ᠵᠢᠷᠭᠤᠭ᠎ᠠ ᠂ ᠬᠠᠷ᠎ᠠ ᠲᠤᠯᠤᠭᠠᠢ ᠳᠠᠭᠠᠨ ᠪᠢᠯᠡᠭᠦᠦ ᠬᠤᠷᠢᠶᠠᠭᠰᠠᠨ ᠬᠦᠮᠦᠨ


ᠡᠷ᠎ᠡ ᠶᠢᠨ ᠵᠢᠯᠤᠭᠤ ᠵᠤᠷᠢᠭ ᠁

᠊᠊᠊᠊᠊᠊᠊᠊᠊᠊᠊᠊᠊᠊᠊ ᠮᠤᠩᠭ᠋ᠤᠯ ᠠᠷᠠᠤᠨ ᠤᠨ ᠮᠡᠷᠭᠡᠨ ᠥᠭᠡ

ᠠᠯᠢᠶ᠎ᠠ ᠨᠠᠷᠭᠢᠶᠠᠠᠳᠠᠢ ᠪᠠᠢ᠌ᠬᠤ ᠨᠢ ᠭᠦᠮᠤᠨ ᠤ ᠬᠠᠮᠤᠭ ᠤᠨ ᠭᠠᠢ᠌ᠬᠠᠮᠰᠢᠭᠳᠤ ᠴᠢᠨᠠᠷ ᠮᠦᠨ᠃

᠊᠊᠊᠊᠊᠊᠊᠊᠊᠊᠊᠊᠊᠊᠊ ᠹ᠂ ᠮ᠂ ᠳ᠋ᠤᠰᠲ᠋ᠤᠶ‍ᠸᠹᠺᠢ


ᠪᠠᠽᠠᠷ ᠢ ᠰᠡᠷᠢᠭᠦ ᠳᠤ ᠳᠤᠯᠤᠭᠠᠢ ᠨᠢ ᠳᠦᠭᠦᠷᠴᠢᠭᠡᠭ᠍ᠰᠡᠨ ᠬᠠᠮᠤᠭ ᠪᠠᠶ᠎ᠠ ᠨᠢ ᠴᠡᠴᠡᠷᠡᠭᠦᠯᠦᠭᠡᠤᠨ᠂ ᠬᠤᠩᠭ᠋ᠤᠨ ᠤ ᠭᠢᠨᠢ ᠠᠷᠠᠰᠤ ᠳᠠᠳᠠᠯᠳᠠᠨ ᠬᠤᠷᠤᠰᠴᠤ ᠪᠠᠢ᠌ᠪᠠ᠃ 《ᠡᠨ᠂ ᠪᠢ ᠴᠢᠨᠢ ᠪᠠᠷᠢᠭᠳᠠᠵᠤ᠂ ᠠᠪᠠᠭ᠎ᠠ ᠳ᠋ᠠ ᠸᠠᠩ ᠤᠨ ᠳᠤ ᠭᠦᠷᠭᠡᠭ᠍ᠳᠡᠵᠤ ᠯᠠ ᠳ᠋ᠠ》 ᠭᠡᠵᠤ ᠪᠣᠳᠤᠯ᠎ᠠ᠃ ᠪᠣᠯᠤ ᠴᠢᠯᠠᠭᠤ ᠵᠡᠭᠦᠴᠢᠭᠡᠭ᠍ᠰᠡᠨ ᠶᠤᠮ ᠰᠢᠭ᠌ ᠭᠦᠡᠳᠦᠷᠡᠭᠡᠤᠨ ᠪᠠᠢ᠌ᠭ᠎ᠠ ᠳᠤᠯᠤᠭᠠᠢ ᠪᠠᠨ ᠡᠷᠭᠦᠪᠠᠯ ᠨᠢᠳᠤ ᠨᠢ ᠪᠦᠷᠦᠯᠵᠡᠭᠡᠤᠨ ᠶᠠᠭᠤᠮ᠎ᠠ ᠬᠠᠷᠠᠵᠤ ᠴᠢᠳᠠᠭᠰᠠᠨ ᠦᠭᠡᠶ᠃ ᠭᠡᠳᠤᠨ ᠬᠤᠷᠤᠮ ᠤᠨ ᠳᠠᠷᠠᠭ᠎ᠠ ᠮᠠᠭᠤ ᠭᠡᠷ ᠡᠴᠡ ᠪᠠᠨ ᠠᠷᠠᠢ ᠳᠤᠮᠤᠬᠠᠨ ᠬᠠᠷ᠎ᠠ ᠭᠡᠷ ᠲᠤ ᠭᠠᠷ ᠲᠤ ᠪᠠᠨ ᠭᠠᠪᠠ ᠲᠡᠶ᠂ ᠭᠦᠯ ᠳᠡᠭᠡᠨ ᠭᠢᠠᠵᠢ ᠲᠡᠶ ᠭᠡᠪᠳᠡᠵᠤ ᠪᠠᠢ᠌ᠭ᠎ᠠ ᠪᠠᠨ ᠣᠢ᠌ᠯᠠᠭᠠᠪᠠ᠃ 《ᠬᠠᠢ᠂ ᠡᠴᠢᠭᠡᠢ᠃ ᠱᠤᠷᠦᠩ ᠶᠠᠭᠤ ᠪᠠᠢ᠌ᠬᠤᠪ ᠳ᠋ᠠ᠂ ᠥᠯᠢᠶᠡᠴᠢᠭᠡᠭᠡᠤᠨ ᠴᠤ ᠭᠡᠢ᠌ᠰᠦᠮᠡᠷ ᠡᠳ᠋ ᠶᠤᠮ᠃ ᠮᠠᠠᠵᠤ ᠶᠢᠨ ᠬᠠᠭᠠᠨ ᠶᠠᠷᠤ ᠨᠢ ᠶᠠᠮᠠᠷ ᠬᠠᠷᠠᠮᠴᠢ ᠪᠢᠷᠢᠳ ᠶᠤᠮ ᠪᠣᠢ ⁈ ᠴᠥᠭᠡᠨ ᠯᠠᠩ ᠮᠥᠩᠭᠦ ᠵᠠᠷᠤᠭᠠᠤᠨ ᠡᠨᠡ ᠬᠤᠰᠢᠭᠤᠳ ᠲᠤ ᠣᠯᠢᠭᠳᠠᠢ ᠭᠡᠭ᠍ᠴᠢ ᠱᠤᠷᠦᠩ ᠪᠠᠷᠢᠭᠤᠯᠴᠢᠬᠠᠬᠤ ᠦᠭᠡᠶ︕ ᠰᠠᠢ᠌ᠨ ᠱᠤᠷᠤᠩ ᠡᠴᠡ ᠰᠠᠢ᠌ᠨ ᠡᠷ᠎ᠡ ᠳᠦᠷᠦᠭᠦ ᠶᠤᠰᠤᠳᠠᠢ︕》 ᠭᠡᠵᠤ ᠪᠣᠳᠤᠭᠰᠠᠨ ᠶᠢᠡᠨ ᠱᠤᠷᠤᠩ ᠢ ᠠᠶᠠᠭ᠎ᠠ ᠲᠡᠶ ᠵᠥᠢᠷᠯᠡᠭ᠍ᠰᠡᠨ ᠡᠴᠡ ᠪᠣᠯᠵᠤ ᠣᠴᠢᠷ ᠦᠭᠡᠶ ᠴᠠᠩᠭ᠋ᠠᠵᠤ ᠪᠠᠢ᠌ᠭ᠎ᠠ ᠪᠠᠨ ᠮᠠᠳᠠᠷᠠᠵᠤ ᠬᠠᠭᠠᠯᠭ᠎ᠠ ᠣᠷᠤᠭᠤ ᠬᠠᠷᠠᠵᠤ᠄

᠊᠊᠊᠊᠊᠊᠊᠊᠊᠊᠊᠊᠊᠊᠊ ᠭᠦᠶ‍ᠢ᠂ ᠭᠦᠮᠤᠨ ᠪᠠᠢ᠌ᠨ᠎ᠠ ᠦᠦ︖ ᠭᠡᠵᠤ ᠬᠠᠰᠭᠢᠷᠤᠯ᠎ᠠ᠃

᠊᠊᠊᠊᠊᠊᠊᠊᠊᠊᠊᠊᠊᠊᠊ ᠡᠭᠦᠳᠡᠨ ᠤ ᠳᠤᠰ ᠭᠠᠵᠠᠷ ᠨᠢᠭᠡ ᠮᠠᠭᠤ ᠴᠠᠭᠢᠭᠤᠷ ᠫᠣᠤ ᠮᠥᠷᠦᠯᠡᠭᠡᠤᠨ ᠵᠤᠭᠰᠤᠵᠤ ᠪᠠᠢ᠌ᠭᠰᠠᠨ ᠬᠤᠶᠠᠭ ᠳᠤᠳᠤᠭᠤ ᠪᠠᠷ ᠬᠠᠷᠠᠵᠤ᠂ ᠳᠤᠭᠳᠠᠭᠤᠨ ᠪᠣᠷᠤ ᠨᠢᠳᠤᠨ ᠤ ᠬᠠᠷᠠᠴᠠ ᠶᠢ ᠪᠠᠽᠠᠷ ᠤᠨ ᠨᠢᠭᠤᠷᠤᠨ ᠳᠡᠭᠡᠷ᠎ᠡ ᠳᠤᠰᠬᠠᠨ᠄

᠊᠊᠊᠊᠊᠊᠊᠊᠊᠊᠊᠊᠊᠊᠊ ᠳᠠ ᠶᠠᠭᠤ ᠭᠡᠪᠡ︖ ᠭᠡᠵᠤ ᠨᠠᠮᠤᠭᠤᠬᠠᠨ ᠠᠰᠠᠭᠤᠵᠤ ᠪᠠᠢ᠌ᠪᠠ᠃

᠊᠊᠊᠊᠊᠊᠊᠊᠊᠊᠊᠊᠊᠊᠊ ᠬᠠᠷᠠᠴᠤ ᠭᠦᠮᠦᠰ ᠤᠨ ᠬᠤᠪᠢ ᠳᠠᠪᠢᠯᠠᠩ ᠨᠢᠭᠡ ᠪᠠᠢ᠌ᠳᠠᠭ ᠢ ᠴᠢ ᠯᠠᠪ ᠮᠡᠳᠡᠭᠦ ᠪᠢᠵᠠ︕ ᠣᠤᠭᠤᠬᠤ ᠶᠠᠭᠤᠮ᠎ᠠ ᠬᠠᠢ᠌ᠷᠠᠯᠠᠭᠠᠴᠢ᠃ ᠬᠠᠳᠠᠵᠤ ᠥᠭᠦᠭᠦ ᠨᠢ︕ ᠴᠠᠭᠠᠳᠤᠯᠠ ᠴᠢᠨᠢ ᠶᠠᠭᠤᠨ ᠳᠤ ᠨᠠᠮᠢ᠋ᠢ ᠢᠩᠭᠢᠳᠠᠯ᠎ᠠ ᠵᠠᠠᠴᠢᠵᠤ ᠣᠷᠭᠢᠪᠠ︕ ᠁

᠊᠊᠊᠊᠊᠊᠊᠊᠊᠊᠊᠊᠊᠊᠊ ᠮᠠᠨ ᠤ ᠳᠠᠮᠠᠭ᠎ᠠ ᠶᠢᠨ ᠭᠠᠵᠠᠷ ᠳᠠᠨ ᠢ ᠵᠤᠳᠤᠭ᠎ᠠ ᠦᠭᠡᠶ ᠪᠠᠢ᠌ᠬ᠎ᠠ︕ ᠪᠠᠷᠢᠵᠤ ᠢᠷᠡᠭ᠍ᠰᠡᠨ ᠣᠯᠤᠰ ᠤᠨ ᠯᠠ ᠠᠵᠢᠯ︕ ᠭᠡᠭᠦ ᠳᠤ ᠪᠠᠽᠠᠷ ᠭᠦᠤᠨ ᠭᠦᠤᠨ ᠢᠨᠢᠶᠠᠵᠤ᠄

᠊᠊᠊᠊᠊᠊᠊᠊᠊᠊᠊᠊᠊᠊᠊ ᠳᠠᠨ ᠤ ᠳᠠᠮᠠᠭ᠎ᠠ ᠶᠢᠨ ᠭᠠᠵᠠᠷ ᠵᠤᠳᠤᠭ᠎ᠠ ᠦᠭᠡᠶ᠂ ᠳᠡᠭᠡᠭᠦ ᠳᠤ ᠵᠤᠳᠤᠬᠤ ᠶᠤᠮ ᠪᠢᠵᠠ ᠳ᠋ᠠ︖ ᠪᠣᠯᠵᠤ ᠯᠠ ᠪᠠᠢ᠌ᠨ᠎ᠠ᠃ ᠬᠠᠳᠠᠭᠠᠵᠤ ᠠᠯᠠᠵᠤ ᠯᠠ ᠪᠠᠢ᠌ᠵᠤ ᠵᠤᠳᠤᠬᠤ ᠦᠭᠡᠶ ᠪᠣᠯ ᠬᠠᠷ᠎ᠠ ᠣᠰᠤ ᠨᠡᠭᠡᠵᠤ ᠪᠠᠢ᠌ᠨ᠎ᠠ ᠭᠡᠵᠤ ᠭᠡᠯᠡ︕ ᠵᠠ᠂ ᠳᠦᠷᠭᠡᠨ︕ ᠭᠡᠰᠡᠨ ᠳᠤ ᠬᠤᠶᠠᠭ ᠡᠷ᠎ᠡ ᠳᠤᠭᠤᠯᠭᠠᠪᠣᠷᠢᠳᠠᠢ ᠨᠢ ᠠᠷᠭ᠎ᠠ ᠦᠭᠡᠶ ᠵᠠᠷᠤᠭᠳᠠᠨ ᠡᠷᠭᠢᠵᠡᠢ᠃

