ᠨᠢᠭᠡ ᠂ ᠴᠠᠯᠢᠩ ᠴᠤᠭᠯᠠᠭᠠᠨ

ᠪᠠᠭᠤᠯᠭᠠᠭᠴᠢ ᠶᠢᠨ ᠥᠭᠡ


ᠣᠩᠰᠢᠭᠴᠢ ᠪᠦᠭᠦᠨ ᠤ ᠠᠮᠤᠷ ᠠᠮᠤᠭᠤᠯᠠᠩ ᠢ ᠠᠢ᠌ᠯᠠᠤᠠᠬᠠᠨ᠂ ᠮᠠᠠᠳᠤᠯᠠᠨ ᠵᠤᠯᠭᠠᠨᠠᠮ︕

ᠣᠳᠤ ᠳᠠ ᠪᠦᠭᠦᠨ ᠤ ᠡᠮᠦᠨ᠎ᠡ ᠳᠠᠯᠪᠢᠭᠳᠠᠵᠤ ᠪᠠᠢ᠌ᠭ᠎ᠠ ᠪᠣᠯ ᠮᠤᠩᠭ᠋ᠤᠯ ᠣᠯᠤᠰ ᠤᠨ ᠵᠤᠬᠢᠶᠠᠯᠴᠢᠳ ᠤᠨ ᠬᠤᠷᠢᠶᠠᠨ ᠤ ᠳᠡᠷᠢᠭᠦᠯᠡᠭ᠍ᠴᠢ ᠠᠭᠰᠠᠨ ᠠᠯᠳᠠᠷᠳᠤ ᠵᠤᠬᠢᠶᠠᠯᠴᠢ᠂ ᠣᠯᠤᠰ ᠲᠦᠷᠦᠴᠢ ᠳ᠋·ᠮᠠᠮ᠎ᠠ ᠠᠪᠣᠭᠠᠢ ᠶᠢᠨ ᠴᠥᠷᠭᠦᠯᠡᠭ᠍ᠰᠡᠨ ᠳᠡᠦᠭᠡ ᠶᠢᠨ ᠷᠤᠮᠠᠨ᠂ ᠮᠤᠩᠭ᠋ᠤᠯ ᠣᠯᠤᠰ ᠲᠤ ᠬᠤᠶᠠᠳᠤᠭᠠᠷ 《ᠳᠤᠩᠭ᠋ᠠᠯᠠᠭ ᠳᠠᠮᠢᠷ》 ᠭᠡᠵᠤ ᠠᠯᠳᠠᠷᠰᠢᠭᠰᠠᠨ 《ᠭᠠᠵᠠᠷ ᠰᠢᠷᠤᠢ》 ᠶᠢᠨ ᠨᠢᠭᠡᠳᠦᠭᠡᠷ ᠪᠣᠳᠢ ᠡᠴᠡ ᠰᠤᠩᠭ᠋ᠤᠭᠰᠠᠨ ᠠᠷᠪᠠᠨ ᠨᠢᠭᠡᠨ ᠪᠦᠯᠦᠭ᠌ ᠪᠣᠯᠤᠨ᠎ᠠ᠃

ᠪᠠᠭᠤᠯᠭᠠᠭᠴᠢ ᠡᠴᠡ ᠠᠯᠢ ᠴᠢᠳᠠᠬᠤ ᠶᠢᠨ ᠳᠤᠳᠤᠷ᠎ᠠ ᠥᠯᠢᠭᠡᠷ ᠤᠨ ᠪᠦᠷᠢᠨ ᠪᠦᠳᠤᠨ ᠪᠠᠢ᠌ᠬᠤ ᠶᠢ ᠬᠠᠷᠠᠭᠠᠯᠵᠠᠵᠤ᠂ ᠥᠯᠢᠭᠡᠷ ᠤᠨ ᠨᠢᠭᠡᠨ ᠴᠢᠬᠤᠯᠠ ᠭᠤᠤᠯ ᠪᠠᠭᠠᠳᠤᠷ ᠪᠣᠯᠬᠤ ᠬᠠᠩᠭ᠋ᠠᠢ ᠪᠠᠽᠠᠷ ᠤᠨ ᠨᠢᠭᠡᠨ ᠭᠡᠷ ᠲᠤ ᠲᠤᠬᠢᠶᠠᠯᠳᠤᠭᠰᠠᠨ ᠨᠢᠭᠡᠨ ᠣᠳᠠᠭᠠᠨ ᠤ ᠭᠠᠰᠠᠯᠠᠩ ᠵᠤᠪᠠᠯᠠᠩ ᠢ ᠳᠤᠭᠠᠴᠢᠨ ᠥᠭᠦᠯᠡᠭ᠍ᠰᠡᠨ ᠪᠦᠭᠦᠢᠯᠡ ᠭᠡᠰᠡᠭ᠌ ᠢ ᠰᠤᠩᠭ᠋ᠤᠨ ᠳᠤᠯᠢᠯᠠᠭᠤᠯᠪᠠ᠃ ᠳᠤᠰ ᠷᠤᠮᠠᠨ ᠢ ᠪᠠᠭᠤᠯᠭᠠᠭᠴᠢ ᠪᠢ ᠭᠡᠳᠤᠨ ᠵᠢᠯ ᠣᠷᠤᠯᠳᠤᠵᠤ ᠪᠠᠭᠤᠯᠭᠠᠵᠤ ᠪᠠᠷᠠᠭᠠᠭᠰᠠᠨ ᠪᠣᠯᠪᠠᠴᠤ ᠡᠯ᠎ᠡ ᠵᠣᠢ᠌ᠯ ᠤᠨ ᠨᠥᠭᠦᠴᠡᠯ ᠰᠢᠯᠳᠠᠭᠠᠨ ᠡᠴᠡ ᠪᠣᠯᠵᠤ ᠣᠩᠰᠢᠭᠴᠢ ᠳᠠ ᠪᠦᠭᠦᠨ ᠳᠤ ᠪᠠᠨ ᠪᠦᠷᠢᠨ ᠪᠦᠳᠤᠨ ᠡᠷᠭᠦᠨ ᠪᠠᠷᠢᠵᠤ ᠴᠢᠳᠠᠭ᠎ᠠ ᠦᠭᠡᠶ ᠪᠠᠢ᠌ᠭᠰᠠᠭᠠᠷ ᠪᠦᠯᠦᠭᠡ᠃ ᠭᠡᠷᠪᠡ ᠣᠩᠰᠢᠭᠴᠢ ᠳᠠ ᠰᠤᠨᠢᠷᠬᠠᠯ ᠲᠡᠶ ᠪᠣᠯ ᠨᠠᠳᠠ ᠲᠡᠶ ᠬᠠᠮᠳᠤᠷᠠᠨ ᠳᠤᠰ ᠨᠤᠮ ᠢ ᠭᠡᠪᠯᠡᠭᠦᠯᠵᠤ ᠪᠣᠯᠤᠨ᠎ᠠ᠃

ᠮᠢᠨᠤ ᠢᠮᠸᠯ ᠤᠨ ᠬᠠᠶᠠᠭ᠄ narangerel@yahoo.com.cn  ᠪᠣᠶᠤ hurcha@51uc.com ᠪᠣᠯᠤᠨ᠎ᠠ᠃

ᠮᠢᠨᠤuc ᠬᠠᠶᠠᠭ᠄ 85715462 ᠊᠊᠊᠊᠊᠊᠊᠊᠊᠊᠊᠊᠊᠊᠊ ᠊᠊᠊᠊᠊᠊᠊᠊᠊᠊᠊᠊᠊᠊᠊ 风之羽


ᠭᠦᠯᠤᠨ ᠪᠣᠢ᠌ᠷ ᠤᠨ ᠲ·ᠬᠤᠷᠴᠠ《ᠭᠠᠵᠠᠷ ᠰᠢᠷᠤᠢ》 ( ᠷᠤᠮᠠᠨ ᠤ ᠭᠡᠰᠡᠭᠯᠡᠯ )1


ᠴᠠᠯᠢᠩ ᠴᠤᠭᠯᠠᠭᠠᠨ


ᠳᠠᠢ᠌ᠰᠤᠨ ᠤ 《᠁ ᠬᠠᠷᠪᠣᠬᠤ ᠵᠠᠪᠠ ᠬᠤᠷ᠎ᠠ ᠪᠣᠷᠤᠭ᠎ᠠ ᠮᠠᠳᠤ ᠭᠦᠷᠴᠤ ᠢᠷᠡᠮᠡᠭ᠍ᠴᠡ ᠭᠠᠯᠳᠠᠨ ᠬᠠᠮᠤᠭ ᠤᠨ ᠳᠡᠷᠢᠭᠦᠨ ᠳᠤ ᠭᠦᠳᠡᠯᠪᠡ᠃ ᠳᠡᠭᠦᠨ ᠤ ᠳᠠᠷᠠᠭ᠎ᠠ ᠳᠠᠠᠵᠢᠯᠠ᠂ ᠳᠠᠠᠴᠢᠩ᠂ ᠣᠮᠪᠣ ᠭᠦᠳᠡᠯᠪᠡ᠃ ᠷᠠᠪᠳᠠᠨ ᠤ ᠴᠡᠷᠢᠭ᠌ ᠪᠠᠰᠠ ᠳᠤᠯᠵᠤ ᠪᠦᠯᠦᠭᠡ ᠁

᠁ ᠮᠠᠠᠵᠤ ᠶᠢᠨ ᠮᠤᠷᠢᠳᠠᠢ ᠴᠡᠷᠢᠭ᠌ ᠮᠠᠨ ᠤ ᠨᠤᠳᠤᠭ ᠢ ᠬᠠᠮᠳᠤᠪᠠᠷ ᠬᠤᠷᠢᠶᠠᠵᠤ᠂ ᠡᠮ᠎ᠡ ᠭᠦᠪᠠᠭᠦᠨ᠂ ᠳᠡᠮᠡᠭᠡ ᠮᠤᠷᠢ ᠶᠢ ᠪᠦᠷᠢᠨ᠎ᠡ ᠠᠪᠴᠤ᠂ ᠥᠭᠡᠷ ᠬᠤᠶᠠᠷ ᠲᠦᠮᠡ᠂ ᠬᠤᠨᠢ ᠳᠦᠷᠪᠡᠨ ᠲᠦᠮᠡ ᠢᠯᠡᠭᠦᠤ ᠠᠪᠣᠭᠰᠠᠨ᠃ ᠮᠢᠨᠤ ᠥᠵᠡᠭ᠍ᠰᠡᠨ ᠠᠨᠤᠳᠠᠷ᠎ᠠ ᠬᠠᠳᠤᠨ ᠫᠣᠤ ᠳᠤ ᠣᠨᠤᠭᠳᠠᠵᠤ ᠥᠭᠦᠭ᠍ᠰᠡᠨ ᠁ ᠭᠠᠯᠳᠠᠨ ᠳᠦᠴᠢ ᠳᠠᠪᠢᠨ ᠭᠦᠮᠤᠨ ᠠᠪᠴᠤ ᠭᠠᠷᠤᠭᠰᠠᠨ ᠁ ᠭᠡᠵᠤ ᠰᠤᠨᠤᠰᠪᠠ》 ①

ᠬᠠᠨ ᠪᠣᠭᠤᠷᠠᠯ ᠳᠡᠦᠭᠡ ᠶᠢ ᠡᠷᠭᠢᠭᠦᠯᠵᠤ ᠡᠪᠦᠭᠡᠴᠦᠦᠯ ᠤᠨ ᠠᠮᠠ ᠳᠠᠮᠵᠢᠨ ᠭᠦᠦᠷᠨᠢᠯᠳᠦᠭᠦ ᠥᠭᠡ ᠶᠢ ᠰᠤᠨᠤᠰᠪᠠᠰᠤ᠂ ᠡᠳᠦᠭᠡ ᠳᠠᠷᠢᠭᠠᠩᠭ᠋᠎ᠠ ᠡᠭᠦᠰᠦᠭᠡᠤᠨ ᠳᠠᠷᠤᠢ ᠬᠤᠶᠠᠷ ᠵᠠᠭᠤᠨ ᠵᠢᠯ ᠤᠨ ᠨᠢᠭᠤᠷ ᠢ ᠦᠵᠡᠵᠤ ᠪᠣᠢ ᠪᠣᠯᠠᠢ᠃ ᠣᠯᠠᠭᠠᠭᠴᠢᠨ ᠳᠠᠤᠯᠠᠢ ᠵᠢᠯ ᠡᠭᠢᠯᠡᠭ᠍ᠰᠡᠨ ᠠᠷᠪᠠᠨ ᠬᠤᠶᠠᠳᠤᠭᠠᠷ ᠵᠢᠷᠠᠨ ᠤ ᠠᠷᠪᠠᠨ ᠨᠢᠭᠡᠳᠡᠭᠢ ᠣᠨ ᠣᠯᠠᠭᠠᠭᠴᠢᠨ ᠥᠭᠡᠷ ᠵᠢᠯ ᠳᠤ ᠡᠨᠡ ᠬᠤᠰᠢᠭᠤ ᠶᠢ ᠡᠭᠦᠰᠭᠡᠨ ᠪᠠᠢ᠌ᠭᠤᠯᠵᠠᠢ᠃ ᠮᠤᠩᠭ᠋ᠤᠯ ᠳᠤᠭᠠᠯᠠᠯ ᠤᠨ ᠨᠢᠭᠡ ᠮᠢᠩᠭ᠋᠎ᠠ ᠵᠢᠷᠭᠤᠭᠠᠨ ᠵᠠᠭᠤ ᠶᠠᠷᠠᠨ ᠳᠤᠯᠤᠭᠠᠨ ᠣᠨ ᠲᠡᠶ ᠳᠣᠢ᠌ᠵᠤ ᠪᠣᠢ ᠪᠦᠭᠡᠤᠨ ᠳᠠᠷᠠ ᠴᠠᠭ ᠨᠢ ᠵᠦᠷᠴᠢᠳ ᠣᠳᠤᠮ ᠤᠨ ᠮᠠᠠᠵᠤ ᠨᠡᠷ ᠭᠦᠴᠤ ᠶᠢ ᠶᠡᠭᠡᠳᠡ ᠣᠯᠵᠤ᠂ ᠭᠢᠳᠠᠤᠨ ᠢ ᠪᠠᠢ᠌ᠯᠳᠤᠨ ᠳᠠᠭᠠᠭᠤᠯᠤᠭᠰᠠᠨ ᠤ ᠳᠠᠷᠠᠭ᠎ᠠ᠂ ᠦᠪᠣᠷ ᠮᠤᠩᠭ᠋ᠤᠯ ᠢ ᠡᠵᠡᠯᠡᠵᠤ ᠯᠢᠭ᠍ᠳᠡᠨ ᠬᠠᠭᠠᠨ ᠢ ᠳᠦᠯᠵᠢᠭᠦᠯᠤᠨ᠂ ᠬᠠᠯᠬ᠎ᠠ ᠶᠢᠨ ᠨᠤᠶᠠᠤᠨ ᠢ ᠳᠤᠯᠤᠠᠨᠠᠭᠤᠷ ᠤᠨ ᠭᠠᠵᠠᠷ ᠳᠠᠭᠠᠭᠤᠯᠤᠭᠠᠤᠨ ᠪᠠᠰᠠ ᠵᠤᠭᠰᠤᠭᠰᠠᠨ ᠦᠭᠡᠶ᠂ ᠮᠤᠩᠭ᠋ᠤᠯ ᠤᠨ ᠳᠤᠰᠬᠠᠭᠠᠷ ᠳᠤᠭᠳᠠᠨᠢᠯ᠂ ᠮᠤᠩᠭ᠋ᠤᠯ ᠭᠦᠮᠤᠨ ᠤ ᠴᠤᠴᠠᠯᠢ ᠡᠷᠭᠦᠨ ᠪᠠᠳᠠᠷᠠᠭᠠᠬᠤ ᠭᠠᠯ ᠭᠤᠯᠤᠮᠳᠠ ᠶᠢᠨ ᠳᠤᠯᠭᠤᠷ ᠴᠢᠯᠠᠭᠤ ᠪᠣᠯᠵᠤ ᠪᠠᠢ᠌ᠭᠰᠠᠨ ᠪᠠᠷᠠᠭᠤᠨ ᠮᠤᠩᠭ᠋ᠤᠯ ᠡᠴᠡ ᠡᠳᠦᠭᠡ ᠬᠠᠯᠬ᠎ᠠ ᠶᠢᠨ ᠨᠤᠳᠤᠭ ᠲᠤ ᠴᠦᠮᠦᠷᠠᠨ ᠢᠷᠡᠭ᠍ᠰᠡᠨ ᠭᠠᠯᠳᠠᠨ ᠪᠣᠱᠤᠭᠳᠤ ᠶᠢᠨ ᠴᠡᠷᠢᠭ᠌ ᠲᠡᠶ ᠣᠮᠤᠭᠰᠢᠨ ᠳᠠᠢ᠌ᠳᠤᠵᠤ᠂ ᠲᠦᠷᠦᠯᠵᠢ ᠶᠢᠨ ᠵᠠᠭᠤᠨ ᠮᠤᠳᠤᠨ ᠳᠤ ᠠᠢ᠌ᠬᠤᠪᠳᠤᠷ ᠴᠤᠭᠢᠵᠤ᠂ ᠣᠯᠠᠮ ᠶᠢᠡᠷ ᠳᠤᠷᠣᠢ᠌ᠳᠠᠭᠤᠯᠤᠨ᠂ ᠮᠤᠩᠭ᠋ᠤᠯ ᠤᠨ ᠡᠰᠡᠷᠭᠦᠴᠡᠯ ᠢ ᠲᠦᠷ ᠵᠠᠭᠤᠷ᠎ᠠ ᠮᠤᠬᠤᠭᠠᠭᠰᠠᠨ ᠦᠶ᠎ᠡ ᠪᠠᠢ᠌ᠯ᠎ᠠ᠃

