᠢ ᠭᠦᠳᠦᠯᠤᠨ ᠵᠢᠯᠤᠭᠤᠳᠠᠪᠠᠯ ᠳᠡᠭᠠᠷᠡᠨ᠎ᠡ᠃ ᠭᠡᠳᠡᠯ᠎ᠡ ᠠᠮᠸᠷᠢᠺᠠ ᠶᠢᠨ ᠭᠢᠨ ᠡᠨᠡ ᠪᠠᠢ᠌ᠳᠠᠯ ᠳ᠋ᠤ 《ᠪᠣᠷᠤᠭᠤ ᠡᠰᠢᠯᠡᠭ᠍ᠰᠡᠨ ᠰᠥᠭᠡ》 ᠵᠢ᠌ ᠪᠣᠷᠤᠭᠤ ᠪᠠᠷ ᠨᠢ ᠵᠠᠷᠤᠵᠤ᠂ ᠰᠦᠯᠵᠢᠶᠠᠨ ᠤ ᠳᠤᠭᠯᠠᠭᠠᠮ ᠳᠤ ᠰᠢᠯᠭᠠᠷᠠᠭᠰᠠᠤᠨ ᠢ ᠬᠤᠰᠢᠭᠤᠴᠢ ᠴᠡᠷᠢᠭ᠌ ᠶᠢᠡᠷ ᠡᠯᠰᠡᠵᠤ ᠠᠷᠠᠪᠴᠤᠳ ᠢ ᠭᠢᠳᠤᠬᠤ ᠳᠠᠢ᠌ᠨ ᠤ ᠥᠷᠡᠭ᠍ᠳᠡᠯ ᠪᠣᠯᠭᠠᠵᠤ ᠪᠠᠢ᠌ᠨ᠎ᠡ᠃ ᠲ᠋ᠡᠭᠡᠭᠦ ᠳᠤ ᠪᠢᠳᠠ ᠦᠷ᠎ᠡ ᠭᠡᠦᠭᠡᠤᠨ ᠶᠢᠡᠨ ᠶᠠᠭᠠᠭᠢᠭᠰᠠᠨ ᠴᠤ 《ᠳᠠᠢ᠌ᠠᠴᠢ ᠰᠢᠷᠭᠤᠯᠵᠢ》 ᠪᠣᠯᠭᠠᠵᠤ ᠪᠣᠯᠬᠤ ᠦᠭᠡᠶ᠂ ᠲ᠋ᠠᠳᠠᠨ ᠢ ᠡᠷᠡᠭᠦᠯ ᠰᠠᠷᠠᠭᠤᠯᠬᠠᠨ ᠶᠢᠡᠷ ᠡᠷᠳᠡᠮ ᠤᠨ ᠣᠷᠭᠢᠯ ᠳᠤ ᠭᠦᠷᠭᠡᠵᠤ ᠢᠷᠡᠭᠡᠳᠦᠢ ᠶᠢᠨ ᠰᠢᠯᠭᠠᠷᠠᠭᠰᠠᠨ ᠵᠠᠯᠭᠠᠮᠵᠢᠯᠠᠭᠴᠢ ᠪᠣᠯᠭᠠᠬᠤ ᠪᠠᠷ ᠪᠦᠭᠦ ᠭᠦᠴᠤ ᠪᠠᠷ ᠶᠢᠡᠨ ᠴᠢᠷᠮᠠᠢ᠌ᠬᠤ ᠭᠡᠷᠡᠭ᠍ᠳᠡᠢ ᠪᠣᠯᠤᠭᠠᠤᠨ ᠪᠠᠢ᠌ᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6871
ᠴᠠᠭ᠄ 2009 ᠤᠨ ᠤ 04 ᠰᠠᠷ᠎ᠠ ᠶᠢᠨ 29