《ᠣᠪᠣᠭ᠎ᠠ ᠯᠠ ᠳ᠋ᠠ᠂ ᠬᠤᠶᠠᠭ ᠨᠢ ᠭᠦᠮᠤᠨ ᠰᠠᠤᠠᠭᠢᠯ ᠲᠡᠶ ᠶᠤᠮ ᠪᠠᠢ᠌ᠳᠠᠭ》 ᠭᠡᠵᠤ ᠪᠠᠽᠠᠷ ᠣᠯᠵᠠᠭᠠᠷᠬᠠᠨ ᠪᠣᠳᠤᠭᠰᠠᠭᠠᠷ ᠦᠯᠠᠳᠠᠵᠠᠢ᠃

ᠣᠳᠠᠯ ᠦᠭᠡᠶ ᠴᠤᠤᠵᠢᠨ ᠤ ᠰᠡᠷᠪᠠᠭᠡ ᠬᠠᠩ ᠭᠢᠨ ᠮᠤᠯᠳᠤᠷᠠᠵᠤ᠂ ᠳᠠᠯᠠᠪᠴᠢᠨ ᠬᠠᠭᠠᠯᠭ᠎ᠠ ᠭᠢᠬᠤᠳᠤᠨᠠᠨ ᠨᠡᠭᠡᠭᠡᠭ᠍ᠳᠡᠭ᠍ᠰᠡᠨ ᠳᠤ ᠡᠭᠦᠳᠡ ᠣᠷᠤᠭᠤ ᠬᠠᠷᠠᠪᠠᠯ ᠫᠠᠯᠳᠠᠭᠠᠷ ᠪᠣᠷᠤ ᠭᠦᠮᠤᠨ ᠳᠤᠳᠤᠭᠤᠨ ᠳᠤᠤᠭᠤᠷ ᠱᠠᠭᠠᠢ᠌ᠵᠤ ᠪᠠᠢ᠌ᠪᠠ᠃ ᠨᠢᠳᠤ ᠪᠠᠷ ᠨᠢ ᠬᠤᠶᠠᠭ ᠡᠷ᠎ᠡ ᠪᠣᠯᠬᠤ ᠶᠢ ᠳᠠᠨᠢᠵᠤ ᠪᠠᠽᠠᠷ᠄

᠊᠊᠊᠊᠊᠊᠊᠊᠊᠊᠊᠊᠊᠊᠊ ᠪᠣᠶᠠᠨ ᠴᠢᠨᠢ ᠳᠡᠯᠭᠡᠷᠡᠭ᠌︕ ᠭᠡᠵᠤ ᠪᠠᠶᠠᠷᠯᠠᠭᠰᠠᠨ ᠰᠠᠤᠠᠭᠢᠯ ᠶᠢᠡᠨ ᠢᠯᠡᠷᠭᠡᠢ᠌ᠯᠡᠭᠡᠤᠨ᠄

᠊᠊᠊᠊᠊᠊᠊᠊᠊᠊᠊᠊᠊᠊᠊ ᠴᠠᠭᠠᠳᠤᠯᠠ ᠴᠢᠨᠢ ᠳᠡᠭᠡᠭᠡᠤᠨ ᠠᠶᠠᠭ᠎ᠠ ᠬᠠᠷ᠎ᠠ ᠣᠰᠤ ᠦᠭ‍ᠭᠦ ᠨᠢ ᠦᠦ︖ ᠁ ᠴᠢᠰᠤ ᠪᠠᠷ ᠳᠡᠭᠡᠭᠯᠨ᠂ ᠬᠠᠳᠠᠵᠤ ᠥᠭᠦᠯ᠎ᠡ︕ ᠭᠡᠤᠨ ᠦᠨᠳᠠᠢ᠌ᠵᠤ ᠢᠷᠡᠭ᠍ᠰᠡᠨ ᠶᠢᠡᠨ ᠡᠷᠭᠢᠭᠡᠤᠨ ᠰᠠᠭᠤᠴᠢᠬᠠᠪᠠ᠃ ᠴᠢᠷᠠᠢ ᠨᠢ ᠰᠡᠭᠦᠳᠡᠷᠳᠡᠭ᠍ᠰᠡᠨ ᠢ ᠦᠵᠡᠪᠠᠯ ᠰᠢᠷᠬ᠎ᠠ ᠨᠢ ᠭᠦᠡᠳᠡᠭ᠍ᠳᠡᠭ᠍ᠰᠡᠨ ᠪᠣᠯᠤᠯᠳᠠᠢ᠃

᠊᠊᠊᠊᠊᠊᠊᠊᠊᠊᠊᠊᠊᠊᠊ ᠭᠦᠳᠡᠯᠵᠤ ᠪᠣᠯᠬᠤ ᠦᠭᠡᠶ ᠨᠢ᠂ ᠡᠨᠡ ᠬᠤᠩᠭ᠋ᠤ ᠪᠣᠷᠪᠢ ᠶᠢ ᠶᠠᠷᠤ ᠶᠠᠭᠤ ᠪᠣᠯᠭᠠᠴᠢᠬᠠᠭ᠎ᠠ ᠪᠣᠢ︖ ᠭᠡᠵᠤ ᠥᠭᠦᠯᠡᠭ᠍ᠰᠡᠭᠡᠷ ᠳᠤᠷᠭᠠᠨ ᠦᠮᠦᠳᠦᠨ ᠤ ᠰᠢᠭᠤᠮᠠᠭ ᠢ ᠭᠠᠪᠠ ᠲᠡᠶ ᠭᠠᠷ ᠶᠢᠡᠷ ᠶᠢᠡᠨ ᠳᠡᠭᠡᠭ᠍ᠰᠢ ᠪᠣᠯᠭᠠᠵᠤ᠂ ᠡᠪᠦᠳᠦᠭ᠌ ᠳᠤᠤᠭᠤᠷ ᠶᠢᠡᠨ ᠱᠠᠭᠠᠢ᠌ᠵᠤ ᠬᠠᠷᠠᠭᠰᠠᠨ ᠶᠢᠡᠨ᠄

᠊᠊᠊᠊᠊᠊᠊᠊᠊᠊᠊᠊᠊᠊᠊ ᠳᠡᠭᠡᠨ᠎ᠡ᠂ ᠭᠤᠪᠣᠷᠤ ᠪᠣᠯᠳᠠᠯ᠎ᠠ ᠭᠦᠪᠳᠡᠴᠢᠭᠡᠭ᠍ᠰᠡᠨ ᠪᠠᠢ᠌ᠨ᠎ᠠ᠃ ᠶᠠᠳᠠᠵᠤ ᠭᠦᠮᠤᠨ ᠵᠤᠳᠤᠵᠤ ᠰᠤᠷᠤᠭ᠎ᠠ ᠦᠭᠡᠶ ᠨᠤᠪᠰᠢ ᠤᠳ ᠦᠦ︖ ᠮᠤᠷᠢᠨ ᠳᠠᠰᠢᠭᠤᠷ ᠢ ᠭᠡᠳᠦᠢ ᠳᠤ ᠭᠦᠮᠤᠨ ᠤ ᠬᠤᠩᠭ᠋ᠤᠨ ᠳᠤ ᠪᠠᠷᠢᠵᠤ ᠪᠠᠢ᠌ᠯ᠎ᠠ︖ ᠭᠦᠯᠦᠭ᠌ ᠤᠨ ᠵᠠᠶᠠᠭ᠎ᠠ ᠭᠦᠮᠦᠷᠢᠨ᠎ᠡ ᠭᠡᠳᠡᠭ᠌ ᠶᠤᠮ᠃ ᠠᠪᠠᠭ᠎ᠠ ᠳ᠋ᠠ ᠸᠠᠩ ᠤᠨ ᠭᠢᠨ ᠤ ᠡᠮᠡᠭᠡᠯ ᠭᠠᠵᠠᠷ ᠳᠠᠯᠪᠢᠴᠢᠬᠠᠪᠠᠯ ᠪᠢ ᠯᠠ ᠯᠠᠪ ᠪᠠᠶᠠᠷᠯᠠᠨ᠎ᠠ ᠰᠢᠤ ᠭᠡᠵᠤ ᠱᠤᠭᠴᠢᠯᠠᠨ ᠭᠡᠯᠡᠭᠡᠤᠨ ᠡᠭᠦᠳᠡᠨ ᠳᠤ ᠭᠦᠯᠢᠶᠡᠵᠤ ᠪᠣᠢ ᠨᠢᠳᠤᠨ ᠳᠤ ᠳᠤᠯᠠᠭᠠᠬᠠᠨ ᠬᠤᠶᠠᠭ ᠡᠷ᠎ᠡ ᠣᠷᠤᠭᠤ ᠬᠠᠷᠠᠵᠤ ᠭᠦᠮᠦᠰᠭᠡ ᠡᠷᠭᠦᠨ᠂ ᠨᠢᠭᠤᠷ ᠤᠨ ᠶᠢᠡᠨ ᠰᠡᠭᠦᠳᠡᠷ ᠵᠤᠪᠠᠭᠤᠷᠢ ᠶᠢ ᠠᠯᠠᠭ᠎ᠠ ᠪᠣᠯᠭᠠᠭᠰᠠᠭᠠᠷ ᠢᠷᠠᠯᠵᠠᠳᠠᠯ᠎ᠠ ᠢᠨᠢᠶᠡᠮᠰᠦᠭᠯᠡᠯ᠎ᠡ᠃ 《ᠡᠨᠡ ᠭᠦᠮᠤᠨ ᠶᠡᠭᠡ ᠵᠤᠳᠤᠭᠤᠯᠵᠠᠢ︕ ᠬᠠᠷᠢᠨ ᠶᠠᠭᠠᠭᠢᠭᠰᠠᠨ ᠪᠠᠷᠠᠭᠳᠠᠳᠠᠭ ᠦᠭᠡᠶ ᠠᠯᠢᠶ᠎ᠠ ᠨᠠᠷᠭᠢᠶ᠎ᠠ ᠪᠣᠢ ⁈ ᠰᠢᠯᠢ ᠶᠢᠨ ᠰᠠᠢ᠌ᠨ ᠡᠷ᠎ᠡ ᠯᠠ ᠭᠡᠳᠡᠭ᠌ ᠨᠢ ᠡᠨᠡ ᠪᠠᠢ᠌ᠬ᠎ᠠ ᠳ᠋ᠠ》 ᠭᠡᠵᠤ ᠪᠣᠳᠤᠵᠤ ᠵᠤᠭᠰᠤᠭᠰᠠᠨ ᠬᠤᠶᠠᠭ᠄

᠊᠊᠊᠊᠊᠊᠊᠊᠊᠊᠊᠊᠊᠊᠊ ᠳᠠᠨ ᠤ ᠠᠯᠳᠠᠷ ᠭᠡᠨ ᠪᠣᠢ︖

᠊᠊᠊᠊᠊᠊᠊᠊᠊᠊᠊᠊᠊᠊᠊ ᠨᠠᠮᠢ᠋ᠢ ᠪᠠᠽᠠᠷ ᠭᠡᠳᠡᠭ᠌ ᠡ︕ ᠁ ᠡ ᠶᠠᠪᠣᠬᠤ ᠦᠦ︖ ᠁ ᠴᠢ ᠨᠠᠭᠠᠳᠤ ᠫᠣᠤ ᠪᠠᠨ ᠪᠠᠷᠢᠴᠢᠬ᠎ᠠ᠃ ᠣᠭᠤᠨᠤ ᠶᠢᠨ ᠡᠪᠠᠷ ᠳᠠᠭᠤᠷᠢᠶᠠᠯᠭᠠᠵᠤ ᠭᠢᠭ᠍ᠰᠡᠨ ᠭᠠᠢ᠌ᠭᠤᠢ ᠠᠶᠠᠳᠠᠢ᠌ᠬᠠᠨ ᠭᠦᠯ ᠲᠡᠶ ᠶᠤᠮ ᠳ᠋ᠠ᠃ ᠨᠠᠮᠢ᠋ᠢ ᠵᠢᠭᠤᠳᠠᠪᠠᠯ᠂ ᠣᠬᠠᠭᠠᠨ ᠨᠢ ᠭᠦᠯᠯᠡᠵᠤ ᠪᠠᠢ᠌ᠭᠠᠤᠨ ᠫᠣᠤᠳᠠᠬᠤ ᠶᠤᠮ ᠪᠢᠵᠠ ᠳ᠋ᠠ︖