ᠮᠠᠠᠵᠤ ᠲᠡᠶ ᠡᠪᠰᠡᠨ ᠭᠠᠯᠳᠠᠨ ᠤ ᠡᠰᠡᠷᠭᠦ ᠦᠨᠳᠦᠰᠦᠳᠠᠨ ᠤ ᠨᠢᠭᠡᠳᠦᠯ ᠳᠤ ᠬᠠᠷᠰᠢ ᠳᠠᠢ᠌ᠨ ᠭᠢᠵᠤ᠂ ᠮᠠᠠᠵᠤ ᠶᠢᠨ ᠬᠠᠭᠠᠨ ᠤ ᠲᠦᠷᠦ ᠳᠤ ᠰᠢᠭᠤᠳ ᠰᠢᠷᠭᠤᠨ ᠳᠠᠭᠠᠭᠰᠠᠨ ᠣᠯᠠᠨ ᠠᠷᠪᠢᠨ ᠨᠤᠶᠠᠤᠨ ᠡᠴᠡ ᠮᠤᠩᠭ᠋ᠤᠯ ᠤᠨ ᠦᠰᠢᠶᠠᠳᠤ ᠳᠠᠢ᠌ᠰᠤᠨ ᠡᠩᠭᠡ ᠠᠮᠤᠭᠤᠯᠠᠩ ᠳᠤ ᠳᠤᠯᠳᠣᠢ᠌ᠯᠠᠨ ᠪᠠᠷᠢᠭᠰᠠᠨ ᠪᠣᠮᠠᠨ ᠬᠤᠨᠢ᠂ ᠮᠦᠨ ᠮᠠᠠᠵᠤ ᠴᠡᠷᠢᠭ᠌ ᠤᠨ ᠮᠤᠩᠭ᠋ᠤᠯ ᠨᠤᠳᠤᠭ ᠤᠨ ᠭᠦᠨ ᠡᠴᠡ ᠴᠦᠯᠪᠠᠨ ᠳᠠᠭᠤᠭᠰᠠᠨ ᠦᠴᠢ ᠳᠦᠴᠢᠨᠠᠨ ᠣᠯᠠᠨ ᠮᠢᠩᠭ᠋ᠠᠨ ᠠᠳᠤᠭᠤ᠂ ᠮᠤᠩᠭ᠋ᠤᠯ ᠭᠤᠪᠢ ᠶᠢᠨ ᠵᠢᠪᠬᠤᠯᠠᠩᠳᠤ ᠡᠵᠡᠨ ᠣᠯᠠᠨ ᠵᠠᠭᠤᠨ ᠰᠥᠷᠦᠭ᠌ ᠳᠡᠮᠡᠭᠡ ᠵᠡᠷᠭᠡ ᠮᠠᠯ ᠢ ᠳᠡᠭᠡᠭᠦ ᠳᠤ ᠳᠠᠷᠢ ᠣᠪᠣᠭ᠎ᠠ᠂ ᠭᠠᠩᠭ᠋᠎ᠠ ᠨᠠᠭᠤᠷ ᠤᠨ ᠨᠤᠳᠤᠭ ᠲᠤ ᠴᠤᠭᠯᠠᠭᠤᠯᠤᠨ ᠬᠤᠷᠢᠶᠠᠵᠤ 《ᠮᠠᠠᠵᠤ ᠬᠠᠭᠠᠨ ᠤ ᠰᠥᠷᠦᠭ᠌》 ᠭᠡᠮᠡᠨ ᠴᠠᠭᠠᠵᠠᠯᠠᠨ ᠨᠡᠷᠡᠯᠡᠭᠡᠤᠨ ᠯᠢᠭ᠍ᠳᠡᠨ ᠬᠠᠭᠠᠨ ᠤ 《ᠳᠢᠭ᠌ ᠦᠭᠡᠶ ᠠᠯᠪᠠᠳᠤ》 ᠨᠡᠷ ᠡᠴᠡ ᠠᠯᠢ ᠪᠣᠯᠬᠤ ᠦᠭᠡᠶ ᠶᠢ ᠳᠠᠰᠤᠯᠤᠨ ᠭᠦᠴᠤ ᠪᠠᠷ ᠬᠤᠷᠢᠶᠠᠨ ᠠᠪᠴᠢᠷᠠᠵᠤ ᠳᠠᠷᠠ ᠠᠷᠪᠢᠨ ᠮᠠᠯ ᠢ ᠠᠳᠤᠭᠤᠯᠤᠭᠤᠯᠵᠠᠢ᠃ ᠴᠢᠩᠭᠢᠭᠡᠤᠨ ᠳᠠᠷᠠ ᠬᠠᠪᠢ ᠶᠢᠨ ᠭᠠᠵᠠᠷ ᠨᠤᠳᠤᠭ᠂ ᠭᠦᠮᠤᠨ ᠠᠷᠠᠤᠨ᠂ ᠠᠳᠤᠭᠤ ᠮᠠᠯ ᠨᠠᠢ᠌ᠯᠠᠨ ᠳᠠᠷᠢᠭᠠᠩᠭ᠋᠎ᠠ ᠬᠤᠰᠢᠭᠤ ᠭᠡᠭ᠍ᠴᠢ ᠳᠢᠭᠯᠡᠭ᠍ᠳᠡᠭ᠍ᠰᠡᠨ ᠳᠡᠦᠭᠡ ᠲᠡᠶ ᠠᠵᠤᠭᠤ᠃ ᠮᠠᠠᠵᠤ ᠨᠡᠷ ᠳᠠᠷᠢᠭᠠᠩᠭ᠋᠎ᠠ ᠳ᠋ᠠᠭᠢ ᠰᠥᠷᠦᠭ᠌ ᠢ 《ᠳᠠᠷᠬᠠᠨ ᠰᠥᠷᠦᠭ᠌》᠂ 《ᠳᠠᠮᠤᠷ ᠰᠥᠷᠦᠭ᠌》᠂ 《ᠴᠠᠭᠠᠵᠠᠳᠤ ᠰᠥᠷᠦᠭ᠌》 ᠭᠡᠮᠡᠨ ᠡᠯᠳᠡᠪ ᠡᠷᠭᠢᠮ ᠱᠠᠩ ᠨᠠᠷ᠎ᠠ ᠪᠠᠷ ᠨᠡᠷᠡᠯᠡᠭᠦ ᠪᠦᠭᠡᠤᠨ ᠳᠠᠷᠠ ᠴᠠᠭ ᠡᠴᠡ ᠰᠢᠨ᠎ᠠ ᠬᠤᠰᠢᠭᠤ ᠴᠤ ᠰᠥᠷᠦᠭ᠍ᠴᠢᠨ ᠳᠠᠷᠢᠭᠠᠩᠭ᠋᠎ᠠ ᠭᠡᠮᠡᠭᠦ ᠨᠠᠷ᠎ᠠ ᠵᠡᠭᠦᠭᠦ ᠪᠣᠯᠵᠠᠢ᠃ ᠳᠠᠷᠢ ᠭᠡᠮᠡᠭᠦ ᠨᠢ ᠭᠡᠳᠤᠨ ᠳᠤᠯᠢᠨ ᠴᠡᠩᠭᠡᠷ ᠨᠠᠭᠤᠷ ᠤᠨ ᠬᠣᠢ᠌ᠳᠤ ᠳᠠᠯ᠎ᠠ ᠳᠤ ᠣᠷᠤᠰᠢᠬᠤ ᠳᠠᠷᠢ ᠮᠠᠳᠤ ᠬᠠᠷ᠎ᠠ ᠥᠩᠭᠡ ᠶᠢᠨ ᠵᠢᠵᠢᠭ᠍‍ᠬᠡᠨ ᠱᠤᠪᠬᠤ ᠣᠪᠣᠭ᠎ᠠ ᠶᠢ ᠭᠡᠯᠡᠳᠡᠭ᠌ ᠠᠭᠠᠤᠨ ᠭᠠᠩᠭ᠋᠎ᠠ ᠭᠡᠵᠤ ᠳᠠᠷᠠ ᠭᠡᠳᠤᠨ ᠨᠠᠭᠤᠷ ᠤᠨ ᠨᠢᠭᠡ ᠶᠢ ᠨᠡᠷᠡᠯᠡᠭᠦ ᠳᠤᠯᠠ ᠨᠤᠳᠤᠭ ᠤᠨ ᠰᠢᠨ᠎ᠠ ᠭᠦᠮᠦᠰ ᠬᠤᠰᠢᠭᠤ ᠪᠠᠨ ᠠᠭᠤᠯᠠ ᠣᠰᠤ ᠪᠠᠷ ᠶᠢᠡᠨ ᠣᠪᠣᠭᠯᠠᠵᠤ ᠳᠠᠷᠢᠭᠠᠩᠭ᠋᠎ᠠ ᠭᠡᠮᠡᠭ᠍ᠰᠡᠨ ᠨᠢ ᠳᠠᠢ᠌ᠨ ᠪᠣᠯᠠᠢ᠃ ᠭᠠᠯᠳᠠᠨ ᠪᠣᠱᠤᠭᠳᠤ ᠶᠢᠨ ᠳᠠᠢ᠌ᠨ ᠡᠴᠡ ᠬᠣᠢ᠌ᠨ᠎ᠠ ᠡᠮᠦᠨ᠎ᠡ᠂ ᠡᠵᠡᠭᠦᠢ ᠪᠠᠢ᠌ᠭᠰᠠᠨ ᠰᠢᠯᠢ ᠶᠢᠨ ᠡᠨᠡ ᠨᠤᠳᠤᠭ ᠤᠨ ᠭᠤᠤᠯ ᠳ᠋ᠠᠭᠢ ᠵᠢᠷᠦᠭᠡᠨ ᠣᠪᠣᠭ᠎ᠠ ᠶᠢ ᠵᠠᠬ᠎ᠠ ᠶᠢᠨ ᠬᠠᠷ᠎ᠠ ᠣᠪᠣᠭ᠎ᠠ ᠭᠡᠳᠡᠭ᠌ ᠪᠠᠢ᠌ᠭᠰᠠᠨ ᠭᠡᠮᠡᠨ ᠡᠪᠦᠭᠡᠴᠦᠦᠯ ᠭᠦᠦᠷᠨᠢᠯᠳᠦᠳᠡᠭ᠌ ᠪᠢᠯᠠ᠃ ᠪᠦᠷ ᠣᠷᠢᠳᠤ ᠡᠨᠡ ᠣᠪᠣᠭ᠎ᠠ ᠶᠢ ᠳᠠᠷᠢ ᠣᠪᠣᠭ᠎ᠠ ᠭᠡᠵᠤ ᠨᠠᠷᠠᠯᠠᠵᠤ ᠪᠠᠢ᠌ᠭᠰᠠᠨ ᠠᠭᠠᠤᠨ ᠮᠠᠠᠵᠤ ᠨᠡᠷ ᠦᠪᠣᠷ ᠮᠤᠩᠭ᠋ᠤᠯ ᠢ ᠳᠠᠢ᠌ᠯᠠᠷ᠎ᠠ ᠠᠪᠣᠭᠰᠠᠨ ᠤ ᠳᠠᠷᠠᠭᠠᠬᠠᠨ ᠥᠪᠦᠷᠯᠡᠭ᠍ᠴᠢ ᠬᠤᠰᠢᠭᠤᠳ ᠤᠨ ᠭᠢᠯᠢ ᠶᠢ ᠬᠠᠯᠬ᠎ᠠ ᠨᠤᠳᠤᠭ ᠤᠨ ᠭᠦᠨ ᠣᠷᠤᠭᠤ ᠳᠠᠷᠢ ᠣᠪᠣᠭ᠎ᠠ ᠭᠦᠷᠳᠡᠯ᠎ᠡ ᠳᠦᠷᠢᠭᠦ ᠰᠠᠨᠠᠭ᠎ᠠ ᠪᠠᠷ ᠳᠠᠷᠠ ᠣᠪᠣᠭ᠎ᠠ ᠶᠢ ᠵᠠᠬ᠎ᠠ ᠶᠢᠨ ᠬᠠᠷ᠎ᠠ ᠣᠪᠣᠭ᠎ᠠ ᠭᠡᠮᠡᠨ ᠭᠡᠰᠡᠭ᠌ ᠵᠠᠭᠤᠷ᠎ᠠ ᠠᠯᠪᠠᠳᠠᠨ ᠨᠡᠷᠡᠰᠢᠭᠦᠯᠦᠭ᠍ᠰᠡᠨ ᠭᠡᠳᠡᠭ᠌ ᠶᠠᠷᠢᠶ᠎ᠠ ᠪᠠᠰᠠ ᠪᠣᠢ᠃ ᠨᠤᠳᠤᠭ ᠤᠨ ᠰᠥᠰᠦᠭ᠍ᠳᠡᠢ ᠭᠦᠮᠦᠰ ᠳᠠᠷᠢ ᠣᠪᠣᠭ᠎ᠠ ᠶᠢ ᠣᠩᠭ᠋ᠤᠨ ᠴᠣᠢ᠌ᠵᠢᠨ ᠪᠣᠯᠭᠠᠵᠤ ᠳᠠᠭᠢᠭᠯᠠᠵᠤ᠂ ᠨᠠᠷ᠎ᠠ ᠶᠢ ᠨᠢ ᠴᠡᠭᠡᠷᠯᠡᠨ ᠠᠯᠳᠠᠨ ᠳᠠᠷᠢ᠂ ᠠᠯᠳᠠᠨ ᠣᠪᠣᠭ᠎ᠠ ᠭᠡᠮᠡᠨ ᠨᠡᠷᠡᠯᠡᠳᠡᠭ᠌ ᠠᠵᠠᠢ᠃

ᠳᠠᠷᠢᠭᠠᠩᠭ᠋᠎ᠠ ᠶᠢᠨ ᠭᠦᠮᠤᠨ ᠠᠷᠠᠤᠨ ᠵᠥᠪᠭᠡᠨ ᠴᠠᠬᠠᠷ ᠨᠡᠷ ᠤᠨ ᠣᠳᠤᠮ ᠣᠭᠰᠠᠭ᠎ᠠ ᠪᠢᠰᠢ ᠪᠦᠯᠦᠭᠡ᠃ ᠣᠴᠢᠷ ᠢ ᠨᠢᠭᠳᠠᠯᠠᠪᠠᠰᠤ᠂ ᠭᠠᠯᠳᠠᠨ ᠪᠣᠱᠤᠭᠳᠤ ᠲᠡᠶ ᠣᠢ᠌ᠷᠠᠤᠨ ᠤᠨ ᠨᠢᠭᠡᠨ ᠨᠤᠶᠠᠨ ᠤ ᠰᠠᠨᠠᠯ ᠵᠦᠷᠢᠨ ᠮᠠᠭᠤᠳᠠᠯᠴᠠᠵᠤ᠂ ᠬᠠᠷᠢᠶ᠎ᠠ ᠭᠤᠷᠪᠠᠨ ᠵᠠᠭᠤᠨ ᠡᠷᠦᠭᠡ ᠠᠢ᠌ᠯ ᠤᠨ ᠬᠠᠮᠳᠤ ᠰᠡᠯᠡᠩᠭᠡ ᠶᠢᠨ ᠰᠠᠪᠠ ᠭᠠᠵᠠᠷ ᠣᠴᠢᠵᠤ ᠨᠤᠳᠤᠭᠯᠠᠭᠰᠠᠨ ᠶᠠᠪᠣᠳᠠᠯ ᠪᠣᠢ ᠠᠵᠠᠢ᠃ ᠳᠠᠷᠠ ᠨᠤᠶᠠᠨ ᠢ ᠴᠠᠷᠠᠠᠵᠠᠪ ᠭᠡᠳᠡᠭ᠌ ᠪᠠᠢ᠌ᠪᠠ᠃ ᠴᠠᠷᠠᠠᠵᠠᠪ ᠮᠤᠩᠭ᠋ᠤᠯ ᠤᠨ ᠬᠣᠢ᠌ᠳᠤ ᠭᠢᠵᠠᠭᠠᠷ ᠡᠴᠡ ᠭᠡ᠊ᠨᠳᠡᠢ ᠶᠢᠨ ᠨᠢᠷᠤᠭᠤ ᠶᠢ ᠳᠠᠪᠠᠭᠤᠯᠵᠤ᠂ ᠶᠡᠭᠡ ᠭᠤᠪᠢ ᠶᠢ ᠳᠤᠭᠤᠯᠤᠨ ᠡᠩᠭᠡ ᠠᠮᠤᠭᠤᠯᠠᠩ ᠳᠤ ᠡᠯᠴᠢ ᠭᠦᠶ‍ᠦᠯᠭᠡᠨ᠂ ᠬᠠᠷᠢ ᠶᠢᠨ ᠬᠠᠭᠠᠨ ᠳᠤ ᠨᠤᠬᠠᠢ ᠮᠤᠷᠢᠨ ᠮᠠᠳᠤ ᠦᠨᠡᠠᠴᠢ ᠶᠠᠪᠣᠬᠤ ᠪᠠᠨ ᠠᠠᠳᠠᠭᠠᠢ᠌ᠯᠠᠵᠤ ᠮᠡᠳᠡᠭ᠍ᠳᠡᠭᠡᠤᠨ᠂ ᠬᠠᠭᠠᠨ ᠤ ᠴᠡᠷᠢᠭ᠌ ᠢ ᠳᠤᠯᠤᠭᠠᠢ᠌ᠯᠠᠨ ᠶᠠᠪᠣᠵᠤ᠂ ᠭᠠᠯᠳᠠᠨ ᠪᠣᠱᠤᠭᠳᠤ ᠶᠢ ᠳᠡᠭᠦᠰ ᠢᠯᠠᠬᠤ ᠡᠷᠭᠡ ᠣᠯᠬᠤ ᠶᠢ ᠮᠡᠳᠡᠭᠦᠯᠤᠨ ᠭᠤᠶᠤᠭᠰᠠᠨ ᠪᠣᠯᠠᠢ᠃ ᠡᠩᠭᠡ ᠠᠮᠤᠭᠤᠯᠠᠩ᠂ ᠴᠠᠷᠠᠠᠵᠠᠪ ᠲᠤ ᠬᠠᠷᠢᠭᠤ ᠦᠭ‍ᠭᠦᠭ᠍ᠰᠡᠨ ᠦᠭᠡᠶ᠃ ᠬᠠᠷᠢᠨ ᠦᠪᠡᠷ ᠤᠨ ᠢᠳᠡᠭᠡᠯᠳᠤ ᠵᠠᠩᠵᠤᠨ ᠹᠤᠨᠢᠩᠭ᠋᠎ᠠ ᠭᠡᠭ᠍ᠴᠢ ᠳᠤ ᠲᠦᠮᠡᠨ ᠴᠡᠷᠢᠭ᠌ ᠵᠠᠭᠢᠷᠠᠭᠤᠯᠤᠨ ᠳᠠᠪᠰᠢᠭᠤᠯᠵᠤ᠂ ᠳᠡᠭᠡᠷ᠎ᠡ ᠥᠭᠦᠯᠡᠭ᠍ᠰᠡᠨ ᠶᠢᠡᠷ ᠭᠠᠯᠳᠠᠨ ᠪᠣᠱᠤᠭᠳᠤ ᠶᠢ ᠶᠡᠭᠡᠳᠡ ᠬᠤᠭᠢᠷᠠᠭᠠᠨ ᠴᠤᠭᠢᠭᠰᠠᠨ ᠠᠵᠤᠭᠤ᠃ ᠡᠭᠦᠨ ᠤ ᠳᠠᠷᠠᠭ᠎ᠠ ᠠᠷᠪᠠᠨ ᠬᠤᠶᠠᠳᠤᠭᠠᠷ ᠵᠢᠷᠠᠨ ᠤ ᠥᠭᠡᠷ ᠵᠢᠯ ᠰᠥᠷᠦᠭ᠍ᠴᠢᠨ ᠬᠤᠰᠢᠭᠤ ᠶᠢ ᠳᠢᠭᠯᠡᠭᠦ ᠦᠶ᠎ᠡ ᠪᠠᠷ ᠡᠩᠭᠡ ᠠᠮᠤᠭᠤᠯᠠᠩ᠂ ᠴᠠᠷᠠᠠᠵᠠᠪ ᠲᠤ ᠡᠯᠴᠢ ᠢᠯᠡᠭᠡᠵᠤ ᠵᠠᠷᠯᠢᠭ ᠪᠠᠭᠤᠯᠭᠠᠵᠠᠢ᠃ ᠮᠤᠩᠭ᠋ᠤᠯ ᠣᠢ᠌ᠭᠤᠷᠵᠢᠨ ᠪᠢᠴᠢᠭ᠌ ᠡᠴᠡ ᠰᠠᠨᠠᠭ᠎ᠠ ᠥᠯᠢᠭᠡᠷ ᠠᠪᠴᠤ ᠵᠤᠬᠢᠶᠠᠭᠰᠠᠨ ᠮᠠᠠᠵᠤ ᠪᠢᠴᠢᠭ᠌ ᠢ ᠳᠤᠷᠤᠭᠰᠢ ᠴᠤᠪᠣᠷᠠᠭᠤᠯᠤᠨ ᠳᠠᠯᠪᠢᠵᠤ᠂ ᠬᠠᠷ᠎ᠠ ᠪᠠᠭᠡ ᠪᠠᠷ ᠴᠠᠭᠠᠨ ᠴᠠᠭᠠᠰᠤᠨ ᠳᠡᠭᠡᠷ᠎ᠡ ᠭᠡᠯᠡ ᠪᠣᠯᠭᠠᠭᠰᠠᠨ ᠨᠢ᠄