᠊᠊᠊᠊᠊᠊᠊᠊᠊᠊᠊᠊᠊᠊᠊ ᠫᠣᠤᠳᠠᠯ ᠦᠭᠡᠶ ᠶᠠᠭᠠᠭᠢᠬᠤ ᠪᠣᠢ ᠳ᠋ᠠ᠂ ᠪᠠᠽᠠᠷ ᠭᠤᠸᠠᠢ︕

᠊᠊᠊᠊᠊᠊᠊᠊᠊᠊᠊᠊᠊᠊᠊ ᠴᠢᠨᠤ ᠫᠣᠤ ᠦᠦ ᠴᠢ ᠭᠦᠷᠦᠭᠡᠴᠢᠨ ᠪᠠᠢ᠌ᠭᠰᠠᠨ ᠶᠤᠮ ᠦᠦ︖

᠊᠊᠊᠊᠊᠊᠊᠊᠊᠊᠊᠊᠊᠊᠊ ᠡᠨᠡ ᠮᠢᠨᠤ ᠠᠪᠣ ᠶᠢᠨ ᠫᠣᠤ︕ ᠮᠠᠭᠤ ᠳᠠᠯᠠᠢ᠌ᠭᠠᠴᠢ ᠠᠪᠣ ᠮᠢᠨᠢ ᠭᠦᠷᠦᠭᠡᠰᠤ ᠨᠠᠮᠨᠠᠳᠠᠭ ᠪᠠᠢ᠌ᠭᠰᠠᠨ ᠶᠤᠮ᠃

᠊᠊᠊᠊᠊᠊᠊᠊᠊᠊᠊᠊᠊᠊᠊ ᠭᠦᠷᠦᠭᠡᠰᠤ ᠨᠠᠮᠨᠠᠳᠠᠭ ᠠᠪᠣ ᠶᠢᠨ ᠭᠦᠤ ᠳᠡᠭᠡᠭᠡᠤᠨ ᠭᠦᠮᠤᠨ ᠨᠠᠮᠨᠠᠬᠤ ᠶᠢ ᠰᠤᠷᠴᠤ ᠪᠠᠢ᠌ᠭ᠎ᠠ ᠶᠤᠮ ᠪᠢᠵᠠ ᠳ᠋ᠠ︕ ᠁

ᠳᠠᠷᠠ ᠬᠤᠶᠠᠷ ᠢᠩᠭᠢᠵᠤ ᠶᠠᠷᠢᠭᠰᠠᠭᠠᠷ ᠳᠠᠮᠠᠭ᠎ᠠ ᠶᠢᠨ ᠭᠡᠷ ᠤᠨ ᠡᠭᠦᠳᠡᠨ ᠳᠤ ᠳᠤᠯᠵᠤ ᠢᠷᠠᠵᠠᠢ᠃ ᠬᠤᠶᠠᠭ᠂ ᠫᠣᠤ ᠡᠴᠡ ᠪᠠᠨ ᠰᠡᠵᠢᠭᠯᠡᠭ᠍ᠰᠡᠨ ᠮᠠᠳᠤ ᠭᠢᠯᠣᠢ᠌ᠵᠤ ᠬᠠᠷᠠᠭᠰᠠᠨ ᠶᠢᠡᠨ ᠬᠠᠨ᠎ᠠ ᠶᠢᠨ ᠡᠷᠰᠡ ᠳᠦᠰᠢᠭᠦᠯᠵᠤ ᠬᠠᠰᠢ ᠶᠠᠰᠢ ᠭᠤᠵᠣᠢ᠌ᠯᠭᠠᠭᠠᠤᠨ ᠭᠡᠷ ᠤᠨ ᠢᠰᠡᠭᠡᠢ ᠡᠭᠦᠳᠡ ᠶᠢ ᠰᠡᠭᠦᠨ ᠪᠠᠽᠠᠷ ᠣᠷᠤᠭᠤ ᠳᠤᠭᠢᠭᠰᠠᠨ ᠳᠤ ᠴᠠᠭᠠᠳᠤᠭᠢ ᠨᠢ ᠶᠠᠭᠤᠮ᠎ᠠ ᠴᠤ ᠭᠡᠯᠡᠭ᠍ᠰᠡᠨ ᠦᠭᠡᠶ ᠰᠢᠭᠤᠳ ᠣᠷᠤᠭᠠᠤᠨ ᠶᠠᠪᠣᠴᠢᠬᠠᠪᠠ᠃

ᠪᠠᠷᠠᠭᠤᠨ ᠰᠢᠨᠠ ᠳᠡᠭᠡᠷ᠎ᠡ ᠪᠠᠨ ᠡᠷᠡᠭᠡᠢ ᠳᠠᠷᠤᠮ᠎ᠠ ᠬᠠᠷ᠎ᠠ ᠮᠡᠩᠭᠡ ᠲᠡᠶ᠂ ᠬᠠᠷ᠎ᠠ ᠮᠡᠩᠭᠡᠨ ᠳᠡᠭᠡᠷ᠎ᠡ ᠪᠠᠨ ᠳᠠᠪᠣ ᠭᠤᠷᠪᠠᠨ ᠬᠤᠩᠭ᠋ᠤᠷ ᠦᠰᠦᠳᠠᠢ ᠣᠯᠠᠭ᠎ᠠ ᠪᠣᠳᠠᠷᠠᠭᠰᠠᠨ ᠰᠢᠷ᠎ᠠ ᠴᠢᠷᠠᠢ᠌ᠳᠠᠢ ᠬᠠᠯᠵᠠᠨ ᠡᠷ᠎ᠡ ᠭᠡᠷ ᠤᠨ ᠬᠣᠢ᠌ᠳᠤ ᠳᠠᠯ᠎ᠠ ᠳᠤ ᠵᠠᠪᠢᠯᠠᠨ ᠰᠠᠭᠤᠵᠠᠢ᠃ ᠪᠠᠽᠠᠷ ᠢ ᠣᠷᠤᠬᠤ ᠳᠤ ᠳᠠᠷᠠ ᠭᠦᠮᠤᠨ ᠬᠠᠯᠬᠠᠭᠠᠷ ᠭᠦᠷᠮᠡᠨ ᠤ ᠬᠠᠠᠴᠤᠢ ᠶᠢ ᠰᠡᠭ᠍ᠰᠦᠷᠦᠰᠭᠢᠵᠤ᠂ ᠳᠠᠮᠰᠢᠶᠠᠯᠠᠵᠤ ᠥᠵᠡᠭ᠍ᠳᠡᠪᠡ᠃

《ᠠᠯᠠᠭ᠎ᠠ ᠪᠣᠯᠴᠢᠬᠠᠪᠠᠯ ᠳᠡᠮᠡᠭᠡᠨ ᠡᠴᠡ ᠳᠡᠮᠳᠡᠭ᠌ ᠲᠡᠶ ᠠᠮᠢᠳᠠᠨ ᠪᠠᠢ᠌ᠨ᠎ᠠ ᠳ᠋ᠠ᠃ ᠠᠪᠠᠭ᠎ᠠ ᠳ᠋ᠠ ᠸᠠᠩ ᠤᠨ ᠭᠦᠤ ᠳᠠᠠᠳᠠᠷ ᠭᠡᠳᠡᠭ᠌ ᠨᠢ ᠡᠨᠡ ᠶᠤᠮ ᠪᠢᠵᠠ︕ ᠭᠦᠭᠡᠷᠦᠭᠦᠢ᠂ ᠮᠢᠬᠠᠯᠢᠭ ᠮᠠᠷᠢᠶᠠᠳᠠᠢ ᠴᠤ ᠡᠷ᠎ᠡ ᠶᠤᠮ᠃ 〈ᠪᠣᠶᠠᠨ ᠲᠡᠶ〉 ᠭᠦᠮᠤᠨ ᠪᠣᠯᠤᠭᠠᠤᠨ ᠳᠠᠷᠠ ᠪᠣᠯᠪᠠᠤ︕》 ᠭᠡᠵᠤ ᠪᠠᠽᠠᠷ ᠱᠤᠭᠴᠢᠯᠠᠨ ᠪᠣᠳᠤᠭᠰᠠᠭᠠᠷ ᠡᠭᠦᠳᠡ ᠶᠢ ᠨᠢ ᠭᠤᠤᠯᠯᠠᠨ ᠶᠠᠭ ᠳᠤᠭᠤᠨᠤᠨ ᠳᠤᠤᠷ᠎ᠠ ᠨᠢ ᠣᠴᠢᠵᠤ ᠠᠯᠴᠠᠢ᠌ᠨ ᠵᠤᠭᠰᠤᠵᠠᠢ᠃

᠊᠊᠊᠊᠊᠊᠊᠊᠊᠊᠊᠊᠊᠊᠊ ᠵᠠ᠂ ᠨᠠᠷ᠎ᠠ ᠣᠰᠤ ᠭᠡᠨ ᠪᠢᠯᠠ︖ ᠭᠡᠳᠤ ᠨᠤᠳᠤᠭ ᠬᠠᠮᠢᠭ᠎ᠠ ᠪᠣᠢ︖

᠊᠊᠊᠊᠊᠊᠊᠊᠊᠊᠊᠊᠊᠊᠊ ᠨᠠᠷ᠎ᠠ ᠣᠰᠤᠨ ᠡᠴᠡ ᠪᠠᠨ ᠡᠮᠦᠨ᠎ᠡ ᠬᠠᠷ᠎ᠠ ᠣᠰᠤᠨ ᠡᠴᠡ ᠪᠠᠨ ᠦᠭ‍ᠭᠦᠭᠡᠳᠡᠭᠡᠭᠦ ᠦᠭᠡᠶ ᠦᠦ⁈ ᠭᠡᠰᠡᠨ ᠳᠤ ᠪᠠᠽᠠᠷ ᠲᠤ ᠣᠰᠤ ᠦᠭ‍ᠭᠦᠯ᠎ᠡ᠃ ᠁

ᠵᠡᠭᠦᠨ ᠳᠠᠯ᠎ᠠ ᠶᠢᠨ ᠬᠤᠷᠴᠢᠭᠢᠷ ᠭᠦᠮ ᠳᠡᠭᠡᠷ᠎ᠡ ᠮᠠᠩᠨᠠᠢ ᠳᠦᠭᠦᠷᠡᠩ ᠥᠷᠴᠢᠯᠡᠭᠡᠰᠦᠳᠡᠢ ᠶᠠᠷᠤ ᠬᠤᠭᠤᠯᠠ ᠢᠳᠡᠳᠡᠭ᠌ ᠦᠭᠡᠶ ᠪᠣᠯᠪᠠᠤ ᠭᠡᠵᠤ ᠰᠠᠨᠠᠭᠳᠠᠭᠤᠯᠤᠮ᠎ᠠ ᠴᠤᠩᠭᠢᠭᠠᠷ ᠭᠦᠰᠡᠷᠢ ᠴᠢᠷᠠᠢ᠌ᠳᠠᠢ ᠡᠪᠦᠭᠡᠵᠢᠶᠡᠷ ᠭᠦᠮᠤᠨ ᠡᠪᠦᠷ ᠳᠡᠭᠡᠷ᠎ᠡ ᠪᠠᠨ ᠴᠠᠭᠠᠰᠤ ᠳᠡᠯᠭᠡᠭᠦ ᠵᠠᠭᠤᠷ᠎ᠠ ᠪᠠᠽᠠᠷ ᠢ ᠰᠡᠵᠢᠭᠯᠡᠭᠦ ᠪᠣᠶᠤ ᠰᠢᠡᠵᠢᠯᠡᠭᠦ ᠮᠠᠳᠤ ᠭᠢᠯᠤᠪ ᠭᠢᠯᠤᠪ ᠬᠠᠷᠠᠵᠤ ᠰᠠᠭᠤᠬᠤ ᠶᠢ ᠦᠵᠡᠪᠠᠯ ᠳᠠᠮᠠᠭ᠎ᠠ ᠶᠢᠨ ᠪᠢᠴᠢᠭᠡᠴᠢ ᠠᠵᠢᠯ ᠶᠢᠡᠨ ᠡᠭᠢᠯᠡᠭᠦ ᠭᠡᠵᠤ ᠪᠣᠢ ᠨᠢ ᠳᠠᠷᠠ ᠪᠣᠯᠠᠢ᠃

ᠪᠠᠽᠠᠷ ᠶᠠᠩᠵᠤᠳᠠᠢ ᠵᠢᠭ᠍ᠳᠡᠢ᠌ᠭᠡᠨ ᠢᠨᠢᠶᠡᠮᠰᠦᠭᠯᠡᠭ᠍ᠰᠡᠨ ᠨᠢ᠄

《ᠳᠡᠭᠦᠨ ᠤ ᠳᠠᠷᠭᠤᠨ ᠢ︕ ᠡᠭᠦᠨ ᠤ ᠳᠤᠷᠠᠩᠬᠠᠢ ᠶᠢ 》 ᠭᠡᠵᠤ ᠪᠣᠳᠤᠭᠰᠠᠨ ᠭᠡᠷᠡᠭ᠌ ᠪᠠᠢ᠌ᠪᠠ᠃

᠊᠊᠊᠊᠊᠊᠊᠊᠊᠊᠊᠊᠊᠊᠊ ᠴᠢ ᠳᠤᠤᠭᠠᠷᠤᠭᠠᠴᠢ︕ ᠭᠡᠵᠤ ᠨᠤᠶᠠᠨ ᠵᠠᠩᠳᠤᠷᠤᠯ᠎ᠠ᠃

᠊᠊᠊᠊᠊᠊᠊᠊᠊᠊᠊᠊᠊᠊᠊ ᠪᠢᠳᠡᠭᠡᠢ ᠶᠠᠭᠠᠷᠠᠭᠤᠯᠤᠭᠠᠴᠢ︕ ᠪᠢᠴᠢᠭᠡᠴᠢ᠂ ᠪᠢᠷ ᠶᠢᠡᠨ ᠨᠡᠢ᠌ᠯᠡᠭᠦᠯᠦᠭᠡᠳᠡᠭᠡᠭ᠌︕ ᠭᠡᠵᠤ ᠪᠠᠽᠠᠷ ᠤᠨ ᠠᠭᠤᠵᠢᠮ ᠳᠠᠢ᠌ᠪᠣᠭᠤᠨ ᠥᠴᠢᠭ᠍ᠰᠡᠨ ᠳᠤ ᠳᠡᠭᠡᠷ᠎ᠡ ᠨᠢ ᠰᠠᠭᠤᠭᠰᠠᠨ ᠭᠦᠮ ᠲᠡᠶ ᠪᠠᠨ ᠢᠵᠢᠯ ᠬᠤᠷᠴᠢᠭᠢᠷ ᠨᠥᠭᠦᠭᠡ ᠭᠦᠮᠤᠨ᠄

᠊᠊᠊᠊᠊᠊᠊᠊᠊᠊᠊᠊᠊᠊᠊ ᠶᠠᠭᠤ ᠭᠡᠨ᠎ᠡ︖ ᠡᠨᠡ ᠨᠤᠬᠠᠢ︕ ᠭᠡᠵᠤ ᠳᠠᠢ᠌ᠮᠤ ᠭᠦᠮᠤᠨ ᠡᠴᠡ ᠭᠠᠷᠬᠤ ᠶᠤᠰᠤᠳᠠᠢ ᠪᠦᠰᠡᠭᠦᠢ ᠰᠢᠩᠭᠡᠨ ᠬᠤᠭᠤᠯᠠᠢ ᠪᠠᠷ ᠭᠡᠯᠡᠭᠡᠤᠨ ᠪᠠᠽᠠᠷ ᠢ ᠭᠢᠯᠣᠢ᠌ᠨ ᠵᠥᠭᠡᠵᠤ᠂ ᠪᠠᠷᠠᠭᠤᠨ ᠬᠠᠠᠴᠤᠢ ᠡᠴᠡ ᠪᠠᠨ ᠪᠢᠷ ᠶᠢᠡᠨ ᠭᠠᠷᠭᠠᠨ ᠨᠤᠶᠠᠨ ᠣᠷᠤᠭᠤ ᠪᠠᠨ ᠴᠢᠷᠠᠢ᠌ᠯᠠᠨ ᠳᠤᠭᠢᠵᠠᠢ᠃ 《ᠡᠨᠡ ᠪᠢᠳᠠ ᠬᠤᠶᠠᠷ ᠴᠤ ᠢᠩᠭᠢᠵᠤ ᠯᠠ ᠳᠠᠭᠠᠷᠠᠨ᠎ᠠ ᠳ᠋ᠠ︕ ᠥᠭᠡ ᠭᠡᠯᠡᠯᠴᠡᠭᠦ ᠳᠤ ᠰᠢᠯᠢ ᠶᠢᠨ ᠪᠣᠭᠳᠠ ᠳᠡᠭᠡᠷ᠎ᠡ ᠭᠠᠷᠤᠭᠰᠠᠨ ᠶᠤᠮ ᠰᠢᠭ ᠰᠠᠷᠠᠭᠤᠯᠬᠠᠨ ᠪᠣᠯᠳᠠᠭ ᠨᠤᠮ ᠤᠨ ᠭᠦᠮᠤᠨ ᠤ ᠶᠠᠩᠵᠤ ᠦᠭᠡᠶ᠂ ᠪᠦᠷ ᠨᠢᠭᠡ ᠵᠤᠯᠤᠭ ᠶᠢᠡᠨ ᠪᠠᠷᠠᠳᠠᠭ ᠰᠢᠠᠵᠢ ᠶᠢᠨ ᠵᠤᠯᠢᠭ ᠪᠠᠢ᠌ᠭᠰᠠᠨ ᠶᠤᠮ᠃ ᠬᠤᠯᠠᠭᠠᠢ᠌ᠴᠢ ᠨᠡᠷ ᠲᠡᠶ ᠠᠳᠠᠯᠢ ᠨᠤᠮ ᠤᠨ ᠭᠦᠮᠤᠨ ᠪᠠᠰᠠ ᠶᠠᠩᠵᠤ ᠶᠠᠩᠵᠤ ᠪᠠᠢ᠌ᠳᠠᠭ ᠠᠵᠠᠢ᠃》 ᠭᠡᠵᠤ ᠪᠠᠽᠠᠷ ᠡᠭ᠍ᠳᠡᠭᠦᠴᠡᠨ ᠪᠣᠳᠤᠭᠠᠤᠨ ᠡᠢ᠌ᠨ ᠭᠡᠯᠡᠷᠤᠨ᠄

᠊᠊᠊᠊᠊᠊᠊᠊᠊᠊᠊᠊᠊᠊᠊ ᠵᠠ᠂ ᠪᠢᠴᠢᠭᠡᠷᠡᠢ᠂

ᠠᠯᠳᠠᠷ ᠨᠠᠷ᠎ᠠ

ᠡᠡᠯᠳᠠᠰᠢᠭᠦᠷ ᠤᠨ ᠪᠠᠽᠠᠷ

ᠠᠳᠤᠭᠤᠯᠵᠤ ᠳᠠᠰᠤᠭᠰᠠᠨ ᠨᠤᠳᠤᠭ

ᠠᠯᠳᠠᠨ ᠳ᠋ᠠᠷᠢ ᠣᠪᠣᠭ᠎ᠠ

᠊᠊᠊᠊᠊᠊᠊᠊᠊᠊᠊᠊᠊᠊᠊ ᠴᠢ ᠭᠦ᠂ ᠮᠠᠨ ᠤ ᠬᠤᠰᠢᠭᠤᠨ ᠤ ᠡᠮᠡᠭᠡᠯ ᠢ ᠭᠠᠵᠠᠷ ᠳᠠᠯᠪᠢᠭᠤᠯᠤᠨ᠎ᠠ ᠭᠡᠵᠤ ᠶ‍ᠢᠰᠤᠨ ᠵᠢᠯ ᠤᠨ ᠳᠤᠷᠰᠢ ᠠᠪᠠᠭ᠎ᠠ ᠶᠢᠨ ᠠᠳᠤᠭᠤ ᠶᠢ ᠭᠦᠭᠡᠭᠡᠵᠤ᠂ ᠠᠪᠠᠢ ᠠᠭᠤᠯᠠ ᠶᠢᠨ ᠳᠡᠭᠡᠷᠡᠮᠴᠢᠨ ᠨᠡᠷ ᠲᠤ ᠥᠭ᠍ᠴᠤ ᠪᠠᠢ᠌ᠭ᠎ᠠ ᠴᠢᠨᠢ ᠦᠨᠡᠨ ᠦᠦ︖

᠊᠊᠊᠊᠊᠊᠊᠊᠊᠊᠊᠊᠊᠊᠊ ᠦᠨᠡᠨ ᠭᠡᠪᠠᠯ ᠪᠢ ᠬᠤᠳᠠᠯ ᠭᠡᠯᠡᠭ᠍ᠰᠡᠨ ᠪᠣᠯᠤᠨ᠎ᠠ᠃ ᠬᠤᠳᠠᠯ ᠭᠡᠪᠠᠯ ᠳᠠ 〈ᠦᠨᠡᠨ〉 ᠭᠡᠰᠡᠨ ᠦᠭᠡᠶ ᠭᠡᠨ᠎ᠡ᠃ ᠦᠨᠡᠨ ᠬᠤᠳᠠᠯ ᠤᠨ ᠬᠤᠭᠤᠷᠤᠠᠳᠤ ᠥᠭᠡ ᠦᠭᠡᠶ ᠵᠤᠭᠰᠤᠪᠠᠯ ᠶᠠᠭᠠᠭᠢᠨ᠎ᠠ᠂ ᠨᠤᠶᠠᠠᠳᠠᠨ ⁈ ᠭᠡᠵᠡᠢ᠃

ᠡᠨᠡ ᠮᠠᠳᠤ ᠶᠠᠭᠢᠷ ᠥᠭᠡ ᠰᠤᠨᠤᠰᠤᠨ᠎ᠠ ᠭᠡᠵᠤ ᠮᠡᠳᠡᠭ᠍ᠰᠡᠨ ᠳᠠᠠᠳᠠᠷ ᠨᠤᠶᠠᠨ ᠪᠠᠽᠠᠷ ᠢ ᠣᠮᠤᠭᠳᠠᠭᠰᠠᠨ ᠦᠭᠡᠶ᠃ ᠬᠠᠷᠢᠨ᠄

᠊᠊᠊᠊᠊᠊᠊᠊᠊᠊᠊᠊᠊᠊᠊ ᠴᠠᠭᠠᠳᠤᠭᠢ ᠪᠠᠨ ᠣᠷᠤᠭᠤᠯ︕ ᠭᠡᠵᠤ ᠵᠠᠩᠳᠤᠷᠪᠠ᠃ ᠳᠠᠷᠠᠭᠠᠬᠠᠨ ᠨᠢ ᠨᠢᠭᠡ ᠭᠦᠮᠤᠨ ᠣᠷᠤᠵᠤ ᠢᠷᠡᠭᠡᠤᠨ ᠪᠠᠽᠠᠷ ᠤᠨ ᠪᠠᠷᠠᠭᠤᠨ ᠳᠠᠯ᠎ᠠ ᠳᠤ ᠰᠥᠭᠦᠷᠡᠨ ᠣᠨᠠᠭᠰᠠᠨ ᠨᠢ ᠵᠠᠯᠠᠨ ᠵᠤᠩᠳᠤᠢ ᠪᠠᠢ᠌ᠪᠠ᠃

ᠪᠠᠽᠠᠷ᠄

᠊᠊᠊᠊᠊᠊᠊᠊᠊᠊᠊᠊᠊᠊᠊ ᠵᠠᠯᠠᠨ ᠳᠠ ᠪᠣᠰᠤᠭᠠᠴᠢ᠃ ᠨᠠᠳᠠᠳᠤ ᠰᠥᠭᠦᠷᠡᠵᠤ ᠪᠠᠢ᠌ᠬᠤ ᠶᠤᠮ ᠰᠢᠭ ᠪᠣᠯᠵᠤ ᠪᠠᠢ᠌ᠨ᠎ᠠ᠃ ᠮᠢᠨᠤ ᠭᠢᠠᠵᠢᠨ ᠳᠤᠱᠠ ᠶᠢ ᠳᠠᠢ᠌ᠯᠠᠬᠤ ᠭᠡ ᠦᠦ︖ ᠭᠡᠤᠨ ᠨᠠᠷᠭᠢᠶᠠᠠᠳᠠᠢ ᠪᠠᠷ ᠢᠨᠢᠶᠡᠮᠰᠦᠭᠯᠡᠭ᠍ᠰᠡᠨ ᠳᠤ 《ᠶᠠᠮᠠᠷ ᠣᠯᠭᠢᠶ᠎ᠠ ᠦᠭᠡᠶ ᠨᠤᠪᠰᠢ ᠪᠣᠢ︕》 ᠭᠡᠵᠤ ᠠᠪᠠᠭ᠎ᠠ ᠶᠢᠨ ᠨᠤᠶᠠᠨ ᠪᠣᠭᠢᠮᠳᠠᠨ᠂ ᠵᠤᠩᠳᠤᠢ ᠶᠢ ᠳᠠᠯᠳᠠ ᠣᠷᠤᠳᠠᠯ᠎ᠠ ᠮᠠᠭᠤᠬᠠᠢ ᠬᠠᠷᠠᠵᠠᠢ᠃ ᠴᠠᠭᠠᠳᠤᠭᠢ ᠨᠢ ᠶᠠᠭᠠᠭᠢᠬᠤ ᠴᠤ ᠣᠴᠢᠷ ᠶᠢᠡᠨ ᠣᠯᠬᠤ ᠦᠭᠡᠶ ᠪᠦᠯᠳᠡᠯᠵᠡᠭ᠍ᠰᠡᠨ ᠳᠤ ᠴᠥᠭᠦᠷᠡᠭ᠍ᠰᠡᠨ ᠨᠤᠶᠠᠨ ᠪᠠᠽᠠᠷ ᠣᠷᠤᠭᠤ ᠬᠤᠯᠠᠭᠠᠢ ᠨᠢᠳᠤ ᠪᠠᠷ ᠬᠠᠷᠠᠵᠤ᠂ ᠬᠤᠳᠠᠯ ᠰᠠᠢ᠌ᠬᠠᠨ ᠠᠭᠠᠰᠢ ᠭᠠᠷᠭᠠᠭᠰᠠᠨ ᠨᠢ᠄

᠊᠊᠊᠊᠊᠊᠊᠊᠊᠊᠊᠊᠊᠊᠊ ᠵᠠᠯᠠᠨ ᠳᠠ ᠨᠠᠮᠢ᠋ᠢ ᠢᠩᠭᠢᠳᠠᠯ᠎ᠠ ᠪᠠᠨ ᠭᠦᠡᠳᠦᠯᠡᠳᠡᠭ᠌ ᠨᠢ ᠶᠠᠭᠤ ᠪᠣᠢ᠃ ᠳᠡᠭᠡᠭ᠍ᠰᠢ ᠪᠠᠨ ᠰᠠᠭᠤ ᠭᠦ᠂ ᠳᠡᠭᠡᠭ᠍ᠰᠢ ᠪᠠᠨ ᠰᠠᠭᠤ︕