《ᠴᠢ ᠶᠡᠭᠡ ᠵᠤᠷᠢᠭ ᠭᠠᠷᠭᠠᠵᠤ ᠭᠠᠯᠳᠠᠨ ᠲᠡᠶ ᠬᠠᠷᠭᠤᠯᠳᠤᠨ ᠳᠤᠯᠤᠶ᠎ᠠ ᠭᠡᠮᠡᠭ᠍ᠰᠡᠨ ᠪᠢᠯᠠ᠃ ᠡᠳᠦᠭᠡ ᠮᠠᠨ ᠤ ᠶᠡᠭᠡ ᠴᠡᠷᠢᠭ᠌ ᠳᠡᠭᠦᠨ ᠢ ᠨᠢᠭᠡᠨᠲᠡ ᠡᠷᠡᠤ ᠡᠪᠦᠳᠦᠭ᠌ ᠶᠢᠡᠷ ᠨᠢ ᠮᠥᠯᠭᠦᠭᠦᠯᠤᠨ᠂ ᠠᠶᠤᠯ ᠦᠭᠡᠶ ᠪᠣᠯᠭᠠᠪᠠ᠃ ᠴᠢᠩᠭᠢᠭᠦᠯᠡᠷ ᠨᠠᠳᠠ ᠳᠤ ᠵᠢᠦᠡᠭᠦᠶ᠎ᠡ ᠭᠡᠰᠡᠨ ᠴᠢᠨᠤ ᠪᠠᠶ᠎ᠠ ᠶᠢ ᠥᠭᠡᠷ᠎ᠡ ᠵᠣᠢ᠌ᠯ ᠳᠤ ᠵᠠᠷᠤᠶ᠎ᠠ ᠭᠡᠮᠡᠨ ᠰᠢ᠌ᠤᠠᠪᠠ᠃ ᠴᠢ ᠵᠠᠬ᠎ᠠ ᠶᠢᠨ ᠬᠠᠷ᠎ᠠ ᠣᠪᠣᠭ᠎ᠠ ᠨᠤᠳᠤᠭ ᠲᠤ ᠢᠷᠠᠵᠤ᠂ ᠮᠢᠨᠤ ᠴᠤᠭᠯᠠᠭᠤᠯᠤᠭᠰᠠᠨ ᠲᠦᠮᠡᠨ ᠰᠥᠷᠦᠭ᠌ ᠢ ᠠᠳᠤᠭᠤᠯᠤᠨ ᠪᠣᠢ ᠠᠷᠠᠤᠨ ᠣᠯᠠᠨ ᠢ ᠭᠢᠴᠢᠶᠡᠩᠭᠦᠢᠯᠡᠨ ᠵᠠᠭᠢᠷᠴᠤ᠂ ᠰᠢᠨ᠎ᠠ ᠬᠤᠰᠢᠭᠤᠨ ᠤ ᠪᠦᠭᠦᠳᠡ ᠶᠢᠨ ᠳᠡᠷᠢᠭᠦᠨ ᠤ ᠳᠤᠰᠢᠶᠠᠯ ᠳᠤ ᠰᠠᠭᠤ︕ ᠨᠠᠳᠠᠳᠤ ᠭᠦᠯᠦᠭ᠌ ᠰᠠᠢ᠌ᠳᠤ ᠠᠳᠤᠭᠤᠨ ᠰᠥᠷᠦᠭ᠌᠂ ᠭᠦᠵᠦᠭᠦᠤ ᠰᠠᠢ᠌ᠳᠤ ᠥᠭᠡᠷ ᠰᠥᠷᠦᠭ᠌᠂ ᠵᠤ᠋ ᠰᠠᠢ᠌ᠳᠤ ᠬᠤᠨᠢᠨ ᠰᠥᠷᠦᠭ᠌᠂ ᠵᠤᠭᠰᠤᠭᠠᠯ ᠰᠠᠢ᠌ᠳᠤ ᠳᠡᠮᠡᠭᠡᠨ ᠰᠥᠷᠦᠭ᠌ ᠥᠰᠭᠡᠵᠤ ᠥᠷᠡᠵᠢᠭᠦᠯᠵᠤ᠂ ᠣᠳᠤᠬᠠᠨ ᠳᠠᠭᠠᠨ ᠵᠢᠯ ᠪᠣᠯᠭᠠᠨ ᠠᠭᠳᠠ ᠦᠷᠢᠶ᠎ᠠ ᠳᠠᠪᠤᠨ ᠵᠠᠭᠤ᠂ ᠳᠠᠢ᠌ᠯᠤᠭ ᠳᠡᠮᠡᠭᠡ ᠳᠠᠪᠤᠨ ᠵᠠᠭᠤ ᠶᠢ ᠳᠤᠰ ᠳᠤᠰ ᠢᠯᠡᠭᠡᠵᠤ ᠪᠠᠢ᠃ ᠠᠯᠪᠠᠳᠤ ᠨᠡᠷ ᠶᠢᠡᠨ ᠠᠪᠤᠨ ᠵᠠᠬ᠎ᠠ ᠶᠢᠨ ᠬᠠᠷ᠎ᠠ ᠣᠪᠣᠭᠠᠨ ᠤ ᠰᠢᠯᠢ ᠶᠢᠨ ᠪᠠᠯᠴᠢᠭᠡᠷ ᠨᠤᠳᠤᠭ ᠣᠷᠤᠭᠤ ᠶᠠᠭᠠᠷᠠᠪᠴᠢᠯᠠᠨ ᠨᠡᠭᠦᠳᠦᠭᠡᠢ︕》 ᠭᠡᠮᠡᠨ ᠳᠤᠰᠢᠶᠠᠵᠠᠢ᠃ ᠢᠩᠭᠢᠵᠤ ᠣᠢ᠌ᠷᠠᠤᠨ ᠤᠨ ᠴᠠᠷᠠᠠᠵᠠᠪ᠂ ᠳᠠᠷᠢᠭᠠᠩᠭ᠋᠎ᠠ ᠶᠢᠨ ᠪᠦᠭᠦᠳᠡ ᠶᠢᠨ ᠳᠡᠷᠢᠭᠦᠨ ᠭᠡᠮᠡᠭᠦ ᠳᠤᠰᠢᠶᠠᠯ ᠢ ᠠᠩᠬ᠎ᠠ ᠳᠦᠷᠦᠭᠦᠤ ᠵᠠᠰᠠᠭᠯᠠᠨ ᠠᠪᠣᠭᠰᠠᠨ ᠨᠢ ᠦᠨᠡᠨ ᠳᠡᠦᠭᠡ ᠶᠤᠮ᠃ ᠴᠠᠷᠠᠠᠵᠠᠪ ᠢ ᠳᠤᠬᠤᠭᠠᠨ ᠰᠠᠭᠤᠯᠭᠠᠭᠰᠠᠨ ᠡᠴᠡ ᠬᠣᠢ᠌ᠰᠢ ᠳᠠᠷᠤᠢ ᠭᠤᠴᠢᠨ ᠳᠦᠷᠪᠡᠨ ᠵᠢᠯ ᠤᠨ ᠳᠠᠷᠠᠭ᠎ᠠ 1731 ᠣᠨ ᠤ ᠴᠠᠭᠠᠭᠴᠢᠨ ᠭᠠᠬᠠᠢ ᠵᠢᠯ ᠮᠠᠠᠵᠤ ᠨᠡᠷ ᠰᠥᠷᠦᠭ᠍ᠴᠢᠨ ᠬᠤᠰᠢᠭᠤᠨ ᠳᠤ ᠳᠠᠭᠢᠨ ᠬᠤᠨᠢᠨ ᠰᠥᠷᠦᠭ᠌ ᠨᠠᠮᠠᠨ ᠥᠰᠭᠡᠵᠡᠢ᠃ ᠨᠠᠢ᠌ᠷᠠᠯᠳᠤ ᠲᠦᠪ ᠭᠡᠮᠡᠭᠦ ᠮᠠᠠᠵᠤ ᠶᠢᠨ ᠶᠦᠩ ᠵᠸᠩ ᠬᠠᠭᠠᠨ ᠤ ᠵᠠᠷᠯᠢᠭ ᠲᠤ ᠥᠭᠦᠯᠡᠭ᠍ᠰᠡᠨ ᠢ ᠰᠡᠭᠦᠨ ᠦᠵᠡᠪᠠᠰᠤ᠄ 《᠁ ᠠᠳᠤᠭᠤᠨ ᠰᠥᠷᠦᠭ᠌ ᠡᠴᠡ ᠭᠠᠳᠠᠨ᠎ᠠ ᠬᠤᠨᠢ ᠪᠠᠭᠤᠯᠭᠠᠵᠤ᠂ ᠮᠢᠨᠤ ᠣᠷᠳᠤᠨ ᠤ ᠭᠡᠷᠡᠭᠯᠡᠭᠡᠨ ᠳᠤ ᠵᠢᠯ ᠪᠦᠷᠢ ᠭᠤᠷᠪᠠᠨ ᠮᠢᠩᠭ᠋᠎ᠠ ᠳᠠᠪᠤᠨ ᠵᠠᠭᠤᠨ ᠢᠷᠭᠡ ᠬᠤᠨᠢ ᠭᠦᠳᠡᠯᠭᠡ ᠢᠷᠡᠭᠦᠯᠵᠤ ᠪᠠᠢ᠌ᠬᠤ ᠪᠠᠷ ᠳᠤᠭᠳᠠᠭᠠᠪᠠ᠃ ᠬᠤᠰᠢᠭᠤ ᠶᠢ ᠡᠷᠭᠢᠯᠡᠭᠦ ᠶᠢᠨ ᠳᠤᠯᠠ ᠪᠦᠭᠦᠳᠡ ᠶᠢᠨ ᠳᠡᠷᠢᠭᠦᠨ᠂ ᠳᠡᠭᠦᠨ ᠤ ᠳᠤᠰᠠᠯᠠᠬᠤ ᠡᠴᠡ ᠭᠠᠳᠠᠨ᠎ᠠ ᠰᠥᠷᠦᠭ᠌ ᠤᠳ ᠤᠨ ᠳᠠᠷᠤᠭ᠎ᠠ ᠠᠷᠪᠠᠨ ᠨᠢᠭᠡ᠂ ᠪᠣᠱᠤᠭ ᠬᠤᠷᠢᠨ ᠬᠤᠶᠠᠷ᠂ ᠮᠠᠯᠴᠢᠨ ᠬᠤᠶᠠᠷ ᠵᠠᠭᠤ ᠬᠤᠷᠢ ᠶᠢ ᠪᠠᠢ᠌ᠭᠤᠯᠰᠤᠭᠠᠢ》 ᠭᠡᠮᠡᠵᠡᠢ᠃ ᠳᠡᠭᠦᠨ ᠡᠴᠡ ᠬᠣᠢ᠌ᠰᠢ ᠮᠠᠠᠵᠤ ᠶᠢᠨ ᠬᠠᠭᠠᠨ ᠤ ᠵᠢᠴᠢ ᠢᠪᠠᠭᠡᠯ ᠳᠤ ᠪᠠᠢ᠌ᠭᠰᠠᠨ ᠳᠠᠷᠢᠭᠠᠩᠭ᠋᠎ᠠ ᠬᠤᠰᠢᠭᠤᠨ ᠤ ᠮᠠᠯ ᠨᠠᠯᠢᠶᠠᠤᠨ ᠥᠰᠦᠭ᠍ᠰᠡᠨ ᠤ ᠳᠡᠭᠡᠷ᠎ᠡ ᠮᠦᠨ ᠬᠠᠭᠠᠨ ᠳᠤ ᠡᠷᠭᠦᠭᠦᠯᠦᠭ᠍ᠰᠡᠨ ᠪᠠᠯᠡᠭ᠌ ᠨᠠᠷ᠎ᠠ ᠪᠠᠷ ᠮᠠᠠᠵᠤ ᠨᠡᠷ ᠤᠨ ᠭᠤᠷᠪᠠᠨ ᠭᠤᠤᠯ ᠤᠨ ᠮᠤᠩᠭ᠋ᠤᠯ ᠨᠤᠳᠤᠭ ᠤᠨ ᠭᠦᠨ ᠡᠴᠡ᠂ ᠵᠠᠷᠢᠮ ᠦᠶ᠎ᠡ ᠪᠦᠷ ᠡᠪᠦᠭᠡᠴᠦᠦᠯ ᠤᠨ ᠭᠡᠯᠡᠭᠦ ᠪᠠᠷ 《ᠪᠠᠭᠠᠳᠤᠷ ᠥᠭᠡᠯᠡᠳ ᠤᠨ ᠣᠷᠤᠨ ᠡᠴᠡ》 ᠭᠦᠷᠳᠡᠯ᠎ᠡ ᠬᠠᠷᠰᠢᠶᠠᠨ ᠬᠠᠢ᠌ᠯᠤᠭᠤᠯᠤᠨ ᠳᠠᠭᠤᠵᠤ᠂ ᠡᠨᠡ ᠭᠠᠵᠠᠷ ᠤᠨ ᠰᠢᠯᠢ ᠶᠢᠨ ᠪᠠᠯᠴᠢᠭᠡᠷ ᠲᠤ ᠠᠪᠴᠢᠷᠠᠵᠤ ᠣᠷᠭᠢᠭᠰᠠᠨ ᠣᠯᠠᠨ ᠮᠢᠩᠭ᠋ᠠᠨ ᠮᠠᠯ ᠤᠨ ᠳᠤᠭ᠎ᠠ ᠪᠠᠷ ᠳᠠᠷᠢᠭᠠᠩᠭ᠋᠎ᠠ ᠶᠢᠨ ᠮᠠᠯ ᠪᠠᠰᠠ ᠨᠡᠮᠡᠭ᠍ᠳᠡᠵᠡᠢ᠃ ᠡᠳᠦᠭᠡ ᠳᠠᠷᠢᠭᠠᠩᠭ᠋᠎ᠠ ᠨᠢ ᠳᠠᠪᠤᠨ ᠭᠠᠷ ᠤᠨ ᠨᠢᠭᠡᠨ ᠵᠠᠭᠤ ᠶᠠᠷᠠᠨ ᠨᠢ᠋ᠮᠠᠨ ᠰᠥᠷᠦᠭ᠌ ᠪᠦᠭᠦᠢ ᠪᠠᠶᠠᠨ ᠬᠤᠰᠢᠭᠤ ᠪᠣᠯᠤᠭᠰᠠᠨ ᠨᠢ ᠴᠤᠬᠤᠮ ᠡᠢ᠌ᠮᠤ ᠪᠦᠯᠦᠭᠡ᠃ ᠡᠭᠦᠨ ᠳᠤ ᠬᠤᠨᠢᠴᠢᠨ ᠭᠠᠷ ᠨᠢᠭᠡ᠂ ᠨᠠᠶᠠᠨ ᠰᠥᠷᠦᠭ᠌ ᠲᠡᠶ᠃ ᠪᠠᠷᠠᠭᠤᠨ ᠵᠡᠭᠦᠨ ᠭᠠᠷ ᠠᠳᠤᠭᠤᠴᠢᠨ ᠳᠤᠰ ᠪᠦᠷᠢ ᠭᠤᠴᠢᠨ ᠳᠤᠯᠤᠭ᠎ᠠ᠂ ᠨᠡᠢ᠌ᠯᠡᠭᠡᠤᠨ ᠳᠠᠯᠠᠨ ᠳᠦᠷᠪᠡᠨ ᠰᠥᠷᠦᠭ᠌ ᠲᠡᠶ᠃ ᠪᠠᠷᠠᠭᠤᠨ ᠵᠡᠭᠦᠨ ᠭᠠᠷ ᠳᠡᠮᠡᠭᠡᠴᠢᠨ ᠳᠤᠰ ᠪᠦᠷᠢ ᠬᠤᠷᠢᠨ ᠬᠤᠶᠠᠷ᠂ ᠨᠡᠢ᠌ᠯᠡᠭᠡᠤᠨ ᠳᠦᠴᠢᠨ ᠳᠦᠷᠪᠡᠨ ᠰᠥᠷᠦᠭ᠌ ᠲᠡᠶ ᠪᠣᠯᠵᠠᠢ᠃ ᠭᠠᠷ ᠪᠣᠯᠭᠠᠨ ᠢ ᠭᠠᠷ ᠤᠨ ᠨᠤᠶᠠᠨ ᠵᠠᠭᠢᠷᠤᠨ᠎ᠠ᠃ ᠭᠠᠷ ᠤᠨ ᠨᠤᠶᠠᠨ ᠢ ᠭᠠᠷᠯᠠᠢ᠌ᠳᠠ ᠭᠡᠵᠤ ᠭᠡᠯᠡᠭᠦ ᠨᠢ ᠣᠯᠠᠠᠳᠠ ᠪᠦᠭᠡᠤᠨ ᠡᠨᠡ ᠨᠢ ᠮᠠᠠᠵᠤ ᠥᠭᠡ᠂ ᠭᠠᠷ ᠤᠨ ᠳᠠᠷᠤᠭ᠎ᠠ ᠭᠡᠰᠡᠨ ᠣᠤᠠᠬ᠎ᠠ ᠲᠡᠶ ᠪᠣᠯᠠᠢ᠃ ᠠᠷᠬᠠᠭᠠᠷᠯᠠᠢ᠌ᠳᠠ ᠪᠣᠶᠤ ᠭᠠᠷ ᠤᠨ ᠳᠠᠷᠤᠭ᠎ᠠ ᠶᠢᠨ ᠳᠤᠰᠠᠯᠠᠬᠤ ᠳ᠋ᠠ ᠭᠡᠵᠤ ᠪᠣᠢ᠃