᠊᠊᠊᠊᠊᠊᠊᠊᠊᠊᠊᠊᠊᠊᠊ ᠴᠢᠩᠭᠢᠭᠡᠤᠨ ᠨᠤᠶᠠᠨ ᠬᠤᠷᠤᠭᠤ ᠳᠠᠷᠤᠮ᠎ᠠ ᠬᠠᠷ᠎ᠠ ᠮᠡᠩᠭᠡᠨ ᠳᠡᠭᠡᠷ᠎ᠡ ᠪᠠᠨ ᠳᠤᠯᠤᠪᠣᠷ ᠬᠤᠷᠤᠭᠤᠨ ᠤ ᠥᠡᠳᠡᠭᠡ ᠶᠢ ᠳᠠᠯᠪᠢᠵᠤ᠂ ᠴᠡᠭᠡᠵᠢ ᠪᠠᠨ ᠳᠡᠪᠭᠡᠢ᠌ᠯᠭᠡᠨ ᠶᠡᠭᠡᠮᠰᠦᠭ᠌ ᠪᠠᠢ᠌ᠳᠠᠯ ᠥᠵᠡᠭᠦᠯᠤᠨ᠄

᠊᠊᠊᠊᠊᠊᠊᠊᠊᠊᠊᠊᠊᠊᠊ ᠵᠠ᠂ ᠡᠡᠯᠳᠠᠰᠢᠭᠦᠷ ᠤᠨ ᠪᠠᠽᠠᠷ᠃ ᠡᠨᠡ ᠭᠦᠮᠤᠨ ᠢ ᠳᠠᠨᠢᠬᠤ ᠦᠦ︖

᠊᠊᠊᠊᠊᠊᠊᠊᠊᠊᠊᠊᠊᠊᠊ ᠳᠠᠨᠢᠨ᠎ᠠ ᠡ᠂ ᠪᠢᠳᠠ ᠭᠤᠷᠪᠠᠠᠳᠠ ᠣᠴᠠᠷᠠᠵᠤ ᠪᠠᠢ᠌ᠨ᠎ᠠ᠃

᠊᠊᠊᠊᠊᠊᠊᠊᠊᠊᠊᠊᠊᠊᠊ ᠡᠨ᠂ ᠳᠠᠢ᠌ᠮᠤ ᠦᠦ︖

᠊᠊᠊᠊᠊᠊᠊᠊᠊᠊᠊᠊᠊᠊᠊ ᠳᠠᠢ᠌ᠮᠤ ᠡ᠃

᠊᠊᠊᠊᠊᠊᠊᠊᠊᠊᠊᠊᠊᠊᠊ ᠶᠠᠭᠠᠭᠢᠵᠤ ᠭᠤᠷᠪᠠᠠᠳᠠ ᠠᠭᠤᠯᠵᠠᠭ᠎ᠠ ᠶᠤᠮ ᠪᠣᠢ︖

᠊᠊᠊᠊᠊᠊᠊᠊᠊᠊᠊᠊᠊᠊᠊ ᠠᠩᠬ᠎ᠠ ᠣᠴᠠᠷᠠᠬᠤ ᠳᠤ ᠡᠨᠡ ᠭᠦᠮᠤᠨ

ᠠᠪᠠᠭᠠᠢ ᠪᠠᠷ ᠮᠢᠨᠢ ᠳᠤᠭᠯᠠᠵᠤ ᠪᠠᠢ᠌ᠭᠰᠠᠨ ᠶᠤᠮ

ᠠᠭᠢᠨ ᠣᠴᠠᠷᠠᠬᠤ ᠳᠤ ᠡᠨᠡ ᠭᠦᠮᠤᠨ

ᠬᠤᠰᠢᠭᠤ ᠪᠠᠷ ᠮᠢᠨᠢ ᠳᠤᠭᠯᠠᠵᠤ ᠪᠠᠢ᠌ᠭᠰᠠᠨ ᠶᠤᠮ

ᠠᠳᠠᠭ ᠲᠤ ᠣᠴᠠᠷᠠᠬᠤ ᠳᠤ ᠡᠨᠡ ᠭᠦᠮᠤᠨ

ᠠᠭᠳᠠᠯᠠᠵᠤ ᠨᠠᠮᠢ᠋ᠢ ᠭᠦᠯᠢᠭᠦᠯᠴᠢᠭᠡᠭᠡᠤᠨ

ᠠᠯᠳᠠᠨ ᠪᠠᠶ᠎ᠠ ᠪᠠᠷ ᠮᠢᠨᠢ ᠳᠤᠭᠯᠠᠵᠤ ᠪᠠᠢ᠌ᠨ᠎ᠠ ᠭᠡᠵᠡᠢ᠃

ᠵᠤᠩᠳᠤᠢ ᠥᠰᠢᠶᠡᠷᠭᠡᠵᠤ ᠪᠠᠽᠠᠷ ᠤᠨ ᠶᠠᠷᠢᠶ᠎ᠠ ᠶᠢ ᠵᠠᠯᠭᠠᠵᠤ ᠥᠭᠦᠯᠡᠭ᠍ᠰᠡᠨ ᠨᠢ᠄

᠊᠊᠊᠊᠊᠊᠊᠊᠊᠊᠊᠊᠊᠊᠊ ᠮᠢᠨᠤ ᠬᠤᠶᠠᠷ ᠠᠵᠢᠷᠭ᠎ᠠ ᠠᠳᠤᠭᠤ ᠶᠢ ᠭᠦᠭᠡᠭᠡᠭ᠍ᠰᠡᠨ ᠳᠠᠷᠢᠭᠠᠩᠭ᠋᠎ᠠ ᠶᠢᠨ ᠬᠠᠩᠭ᠋ᠠᠢ ᠪᠠᠽᠠᠷ ᠵᠢᠰᠤ ᠪᠠᠷ ᠶᠢᠡᠨ ᠡᠨᠡ ᠮᠦᠨ︕ ᠬᠤᠷᠳᠤᠨ ᠳᠦᠯ ᠥᠭ᠍ᠳᠡᠭ᠌ ᠬᠤᠯᠠ ᠬᠤᠩᠭ᠋ᠤᠷ ᠭᠡᠭᠦᠤ ᠶᠢ ᠮᠢᠨᠢ ᠢᠳᠡᠴᠢᠭᠡᠭ᠍ᠰᠡᠨ ᠪᠠᠢ᠌ᠭ᠎ᠠ ᠶᠤᠮ᠃ ᠨᠠᠳᠠ ᠲᠡᠶ ᠬᠤᠶᠠᠷ ᠳᠠᠭᠠᠷᠢᠯᠳᠤᠬᠤ ᠳᠠᠭᠠᠨ ᠬᠤᠶᠠᠭᠤᠯᠠᠨ ᠳᠤ ᠨᠢ ᠪᠦᠷ 《ᠠᠪᠠᠭ᠎ᠠ ᠶᠢᠨ ᠡᠮᠡᠭᠡᠯ ᠢ ᠭᠠᠵᠠᠷ ᠳᠠᠯᠪᠢᠭᠤᠯᠤᠨ᠎ᠠ》 ᠭᠡᠵᠤ ᠣᠮᠤᠭᠳᠠᠵᠤ ᠪᠠᠢ᠌ᠪᠠ᠃ ᠣᠳᠤ ᠮᠢᠨᠤ ᠡᠮᠡᠭᠡᠯ ᠢ ᠭᠠᠵᠠᠷ ᠳᠠᠯᠪᠢᠭᠤᠯᠤᠯ᠎ᠠ᠃ ᠬᠤᠰᠢᠭᠤ ᠨᠤᠶᠠᠤᠨ ᠮᠢᠨᠢ ᠨᠠᠭᠠᠨᠠᠳᠠᠵᠤ ᠢᠷᠡᠭᠦ ᠳᠤ ᠨᠠᠮᠢ᠋ᠢ ᠪᠣᠳᠤᠵᠤ᠂ ᠴᠠᠭᠠᠨᠠᠳᠠᠵᠤ ᠢᠷᠡᠭᠦ ᠳᠤ ᠠᠪᠠᠭ᠎ᠠ ᠬᠤᠰᠢᠭᠤ ᠪᠠᠨ ᠪᠣᠳᠤᠵᠤ ᠡᠨᠡ ᠬᠤᠯᠠᠭᠠᠢ᠌ᠴᠢ ᠲᠡᠶ ᠳᠤᠭᠠᠴᠠᠵᠤ ᠬᠠᠢ᠌ᠷᠠᠯᠠᠨ᠎ᠠ ᠦᠦ︖ ᠭᠡᠮᠡᠵᠡᠢ᠃ ᠨᠤᠶᠠᠨ᠄

᠊᠊᠊᠊᠊᠊᠊᠊᠊᠊᠊᠊᠊᠊᠊ ᠪᠠᠽᠠᠷ ᠴᠢ ᠰᠤᠨᠤᠰᠴᠤ ᠪᠠᠢ᠌ᠨ᠎ᠠ ᠦᠦ︖

᠊᠊᠊᠊᠊᠊᠊᠊᠊᠊᠊᠊᠊᠊᠊ ᠪᠢ ᠰᠤᠨᠤᠰᠴᠤ ᠪᠠᠢ᠌ᠨ᠎ᠠ ᠡ ᠭᠡᠪᠠᠯ ᠴᠠᠭᠠᠳᠤᠭᠢ ᠨᠢ ᠵᠠᠯᠠᠨ ᠡᠴᠡ᠄

᠊᠊᠊᠊᠊᠊᠊᠊᠊᠊᠊᠊᠊᠊᠊ ᠠᠳᠤᠭᠤ ᠶᠢ ᠴᠢᠨᠢ ᠪᠠᠽᠠᠷ ᠭᠦᠭᠡᠭᠡᠭ᠍ᠰᠡᠨ ᠭᠡᠵᠤ ᠵᠤᠩᠳᠤᠢ ᠴᠢ ᠶᠠᠭᠠᠭᠢᠵᠤ ᠮᠠᠳᠠᠵᠤ ᠪᠠᠢ᠌ᠭ᠎ᠠ ᠪᠣᠢ︖

᠊᠊᠊᠊᠊᠊᠊᠊᠊᠊᠊᠊᠊᠊᠊ ᠡᠳᠡᠨ ᠤ ᠭᠠᠳᠠᠭ᠎ᠠ ᠮᠢᠨᠤ ᠬᠠᠯᠢᠭᠤᠨ ᠵᠢᠰᠤᠳᠠᠢ ᠬᠠᠭᠠᠷᠢᠭᠤᠯ ᠳᠡᠮᠳᠡᠭ᠌ ᠲᠡᠶ ᠭᠡᠭᠦᠤ ᠶᠢᠨ ᠠᠷᠠᠰᠤ ᠶᠢ ᠳᠡᠯᠭᠡᠭᠡᠰᠦᠳᠡᠢ ᠪᠠᠢ᠌ᠭᠰᠠᠨ ᠢ ᠪᠢ ᠨᠢᠳᠤ ᠪᠠᠷ ᠶᠢᠡᠨ ᠥᠵᠡᠭ᠍ᠰᠡᠨ᠃ ᠡᠨᠡ ᠴᠤ ᠡᠭᠢᠯᠡᠭᠡᠤᠨ ᠬᠤᠶᠠᠷ ᠠᠵᠢᠷᠭ᠎ᠠ ᠠᠳᠤᠭᠤ ᠶᠢ ᠲᠦᠯᠦᠨ᠎ᠠ ᠭᠡᠵᠤ ᠭᠦᠯᠢᠶᠡᠭ᠍ᠰᠡᠨ ᠭᠦᠮᠤᠨ ᠭᠡᠵᠤ ᠦᠴᠢᠪᠠ᠃