ᠬᠤᠨᠢᠴᠢᠨ ᠤ ᠭᠠᠷ ᠤᠨ ᠳᠤᠬᠠᠢ ᠳᠤ ᠦᠪᠡᠷᠮᠢᠴᠠ ᠪᠠᠢ᠌ᠯ᠎ᠠ᠃ ᠬᠤᠨᠢᠴᠢᠳ ᠤᠨ ᠰᠥᠷᠦᠭ᠌ ᠪᠣᠯᠭᠠᠨ ᠳᠤ ᠳ᠋ᠠ ᠳᠤᠮᠢᠯᠠᠬᠤ ᠦᠭᠡᠶ᠂ ᠵᠢᠷᠭᠤᠭᠠᠨ ᠰᠥᠷᠦᠭ᠌ ᠢ ᠬᠠᠷᠢᠭᠤᠴᠠᠭᠤᠯᠤᠨ ᠨᠢᠵᠢᠭᠡᠤᠨ ᠳ᠋ᠠ ᠭᠠᠷᠭᠠᠨ᠎ᠠ᠃ ᠨᠢᠭᠡᠨ ᠬᠤᠨᠢᠨ ᠰᠥᠷᠦᠭ᠌ ᠢ 《ᠠᠳᠤᠭᠤᠨ ᠵᠢᠷᠭᠤᠭᠠᠨ ᠡᠷ᠎ᠡ》 ᠭᠡᠭ᠍ᠳᠡᠭᠦ ᠵᠢᠷᠭᠤᠭᠠᠨ ᠭᠦᠮᠤᠨ ᠪᠢᠰᠢ᠂ ᠨᠢᠭᠡᠨ ᠠᠢ᠌ᠯ ᠲᠠᠭᠠᠨ ᠮᠠᠯᠯᠠᠬᠤ ᠣᠴᠢᠷ ᠡᠴᠡ ᠳᠠᠢ᠌ᠮᠤ ᠪᠦᠯᠦᠭᠡ᠃ ᠰᠥᠷᠦᠭ᠌ ᠢ ᠶᠡᠷᠦᠩᠭᠡᠢ ᠳ᠋ᠤᠨᠢ ᠳ᠋ᠠ ᠨᠡᠷ ᠳᠠᠭᠠᠭᠠᠵᠤ᠂ ᠨᠤᠳᠤᠭ ᠪᠠᠯᠴᠢᠭᠡᠷ ᠰᠤᠩᠭ᠋ᠤᠬᠤ᠂ ᠮᠠᠠᠵᠤ ᠳᠤ ᠢᠯᠡᠭᠡᠭᠦ ᠠᠭᠳᠠ ᠦᠷᠢᠶ᠎ᠠ ᠢᠯᠭᠠᠬᠤ᠂ ᠢᠷᠭᠡ ᠊᠊᠊᠊᠊᠊᠊᠊᠊᠊᠊᠊᠊᠊᠊ ᠵᠤᠮ᠎ᠠ ᠶᠢᠨ ᠠᠯᠪᠠ ᠶᠢ ᠭᠦᠳᠦᠯᠭᠦ᠂ ᠨᠤᠤᠰᠤ ᠦᠰᠦ ᠠᠷᠠᠰᠤ ᠰᠢᠷᠢ ᠶᠢ ᠬᠤᠰᠢᠭᠤ ᠳᠠᠮᠠᠭ᠎ᠠ ᠶᠢᠨ ᠭᠠᠵᠠᠷ ᠳᠤᠰᠢᠶᠠᠯᠭᠠᠬᠤ ᠵᠡᠷᠭᠡ ᠠᠵᠢᠯ ᠢ ᠮᠠᠢ᠌ᠷᠠᠨ ᠳᠤᠰᠢᠶᠠᠯᠳᠠᠨ ᠤᠳ ᠳ᠋ᠠ ᠶᠢᠨ ᠳᠡᠷᠢᠭᠦᠯᠦᠯ ᠳᠤᠤᠷ᠎ᠠ ᠡᠷᠭᠢᠯᠡᠨ ᠭᠦᠢᠴᠡᠳᠭᠡᠨ᠎ᠡ᠃ ᠠᠳᠤᠭᠤᠨ ᠵᠢᠷᠭᠤᠭᠠᠨ ᠡᠷ᠎ᠡ ᠠᠳᠤᠭᠤᠯᠠᠬᠤ᠂ ᠮᠠᠯᠯᠠᠬᠤ ᠠᠵᠢᠯ ᠶᠢᠡᠨ ᠭᠢᠭᠦ ᠪᠦᠭᠡᠤᠨ ᠬᠤᠶᠠᠭ ᠬᠠᠷᠠᠭᠠᠯᠵᠠᠨ ᠳᠤᠰᠠᠯᠠᠬᠤ ᠡᠭᠦᠷᠭᠡ ᠪᠦᠭᠦᠢ ᠪᠣᠯᠤᠨ᠎ᠠ᠃ ᠬᠤᠶᠠᠭ ᠢ ᠮᠦᠨ ᠰᠥᠷᠦᠭ᠌ ᠤᠨ ᠴᠡᠷᠢᠭ᠌ ᠴᠤ ᠭᠡᠵᠤ ᠨᠡᠷᠡᠯᠡᠳᠡᠭ᠌ ᠶᠠᠪᠣᠳᠠᠯ ᠪᠣᠢ ᠪᠢᠯᠠ᠃

ᠥᠭᠦᠯᠡᠭᠦ ᠨᠢ᠄

ᠳᠡᠨᠢᠭᠦᠨ ᠨᠠᠮᠤᠷ ᠤᠨ ᠡᠨᠡ ᠡᠳᠦᠷ ᠣᠪᠣᠭᠠᠨ ᠭᠡᠢ᠌ᠤᠨ ᠤᠨ ᠪᠠᠷᠠᠭᠤᠨ ᠣᠷᠢᠳᠤ ᠳᠤᠤᠷᠠᠭᠢ ᠭᠠᠩᠭ᠋᠎ᠠ ᠨᠠᠭᠤᠷ ᠤᠨ ᠡᠷᠭᠢ ᠶᠢᠨ ᠴᠠᠯᠢᠩ ᠴᠤᠭᠯᠠᠭᠠᠨ ᠳᠤ ᠭᠠᠷ ᠤᠨ ᠨᠤᠶᠠᠤᠨ ᠵᠠᠯᠠᠷᠠᠵᠤ ᠢᠷᠡᠭ᠍ᠰᠡᠨ ᠨᠢ ᠶᠠᠷᠤ ᠦᠭᠡᠶ᠂ ᠳᠠᠳᠠᠨ ᠤ ᠴᠠᠯᠢᠩ ᠢ ᠥᠷᠭᠦᠭᠡ ᠥᠷᠭᠦᠭᠡᠨ ᠳᠤ ᠨᠢ ᠭᠦᠷᠭᠡᠵᠤ ᠥᠭ᠍ᠳᠡᠭ᠌ ᠶᠤᠰᠤ ᠲᠡᠶ ᠪᠠᠢ᠌ᠵᠠᠢ᠃

ᠰᠠᠭᠤᠷᠢ ᠰᠥᠷᠦᠭ᠌ ᠤᠨ ᠳ᠋ᠠ ᠨᠡᠷ᠂ ᠮᠠᠢ᠌ᠷᠠᠨ ᠬᠤᠶᠠᠭ᠂ ᠠᠳᠤᠭᠤ ᠳᠡᠮᠡᠭᠡᠨ ᠰᠥᠷᠦᠭ᠌ ᠤᠨ ᠠᠳᠤᠭᠤᠨ ᠵᠢᠷᠭᠤᠭᠠᠨ ᠡᠷᠡᠰ᠂ ᠨᠠᠶᠠᠨ ᠰᠠᠭᠤᠷᠢ ᠬᠤᠨᠢᠨ ᠤ ᠨᠠᠶᠠᠨ ᠡᠷᠦᠭᠡ ᠶᠢᠨ ᠳᠡᠷᠢᠭᠦᠨ ᠴᠦᠮ ᠶᠢᠡᠷ 《ᠡᠵᠡᠨ ᠬᠠᠭᠠᠨ ᠤ ᠭᠡᠰᠢᠭ᠌》 ᠭᠡᠮᠡᠭᠦ ᠴᠠᠯᠢᠩ ᠶᠢᠡᠨ ᠳᠠᠯᠪᠢᠭᠤᠯᠤᠨ ᠠᠪᠬᠤ ᠪᠠᠷ ᠵᠢᠯ ᠳᠡᠭᠡᠨ ᠨᠢᠭᠡ ᠣᠳᠠᠭ᠎ᠠ ᠳᠤᠭᠳᠠᠭᠰᠠᠨ ᠭᠠᠵᠠᠷ᠂ ᠳᠤᠪᠯᠠᠭᠰᠠᠨ ᠡᠳᠦᠷ ᠴᠠᠭ ᠲᠤ ᠴᠠᠯᠢᠩ ᠴᠤᠭᠯᠠᠭᠠᠨ ᠬᠤᠷᠠᠳᠠᠭ ᠵᠢᠷᠤᠮ ᠲᠡᠶ᠃ ᠦᠨᠦᠳᠤᠷ ᠭᠡᠪᠠᠯ ᠭᠠᠩᠭ᠋᠎ᠠ ᠶᠢᠨ ᠡᠷᠭᠢ ᠳᠤ ᠳᠡᠷᠡᠭᠦ ᠣᠯᠠᠮᠵᠢᠯᠠᠯᠳᠤ ᠴᠠᠯᠢᠩ ᠴᠤᠭᠯᠠᠭᠠᠨ ᠪᠣᠯᠵᠤ ᠪᠠᠢ᠌ᠯ᠎ᠠ᠃

ᠪᠣᠷᠤᠯᠳᠠᠢ ᠭᠤᠸᠠᠢ ᠨᠠᠮᠬᠠᠨ ᠳᠠᠭᠵᠠᠭᠠᠷ ᠪᠠᠶ᠎ᠠ ᠳᠡᠭᠡᠨ ᠳᠤᠮᠤᠳᠠᠭᠰᠠᠨ ᠴᠤᠪᠣᠭᠤ ᠭᠦᠩᠭᠢᠨᠡᠭᠦᠷ ᠳᠠᠭᠤ ᠪᠠᠷ᠄

᠊᠊᠊᠊᠊᠊᠊᠊᠊᠊᠊᠊᠊᠊᠊ ᠴᠠᠯᠢᠩ ᠴᠤ ᠣᠭ ᠨᠢ ᠡᠳᠦᠢ ᠳᠤ ᠥᠭ᠍ᠴᠢᠭᠡᠭ᠍ᠰᠡᠨ ᠯᠠ ᠪᠠᠢ᠌ᠳᠠᠭ ᠰᠠᠨ᠃ ᠡᠨᠡ ᠵᠢᠯ ᠶᠠᠭᠤ ᠪᠣᠯᠤᠭᠠᠤᠨ ᠢᠩᠭᠢᠳᠠᠯ᠎ᠠ ᠪᠠᠨ ᠬᠣᠢ᠌ᠷᠭᠤᠰᠢᠭ᠎ᠠ ᠶᠤᠮ ᠪᠣᠯ ᠳ᠋ᠠ ᠭᠡᠰᠡᠨ ᠳᠤ᠄

᠊᠊᠊᠊᠊᠊᠊᠊᠊᠊᠊᠊᠊᠊᠊ ᠠᠭᠤᠯᠠ ᠶᠢᠨ ᠳᠤ᠋ ᠨᠤᠶᠠᠨ ᠤ ᠭᠢᠵᠤ ᠪᠠᠢ᠌ᠭ᠎ᠠ ᠠᠵᠢᠯ︕ ᠡᠨᠡ ᠨᠤᠶᠠᠤᠨ ᠲᠤ ᠶᠡᠭᠡ ᠣᠴᠢᠷ ᠪᠠᠢ᠌ᠨ᠎ᠠ᠃ ᠪᠦᠭᠦᠳᠡ ᠶᠢᠨ ᠳᠡᠷᠢᠭᠦᠨ ᠤ ᠥᠷᠭᠦᠭᠡᠨ ᠡᠴᠡ ᠠᠯᠢ ᠭᠤᠷᠪᠠᠨ ᠰᠠᠷ᠎ᠠ ᠶᠢᠨ ᠡᠮᠦᠨ᠎ᠡ ᠳᠤᠬᠤᠭᠠᠨ ᠳᠤᠮᠢᠯᠠᠭᠳᠠᠭᠰᠠᠨ ᠭᠦᠮᠤᠨ ᠢ ᠠᠷᠭᠠᠯᠠᠵᠤ ᠰᠠᠭᠠᠳᠠᠭᠤᠯᠴᠢᠬᠠᠭᠠᠤᠨ ᠁ ᠳᠠᠷᠠᠭ᠎ᠠ ᠨᠢ ᠪᠠᠰᠠ ᠵᠡᠩᠴᠢᠭᠦᠤ ᠶᠢᠨ ᠬᠤᠱᠤᠢ ᠠᠮᠪᠠᠨ ᠳᠤ ᠠᠯᠪᠠᠨ ᠭᠡᠷᠡᠭ᠌ ᠶᠢᠡᠷ ᠪᠠᠷᠠᠭᠠᠯᠬᠠᠬᠤ ᠳᠠᠭᠠᠨ ᠪᠢ ᠦᠪᠡᠷ ᠶᠢᠡᠨ ᠠᠪᠴᠢᠷᠠᠨ᠎ᠠ ᠭᠡᠵᠤ ᠬᠣᠢ᠌ᠰᠢᠯᠠᠭᠤᠯᠤᠭᠰᠠᠨ᠃ ᠳᠡᠭᠡᠭᠡᠤᠨ ᠰᠠ‍‌ᠶᠢ ᠶᠠᠪᠣᠭᠠᠤᠨ ᠢᠷᠡᠭ᠍ᠰᠡᠨ ᠢ ᠨᠢ ᠬᠠᠷᠠ︕ ᠪᠠᠢ᠌ᠳᠠᠭ ᠮᠥᠩᠭᠦ ᠶᠢ ᠨᠢ ᠦᠭᠡᠶ ᠭᠢᠴᠢᠭᠡᠭᠡᠤᠨ ᠢᠷᠡᠭ᠍ᠰᠡᠨ ᠭᠡᠵᠤ ᠳᠤᠭᠤᠯᠳᠠᠨ᠎ᠠ ᠭᠡᠭᠦ ᠦᠶ᠎ᠡ ᠳᠤ ᠪᠠᠷᠠᠭᠤᠨ ᠣᠷᠢᠳᠤ ᠨᠠᠷᠠᠩᠭ᠋᠎ᠠ ᠶᠢᠨ ᠡᠯᠡᠰᠤᠨ ᠳᠤᠮᠳᠠᠭᠤᠷ ᠬᠤᠶᠠᠷ ᠮᠤᠷᠢᠳᠠᠢ ᠭᠦᠮᠤᠨ ᠶ‍ᠥᠷᠭᠡᠭᠦᠯᠤᠨ ᠭᠠᠷᠴᠤ ᠢᠷᠠᠯ᠎ᠠ᠃ ᠰᠤᠳᠤᠨ ᠣᠯᠠᠭᠠᠨ ᠳᠠᠪᠠᠯ ᠲᠡᠶ ᠨᠠᠮᠬᠠᠪᠳᠤᠷ ᠨᠢ ᠪᠠᠷᠠᠭᠠᠨ ᠵᠢᠰᠤᠮ ᠤᠨ ᠮᠤᠷᠢ ᠭᠦᠳᠦᠯᠵᠡᠢ᠃ ᠴᠠᠯᠢᠩ ᠴᠤᠭᠯᠠᠭᠠᠨ ᠳᠤ ᠬᠤᠷᠠᠭᠰᠠᠨ ᠣᠯᠠᠨ ᠡᠷᠡᠴᠦᠦᠯ᠄

᠊᠊᠊᠊᠊᠊᠊᠊᠊᠊᠊᠊᠊᠊᠊ ᠭᠦᠶ‍ᠢ᠂ ᠮᠦᠨ ᠪᠠᠢ᠌ᠨ᠎ᠠ᠃ ᠭᠦᠳᠦᠯᠦᠭᠡ ᠮᠤᠷᠢ ᠶᠢ ᠨᠢ ᠬᠠᠷᠠᠭᠠᠷᠠᠢ᠃ ᠵᠠᠩᠭᠢᠶ᠎ᠠ ᠣᠯᠤᠮᠴᠤᠭᠯᠠᠵᠤ ᠳᠦᠷᠪᠡᠨ ᠪᠣᠭᠴᠤ ᠭᠠᠠᠵᠤᠭᠠᠯᠠᠵᠠᠢ᠃

᠊᠊᠊᠊᠊᠊᠊᠊᠊᠊᠊᠊᠊᠊᠊ ᠶᠠᠭᠠᠮᠠᠢ ᠳ᠋ᠠ᠂ ᠳᠠᠮᠠᠢ ᠨᠢᠭᠡ ᠶᠠᠭᠤᠮ᠎ᠠ ᠠᠯᠠᠭ᠎ᠠ ᠴᠠᠢ᠌ᠯᠭᠠᠬᠤ ᠨᠢ ᠁

᠊᠊᠊᠊᠊᠊᠊᠊᠊᠊᠊᠊᠊᠊᠊ ᠴᠢᠮᠠᠳᠤ ᠶᠠᠭᠠᠮᠠᠢ ᠪᠠᠢ᠌ᠨ᠎ᠠ᠃ ᠨᠠᠳᠠᠳᠤ ᠪᠣᠯ ᠶᠠᠭᠠᠭᠢᠨ᠎ᠠ ᠪᠠᠢ᠌ᠨ᠎ᠠ︕ ᠪᠢ ᠡᠪᠦᠯ ᠤᠨ ᠰᠡᠭᠦᠯ ᠰᠠᠷ᠎ᠠ ᠳᠤ ᠭᠤᠷᠪᠠᠨ ᠠᠳᠤᠭᠤ ᠴᠢᠨ᠋ᠸ᠎ᠠ ᠳᠤ ᠨᠢᠳᠦᠯᠡᠭᠦᠯᠴᠢᠭᠡᠭ᠍ᠰᠡᠨ ᠶᠤᠮ᠃ ᠳᠤᠭᠠᠷ ᠨᠤᠶᠠᠨ ᠮᠡᠳᠡᠴᠢᠭᠡᠭ᠍ᠰᠡᠨ ᠡᠨᠡ ᠵᠢᠯ ᠤᠨ ᠴᠠᠯᠢᠩ ᠢ ᠬᠤᠷᠢᠶᠠᠵᠤ ᠠᠪᠣᠨ᠎ᠠ ᠭᠡᠰᠡᠨ ᠭᠡᠮᠡᠨ ᠨᠤᠤᠷᠠᠩᠬᠠᠢ ᠳᠠᠪᠠᠯ ᠲᠡᠶ ᠨᠢᠭᠡᠨ ᠡᠷ᠎ᠡ ᠴᠠᠯᠢᠩ ᠠᠪᠴᠢᠷᠠᠵᠤ ᠪᠣᠢ ᠬᠤᠶᠠᠷ ᠭᠦᠮᠤᠨ ᠡᠴᠡ ᠭᠤᠷᠢᠯᠠᠭᠰᠠᠨ ᠨᠢᠳᠤ ᠪᠠᠨ ᠰᠠᠯᠭᠠᠯ ᠦᠭᠡᠶ ᠬᠠᠷᠠᠵᠤ᠂ ᠭᠤᠮᠤᠳᠠᠯᠳᠠᠢ ᠨᠢ ᠠᠷᠭ᠎ᠠ ᠦᠭᠡᠶ ᠬᠠᠷᠢᠭᠤ ᠦᠴᠢᠵᠤ ᠪᠠᠢ᠌ᠪᠠ᠃

ᠪᠠᠽᠠᠷ ᠦᠨᠳᠠᠢ᠌ᠵᠤ᠂ ᠨᠢᠳᠤ ᠪᠠᠨ ᠵᠤᠤᠨᠠᠢ᠌ᠯᠭᠠᠨ ᠪᠦᠷᠭᠦᠤᠨ ᠬᠤᠷᠴᠠ ᠬᠠᠷᠠᠴᠠ ᠪᠠᠨ ᠡᠷᠭᠦᠭ᠍ᠰᠡᠨ ᠶᠢᠡᠨ᠄

᠊᠊᠊᠊᠊᠊᠊᠊᠊᠊᠊᠊᠊᠊᠊ ᠥᠭᠦᠭ᠍ᠰᠡᠨ ᠬᠣᠢ᠌ᠨ᠎ᠠ ᠪᠠᠨ ᠬᠠᠮᠢᠭ᠎ᠠ ᠪᠠᠨ ᠳᠦᠷᠪᠡᠨ ᠪᠣᠭᠴᠤ ᠪᠠᠢ᠌ᠭ᠎ᠠ ᠶᠤᠮ ᠪᠣᠢ ⁈ ᠬᠤᠶᠠᠷᠬᠠᠨ ᠪᠣᠭᠴᠤ ᠯᠠ ᠶᠠᠩᠭᠢᠶ᠎ᠠ ᠡᠭᠡᠯᠳᠦᠷᠭᠡᠯᠡᠴᠢᠭᠡᠭ᠍ᠰᠡᠨ ᠪᠠᠢ᠌ᠨ᠎ᠠ ᠭᠡᠭᠦ ᠳᠤ᠄

᠊᠊᠊᠊᠊᠊᠊᠊᠊᠊᠊᠊᠊᠊᠊ ᠭᠤᠶ᠎ᠠ ᠪᠠᠨ ᠭᠠᠠᠵᠤᠭᠠᠯᠠᠴᠢᠬᠠᠭᠰᠠᠨ ᠪᠠᠢ᠌ᠬᠤ ᠳᠠᠭᠠᠨ ᠶᠢᠨ ᠰᠡᠢ᠌ᠭᠦ ᠦᠭᠡᠶ ᠪᠣᠯᠪᠠ ᠦᠦ︖ ᠭᠡᠮᠡᠨ ᠪᠣᠷᠤᠯᠳᠠᠢ ᠡᠪᠦᠭᠡᠨ ᠪᠣᠪᠳᠤᠨᠠᠨ ᠳᠦᠷᠢᠪᠠ᠃

᠊᠊᠊᠊᠊᠊᠊᠊᠊᠊᠊᠊᠊᠊᠊ ᠳᠠᠢ᠌ᠮᠤ ᠡ᠂ ᠳᠠᠷᠠᠰᠤᠨ ᠳᠤᠮᠳᠠᠭᠤᠷ ᠭᠠᠷᠴᠤ ᠢᠷᠡᠭᠦ ᠶᠢᠨ ᠯᠠ ᠬᠤᠶᠠᠷᠬᠠᠨ ᠪᠣᠭᠴᠤ ᠰᠠᠠᠵᠢᠭᠢᠨᠠᠭᠠᠤᠨ ᠪᠠᠢ᠌ᠭᠰᠠᠨ ᠶᠤᠮ ᠭᠡᠵᠤ ᠰᠢᠨᠠ ᠳᠡᠭᠡᠷ᠎ᠡ ᠪᠠᠨ ᠬᠤᠨᠢᠨ ᠱᠠᠭ᠎ᠠ ᠶᠢᠨ ᠴᠢᠨᠡᠭᠡᠨ ᠰᠤᠷᠪᠢᠳᠠᠢ ᠨᠢᠭᠡ ᠡᠷ᠎ᠡ ᠭᠤᠷᠢᠳᠠᠯᠭ᠎ᠠ ᠳᠠᠰᠤᠷᠠᠭᠰᠠᠨ ᠶᠠᠩᠵᠤᠳᠠᠢ ᠥᠭᠦᠯᠡᠨ᠎ᠡ᠃ ᠨᠥᠭᠦᠭᠡ ᠭᠤᠷᠪᠠᠨ ᠠᠳᠤᠭᠤ ᠴᠢᠨ᠋ᠸ᠎ᠠ ᠳᠤ ᠢᠳᠡᠭᠦᠯᠦᠭ᠍ᠰᠡᠨ ᠭᠡᠳᠡᠭ᠌ ᠡᠷ᠎ᠡ ᠨᠢᠳᠤ ᠪᠠᠬᠠᠨ ᠰᠡᠷᠭᠦᠭ᠍ᠰᠡᠨ ᠬᠠᠷᠠᠭᠳᠠᠯ᠎ᠠ ᠁

《ᠳᠠᠮ ᠤᠨ ᠶᠠᠷᠢᠶ᠎ᠠ ᠳᠠᠯᠠᠨ ᠬᠤᠳᠠᠯ》 ᠭᠡᠵᠤ ᠥᠭᠡ ᠪᠣᠢ᠃ ᠠᠭᠤᠯᠠ ᠶᠢᠨ ᠳᠤ᠋ ᠨᠤᠶᠠᠨ ᠡᠨᠡ ᠵᠢᠯ ᠤᠨ ᠴᠠᠯᠢᠩ ᠶᠢ ᠪᠦᠷᠢᠯᠭᠡᠭ᠍ᠰᠡᠨ ᠨᠢ ᠬᠤᠳᠠᠯ ᠪᠠᠢ᠌ᠭᠠᠰᠠᠢ ᠭᠡᠵᠤ ᠭᠦᠮᠤᠨ ᠪᠦᠭᠦᠨ ᠳᠤᠳᠤᠷ᠎ᠠ ᠪᠠᠨ ᠵᠠᠯᠪᠠᠷᠢᠵᠤ ᠪᠠᠢ᠌ᠭᠰᠠᠨ ᠴᠤ ᠳᠦᠷᠪᠡᠨ ᠪᠣᠭᠴᠤᠨ ᠤ ᠣᠷᠤᠨ ᠳᠤ ᠬᠤᠶᠠᠷᠬᠠᠨ ᠳᠤᠠᠳᠠᠭᠤᠷ ᠪᠣᠭᠴᠤ ᠮᠥᠩᠭᠦ ᠢᠷᠠᠵᠤ ᠪᠣᠢ ᠨᠢ ᠡᠯᠴᠢ ᠶᠢ ᠣᠢ᠌ᠷᠠᠤᠠᠬᠤ ᠳᠤᠳᠤᠮ ᠭᠠᠷᠴᠠᠭ᠎ᠠ ᠦᠭᠡᠶ ᠳᠤᠳᠤ ᠪᠣᠯᠵᠤ ᠪᠠᠢ᠌ᠯ᠎ᠠ᠃ ᠰᠡᠷᠪᠠᠭᠡ ᠦᠨᠳᠦᠷ ᠣᠷᠳᠤ ᠭᠦᠵᠦᠭᠦᠤ ᠲᠡᠶ᠂ ᠰᠢᠩᠭᠡᠨ ᠰᠡᠭᠦᠯ ᠲᠡᠶ ᠰᠠᠷᠠᠯ ᠮᠤᠷᠢ ᠣᠨᠤᠭᠰᠠᠨ ᠠᠭᠢᠮᠠᠭ ᠨᠠᠰᠤᠨ ᠤ ᠬᠠᠷ᠎ᠠ ᠭᠦᠮᠤᠨ ᠭᠦᠳᠦᠯᠦᠭᠡ ᠮᠤᠷᠢᠨ ᠤ ᠵᠢᠯᠤᠭᠤ ᠶᠢ ᠳᠠᠭᠠᠭᠤᠯᠢ ᠳᠠᠭᠠᠨ ᠦᠭ‍ᠭᠦᠭᠡᠤᠨ᠂ ᠳᠦᠷᠦᠭᠡᠨ ᠳᠡᠭᠡᠷ᠎ᠡ ᠪᠠᠨ ᠦᠨᠳᠠᠢ᠌ᠵᠤ᠄

᠊᠊᠊᠊᠊᠊᠊᠊᠊᠊᠊᠊᠊᠊᠊ ᠡᠷᠭᠢᠮ ᠤᠳ ᠡ᠂ ᠪᠢᠳᠠ ᠳᠤ᠋ ᠨᠤᠶᠠᠨ ᠤ ᠳᠤ ᠣᠴᠢᠯ᠎ᠠ᠃ ᠵᠡᠩᠴᠢᠭᠦᠤ ᠶᠢᠨ ᠬᠤᠱᠤᠢ ᠠᠮᠪᠠᠨ ᠤ ᠭᠢ ᠡᠴᠡ ᠠᠭᠤᠯᠠ ᠶᠢᠨ ᠳᠤᠭᠠᠷ ᠨᠤᠶᠠᠨ ᠢᠷᠠᠵᠠᠢ᠃ ᠬᠠᠷᠢᠨ ᠪᠢᠳᠠᠨ ᠤ ᠴᠠᠯᠢᠩ ᠤᠨ ᠬᠠᠭᠠᠰ ᠯᠠ ᠢᠷᠡᠭ᠍ᠰᠡᠨ ᠦᠭᠡᠶ᠁ ᠭᠡᠳᠡᠯ᠎ᠡ ᠭᠦᠮᠦᠰ ᠳᠦᠷᠭᠢᠷᠠᠨ ᠱᠤᠤᠭᠢᠯᠳᠤᠵᠤ᠂ ᠠᠮᠠ ᠠᠮᠠᠨ ᠳᠠᠭᠠᠨ᠄

᠊᠊᠊᠊᠊᠊᠊᠊᠊᠊᠊᠊᠊᠊᠊ ᠶᠠᠭᠠᠭᠢᠵᠤ ᠭᠡᠨ᠎ᠡ ᠪᠣᠢ᠂ ᠶᠠᠭᠠᠭᠢᠵᠤ ᠭᠡᠨᠡᠪ ⁈

᠊᠊᠊᠊᠊᠊᠊᠊᠊᠊᠊᠊᠊᠊᠊ ᠶᠠᠭᠤ ᠢᠷᠡᠭ᠍ᠰᠡᠨ ᠦᠭᠡᠶ ᠭᠡᠵᠤ︖ ᠁

᠊᠊᠊᠊᠊᠊᠊᠊᠊᠊᠊᠊᠊᠊᠊ ᠳᠠᠨᠠᠷ ᠪᠢᠳᠡᠭᠡᠢ ᠳᠤᠮᠢᠯᠠᠭᠰᠠᠨ ᠡᠯᠴᠢ ᠪᠠᠨ ᠣᠮᠤᠭᠳᠠᠭᠠᠤᠨ ᠪᠠᠢ︕

᠊᠊᠊᠊᠊᠊᠊᠊᠊᠊᠊᠊᠊᠊᠊ ᠵᠢᠭᠠᠬᠠᠨ ᠨᠠᠮᠳᠠᠵᠤ ᠥᠵᠡᠭᠡᠴᠢ︕ ᠁ ᠶᠠᠷᠢᠭᠠᠷᠠᠢ᠂ ᠶᠠᠭᠤ ᠪᠣᠯᠤᠭᠰᠠᠨ ᠢ ᠁ ᠭᠡᠵᠤ ᠬᠠᠰᠭᠢᠷᠤᠯᠳᠤᠪᠠ᠃

ᠰᠠᠷᠠᠯ ᠮᠤᠷᠢᠳᠤ᠂ ᠱᠤᠤᠭᠢᠶᠠᠨ ᠨᠠᠮᠳᠠᠬᠤ ᠶᠢ ᠭᠦᠯᠢᠶᠡᠵᠤ ᠭᠡᠰᠡᠭ᠌ ᠪᠣᠯᠤᠭᠰᠠᠨ ᠶᠢᠡᠨ ᠳᠠᠭᠢᠨ ᠳᠦᠷᠦᠭᠡᠨ ᠳᠡᠭᠡᠷ᠎ᠡ ᠪᠠᠨ ᠪᠣᠰᠴᠤ ᠡᠢ᠌ᠨ ᠥᠭᠦᠯᠡᠷᠤᠨ᠄

᠊᠊᠊᠊᠊᠊᠊᠊᠊᠊᠊᠊᠊᠊᠊ 《ᠮᠠᠨ ᠤ ᠬᠤᠰᠢᠭᠤ ᠬᠤᠶᠠᠷ ᠵᠢᠯ ᠬᠤᠱᠤᠢ ᠠᠮᠪᠠᠨ ᠤ ᠭᠠᠵᠠᠷ ᠨᠤᠤᠰᠤ ᠦᠰᠦ᠂ ᠠᠷᠠᠰᠤ ᠰᠢᠷᠢ ᠶᠢᠨ ᠬᠤᠪᠢ ᠪᠠᠨ ᠨᠡᠢ᠌ᠯᠡᠭᠦᠯᠦᠭ᠍ᠰᠡᠨ ᠦᠭᠡᠶ ᠶᠤᠮ ᠭᠡᠨ᠎ᠡ᠃ ᠳᠠᠢ᠌ᠮᠤ ᠶᠢᠨ ᠳᠤᠯᠠ ᠬᠤᠰᠢᠭᠤᠨ ᠤ ᠭᠡᠷᠡᠭ᠌ ᠢ ᠬᠠᠭᠠᠰᠯᠠᠨ ᠡᠷᠭᠢᠯᠡᠳᠡᠭ᠌ ᠪᠣᠷᠬᠠᠠᠳᠤ ᠶᠢᠨ ᠫᠦᠰᠡ ᠡᠨᠡ ᠵᠢᠯ ᠤᠨ ᠴᠠᠯᠢᠩ ᠡᠴᠡ ᠳᠦᠷᠪᠡᠨ ᠮᠢᠩᠭ᠋ᠠᠨ ᠯᠠᠩ ᠮᠥᠩᠭᠦ ᠪᠠᠷᠢᠭᠠᠤᠨ ᠠᠪᠴᠢᠬᠠᠯ᠎ᠠ᠃ ᠶᠠᠭᠠᠭᠢᠵᠤ ᠴᠤ ᠪᠣᠯᠤᠭᠰᠠᠨ ᠦᠭᠡᠶ》 ᠭᠡᠵᠤ ᠳᠤ᠋ ᠨᠤᠶᠠᠨ ᠠᠢ᠌ᠯᠠᠤᠠᠴᠤ ᠪᠠᠢ᠌ᠨ᠎ᠠ᠃ ᠡᠨᠡ ᠳᠤᠬᠠᠢ ᠪᠠᠨ ᠳᠠᠷᠢᠭᠠᠩᠭ᠋᠎ᠠ ᠶᠢᠨ ᠪᠦᠭᠦᠳᠡ ᠶᠢᠨ ᠳᠡᠷᠢᠭᠦᠨ ᠳᠤ ᠮᠡᠳᠡᠭ᠍ᠳᠡᠭ᠍ᠰᠡᠨ ᠳᠤ᠂ ᠪᠦᠭᠦᠳᠡ ᠶᠢᠨ ᠳᠡᠷᠢᠭᠦᠨ᠄ 《ᠰᠠᠭᠤᠷᠢ ᠰᠥᠷᠦᠭ᠌ ᠤᠨ ᠳ᠋ᠠ᠂ ᠬᠤᠶᠠᠭ᠂ ᠮᠠᠢ᠌ᠷᠠᠨ ᠤᠳ ᠤᠨ ᠴᠠᠯᠢᠩ ᠢ ᠳᠠᠯᠪᠢ︕》 ᠭᠡᠵᠤ ᠳᠤᠰᠢᠶᠠᠭᠰᠠᠨ ᠭᠡᠨ᠎ᠡ