᠊᠊᠊᠊᠊᠊᠊᠊᠊᠊᠊᠊᠊᠊᠊ ᠳᠠᠢ᠌ᠮᠤ ᠦᠦ᠂ ᠪᠠᠽᠠᠷ︖

᠊᠊᠊᠊᠊᠊᠊᠊᠊᠊᠊᠊᠊᠊᠊ ᠠᠪᠠᠭ᠎ᠠ ᠶᠢᠨ ᠭᠢᠨ ᠨᠤᠶᠠᠨ ᠵᠠᠯᠠᠨ ᠦᠭᠡᠶ ᠨᠠᠢ᠌ᠯᠠᠵᠤ ᠯᠣᠢ᠌ᠪᠠᠷᠳᠠᠬᠤ ᠭᠡᠵᠤ ᠪᠠᠢ᠌ᠨ᠎ᠠ ᠳ᠋ᠠ︕ ᠨᠠᠷᠠᠩᠭ᠋᠎ᠠ ᠶᠢᠨ ᠡᠯᠡᠰᠤᠨ ᠳᠤ ᠣᠷᠤᠭᠰᠠᠨ ᠮᠤᠷᠢ ᠪᠣᠯᠭᠠᠨ ᠢ ᠬᠠᠩᠭ᠋ᠠᠢ ᠪᠠᠽᠠᠷ ᠢᠳᠠᠵᠤ ᠪᠠᠢ᠌ᠳᠠᠭ ᠨᠢ ᠶᠠᠭᠤ ᠪᠢᠯᠠ︖ ᠳᠠ ᠨᠡᠷ ᠳᠠᠷᠢᠭᠠᠩᠭ᠋᠎ᠠ ᠶᠢᠨ ᠨᠤᠳᠤᠭ ᠢ ᠬᠠᠩᠭ᠋ᠠᠢ ᠪᠠᠽᠠᠷ ᠤᠨ ᠬᠤᠷᠢᠨ ᠬᠤᠨᠢᠨ ᠤ ᠬᠤᠷᠤᠭ᠎ᠠ᠂ ᠬᠤᠶᠠᠷ ᠮᠤᠷᠢᠨ ᠤ ᠠᠷᠭᠠᠮᠵᠢᠶ᠎ᠠ ᠲᠡᠶ ᠠᠳᠠᠯᠢ ᠳᠠᠪᠴᠢᠭᠤᠬᠠᠨ ᠶᠤᠮ ᠭᠡᠵᠤ ᠰᠠᠨᠠᠨ᠎ᠠ ᠦᠦ︖ ᠬᠣᠢ᠌ᠰᠢ ᠪᠠᠨ ᠣᠷᠤᠭᠰᠢ ᠪᠠᠨ ᠬᠤᠨᠤᠭ ᠦᠳᠡ ᠶᠢᠨ ᠭᠠᠵᠠᠷ ᠶᠤᠮ ᠰᠢᠤ᠃ ᠡᠵᠡᠨ ᠤ ᠳᠠᠮᠤᠷ ᠰᠥᠷᠦᠭ᠌ ᠤᠨ ᠳᠤᠳᠤᠷ᠎ᠠ ᠡᠴᠡ ᠬᠠᠯᠢᠭᠤᠨ ᠵᠢᠰᠤᠮᠳᠠᠢ ᠬᠠᠭᠠᠷᠢᠭᠤᠯ ᠳᠡᠮᠳᠡᠭ᠌ ᠲᠡᠶ ᠭᠡᠭᠦᠤ ᠬᠠᠷᠠᠭᠰᠠᠭᠠᠷ ᠪᠠᠢ᠌ᠳᠠᠯ᠎ᠠ ᠴᠢᠨᠢ ᠮᠢᠩᠭ᠋᠎ᠠ ᠶᠢ ᠴᠤ ᠨᠢᠳᠤᠨ ᠡᠮᠦᠨᠡᠭᠦᠷ ᠴᠢᠨᠢ ᠴᠤᠪᠣᠭᠤᠯᠵᠤ ᠪᠠᠢ᠌ᠬᠤ ᠪᠠᠷ ᠪᠠᠶᠠᠨ ᠬᠤᠰᠢᠭᠤ ᠰᠢᠤ ᠳᠠᠷᠢᠭᠠᠩᠭ᠋᠎ᠠ︕ ᠭᠡᠵᠤ ᠪᠠᠽᠠᠷ ᠶᠠᠭᠢᠷᠯᠠᠪᠠ᠃ ᠠᠪᠠᠭ᠎ᠠ ᠳ᠋ᠠ ᠸᠠᠩ ᠤᠨ ᠭᠢᠨ ᠳᠠᠷᠢᠭᠠᠩᠭ᠋᠎ᠠ ᠶᠢᠨ ᠬᠤᠯᠠᠭᠠᠢ᠌ᠴᠢ ᠶᠢ ᠪᠠᠷᠢᠵᠤ ᠬᠤᠰᠢᠭᠤᠨ ᠳᠤ ᠨᠢ ᠭᠦᠷᠭᠡᠭᠦᠯᠭᠦ ᠶᠢᠨ ᠣᠷᠤᠨ ᠳᠤ ᠢᠩᠭᠢᠵᠤ ᠨᠤᠳᠤᠭ ᠣᠷᠤᠨ ᠳᠠᠭᠠᠨ ᠠᠪᠴᠢᠷᠠᠨ ᠵᠠᠯᠬᠠᠭᠠᠵᠤ ᠪᠣᠢ ᠨᠢ ᠭᠡᠷᠭᠢᠪᠠᠴᠤ ᠬᠠᠤᠯᠢ ᠳᠤ ᠨᠡᠢ᠌ᠴᠡᠭᠦ ᠦᠭᠡᠶ ᠵᠣᠢ᠌ᠯ ᠪᠦᠭᠡᠤᠨ ᠡᠭᠦᠨ ᠢ ᠮᠡᠳᠡᠭᠦ ᠪᠠᠽᠠᠷ ᠳᠠᠢ᠌ᠨ ᠭᠦ ᠬᠤᠰᠢᠭᠤ ᠨᠤᠳᠤᠭ ᠤᠨ ᠶᠢᠡᠨ ᠨᠠᠷ᠎ᠠ ᠶᠢ ᠪᠠᠷᠢᠵᠤ ᠣᠪ ᠵᠤᠬᠢᠶᠠᠨ ᠦᠴᠢᠵᠠᠢ᠃

᠊᠊᠊᠊᠊᠊᠊᠊᠊᠊᠊᠊᠊᠊᠊ ᠪᠠᠽᠠᠷ ᠭᠦ᠂ ᠥᠨᠡᠭᠡᠷ ᠳᠠᠨ ᠤ ᠬᠤᠰᠢᠭᠤᠨ ᠳᠤ ᠬᠠᠭᠠᠷᠢᠭᠤᠯ ᠳᠡᠮᠳᠡᠭ᠌ ᠲᠡᠶ ᠰᠥᠷᠦᠭ᠌ ᠤᠳ ᠣᠯᠠᠨ ᠪᠣᠢ ᠶᠤᠮ ᠦᠦ︖ ᠭᠡᠵᠤ ᠳᠠᠠᠳᠠᠷ ᠨᠤᠶᠠᠨ ᠭᠢᠮᠰᠠᠭᠠᠯᠠᠨ ᠠᠰᠠᠭᠤᠪᠠ᠃

᠊᠊᠊᠊᠊᠊᠊᠊᠊᠊᠊᠊᠊᠊᠊ ᠳᠠᠠᠵᠢᠯᠠ ᠮᠠᠢ᠌ᠷᠠᠨ ᠤ ᠠᠯᠠᠭ ᠰᠥᠷᠦᠭ᠌

ᠳᠠᠮᠪᠢ ᠮᠠᠢ᠌ᠷᠠᠨ ᠤ ᠬᠤᠩᠭ᠋ᠤᠷ ᠰᠥᠷᠦᠭ᠌

ᠳᠠᠠᠰᠸᠮ᠎ᠠ ᠭᠡᠦᠭᠡᠨ ᠲᠡᠶ ᠳᠠᠠᠳᠠᠪ ᠮᠠᠢ᠌ᠷᠠᠨ ᠤ

ᠳᠠᠯ ᠲᠡᠶ ᠰᠢᠷᠭᠠᠯ᠂ ᠳᠠᠯ ᠦᠭᠡᠶ ᠰᠢᠷᠭᠠᠯ

ᠳᠠᠠᠵᠢ ᠶᠢᠨ ᠳᠦᠭᠦᠷ ᠤᠨ ᠴᠠᠭᠠᠨ ᠰᠥᠷᠦᠭ᠌

ᠳᠡᠩᠳᠡᠭᠦᠤ ᠯᠠ ᠨᠢᠭᠡ ᠬᠠᠭᠠᠷᠢᠭᠤᠯ ᠳᠡᠮᠳᠡᠭ᠌ ᠲᠡᠶ ᠳ᠋ᠠ᠂ ᠨᠤᠶᠠᠠᠳᠠᠨ ᠮᠢᠨᠢ︕ ᠭᠡᠤᠨ ᠴᠠᠭᠠᠳᠤᠭᠢ ᠨᠢ ᠭᠤᠳᠢᠭ ᠦᠭᠡᠶ ᠦᠴᠢᠪᠠᠯ᠂ ᠭᠡᠷ ᠤᠨ ᠡᠵᠡᠨ᠂ ᠪᠠᠽᠠᠷ ᠡᠴᠡ ᠨᠢᠳᠤ ᠪᠣᠷᠤᠭᠤᠯᠠᠵᠤ᠄

᠊᠊᠊᠊᠊᠊᠊᠊᠊᠊᠊᠊᠊᠊᠊ ᠶᠠᠭᠤ ᠭᠡᠵᠤ ᠪᠠᠢ᠌ᠨ᠎ᠠ ᠪᠢᠯᠠ︖ ᠵᠤᠩᠳᠤᠢ ᠴᠢᠮ᠎ᠠ ᠶᠢ ᠡᠨᠡ ᠪᠠᠽᠠᠷ ᠵᠤᠳᠤᠭᠰᠠᠨ ᠭᠡᠳᠡᠭ᠌ ᠪᠠᠢ᠌ᠬ᠎ᠠ︕

᠊᠊᠊᠊᠊᠊᠊᠊᠊᠊᠊᠊᠊᠊᠊ ᠳᠠᠢ᠌ᠮᠤ ᠡ᠂ ᠬᠤᠶᠠᠷ ᠪᠣᠬ᠎ᠠ ᠰᠢᠭ ᠶᠠᠭᠤᠮ᠎ᠠ ᠳᠠᠭᠠᠭᠤᠯᠵᠤ ᠠᠪᠴᠢᠷᠠᠭᠠᠤᠨ ᠭᠠᠩᠭ᠋᠎ᠠ ᠶᠢᠨ ᠨᠣᠢ᠌ᠳᠠᠨ ᠪᠣᠷᠭᠠᠰᠤ ᠪᠠᠷ ᠵᠠᠠᠴᠢᠭᠤᠯᠤᠭᠰᠠᠨ ᠭᠡᠪᠠᠯ ᠪᠠᠽᠠᠷ ᠰᠢᠭᠤᠳ ᠬᠠᠷᠢᠭᠤᠯᠬᠤ ᠪᠠᠷ ᠰᠢ᠌ᠤᠠᠴᠤ᠂ ᠵᠤᠩᠳᠤᠢ ᠳᠠᠰᠢ ᠪᠣᠯᠵᠤ ᠵᠤᠭᠰᠤᠭᠠᠤᠨ᠄

᠊᠊᠊᠊᠊᠊᠊᠊᠊᠊᠊᠊᠊᠊᠊ ᠬᠠᠭᠠᠨ ᠨᠤᠮ ᠤᠨ ᠲᠦᠷᠦ ᠶᠢᠨ ᠬᠠᠤᠯᠢ

ᠬᠠᠮᠢᠭ᠎ᠠ ᠴᠤ ᠠᠳᠠᠯᠢᠬᠠᠨ ᠪᠠᠢ᠌ᠯᠳᠠᠢ

ᠭᠠᠳᠠᠨ᠎ᠠ ᠪᠠᠨ ᠶᠠᠮᠤᠨ ᠲᠡᠶ ᠳᠠᠷᠢᠭᠠᠩᠭ᠋᠎ᠠ ᠶᠢᠨ

ᠭᠠᠷ ᠲᠤ ᠪᠠᠨ ᠳᠠᠮᠠᠭ᠎ᠠ ᠲᠡᠶ ᠨᠤᠶᠠᠨ ᠳᠤ ᠣᠴᠢᠵᠤ

ᠠᠵᠢᠷᠭ᠎ᠠ ᠠᠵᠢᠷᠭ᠎ᠠ ᠠᠳᠤᠭᠤᠨ ᠤ ᠪᠠᠨ

ᠠᠴᠤᠭ ᠣᠴᠢᠷ ᠢ ᠣᠯᠤᠭᠤᠯᠬᠤ ᠪᠠᠷ

ᠡᠡᠯᠳᠠᠰᠢᠭᠦᠷ ᠤᠨ ᠪᠠᠽᠠᠷ ᠢ ᠪᠠᠷᠢᠭᠤᠯᠵᠤ

ᠠᠰᠠᠭᠤᠯᠳᠠ ᠪᠠᠢ᠌ᠴᠠᠭᠠᠯᠳᠠ ᠭᠢᠯᠭᠡᠭᠦ ᠶᠢᠨ ᠣᠷᠤᠨ ᠳᠤ

ᠠᠷᠤ ᠶᠢᠨ ᠲᠦᠯᠦᠪᠣᠷᠢ ᠪᠠᠷ ᠠᠳᠤᠭᠤ ᠪᠣᠯᠭᠠᠨ ᠳᠤ

ᠠᠳᠤᠭᠤ ᠨᠢᠭᠡ ᠶᠢ ᠨᠠᠮᠠᠵᠤ ᠠᠪᠣᠨ᠎ᠠ ᠭᠡᠵᠤ

ᠭᠦᠡᠳᠡᠭᠦᠤ ᠬᠤᠭᠤᠰᠤᠨ ᠶᠠᠭᠤ ᠭᠡᠵᠤ ᠪᠣᠳᠤᠭᠰᠠᠨ ᠪᠣᠢ︖

ᠭᠦᠳᠦᠰ ᠳᠡᠭᠡᠭ᠌ ᠶᠠᠭᠤ ᠭᠡᠵᠤ ᠵᠠᠩᠨᠠᠭᠰᠠᠨ ᠪᠣᠢ︖

ᠮᠠᠭᠤ ᠣᠯᠤᠰ ᠴᠤᠭᠯᠠᠭᠤᠯᠤᠭᠠᠤᠨ

ᠮᠤᠭᠠᠢ ᠮᠤᠳᠤ ᠪᠠᠷᠢᠭᠤᠯᠤᠭᠠᠤᠨ

ᠮᠦᠨ ᠪᠠᠽᠠᠷ ᠰᠢᠭ ᠵᠤᠳᠤᠳᠠᠭ ᠵᠠᠰᠠᠭ ᠪᠠᠢ᠌ᠨ᠎ᠠ ᠭᠡᠵᠤ

ᠨᠣᠢ᠌ᠷᠤᠨ ᠳᠤ ᠥᠵᠡᠭᠡ ᠶᠤᠮ ᠦᠦ ᠭᠦ︖

ᠨᠤᠮ ᠳᠤ ᠥᠵᠡᠭᠡ ᠶᠤᠮ ᠦᠦ᠂ ᠴᠢ︖ ᠭᠡᠰᠡᠨ ᠶᠢᠡᠨ ᠳ᠋ᠠ ᠸᠠᠩ ᠣᠷᠤᠭᠤ ᠬᠠᠷᠠᠵᠤ ᠭᠦᠡᠳᠦᠦᠡᠭᠡᠭ᠍ᠰᠡᠨ ᠳᠦᠷᠢ ᠥᠵᠡᠭᠦᠯᠦᠭᠡᠤᠨ ᠡᠯᠢᠭᠡᠨ ᠳᠡᠭᠡᠷ᠎ᠡ ᠪᠠᠨ ᠭᠠᠷ ᠶᠢᠡᠨ ᠠᠪᠴᠤ ᠮᠡᠭᠦᠰᠭᠢᠭᠡᠤᠨ᠄