ᠠᠭᠢᠮᠠᠭ ᠡᠷ᠎ᠡ ᠢᠩᠭᠢᠵᠤ ᠭᠡᠷᠡᠭ᠍ᠳᠡᠨ ᠥᠴᠢᠭ᠌ ᠮᠡᠳᠡᠭᠦᠯᠵᠤ ᠪᠣᠢ ᠮᠠᠳᠤ ᠬᠤᠯᠴᠢᠭᠠᠨᠠᠨ ᠭᠤᠩᠭᠢᠨᠠᠨ ᠭᠡᠯᠡᠭᠡᠤᠨ ᠡᠮᠡᠭᠡᠯ ᠳᠡᠭᠡᠷ᠎ᠡ ᠪᠠᠨ ᠶᠠᠭ‍ᠭᠢᠳᠠᠯ᠎ᠠ ᠰᠠᠭᠤᠵᠤ ᠣᠷᠭᠢᠪᠠ᠃ ᠭᠦᠮᠦᠰ ᠭᠡᠰᠡᠭ᠌ ᠵᠠᠭᠤᠷ᠎ᠠ ᠴᠢᠮᠡᠭᠡ ᠦᠭᠡᠶ ᠪᠠᠢ᠌ᠭᠰᠠᠨ ᠶᠢᠡᠨ᠄

᠊᠊᠊᠊᠊᠊᠊᠊᠊᠊᠊᠊᠊᠊᠊ ᠦᠭᠡᠶ ᠡ᠂ ᠳᠡᠭᠡᠭᠡᠤᠨ ᠶᠠᠭᠤ ᠪᠣᠯᠵᠤ ᠪᠠᠢ᠌ᠭ᠎ᠠ ᠨᠢ ᠡᠨᠡ ᠪᠣᠢ︖ ᠠᠳᠤᠭᠤᠴᠢᠳ ᠤᠨ ᠴᠠᠯᠢᠩ ᠢ ᠭᠡᠨ ᠦᠭ‍ᠭᠦ ᠪᠣᠯᠵᠤ ᠪᠠᠢ᠌ᠨ᠎ᠠ ᠭᠡᠮᠡᠨ ᠨᠢᠭᠡ ᠡᠷ᠎ᠡ ᠶᠢᠨ ᠬᠠᠰᠭᠢᠷᠬᠤ ᠳᠠᠭᠤᠨ ᠶᠢᠡᠷ ᠡᠭᠢ ᠵᠠᠬ᠎ᠠ ᠦᠭᠡᠶ ᠱᠤᠤᠭᠢᠶᠠᠨ ᠳᠠᠭᠢᠨ ᠳᠡᠭ᠍ᠳᠡᠯ᠎ᠡ᠃

᠊᠊᠊᠊᠊᠊᠊᠊᠊᠊᠊᠊᠊᠊᠊ ᠢᠩᠭᠢᠵᠤ ᠬᠤᠶᠠᠷ ᠬᠤᠨᠤᠭ ᠭᠠᠩᠭ᠋᠎ᠠ ᠶᠢᠨ ᠡᠷᠭᠢ ᠳᠡᠭᠡᠷ᠎ᠡ ᠭᠠᠩᠳᠠᠵᠤ᠂ ᠠᠳᠠᠭ ᠰᠡᠭᠦᠯ ᠳᠤ ᠨᠢ ᠭᠠᠷ ᠬᠤᠭᠤᠰᠤᠨ ᠪᠣᠴᠠᠳᠠᠭ ᠪᠠᠢ᠌ᠵᠠᠢ᠃ ᠭᠦᠭᠡᠷᠦᠭᠦᠢ ᠭᠡᠵᠤ ᠨᠥᠭᠦᠭᠡᠳᠡᠭᠢ ᠪᠠᠷᠠᠭᠤᠨ ᠰᠢᠨᠠ ᠳᠡᠭᠡᠷ᠎ᠡ ᠪᠠᠨ ᠣᠷᠤ ᠲᠡᠶ ᠵᠦᠩᠳᠠᠷ ᠭᠡᠮᠡᠭᠦ ᠭᠦᠭᠡ ᠡᠷ᠎ᠡ ᠶᠢᠨ ᠭᠡᠯᠡᠭ᠍ᠰᠡᠨ ᠳᠤ ᠪᠠᠽᠠᠷ᠄

᠊᠊᠊᠊᠊᠊᠊᠊᠊᠊᠊᠊᠊᠊᠊ ᠶᠠᠭᠠᠭᠢᠭᠰᠠᠨ ᠠᠮᠠᠷᠬᠠᠨ ᠪᠣᠯᠤᠭᠰᠠᠨ ᠶᠤᠮ ⁈ ᠭᠡᠵᠤ ᠳᠠᠢ᠌ᠪᠣᠩ ᠨᠢ ᠠᠷᠭ᠎ᠠ ᠦᠭᠡᠶ ᠲᠦᠩᠭᠢᠨᠠᠵᠤ ᠰᠠᠭᠤᠪᠠ᠃ ᠡᠨᠡ ᠥᠭᠡᠨ ᠳᠤ ᠵᠦᠩᠳᠠᠷ ᠪᠠᠬᠠᠨ ᠣᠷᠮᠠᠰᠢᠬᠤ ᠶᠢᠨ ᠵᠡᠷᠭᠡᠴᠡᠭᠡ ᠴᠤᠬᠤᠮ ᠭᠦ ᠪᠠᠽᠠᠷ ᠤᠨ ᠢᠩᠭᠢᠵᠤ ᠭᠡᠯᠡᠭ᠍ᠰᠡᠨ ᠳᠤ ᠶᠡᠭᠡᠯ᠎ᠡ ᠭᠠᠢ᠌ᠬᠠᠵᠠᠢ᠃ ᠴᠢᠩᠭᠢᠭ᠍ᠰᠡᠨ ᠶᠢᠡᠨ ᠬᠠᠩᠭ᠋ᠠᠢ ᠬᠤᠴᠢᠳᠤ ᠪᠠᠽᠠᠷ ᠤᠨ ᠭᠦᠮᠦᠭᠡᠢ ᠵᠠᠭᠤᠭᠰᠠᠨ ᠡᠷᠡᠯᠭᠡᠭ᠌ ᠴᠢᠷᠠᠢ ᠶᠢ ᠪᠠᠬᠠᠷᠬᠠᠨ ᠬᠠᠷᠠᠵᠤ᠄

᠊᠊᠊᠊᠊᠊᠊᠊᠊᠊᠊᠊᠊᠊᠊ ᠳᠠᠨ ᠳᠤ ᠰᠠᠨᠠᠭ᠎ᠠ ᠵᠤᠪᠠᠬᠤ ᠭᠡᠷᠡᠭ᠌ ᠶᠠᠭᠤ ᠪᠠᠢ᠌ᠨ᠎ᠠ᠃ ᠳᠠ ᠳᠤ᠋ ᠬᠤᠯᠠ ᠠᠯᠠᠭ ᠰᠥᠷᠦᠭ᠌ ᠤᠨ ᠮᠠᠢ᠌ᠷᠠᠨ ᠭᠦᠮᠤᠨ᠃ ᠳᠠᠨ ᠤ ᠴᠠᠯᠢᠩ ᠢ ᠦᠭ‍ᠭᠦ ᠶᠢ ᠪᠦᠭᠦᠳᠡ ᠶᠢᠨ ᠳᠡᠷᠢᠭᠦᠨ ᠳᠤᠰᠢᠶᠠᠭᠰᠠᠨ ᠰᠢᠤ ᠳ᠋ᠠ ᠭᠡᠮᠡᠵᠡᠢ᠃

᠊᠊᠊᠊᠊᠊᠊᠊᠊᠊᠊᠊᠊᠊᠊ ᠦᠭᠡᠶ ᠡ᠂ ᠳᠠᠢ᠌ᠮᠤ ᠪᠢᠰᠢ︕ ᠭᠡᠤᠨ ᠪᠠᠽᠠᠷ ᠨᠢᠭᠡ ᠶᠠᠭᠤᠮ᠎ᠠ ᠭᠡᠯᠡᠭᠦ ᠭᠡᠰᠡᠨ ᠶᠢᠡᠨ ᠪᠣᠯᠢᠵᠤ᠂ ᠥᠵᠦᠭᠦᠷ ᠨᠢ ᠭᠠᠵᠠᠷ ᠴᠢᠷᠦᠭ᠍ᠰᠡᠨ ᠣᠷᠳᠤ ᠰᠡᠭᠦᠯ ᠲᠡᠶ ᠦᠨᠳᠦᠷ ᠬᠠᠷᠠᠯᠠᠭ ᠮᠤᠷᠢᠨ ᠳᠡᠭᠡᠷ᠎ᠡ ᠪᠠᠨ ᠱᠠᠯᠠᠮᠠᠭᠯᠠᠨ ᠮᠤᠷᠳᠠᠵᠤ᠄

᠊᠊᠊᠊᠊᠊᠊᠊᠊᠊᠊᠊᠊᠊᠊ ᠡᠷᠭᠢᠮ ᠤᠳ ᠡ ᠭᠡᠵᠤ ᠬᠠᠰᠭᠢᠷᠤᠯ᠎ᠠ᠃ ᠭᠦᠮᠦᠰ ᠪᠠᠽᠠᠷ ᠢ ᠬᠠᠷᠠᠵᠠᠭᠠᠪᠠ᠃ ᠁

᠊᠊᠊᠊᠊᠊᠊᠊᠊᠊᠊᠊᠊᠊᠊ ᠮᠤᠩᠬᠠᠭ ᠮᠢᠨᠤ ᠰᠠᠨᠠᠬᠤ ᠳᠤ ᠪᠢᠳᠠ ᠪᠦᠭᠦᠳᠡ ᠶᠢᠨ ᠳᠡᠷᠢᠭᠦᠨ ᠤ ᠭᠠᠵᠠᠷ ᠵᠠᠷᠭᠤᠯᠳᠤᠨ ᠣᠴᠢᠬᠤ ᠭᠡᠷᠡᠭ᠍ᠳᠡᠢ ᠮᠠᠳᠤ᠂ ᠡᠭᠦᠨ ᠤ ᠳᠤᠯᠠ ᠰᠠᠭᠤᠷᠢ ᠰᠥᠷᠦᠭ᠌ ᠤᠨ ᠳ᠋ᠠ᠂ ᠮᠠᠢ᠌ᠷᠠᠨ᠂ ᠬᠤᠶᠠᠭ ᠨᠡᠷ ᠴᠠᠯᠢᠩ ᠶᠢᠡᠨ ᠠᠪᠬᠤ ᠶᠢ ᠳᠠᠳᠠᠭᠠᠯᠵᠠᠪᠠᠯ ᠶᠠᠮᠠᠷ ⁈ ᠮᠠᠨ ᠤ ᠰᠥᠷᠦᠭ᠌ ᠤᠨ ᠠᠳᠤᠭᠤᠨ ᠵᠢᠷᠭᠤᠭᠠᠨ ᠡᠷ᠎ᠡ ᠴᠠᠯᠢᠩ ᠦᠭᠡᠶ ᠬᠤᠴᠤᠷᠴᠤ ᠪᠠᠢ᠌ᠬᠤ ᠳᠤ ᠪᠢ ᠯᠠ ᠳᠠᠷᠠ ᠭᠡᠳᠤᠨ ᠯᠠᠩ ᠳᠤ ᠠᠯᠠᠭ᠎ᠠ ᠳᠤᠰᠬᠤ ᠦᠭᠡᠶ᠃ ᠣᠴᠢᠷ ᠢ ᠳᠤᠩᠭ᠋ᠠᠵᠠᠭᠠᠶ᠎ᠠ︕ ᠳᠤ᠋ ᠨᠤᠶᠠᠨ ᠤ ᠭᠢ ᠶᠢ ᠳᠠᠭᠠᠷᠢᠭᠠᠤᠨ ᠪᠦᠭᠦᠳᠡ ᠶᠢᠨ ᠳᠡᠷᠢᠭᠦᠨ ᠤ ᠳᠤ ᠣᠴᠢᠶ᠎ᠠ᠂ ᠡᠭᠡᠨᠡᠭ᠍ᠳᠡ ᠣᠨᠤᠭᠠᠭᠰᠠᠨ ᠭᠡᠷᠡᠭ᠌ ᠪᠣᠯᠬᠤ ᠪᠣᠰᠤ ᠦᠦ︖ ᠭᠡᠵᠡᠢ᠃

ᠪᠠᠽᠠᠷ ᠤᠨ ᠥᠭᠡᠨ ᠳᠤ ᠭᠡᠨ ᠴᠤ 《ᠳᠡᠭᠡᠶ᠎ᠡ》᠂ 《ᠳᠡᠭᠡᠭᠦ ᠦᠭᠡᠶ》 ᠭᠡᠰᠡᠨ ᠬᠠᠷᠢᠭᠤ ᠭᠡᠯᠡᠭ᠍ᠰᠡᠨ ᠦᠭᠡᠶ᠃ ᠬᠠᠷᠢᠨ ᠴᠠᠯᠢᠩ ᠶᠢᠡᠨ ᠪᠦᠭᠦᠳᠡ ᠡᠴᠡ ᠳᠦᠷᠦᠭᠦᠨ ᠠᠪᠬᠤ ᠰᠠᠨᠠᠭᠠᠳᠠᠢ ᠨᠥᠭᠦᠭᠡᠭᠢ ᠠᠭᠢᠮᠠᠭ ᠡᠷ᠎ᠡ ᠣᠷᠤᠭᠤ ᠳᠦᠭᠦᠨ ᠣᠴᠢᠵᠤ ᠰᠠᠷᠠᠯ ᠮᠤᠷᠢᠨ ᠤ ᠰᠡᠷᠪᠠᠭᠡᠨ ᠳᠡᠭᠡᠷ᠎ᠡ ᠭᠠᠷ ᠳᠠᠯᠪᠢᠨ ᠵᠤᠭᠰᠤᠭᠰᠠᠨ᠂ ᠢᠳᠡᠭᠡᠨ ᠬᠤᠧᠨ ᠬᠤᠩᠭ᠋ᠤᠷ ᠭᠡᠵᠢᠭᠡ ᠲᠡᠶ᠂ ᠭᠤᠵᠤᠭᠤᠷ ᠴᠢᠷᠠᠢ᠌ᠳᠠᠢ ᠳᠤᠮᠤ ᠪᠠᠶᠠᠳᠠᠢ ᠡᠷ᠎ᠡ᠄

᠊᠊᠊᠊᠊᠊᠊᠊᠊᠊᠊᠊᠊᠊᠊ ᠵᠠᠷᠭᠤᠯᠳᠤᠭᠠᠤᠨ ᠭᠡᠷᠡᠭ᠌ ᠪᠠᠢ᠌ᠨ᠎ᠠ ᠦᠦ ᠳ᠋ᠠ ⁈ ᠨᠢᠭᠡᠨᠲᠡ ᠬᠤᠱᠤᠢ ᠠᠮᠪᠠᠨ ᠤ ᠭᠠᠵᠠᠷ ᠡᠴᠡ ᠳᠡᠭᠡᠵᠤ ᠰᠢ᠌ᠳᠦᠭᠡᠤᠨ ᠪᠦᠭᠦᠳᠡ ᠶᠢᠨ ᠳᠡᠷᠢᠭᠦᠨ ᠢᠩᠭᠢᠵᠤ ᠯᠠ ᠳᠤᠰᠢᠶᠠᠭᠰᠠᠨ ᠪᠣᠯ᠃ ᠪᠢᠳᠠ ᠳᠡᠭᠡᠷ᠎ᠡ ᠪᠠᠨ ᠡᠵᠡᠨ ᠲᠡᠶ ᠳᠡᠷᠭᠡᠳᠡ ᠪᠠᠨ ᠶᠠᠮᠤᠨ ᠲᠡᠶ ᠣᠯᠤᠰ᠃ ᠣᠴᠢᠷ ᠨᠢ ᠳᠠᠷᠠᠭ᠎ᠠ ᠣᠯᠳᠠᠬᠤ ᠪᠠᠢ᠌ᠯᠭᠦᠢ᠃ ᠶᠠᠭᠠᠷᠠᠪᠠᠯ ᠳᠠᠭᠠᠷᠠᠨ᠎ᠠ᠃ ᠪᠢᠳᠠ ᠱᠠᠯᠠᠮᠠᠭᠯᠠᠭᠠᠤᠨ ᠶᠠᠭᠠᠭᠢᠬᠤ ᠶᠤᠮ ᠪᠣᠢ ⁈ ᠪᠣᠯᠭᠤᠮᠵᠢᠯᠠᠶ᠎ᠠ ᠭᠡᠮᠡᠨ ᠠᠶᠠᠷ ᠵᠥᠭᠡᠯᠡᠨ ᠭᠢᠷᠢᠨ᠎ᠠ ᠡᠷ᠎ᠡ ᠨᠠᠮᠪᠠ ᠳᠡᠭᠦᠯᠳᠡᠷ ᠭᠦᠩᠭᠢᠨᠡᠭᠰᠡᠨ ᠪᠦᠳᠦᠭᠦᠨ ᠬᠤᠭᠤᠯᠠᠢ ᠪᠠᠷ ᠭᠡᠯᠡᠪᠡ᠃

ᠴᠠᠯᠢᠩ ᠶᠢᠡᠨ ᠠᠪᠬᠤ ᠭᠡᠵᠤ ᠠᠯᠠᠭ᠎ᠠ ᠪᠠᠨ ᠵᠠᠭᠠᠨᠠᠳᠤᠭᠤᠯᠤᠨ ᠵᠤᠭᠰᠤᠬᠤ ᠳᠤ ᠨᠢ ᠪᠠᠽᠠᠷ ᠤᠨ ᠥᠭᠡ ᠪᠠᠬᠠᠨ ᠡᠷᠡᠭᠡᠯᠵᠡᠭᠦ ᠳᠤ ᠭᠦᠷᠭᠡᠭ᠍ᠰᠡᠨ ᠰᠥᠷᠦᠭ᠌ ᠤᠨ ᠳ᠋ᠠ᠂ ᠮᠠᠢ᠌ᠷᠠᠨ᠂ ᠬᠤᠶᠠᠭ ᠨᠡᠷ᠄

᠊᠊᠊᠊᠊᠊᠊᠊᠊᠊᠊᠊᠊᠊᠊ ᠶᠠᠷᠤ ᠨᠢ ᠰᠢ᠌ᠳᠦᠭ᠍ᠰᠡᠨ ᠶᠤᠰᠤᠭᠠᠷ ᠪᠣᠯᠵᠠᠭᠠᠶ᠎ᠠ︕ ᠭᠡᠵᠡᠭᠡᠵᠡᠢ᠃ ᠡᠨᠡ ᠨᠢ ᠠᠳᠤᠭᠤᠴᠢᠳ ᠢ ᠭᠠᠷ ᠬᠤᠭᠤᠰᠤᠨ ᠮᠤᠷᠳᠠᠭᠤᠯᠤᠶ᠎ᠠ᠂ ᠢᠷᠡᠭ᠍ᠰᠡᠨ ᠴᠠᠯᠢᠩ ᠢ ᠳ᠋ᠠ᠂ ᠮᠠᠢ᠌ᠷᠠᠨ᠂ ᠬᠤᠶᠠᠭ ᠨᠡᠷ ᠬᠤᠪᠢᠶᠠᠨ ᠠᠪᠣᠶ᠎ᠠ ᠭᠡᠰᠡᠨ ᠰᠠᠨᠠᠯ ᠪᠠᠢ᠌ᠭᠰᠠᠨ ᠪᠦᠭᠡᠤᠨ ᠭᠡᠰᠡᠭ᠌ ᠮᠠᠷᠭᠤᠯᠳᠤᠭᠰᠠᠨ ᠤ ᠳᠠᠷᠠᠭ᠎ᠠ ᠠᠳᠤᠭᠤᠴᠢᠳ ᠤᠨ ᠨᠢᠳᠤ ᠶᠢ ᠪᠦᠳᠡᠢ᠌ᠯᠭᠡᠨ ᠪᠠᠢ᠌ᠵᠤ ᠳ᠋ᠠ᠂ ᠮᠠᠢ᠌ᠷᠠᠨ ᠨᠡᠷ ᠤᠨ ᠴᠠᠯᠢᠩ ᠢ ᠳᠠᠯᠪᠢᠨ ᠣᠯᠭᠤᠭᠤᠯᠬᠤ ᠪᠠᠷ ᠰᠢ᠌ᠤᠠᠴᠠᠢ᠃ ᠬᠠᠷᠢᠨ ᠬᠠᠩᠭ᠋ᠠᠢ ᠬᠤᠴᠢᠳᠤ ᠪᠦᠭᠡ ᠪᠠᠽᠠᠷ ᠶᠠᠷᠤ ᠳᠡᠨᠡᠭᠡᠯᠵᠡᠯ ᠦᠭᠡᠶ ᠠᠷᠪᠠᠨ ᠨᠢ᠋ᠮᠠᠨ ᠮᠥᠩᠭᠦ ᠪᠠᠨ ᠠᠪᠴᠤ᠂ ᠵᠢᠷᠭᠤᠭᠠᠨ ᠠᠳᠤᠭᠤᠴᠢᠨ ᠳᠠᠭᠠᠨ ᠭᠤᠷᠪᠠ ᠭᠤᠷᠪᠠᠨ ᠯᠠᠩ ᠶᠢᠡᠷ ᠬᠤᠪᠢᠶᠠᠨ ᠦᠭ‍ᠭᠦᠭᠡᠤᠨ ᠦᠪᠡᠷ ᠶᠢᠡᠨ ᠬᠤᠭᠤᠰᠤᠨ ᠦᠯᠠᠳᠠᠪᠠ᠃ ᠡᠨᠡ ᠶᠠᠪᠣᠳᠠᠯ ᠪᠦᠭᠦᠳᠡ ᠶᠢᠨ ᠨᠢᠳᠤᠨ ᠳᠡᠭᠡᠷ᠎ᠡ ᠪᠣᠯᠤᠭᠰᠠᠨ ᠭᠢᠭᠡᠤᠨ ᠳ᠋ᠠ᠂ ᠮᠠᠢ᠌ᠷᠠᠨ᠂ ᠬᠤᠶᠠᠭ ᠨᠡᠷ ᠡᠴᠡ ᠥᠭᠡᠷ᠎ᠡ ᠭᠡᠨ ᠴᠤ ᠳᠠᠢ᠌ᠮᠤ ᠥᠭ᠍‍ᠭᠢᠶᠡᠮᠦᠷ ᠰᠠᠤᠠᠭᠢᠯ ᠭᠠᠷᠭᠠᠭᠰᠠᠨ ᠦᠭᠡᠶ ᠪᠢᠯᠠ᠃ ᠴᠠᠯᠢᠩ ᠴᠠᠭᠠᠨ ᠮᠥᠩᠭᠦᠨ ᠡᠴᠡ ᠥᠭ᠍ᠭᠢᠶᠡᠮᠦᠷ ᠴᠠᠭᠠᠨ ᠰᠠᠤᠠᠭᠢᠯ ᠢᠯᠡᠭᠦᠤ ᠦᠨ᠎ᠡ ᠭᠦᠡᠳᠦᠳᠡᠢ ᠪᠠᠢ᠌ᠳᠠᠭ ᠶᠤᠮ ᠦᠦ᠂ ᠪᠠᠽᠠᠷ ᠤᠨ ᠵᠢᠷᠭᠤᠭᠠᠨ ᠠᠳᠤᠭᠤᠴᠢᠨ ᠣᠷᠢᠳᠤ ᠡᠮᠦᠨ᠎ᠡ ᠴᠠᠯᠢᠩ ᠠᠪᠣᠭᠠᠤᠨ ᠪᠠᠶᠠᠷᠯᠠᠭ᠎ᠠ ᠦᠭᠡᠶ ᠪᠠᠨ ᠡᠨᠡ ᠡᠳᠦᠷ ᠪᠠᠶᠠᠷᠯᠠᠵᠠᠢ᠃

ᠴᠠᠯᠢᠩ ᠳᠠᠯᠪᠢᠭᠰᠠᠨ ᠠᠭᠢᠮᠠᠭ ᠨᠠᠰᠤᠨ ᠤ ᠪᠣᠷᠤ ᠰᠢᠳᠤᠷᠭᠤ ᠴᠢᠷᠠᠢ᠌ᠳᠠᠢ᠂ ᠵᠢᠭᠠᠬᠠᠨ ᠬᠠᠯᠵᠠᠨ ᠭᠦᠮᠤᠨ ᠭᠠᠭᠴᠠ ᠴᠤ ᠯᠠᠩ ᠮᠥᠩᠭᠦ ᠳᠤᠳᠠᠭ᠎ᠠ ᠦᠭᠡᠶ ᠳᠤ ᠰᠠᠤᠠᠭᠢᠯ ᠨᠢ ᠪᠠᠳᠠᠷᠠᠵᠤ᠂ ᠶᠠᠷᠤ ᠬᠤᠶᠠᠷᠬᠠᠨ ᠬᠤᠷᠤᠭᠤ ᠭᠢᠷᠢᠳᠠᠢ ᠥᠷᠭᠡᠨ ᠳᠤᠬᠤ ᠪᠠᠨ ᠥᠷᠴᠢᠯᠡᠭᠡ ᠪᠠᠷ ᠳᠦᠭᠦᠷᠭᠡᠨ᠄

᠊᠊᠊᠊᠊᠊᠊᠊᠊᠊᠊᠊᠊᠊᠊ ᠵᠠ᠂ ᠢᠩᠭᠢᠭᠡᠤᠨ᠃ ᠮᠢᠨᠤ ᠠᠯᠪᠠ ᠳᠠᠭᠤᠰᠪᠠ᠃ ᠳ᠋ᠤᠭ ᠱᠠᠭ ᠳᠠᠭᠠᠷᠠᠯ᠎ᠠ᠃ ᠦᠪᠡᠷ ᠤᠨ ᠬᠤᠷᠢᠨ ᠨᠢᠭᠡᠨ ᠯᠠᠩ ᠮᠥᠩᠭᠦ ᠦᠯᠠᠳᠠᠪᠠ ᠡ᠂ ᠭᠦ ᠭᠡᠮᠡᠭ᠍ᠰᠡᠨ ᠢ ᠦᠵᠡᠪᠠᠯ ᠳᠠᠷᠠᠪᠠᠷ ᠰᠥᠷᠦᠭ᠌ ᠤᠨ ᠳ᠋ᠠ ᠭᠦᠮᠤᠨ ᠪᠠᠢ᠌ᠵᠠᠢ᠃

ᠶᠠᠷᠤ ᠡᠴᠡ ᠳ᠋ᠠ ᠬᠤᠷᠢᠨ ᠨᠢᠭᠡᠨ ᠯᠠᠩ᠂ ᠮᠠᠢ᠌ᠷᠠᠨ ᠠᠷᠪᠠᠨ ᠨᠢ᠋ᠮᠠᠨ ᠯᠠᠩ᠂ ᠬᠤᠶᠠᠭ ᠠᠷᠪᠠᠨ ᠬᠤᠶᠠᠷ ᠯᠠᠩ᠂ ᠰᠠᠭᠤᠷᠢ ᠰᠥᠷᠦᠭ᠌ ᠤᠨ ᠠᠳᠤᠭᠤᠨ ᠵᠢᠷᠭᠤᠭᠠᠨ ᠡᠷ᠎ᠡ᠂ ᠬᠤᠨᠢᠨ ᠰᠥᠷᠦᠭ᠌ ᠤᠨ ᠨᠠᠶᠠᠨ ᠮᠠᠯᠴᠢᠳ ᠳᠤᠰ ᠪᠦᠷᠢ ᠵᠢᠷᠭᠤᠭᠠᠨ ᠯᠠᠩ ᠮᠥᠩᠭᠦᠨ ᠤ ᠴᠠᠯᠢᠩ ᠲᠡᠶ ᠪᠦᠭᠡᠤᠨ ᠡᠨᠡ ᠳᠤᠬᠠᠢ ᠯᠠᠪᠳᠠᠢ ᠵᠠᠭᠤᠨ ᠵᠢᠯ ᠤᠨ ᠳᠡᠷᠳᠡᠭᠡ ᠡᠴᠡ ᠮᠠᠠᠵᠤ ᠶᠢᠨ ᠲᠦᠷᠦ ᠶᠢᠨ ᠡᠶᠡᠪᠠᠷ ᠳᠠᠳᠠᠬᠤ ᠬᠤᠤᠷᠳᠤ ᠪᠣᠳᠤᠯᠭ᠎ᠠ ᠪᠠᠷ ᠵᠤᠬᠢᠶᠠᠭᠳᠠᠭᠰᠠᠨ ᠵᠠᠰᠠᠭ ᠬᠠᠤᠯᠢ᠂ ᠵᠢᠮ᠎ᠠ ᠶᠤᠰᠤ ᠪᠣᠯᠤᠨ ᠮᠥᠷᠳᠡᠭ᠍ᠳᠡᠵᠤ ᠡᠳᠦᠭᠡ ᠭᠦᠷᠦᠭ᠍ᠰᠡᠨ ᠨᠠᠷ᠎ᠠ ᠲᠡᠶ ᠠᠪᠠᠴᠤ ᠦᠨᠦᠳᠤᠷ ᠤᠨ ᠭᠢ ᠰᠢᠭ᠌ ᠴᠠᠯᠢᠩ ᠬᠠᠭᠠᠰᠯᠠᠬᠤ ᠶᠤᠮ ᠦᠦ᠂ ᠶᠠᠷᠤ ᠴᠠᠯᠢᠩ ᠤᠨ ᠰᠤᠷᠠᠭ ᠴᠤ ᠭᠠᠷᠬᠤ ᠦᠭᠡᠶ ᠪᠠᠷ ᠬᠤᠶᠠᠷ ᠭᠤᠷᠪᠠᠨ ᠵᠢᠯ ᠪᠣᠯᠬᠤ ᠶᠠᠪᠣᠳᠠᠯ ᠣᠯᠠᠠᠳᠠ ᠪᠠᠢ᠌ᠳᠠᠭ ᠪᠢᠯᠠ᠃ ᠳᠠᠷᠠ ᠪᠣᠯᠭᠠᠨ ᠳᠤ ᠠᠳᠤᠭᠤᠨ ᠵᠢᠷᠭᠤᠭᠠᠨ ᠡᠷ᠎ᠡ ᠭᠡᠭ᠍ᠳᠡᠭᠦ ᠮᠠᠯᠴᠢᠨ ᠭᠡᠯᠮᠡᠭ᠍ᠳᠡᠨ ᠬᠤᠭᠢᠷᠠᠬᠤ ᠨᠢ ᠳᠠᠭᠢᠨ ᠳᠠᠭᠢᠨ ᠪᠠᠢ᠌ᠵᠠᠢ᠃

ᠣᠯᠠᠨ ᠤ ᠳᠤᠮᠳᠠ ᠪᠣᠰᠤᠭᠰᠠᠨ ᠶᠠᠷᠢᠶ᠎ᠠ ᠱᠤᠤᠭᠢᠶᠠᠨ ᠢ ᠴᠢᠭᠢ ᠭᠦᠳᠡᠯᠭᠡᠭᠦ ᠡᠴᠡ ᠨᠠᠭᠠᠭᠤᠷ ᠴᠢᠩᠨᠠᠵᠤ ᠰᠠᠭᠤᠭᠰᠠᠨ ᠬᠤᠮᠤᠤ ᠳ᠋ᠠ᠂ ᠰᠤᠨᠤᠰᠤᠭᠰᠠᠨ ᠪᠦᠭᠦᠨ ᠶᠢᠡᠨ ᠤᠯᠦᠡᠭ᠌ ᠤᠨ ᠰᠤᠷ ᠰᠢᠭ ᠨᠠᠷᠢᠬᠠᠨ ᠳᠤᠬᠤ ᠲᠡᠶ ᠪᠤᠲᠤᠩ ᠰᠢᠭ ᠪᠦᠪ ᠪᠦᠭᠡᠷᠡᠩᠭᠡᠢ ᠳᠤᠯᠤᠭᠠᠢ ᠳᠠᠭᠠᠨ ᠨᠢᠭᠡ ᠶᠢᠨ ᠨᠢᠭᠡ ᠦᠭᠡᠶ ᠭᠢᠵᠤ ᠠᠪᠣᠭᠠᠤᠨ᠂ ᠪᠠᠰᠠ ᠥᠭᠡ ᠡᠳᠦᠵᠤ ᠡᠨᠡ ᠳᠠᠷᠠ ᠭᠦᠮᠤᠨ ᠢ ᠰᠠᠮ ᠰᠠᠮ ᠳᠠᠰᠢᠭᠤᠷᠳᠠᠵᠤ ᠵᠢᠭᠠᠯ ᠵᠤᠭᠠᠯ ᠶᠠᠷᠢᠭᠤᠯᠤᠭᠰᠠᠨ ᠤ ᠳᠠᠷᠠᠭ᠎ᠠ ᠡᠢ᠌ᠨ ᠭᠡᠯᠡᠷᠤᠨ᠄

᠊᠊᠊᠊᠊᠊᠊᠊᠊᠊᠊᠊᠊᠊᠊ ᠮᠠᠯᠴᠢᠳ ᠮᠢᠨᠢ ᠢᠩᠭᠢᠵᠤ ᠬᠤᠭᠢᠷᠠᠵᠤ ᠪᠠᠢ᠌ᠭ᠎ᠠ ᠪᠣᠯ ᠶᠡᠭᠡ ᠯᠠ ᠳᠤᠬ᠎ᠠ ᠦᠭᠡᠶ ᠶᠠᠪᠣᠳᠠᠯ ᠪᠣᠯᠵᠠᠢ᠃ ᠭᠡᠭᠦ ᠳᠡᠭᠡᠨ ᠬᠤᠰᠢᠭᠤ ᠪᠠᠷ ᠶᠢᠡᠨ ᠭᠦᠮᠤᠨ ᠤ ᠮᠠᠯ ᠢ ᠮᠠᠯᠯᠠᠵᠤ ᠪᠠᠢ᠌ᠵᠤ ᠣᠩᠭ᠋ᠠᠰᠤ ᠨᠤᠤᠰᠤ ᠶᠢ ᠨᠢ ᠦᠭ‍ᠭᠦᠯ ᠦᠭᠡᠶ ᠡᠴᠢᠨᠡᠭᠡᠨ ᠴᠢᠷᠦᠭ᠍ᠳᠡᠯ ᠣᠳᠤᠭᠰᠠᠨ ᠪᠣᠯ ᠳᠡᠭᠦᠨ ᠤ ᠦᠷᠢ ᠶᠢ ᠳᠦᠯᠦᠭᠦ ᠦᠭᠡᠶ ᠭᠡᠭᠦ ᠭᠠᠵᠠᠷ ᠦᠭᠡᠶ ᠪᠣᠯᠵᠤ ᠳᠠᠭᠠᠷᠠᠨ᠎ᠠ᠃ ᠳᠠ ᠮᠢᠨᠢ᠂ ᠡᠵᠡᠨ ᠬᠠᠭᠠᠨ ᠢ ᠭᠤᠮᠤᠳᠠᠭᠠᠵᠤ᠂ ᠬᠠᠭᠤᠷᠴᠤ᠂ ᠠᠭᠤᠷᠯᠠᠭᠤᠯᠵᠤ ᠪᠣᠯᠬᠤ ᠦᠭᠡᠶ ᠨᠢ ᠮᠡᠳᠡᠭᠡᠵᠢ᠃ ᠬᠤᠰᠢᠭᠤ ᠰᠥᠷᠦᠭ᠌ ᠢ ᠳᠠᠷᠠ ᠴᠢᠭ᠌ ᠶᠢᠡᠷ ᠨᠢ ᠪᠣᠯᠢᠶᠠᠵᠤ ᠠᠪᠣᠭᠰᠠᠨ ᠴᠤ ᠴᠢᠩ ᠭᠦᠷᠤᠨ ᠤ ᠶᠡᠭᠡᠰ ᠤᠨ ᠳᠤᠷ᠎ᠠ᠃ ᠢᠩᠭᠢᠪᠠᠯ ᠪᠢᠳᠠ ᠣᠷᠤᠭᠤᠯ ᠴᠠᠢ᠌ᠯᠭᠠᠵᠤ᠂ ᠠᠮᠠ ᠳᠤᠰᠤᠳᠠᠬᠤ ᠮᠠᠯ ᠦᠭᠡᠶ ᠪᠣᠯᠵᠤ ᠬᠤᠪᠠᠬᠠᠢ᠌ᠷᠠᠨ᠎ᠠ᠃ ᠳᠡᠭᠡᠭᠦ ᠶᠢᠨ ᠣᠷᠤᠨ ᠳᠤ ᠵᠢᠷᠭᠤᠭᠠᠨ ᠯᠠᠩ ᠮᠥᠩᠭᠦ ᠶᠢ ᠨᠢ ᠠᠪᠬᠤ ᠦᠭᠡᠶ ᠪᠠᠢ᠌ᠬᠤ ᠳᠤ ᠶᠠᠭᠠᠭᠢᠬᠤᠪ︕ ᠭᠡᠵᠡᠢ᠃ ᠬᠤᠮᠤᠤ ᠳ᠋ᠠ ᠢᠩᠭᠢᠵᠤ ᠶᠠᠷᠢᠵᠤ ᠪᠠᠢ᠌ᠬᠤ ᠳᠠᠭᠠᠨ ᠬᠤᠷᠭᠤᠢ ᠶᠢᠨ ᠥᠭᠡᠳᠡᠰᠤᠨ ᠳᠤ ᠪᠦᠭᠡ ᠭᠡᠭ᠍ᠴᠢ ᠪᠠᠷ ᠳᠤᠨᠤᠯᠵᠢᠨ ᠵᠠᠩᠭᠢᠳᠤᠭᠠᠤᠨ ᠪᠠᠷᠤᠭ ᠣᠯᠠᠭᠠᠨ ᠰᠤᠭᠤᠨ ᠳᠠᠭᠠᠨ ᠠᠪᠠᠴᠢᠵᠤ ᠭᠢᠭ᠍ᠰᠡᠨ ᠬᠤᠷᠢᠨ ᠨᠢᠭᠡᠨ ᠯᠠᠩ ᠮᠥᠩᠭᠦ ᠪᠠᠨ ᠳᠤᠬᠤᠢ ᠪᠠᠷ ᠶᠢᠡᠨ ᠶᠤᠪᠣᠷᠠᠨ ᠳᠠᠮᠳᠠᠷᠢᠵᠤ ᠪᠠᠢ᠌ᠭ᠎ᠠ ᠡᠰᠡᠭᠦ ᠶᠢ ᠨᠢ ᠰᠢᠯᠭᠠᠵᠤ ᠰᠠᠭᠤᠯ᠎ᠠ᠃ ᠳᠡᠭᠦᠨ ᠳᠤ ᠮᠥᠩᠭᠦ ᠨᠢ ᠨᠢᠭᠡ ᠯᠠ ᠠᠯᠠᠭ᠎ᠠ ᠪᠣᠯᠴᠢᠬᠠᠭᠰᠠᠨ ᠶᠤᠮ ᠰᠢᠭ ᠰᠠᠨᠠᠭᠳᠠᠭᠠᠤᠨ ᠪᠠᠢ᠌ᠵᠠᠢ᠃