᠊᠊᠊᠊᠊᠊᠊᠊᠊᠊᠊᠊᠊᠊᠊ ᠠᠷᠭ᠎ᠠ ᠨᠢ ᠪᠢᠳᠡᠭᠦᠷᠡᠭ᠍ᠰᠡᠨ ᠪᠠᠽᠠᠷ ᠢ

ᠠᠯᠳᠠᠨ ᠳᠠᠮᠠᠭ᠎ᠠ ᠶᠢᠨ ᠭᠠᠵᠠᠷ

ᠠᠷᠭᠠᠮᠵᠢᠶ᠎ᠠ ᠭᠦᠯᠢᠶᠡᠰᠤ ᠲᠡᠶ ᠢᠷᠡᠭᠦ ᠳᠤ

ᠠᠯᠪᠠᠨ ᠳᠤᠰᠢᠶᠠᠯ ᠲᠡᠶ ᠵᠤᠩᠳᠤᠢ ᠭᠤᠸᠠᠢ

ᠠᠵᠢᠷᠭ᠎ᠠ ᠪᠠᠷ ᠠᠳᠤᠭᠤᠨ ᠤ ᠵᠠᠷᠭᠤ ᠮᠡᠳᠡᠭᠦᠯᠵᠤ

ᠠᠭᠰᠤᠷᠴᠤ ᠣᠮᠤᠭᠳᠠᠳᠠᠭ ᠴᠢᠨᠢ ᠶᠠᠭᠤ ᠪᠣᠯᠵᠤ ᠪᠠᠢ᠌ᠨ᠎ᠠ︖

ᠠᠷᠪᠢᠳᠠᠢ ᠭᠡᠷᠡᠭ᠌ ᠭᠡᠯᠡᠯᠴᠡᠭᠦ ᠨᠢ ᠦᠦ ᠭᠡᠵᠤ

ᠠᠬ᠎ᠠ ᠨᠤᠶᠠᠨ ᠳᠠᠨ ᠢ ᠭᠦᠡᠳᠦᠯᠡᠭ᠍ᠰᠡᠨ ᠶᠤᠮᠰᠠᠨ

ᠠᠳᠢᠰᠬ᠎ᠠ ᠰᠢᠷᠢᠨ ᠤ ᠶᠠᠪᠠᠭᠠᠨ ᠶᠠᠷᠢᠶ᠎ᠠ ᠪᠠᠷ

ᠠᠮᠪᠠᠨ ᠶᠠᠪᠣᠬᠤ ᠦᠭᠡᠶ ᠳ᠋ᠠᠭ ᠡ᠂ ᠳᠠᠠᠳᠠᠷᠳᠠᠨ ᠮᠢᠨᠢ︕

ᠬᠠᠷᠢᠨ ᠪᠢ ᠭᠡᠷᠭᠡᠢ ᠶᠢ ᠮᠢᠨᠢ ᠵᠤᠪᠠᠭᠠᠭᠰᠠᠨ

ᠬᠠᠷᠢᠭᠤ ᠶᠢ ᠠᠪᠣᠮᠠᠷ ᠪᠠᠢ᠌ᠨ᠎ᠠ᠂ ᠡᠨᠡ ᠵᠤᠩᠳᠤᠢ ᠡᠴᠡ︕ ᠭᠡᠰᠡᠨ ᠳᠤ ᠪᠠᠽᠠᠷ ᠲᠡᠶ ᠥᠭᠡ ᠭᠡᠯᠡᠯᠴᠡᠭᠦ ᠡᠴᠡ ᠪᠠᠨ ᠡᠷᠡᠰ ᠳᠠᠳᠠᠭᠠᠯᠵᠠᠭᠰᠠᠨ ᠠᠪᠠᠭ᠎ᠠ ᠶᠢᠨ ᠪᠠᠭ᠎ᠠ ᠸᠠᠩ 《ᠳᠠᠷᠢᠭᠠᠩᠭ᠋᠎ᠠ ᠶᠢᠨ ᠨᠤᠶᠠᠤᠨ ᠡᠢ᠌ᠮᠤ ᠪᠣᠰᠤᠭ᠎ᠠ ᠣᠷᠤᠯᠠᠩ ᠡᠴᠡ ᠰᠠᠯᠤᠶ᠎ᠠ ᠴᠤ ᠭᠡᠯᠭᠦᠢ ᠶᠠᠭᠠᠭᠢᠬᠤᠪ ᠳ᠋ᠠ︕》 ᠭᠡᠵᠤ ᠪᠣᠳᠤᠭᠰᠠᠨ ᠶᠢᠡᠨ᠄

᠊᠊᠊᠊᠊᠊᠊᠊᠊᠊᠊᠊᠊᠊᠊ ᠬᠤᠶᠠᠭ ᠴᠢ ᠡᠨᠡ ᠬᠤᠯᠠᠭᠠᠢ᠌ᠴᠢ ᠶᠢ ᠠᠪᠣᠭᠠᠤᠨ ᠭᠠᠷ︕ ᠳᠡᠭᠡᠭᠡᠤᠨ ᠴᠠᠢ ᠦᠭ‍ᠭᠦᠭᠦᠯ ᠭᠡᠮᠡᠵᠡᠢ

ᠪᠠᠽᠠᠷ ᠤᠨ ᠡᠰᠡᠷᠭᠦ ᠪᠣᠰᠤᠭᠰᠠᠨ ᠭᠡᠷᠡᠭ᠌ ᠤᠨ ᠳᠦᠷᠦᠭᠡᠨ ᠤ ᠭᠤᠤᠯ ᠨᠢ ᠵᠤᠩᠳᠤᠢ ᠵᠠᠯᠠᠨ ᠤ ᠬᠤᠶᠠᠷ ᠠᠵᠢᠷᠭ᠎ᠠ ᠠᠳᠤᠭᠤ ᠪᠢᠰᠢ ᠪᠣᠯᠬᠤ ᠨᠢ ᠮᠥᠦᠡᠳᠦᠭᠡᠨ ᠨᠤᠳᠠᠯᠠᠭᠳᠠᠪᠠ᠃ ᠠᠪᠠᠭ᠎ᠠ ᠶᠢᠨ ᠭᠢᠨ ᠠᠪᠠᠬᠠᠨᠠᠷ ᠪᠠᠢ᠌ᠯᠠ ᠶᠢᠨ ᠭᠦᠰᠡᠭ᠍ᠰᠡᠨ ᠶᠤᠰᠤᠭᠠᠷ ᠴᠡᠷᠢᠭ᠌ ᠢᠯᠡᠭᠡᠨ ᠳᠡᠭᠦᠨ ᠢ ᠪᠠᠷᠢᠭᠤᠯᠤᠭᠰᠠᠨ ᠭᠡᠷᠡᠭ᠌ ᠪᠠᠢ᠌ᠵᠠᠢ᠃ ᠳᠠᠷᠢᠭᠠᠩᠭ᠋᠎ᠠ ᠶᠢᠨ ᠬᠤᠯᠠᠭᠠᠢ᠌ᠴᠢ ᠶᠢ ᠠᠪᠠᠭ᠎ᠠ ᠶᠢᠨ ᠵᠠᠰᠠᠭ ᠳᠠᠮᠠᠭ᠎ᠠ ᠳᠠᠭᠢᠨ ᠪᠠᠷᠤᠭ ᠪᠠᠢ᠌ᠴᠠᠭᠠᠭᠰᠠᠨ ᠦᠭᠡᠶ ᠪᠦᠭᠡᠤᠨ ᠵᠡᠩᠴᠢᠭᠦᠤ ᠶᠢᠨ ᠠᠮᠪᠠᠨ ᠤ ᠶᠡᠭᠡ ᠨᠤᠶᠠᠨ ᠳᠤ ᠭᠦᠷᠭᠡᠭ᠍ᠳᠡᠭᠦ ᠶᠤᠮ ᠭᠡᠳᠡᠭ᠌ ᠶᠢᠡᠨ ᠪᠠᠽᠠᠷ ᠣᠳᠠᠯ ᠦᠭᠡᠶ ᠮᠠᠳᠠᠵᠤ ᠪᠢᠯᠠ᠃ ᠬᠠᠷᠢᠨ ᠠᠪᠠᠭ᠎ᠠ ᠶᠢᠨ ᠭᠢᠨ ᠠᠪᠠᠬᠠᠨᠠᠷ ᠪᠠᠢ᠌ᠯᠠ ᠶᠢᠨ ᠭᠢ ᠡᠴᠡ ᠪᠠᠽᠠᠷ ᠢ ᠠᠪᠬᠤ ᠭᠦᠮᠤᠨ ᠢᠷᠠᠳᠠᠯ᠎ᠠ ᠵᠤᠩᠳᠤᠢ ᠶᠢᠨ ᠭᠡᠳᠤᠨ ᠠᠳᠤᠭᠤ ᠶᠢ ᠳᠡᠭᠦᠨ ᠶᠢᠡᠷ ᠭᠦᠯᠢᠶᠡᠯᠭᠡᠭᠦ ᠭᠡᠵᠤ ᠣᠷᠤᠯᠳᠤᠭᠰᠠᠨ ᠨᠢ ᠵᠥᠭᠡᠷ ᠰᠠᠭᠤᠬᠤ ᠡᠴᠡ ᠳᠡᠮᠡᠭᠡ ᠬᠠᠷᠢᠭᠤᠯ ᠭᠡᠳᠡᠭ᠌ ᠤᠨ ᠥᠯᠢᠭᠡᠷ ᠪᠠᠢ᠌ᠵᠠᠢ᠃ ᠠᠪᠠᠭ᠎ᠠ ᠳ᠋ᠠ ᠸᠠᠩ ᠤᠨ ᠳᠤ ᠬᠤᠷᠢᠭᠳᠠᠵᠤ ᠪᠠᠢ᠌ᠬᠤ ᠬᠤᠭᠤᠴᠠᠭᠠᠨ ᠳᠤ ᠳᠠᠷᠠ ᠪᠠᠷ ᠳᠠᠳᠤᠢ ᠯᠠ ᠶᠡᠭᠡ ᠶᠠᠳᠠᠷᠠᠭᠰᠠᠨ ᠦᠭᠡᠶ ᠠᠪᠠᠴᠤ ᠨᠠᠯᠢᠶᠠᠤᠨ ᠶᠡᠭᠡ ᠦᠯᠦᠰᠴᠠᠢ᠃

ᠤᠷᠦᠢ ᠳᠠᠭᠠᠨ ᠨᠤᠶᠠᠨ ᠤ ᠭᠦᠭ᠍ᠰᠢᠨ ᠬᠠᠯᠳᠠᠷ ᠨᠤᠬᠠᠢ ᠳᠤ ᠦᠭ‍ᠭᠦᠭᠡᠤᠨ ᠥᠯᠡᠳᠡᠭ᠍ᠰᠡᠨ ᠠᠶᠠᠭᠠᠨ ᠱᠦᠯᠦ ᠶᠢ ᠬᠠᠪᠠ ᠶᠢᠨ ᠢᠳᠡᠭᠦᠷ ᠪᠣᠯᠤᠯᠳᠠᠢ ᠶᠠᠮᠫᠢᠭᠠᠷ ᠴᠠᠭᠠᠨ ᠳᠦᠮᠫᠠᠨ ᠳᠤ ᠭᠢᠵᠤ ᠥᠭ᠍ᠳᠡᠭ᠌ ᠪᠠᠢ᠌ᠪᠠ᠃ ᠳᠠᠷᠢᠭᠠᠩᠭ᠋᠎ᠠ ᠶᠢᠨ ᠭᠢᠨ ᠤ ᠰᠢᠷ᠎ᠠ ᠰᠥ᠋ ᠭᠡᠭᠦ᠂ ᠥᠪᠦᠷᠯᠡᠭ᠍ᠴᠢ ᠨᠡᠷ ᠪᠣᠯ ᠰᠢᠷ᠎ᠠ ᠣᠰᠤ ᠭᠡᠯᠴᠡᠳᠡᠭ᠌ ᠡᠭᠡᠵᠡᠭᠡᠢ ᠶᠢᠨ ᠰᠢᠩᠭᠡᠨ ᠱᠢᠭᠠᠷᠤ ᠳᠤ ᠥᠷᠯᠦᠭᠡ ᠨᠢᠭᠡ ᠠᠶᠠᠭ᠎ᠠ᠂ ᠡᠳᠦᠷ ᠬᠤᠶᠠᠷ ᠠᠶᠠᠭ᠎ᠠ ᠵᠠᠯᠭᠢᠯᠠᠭᠤᠯᠤᠨ᠎ᠠ᠃ ᠪᠠᠽᠠᠷ ᠤᠨ ᠬᠤᠭᠤᠯᠠ ᠶᠡᠷᠦᠳᠡᠭᠡᠨ ᠨᠢ ᠯᠠ ᠡᠨᠡ ᠪᠠᠢ᠌ᠵᠠᠢ᠃

ᠪᠠᠽᠠᠷ ᠡᠨᠡ ᠥᠷᠯᠦᠭᠡ ᠨᠠᠯᠢᠶᠠᠤᠨ ᠡᠷᠳᠡ ᠪᠣᠰᠴᠠᠢ᠃ ᠪᠣᠰᠬᠤ ᠶᠠᠭᠤ ᠪᠠᠢ᠌ᠬᠤᠪ᠃ ᠨᠠᠯᠢᠶᠠᠤᠨ ᠡᠷᠳᠡ ᠰᠠᠷᠢᠵᠠᠢ᠃ 《ᠡᠳᠡᠨ ᠤ ᠶᠠᠭᠠᠭᠢᠬᠤ ᠭᠡᠤᠨ ᠪᠠᠢ᠌ᠭ᠎ᠠ ᠣᠴᠢᠷ ᠢ ᠨᠢ ᠣᠯᠬᠤ ᠶᠤᠮᠰᠠᠨ᠃ ᠵᠤᠩᠳᠤᠢ ᠵᠠᠯᠠᠨ ᠴᠤ ᠭᠤᠠᠵᠢᠭᠤᠨᠠᠵᠤ ᠥᠵᠡᠭ᠍ᠳᠡᠭᠦ ᠪᠠᠨ ᠪᠣᠯᠢᠭᠰᠠᠨ ᠪᠠᠢ᠌ᠨ᠎ᠠ᠃ ᠪᠠᠤᠠᠮ᠎ᠠ ᠶᠢ ᠮᠢᠨᠢ ᠣᠴᠢᠵᠤ ᠳᠠᠮᠤᠯᠠᠵᠤ ᠪᠠᠢ᠌ᠭ᠎ᠠ ᠶᠤᠮ ᠪᠣᠯᠪᠠᠤ︖᠁ ᠬᠤᠩᠰᠢᠶᠠᠷ ᠴᠢᠨᠢ ᠳᠤᠳᠠᠬᠤ ᠪᠠᠢ᠌ᠯᠭᠦᠢ ᠳ᠋ᠠ᠃ ᠭᠠᠩᠭ᠋᠎ᠠ ᠪᠠᠷ ᠣᠷᠤᠵᠤ ᠠᠷᠪᠠ ᠬᠤᠨᠤᠭᠠᠤᠨ ᠢᠷᠠᠨ᠎ᠠ ᠭᠡᠰᠡᠨ ᠪᠢ ᠢᠩᠭᠢᠳᠠᠯ᠎ᠠ ᠪᠠᠨ ᠣᠳᠠᠴᠢᠬᠠᠯ᠎ᠠ᠁ ᠮᠠᠭᠤ ᠪᠠᠤᠠᠮ᠎ᠠ ᠮᠢᠨᠢ᠁ ᠣᠳᠤ ᠶᠠᠭᠠᠭᠢᠨ᠎ᠠ ᠭᠡᠭᠦᠪ᠂ 〈ᠰᠠᠢ᠌ᠨ ᠤ ᠢᠷᠦᠭᠡᠯ ᠪᠠᠢ᠌ᠪᠠᠯ ᠰᠠᠷ᠎ᠠ ᠳᠠᠭᠠᠨ ᠭᠠᠭᠴᠠᠬᠠᠨ ᠴᠤ ᠶᠠᠭᠠᠮᠠᠢ〉 ᠰᠢᠤ》 ᠭᠡᠵᠤ ᠪᠠᠽᠠᠷ ᠪᠣᠳᠤᠵᠤ ᠰᠠᠭᠤᠯ᠎ᠠ᠃

ᠴᠢᠩᠭᠢᠳᠠᠯ᠎ᠠ ᠭᠡᠨᠡᠳᠲᠡ ᠪᠣᠳᠤᠯ ᠢ ᠨᠢ ᠳᠠᠯ᠎ᠠ ᠶᠢᠨ ᠵᠡᠭᠡᠷ᠎ᠡ ᠶᠢ ᠰᠤᠴᠢᠭᠠᠬᠤ ᠫᠣᠤ ᠶᠢᠨ ᠳᠠᠭᠤᠨ ᠮᠠᠳᠤ ᠥᠷᠭᠦᠭᠡᠵᠤ᠄

᠊᠊᠊᠊᠊᠊᠊᠊᠊᠊᠊᠊᠊᠊᠊ ᠵᠠ᠂ ᠳᠠᠷᠢᠭᠠᠩᠭ᠋᠎ᠠ ᠶᠢᠨ ᠬᠤᠯᠠᠭᠠᠢ᠌ᠴᠢ ᠶᠢ ᠭᠠᠷᠭᠠᠭᠠᠤᠨ ᠢᠷ᠎ᠠ︕ ᠭᠡᠵᠤ ᠣᠭᠵᠤᠮ ᠴᠢᠩᠭ᠋᠎ᠠ ᠭᠡᠯᠡᠭᠦ ᠳᠠᠭᠤᠨ ᠬᠠᠳᠠᠪᠠ᠃

ᠭᠡᠳᠦᠭᠡᠨ ᠮᠦᠴᠡ ᠶᠢᠨ ᠳᠠᠷᠠᠭ᠎ᠠ ᠪᠠᠽᠠᠷ ᠤᠨ ᠭᠢᠠᠵᠢᠨ ᠳᠤᠱᠠ ᠶᠢ ᠠᠪᠴᠤ᠂ ᠵᠠᠢ᠌ᠳᠠᠩ ᠮᠤᠷᠢ ᠣᠨᠤᠭᠤᠯᠤᠨ᠂ ᠭᠦᠯ ᠢ ᠨᠢ ᠮᠤᠷᠢᠨ ᠤ ᠭᠡᠳᠡᠰᠤᠨ ᠳᠤᠤᠭᠤᠷ ᠰᠤᠷ ᠶᠢᠡᠷ ᠬᠤᠯᠪᠣᠭᠠᠤᠨ ᠬᠤᠶᠠᠷ ᠫᠣᠤ ᠲᠡᠶ ᠭᠦᠮᠤᠨ ᠳᠠᠭᠠᠭᠤᠯᠵᠤ ᠠᠪᠴᠤ ᠶᠠᠪᠣᠬᠤ ᠳᠤ ᠪᠠᠯᠠᠨ ᠪᠣᠯᠵᠤ ᠪᠠᠢ᠌ᠪᠠ᠃ ᠪᠠᠽᠠᠷ ᠭᠤᠳᠤᠯ ᠶᠢᠡᠨ ᠥᠭᠡᠢ᠌ᠯᠡᠨ ᠠᠰᠠᠭᠤᠭᠰᠠᠨ ᠳᠤ ᠳᠡᠭᠦᠨ ᠰᠢᠨᠡᠭᠡᠨ ᠵᠢᠷᠤᠮᠠᠯ ᠢ ᠦᠵᠡᠵᠤ ᠬᠠᠷᠠᠭᠰᠠᠨ ᠡᠵᠡᠨ ᠣᠯᠳᠠᠭᠰᠠᠨ ᠦᠭᠡᠶ᠃ ᠬᠠᠷᠢᠨ ᠬᠤᠶᠠᠷ ᠫᠣᠤ ᠲᠡᠶ ᠭᠦᠮᠦᠰ ᠤᠨ ᠠᠬᠠᠮᠠᠤᠨ ᠨᠢ ᠪᠣᠯᠬᠤ ᠦᠨᠳᠦᠷ ᠰᠢᠷ᠎ᠠ ᠭᠦᠮᠤᠨ ᠪᠦᠳᠦᠭᠦᠨ ᠢᠷᠭᠠᠢ ᠳᠠᠰᠢᠭᠤᠷ ᠶᠢᠡᠷ ᠵᠤ᠋ ᠳᠤᠮᠳᠠᠭᠤᠷ ᠨᠢ ᠠᠳᠤᠷᠢᠯᠳᠤᠳᠠᠯ᠎ᠠ ᠪᠠᠭᠤᠯᠭᠠᠵᠤ᠄

᠊᠊᠊᠊᠊᠊᠊᠊᠊᠊᠊᠊᠊᠊᠊ ᠬᠤᠪᠠᠬᠠᠢ ᠭᠤᠶᠤᠯᠭᠠᠴᠢᠨ ᠴᠢ ᠳᠤᠭᠤᠢ ᠶᠠᠪᠣ ᠭᠡᠵᠤ ᠵᠠᠩᠳᠤᠷᠴᠠᠢ᠃ ᠪᠠᠽᠠᠷ ᠮᠠᠭᠤᠬᠠᠢ ᠢᠷᠪᠠᠢ᠌ᠭᠠᠤᠨ᠄

᠊᠊᠊᠊᠊᠊᠊᠊᠊᠊᠊᠊᠊᠊᠊ ᠥᠭᠦᠭᠦ ᠭᠦᠮᠤᠨ ᠳᠤᠤᠷ᠎ᠠ ᠡᠴᠡ ᠪᠠᠨ ᠭᠦᠷᠦᠳᠡᠭ᠌ ᠶᠤᠮ ᠭᠡᠨ᠎ᠡ ᠪᠢᠯᠠ᠃ ᠥᠭᠡᠢ᠌ᠷᠡᠭᠦ ᠭᠦᠮᠤᠨ ᠪᠠᠰᠠ ᠳᠤᠤᠷ᠎ᠠ ᠡᠴᠡ ᠪᠠᠨ ᠥᠭᠡᠢ᠌ᠷᠡᠳᠡᠭ᠌ ᠪᠠᠢ᠌ᠵᠠᠢ᠃ ᠭᠤᠳᠤᠯ ᠶᠢᠡᠨ ᠠᠯᠳᠠᠴᠢᠬᠠᠳᠠᠭ︕ ᠭᠡᠮᠡᠨ ᠬᠤᠯᠠᠭᠠᠢ᠌ᠴᠢ ᠶᠢ ᠪᠢᠳᠡᠭᠦᠤ ᠱᠤᠭᠴᠢᠯᠠᠨ ᠢᠨᠢᠶᠡᠮᠰᠦᠭᠯᠡᠭ᠍ᠰᠡᠨ ᠳᠤ ᠨᠥᠭᠦᠭᠡ ᠦᠨᠳᠦᠷ ᠰᠢᠷ᠎ᠠ᠄

᠊᠊᠊᠊᠊᠊᠊᠊᠊᠊᠊᠊᠊᠊᠊ ᠰᠠᠨᠠᠭ᠎ᠠ ᠵᠤᠪᠠᠯᠳᠠ ᠦᠭᠡᠶ︕ ᠴᠢ ᠭᠠᠢ᠌ᠭᠤᠢ ᠳᠡᠭᠡᠷ᠎ᠡ ᠡᠴᠡ ᠪᠠᠨ ᠥᠭᠦᠵᠤ᠂ ᠳᠡᠭᠡᠷ᠎ᠡ ᠡᠴᠡ ᠪᠠᠨ ᠥᠭᠡᠢ᠌ᠷᠡᠭᠦ ᠪᠣᠢ︕ ᠳᠤᠯᠤᠭᠠᠢ ᠶᠢ ᠴᠢᠨᠢ ᠠᠪᠴᠢᠬᠤᠯᠠᠷ ᠥᠭᠦᠭᠦ᠂ ᠥᠭᠡᠢ᠌ᠷᠡᠭᠦ ᠬᠤᠶᠠᠷ ᠴᠢᠮ᠎ᠠ ᠳᠡᠭᠡᠷ᠎ᠡ ᠵᠡᠷᠭᠡ ᠢᠷᠠᠨ᠎ᠠ ᠳ᠋ᠠ︕ ᠭᠡᠤᠨ ᠮᠤᠷᠢ ᠪᠠᠨ ᠳᠠᠪᠢᠷᠠᠨ ᠴᠥᠭᠦᠯᠡᠵᠡᠢ᠃ ᠭᠡᠨ ᠨᠢᠭᠡᠨ ᠭᠦᠮᠤᠨ ᠤ᠄

᠊᠊᠊᠊᠊᠊᠊᠊᠊᠊᠊᠊᠊᠊᠊ ᠬᠠᠷ᠎ᠠ ᠳᠤᠯᠤᠭᠠᠢ ᠳᠠᠭᠠᠨ ᠪᠢᠯᠡᠭᠦᠤ ᠬᠤᠷᠢᠶᠠᠭᠰᠠᠨ ᠠᠮᠢᠳᠠᠨ︕ ᠭᠡᠵᠤ ᠵᠢᠭ᠍ᠰᠢᠭ᠍ᠰᠡᠨ ᠪᠣᠶᠤ ᠥᠷᠦᠪᠳᠦᠭ᠍ᠰᠡᠨ ᠠᠯᠢᠨ ᠪᠣᠯᠬᠤ ᠨᠢ ᠮᠡᠳᠡᠭ᠍ᠳᠡᠭᠦ ᠦᠭᠡᠶ ᠱᠠᠭᠠᠷᠮᠠᠭ ᠬᠤᠭᠤᠯᠠᠢ ᠪᠠᠷ ᠭᠡᠯᠡᠭᠦ ᠶᠢ ᠪᠠᠽᠠᠷ ᠠᠮᠤᠷᠯᠢᠩᠭ᠋ᠤᠢ ᠰᠤᠨᠤᠰᠴᠤ ᠶᠠᠪᠣᠯ᠎ᠠ᠃

ᠵᠤᠬᠢᠶᠠᠭᠴᠢ᠄ ᠳ·ᠮᠠᠮ᠎ᠠ
ᠳᠠᠷᠤᠮ᠄ 7358
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