ᠪᠠᠽᠠᠷ ᠭᠦᠮᠦᠰᠭᠡ ᠵᠠᠩᠭᠢᠳᠤᠨ᠂ ᠭᠡᠰᠡᠭ᠌ ᠵᠠᠭᠤᠷ᠎ᠠ ᠰᠢᠪᠠᠭᠡᠨᠡᠨ ᠳᠤᠭ᠎ᠠ ᠪᠣᠳᠤᠵᠤ ᠵᠤᠭᠰᠤᠭᠰᠠᠨ ᠶᠢᠡᠨ᠄

᠊᠊᠊᠊᠊᠊᠊᠊᠊᠊᠊᠊᠊᠊᠊ ᠳᠤᠷᠵᠢᠰᠦ᠋ᠷᠦᠡᠭ᠌ ᠡ ᠭᠡᠵᠤ ᠳᠠᠭᠤᠳᠠᠪᠠ᠃ ᠥᠩᠭᠡ ᠨᠢ ᠊ᠭ᠍‍ᠬᠢᠷᠳᠦᠵᠤ ᠶᠠᠪᠣᠭ᠎ᠠ ᠴᠠᠭᠠᠨ ᠴᠤ᠋ ᠶᠠᠩᠪᠣᠤ ᠸᠠᠳᠠᠩ ᠳᠤ ᠠᠯᠠᠭᠠᠨ ᠴᠢᠨᠡᠭᠡ ᠭᠢᠳᠠᠤᠨ ᠰᠤᠸᠠᠮᠫᠠᠨ᠂ ᠨᠤᠤᠷᠠᠵᠤ ᠨᠠᠪᠰᠠᠢ᠌ᠭᠰᠠᠨ ᠳᠠᠩᠰᠠ ᠶᠢᠨ ᠬᠠᠮᠳᠤ ᠪᠣᠭᠤᠵᠤ ᠰᠠᠭᠤᠭᠰᠠᠨ ᠨᠥᠭᠦᠭᠡᠭᠢ ᠭᠢᠵᠢᠶᠡᠯᠳᠡᠭᠦᠤ ᠨᠠᠰᠤᠨ ᠤ ᠳᠠᠭᠵᠢᠭᠠᠷ ᠨᠠᠮᠬᠠᠨ ᠡᠷ᠎ᠡ᠂ ᠥᠨᠡᠭᠡᠷ ᠦᠪᠡᠷ ᠤᠨ ᠭᠢᠨᠢ ᠭᠡᠷᠡᠭ᠌ ᠪᠦᠳᠦᠮᠵᠢᠳᠡᠢ ᠥᠩᠭᠡᠷᠡᠭ᠍ᠰᠡᠨ ᠭᠦᠮᠤᠨ ᠤ ᠳᠦᠷᠢ ᠪᠠᠷ ᠵᠤᠤᠮᠠᠯᠵᠠᠨ ᠢᠨᠢᠶᠡᠮᠰᠦᠭᠯᠡᠵᠤ᠂ ᠳᠤᠯᠤᠭᠠᠢ ᠪᠠᠨ ᠴᠤ ᠡᠷᠭᠦᠯ ᠦᠭᠡᠶ᠄

᠊᠊᠊᠊᠊᠊᠊᠊᠊᠊᠊᠊᠊᠊᠊ ᠶᠠᠭᠤ ᠭᠡᠰᠡᠨ ᠶᠤᠮ ᠪᠣᠢ ᠭᠦ᠂ ᠪᠠᠽᠠᠷ ᠡ ᠭᠡᠮᠡᠨ ᠥᠭᠡ ᠪᠠᠨ ᠰᠤᠠᠵᠢᠷᠠᠭᠤᠯᠤᠨ ᠠᠰᠠᠭᠤᠪᠠ᠃

᠊᠊᠊᠊᠊᠊᠊᠊᠊᠊᠊᠊᠊᠊᠊ ᠴᠢ ᠦᠨᠦᠳᠤᠷ ᠭᠡᠳᠤᠨ ᠯᠠᠩ ᠮᠥᠩᠭᠦ ᠠᠪᠴᠢᠷᠠᠪᠠ︖ ᠳᠤᠷᠵᠢᠰᠦ᠋ᠷᠦᠡᠭ᠌ ᠳᠤᠯᠤᠭᠠᠢ ᠪᠠᠨ ᠳᠡᠭᠡᠭ᠍ᠰᠢ ᠪᠣᠯᠭᠠᠬᠤ ᠳᠠᠭᠠᠨ᠂ ᠦᠪᠡᠷ ᠣᠷᠤᠭᠤ ᠨᠢ ᠠᠩᠬᠠᠷᠤᠯᠳᠠᠢ ᠰᠢᠷᠳᠠᠨ ᠪᠠᠢ᠌ᠭᠰᠠᠨ ᠭᠦᠷᠡᠩ ᠪᠣᠷᠤ ᠨᠢᠳᠤ ᠲᠡᠶ ᠬᠠᠷᠠᠴᠠ ᠳᠤᠯᠭᠠᠷᠠᠵᠠᠢ᠃ ᠳᠡᠭᠡᠭᠡᠤᠨ ᠳᠠᠭᠤᠨ ᠳᠠᠭᠠᠨ ᠪᠠᠬᠠᠨ ᠠᠯᠢᠶ᠎ᠠ ᠶᠠᠩᠵᠤ ᠣᠷᠤᠭᠤᠯᠤᠨ᠂ ᠬᠠᠭᠠᠰ ᠬᠤᠭᠤᠯᠠᠢ ᠪᠠᠷ ᠠᠶᠠᠯᠤᠨ ᠭᠤᠩᠭ᠋ᠠᠨᠠᠭᠰᠠᠨ ᠨᠢ᠄

᠊᠊᠊᠊᠊᠊᠊᠊᠊᠊᠊᠊᠊᠊᠊ ᠳ᠋ᠠ ᠶᠢᠨ ᠬᠤᠶᠠᠷ ᠮᠢᠩᠭ᠋᠎ᠠ ᠳᠤᠯᠤᠭᠠᠨ ᠵᠠᠭᠤ ᠶᠠᠷᠠᠨ ᠭᠤᠷᠪᠠᠨ ᠯᠠᠩ᠃ ᠮᠠᠢ᠌ᠷᠠᠨ ᠨᠡᠷ ᠤᠨ ᠬᠤᠶᠠᠷ ᠮᠢᠩᠭ᠋᠎ᠠ ᠭᠤᠷᠪᠠᠨ ᠵᠠᠭᠤ ᠶᠠᠷᠠᠨ ᠳᠦᠷᠪᠡᠨ ᠯᠠᠩ᠃ ᠬᠤᠶᠠᠭ ᠨᠡᠷ ᠤᠨ ᠨᠢᠭᠡ ᠮᠢᠩᠭ᠋᠎ᠠ ᠳᠠᠪᠤᠨ ᠵᠠᠭᠤ ᠶᠠᠷᠠᠨ ᠵᠢᠷᠭᠤᠭᠠᠨ ᠯᠠᠩ᠃ ᠨᠡᠢ᠌ᠯᠡᠭᠡᠤᠨ ᠵᠢᠷᠭᠤᠭᠠᠨ ᠮᠢᠩᠭ᠋᠎ᠠ ᠳᠤᠯᠤᠭᠠᠨ ᠵᠠᠭᠤ ᠨᠠᠶᠠᠨ ᠭᠤᠷᠪᠠᠨ ᠯᠠᠩ ᠭᠡᠵᠡᠢ᠃

ᠪᠠᠽᠠᠷ ᠳᠤᠯᠤᠭᠠᠢ ᠰᠡᠭ᠍ᠰᠦᠷᠤᠨ᠄

᠊᠊᠊᠊᠊᠊᠊᠊᠊᠊᠊᠊᠊᠊᠊ ᠪᠢ ᠴᠤ ᠳᠡᠭᠡᠵᠤ ᠪᠣᠳᠤᠭᠰᠠᠨ ᠶᠤᠮ᠃ ᠵᠢᠷᠭᠤᠭᠠᠨ ᠮᠢᠩᠭ᠋᠎ᠠ ᠳᠤᠯᠤᠭᠠᠨ ᠵᠠᠭᠤᠨ ᠨᠠᠶᠠᠨ ᠭᠤᠷᠪᠠᠨ ᠯᠠᠩ ᠪᠠᠢ᠌ᠬᠤ ᠶᠤᠰᠤᠳᠠᠢ᠃ ᠶᠠᠷᠤ ᠨᠢ ᠰᠥᠷᠦᠭ᠌ ᠤᠨ ᠴᠠᠯᠢᠩ ᠴᠤᠭᠯᠠᠭᠠᠨ ᠳᠤ ᠨᠢᠭᠡ ᠲᠦᠮᠡ ᠨᠢᠭᠡ ᠮᠢᠩᠭ᠋᠎ᠠ ᠳᠠᠪᠤᠨ ᠵᠠᠭᠤ ᠳᠠᠯᠠᠨ ᠨᠢᠭᠡᠨ ᠯᠠᠩ ᠮᠥᠩᠭᠦ ᠳᠦᠷᠪᠡᠨ ᠣᠭᠤᠳᠠᠨ ᠳᠤ ᠢᠷᠡᠳᠡᠭ᠌ ᠣᠴᠢᠷᠳᠠᠢ᠃ ᠣᠷᠢᠳᠤ ᠨᠢ ᠴᠤ ᠳᠡᠭᠡᠵᠤ ᠢᠷᠡᠳᠡᠭ᠌ ᠪᠠᠢ᠌ᠭᠰᠠᠨ ᠶᠤᠮ ᠭᠡᠨ᠎ᠡ ᠪᠢᠯᠠ᠃ ᠳᠠᠷᠠ ᠵᠢᠯ ᠨᠠᠮᠢ᠋ᠢ ᠴᠠᠯᠢᠩ ᠴᠤᠭᠯᠠᠭᠠᠨ ᠳᠤ ᠨᠢᠷᠪᠠᠳᠠᠬᠤ ᠳᠤ ᠴᠤ ᠳᠠᠢ᠌ᠮᠤ ᠪᠠᠢ᠌ᠭᠰᠠᠨ᠃ ᠢᠩᠭᠢᠭᠦ ᠳᠤ ᠮᠠᠯᠴᠢᠳ ᠤᠨ ᠳᠦᠷᠪᠡᠨ ᠮᠢᠩᠭ᠋᠎ᠠ ᠭᠠᠷᠤᠢ ᠯᠠᠩ ᠮᠥᠩᠭᠦ ᠶᠢ ᠶᠠᠭ ᠳᠠᠭᠠᠷᠠᠭᠤᠯᠤᠨ ᠬᠤᠰᠢᠭᠤᠨ ᠤ ᠦᠷᠢᠨ ᠳᠤ ᠪᠠᠷᠢᠵᠤ ᠠᠪᠳᠠᠭ ᠨᠢ ᠬᠠᠴᠢᠨ ᠭᠡᠷᠡᠭ᠌ ᠶᠤᠮ᠃ 《ᠭᠦᠯ ᠶᠢᠡᠨ ᠶᠠᠪᠣᠭᠠᠤᠨ ᠭᠦᠯᠦᠰᠤ ᠪᠠᠨ》 ᠭᠡᠳᠡᠭ᠌ ᠥᠭᠡ 《ᠭᠡᠭᠡᠷ᠎ᠡ ᠬᠤᠨᠤᠵᠤ ᠭᠡᠴᠡ ᠳᠡᠷᠡᠯᠡᠳᠡᠭ᠌》 ᠶᠠᠳᠠᠭᠤ ᠠᠷᠠᠤᠨ ᠲᠤ ᠬᠠᠮᠢᠶ᠎ᠠ ᠦᠭᠡᠶ ᠪᠠᠢ᠌ᠬᠤ ᠨᠢ ᠦᠦ⁈ ᠭᠡᠮᠡᠨ ᠣᠢ᠌ᠷᠠᠬᠠᠨ ᠪᠠᠢ᠌ᠭᠰᠠᠨ ᠳᠤᠷᠵᠢᠰᠦ᠋ᠷᠦᠡᠭ᠌᠂ ᠬᠤᠮᠤᠤ ᠳ᠋ᠠ ᠬᠤᠶᠠᠷ ᠲᠤ ᠭᠡᠯᠡᠵᠤ ᠪᠠᠢ᠌ᠭ᠎ᠠ ᠨᠢ ᠴᠤ ᠮᠡᠳᠡᠭ᠍ᠳᠡᠭᠦ ᠦᠭᠡᠶ᠂ ᠦᠪᠡᠷ ᠲᠡᠶ ᠪᠠᠨ ᠶᠠᠷᠢᠵᠤ ᠪᠠᠢ᠌ᠭ᠎ᠠ ᠨᠢ ᠴᠤ ᠮᠡᠳᠡᠭ᠍ᠳᠡᠭᠦ ᠦᠭᠡᠶ ᠰᠢᠪᠠᠨᠠᠨ ᠥᠭᠦᠯᠡᠵᠡᠢ᠃

ᠢᠮᠠᠭᠠᠨ ᠰᠠᠬᠠᠯ ᠰᠢᠭ ᠰᠢᠪᠬᠠᠷᠤᠨ ᠣᠠᠵᠢ᠌ᠭᠰᠠᠨ ᠵᠢᠵᠢᠭ᠌ ᠰᠠᠬᠠᠯ ᠶᠢᠡᠨ ᠢᠮᠠᠷᠠᠰᠭᠢᠨ ᠨᠢᠭᠡ ᠶᠢ ᠪᠣᠳᠤᠵᠤ ᠰᠠᠭᠤᠭᠰᠠᠨ ᠪᠣᠷᠤᠯᠳᠠᠢ ᠭᠤᠸᠠᠢ᠂ ᠳᠠᠩᠰᠠ ᠪᠠᠨ ᠨᠢᠮᠪᠠᠢ᠌ᠯᠠᠨ ᠸᠠᠳᠠᠩᠯᠠᠵᠤ ᠪᠣᠢ ᠳᠤᠷᠵᠢᠰᠦ᠋ᠷᠦᠡᠭ᠌᠂ ᠪᠠᠽᠠᠷ ᠤᠨ ᠥᠭᠡ ᠶᠢ ᠰᠤᠨᠤᠰᠬᠤ ᠵᠠᠪ ᠦᠭᠡᠶ ᠪᠠᠢ᠌ᠭ᠎ᠠ ᠶᠢ ᠥᠵᠡᠭᠡᠤᠨ᠄

᠊᠊᠊᠊᠊᠊᠊᠊᠊᠊᠊᠊᠊᠊᠊ 《ᠡᠪᠦᠯ ᠬᠠᠪᠣᠷ ᠬᠤᠶᠠᠷ ᠬᠠᠪᠴᠢᠵᠤ ᠵᠤᠨ ᠥᠵᠡᠭᠦ ᠶᠢ ᠪᠣᠯᠢᠨ᠎ᠠ᠂ ᠥᠩᠭᠡ ᠮᠥᠩᠭᠦ ᠬᠤᠶᠠᠷ ᠬᠠᠪᠴᠢᠵᠤ ᠬᠠᠤᠯᠢ ᠥᠵᠡᠭᠦ ᠶᠢ ᠪᠣᠯᠢᠨ᠎ᠠ》 ᠭᠡᠳᠡᠭ᠌ ᠢᠷᠠᠵᠠᠢ ᠭᠡᠪᠡ᠃ ᠪᠠᠽᠠᠷ ᠭᠦᠮᠦᠭᠡᠢ ᠪᠠᠨ ᠶᠡᠯᠢᠭᠦᠢ ᠵᠠᠭᠤᠨ ᠳᠤᠯᠤᠭᠠᠢ ᠳᠤᠭᠢᠪᠠ᠃ ᠳᠤᠷᠵᠢᠰᠦ᠋ᠷᠦᠡᠭ᠌ ᠢ ᠳᠠᠩᠰᠠ ᠪᠠᠨ ᠪᠦᠰᠡᠯᠡᠨ ᠸᠠᠳᠠᠩ ᠤᠨ ᠶᠢᠡᠨ ᠬᠤᠶᠠᠷ ᠥᠵᠦᠭᠦᠷ ᠢ ᠶᠠᠷᠤ ᠭᠡᠭᠡᠭ᠍ᠳᠡᠭᠦ ᠶᠢᠨ ᠠᠷᠭ᠎ᠠ ᠦᠭᠡᠶ ᠪᠠᠷ ᠴᠢᠪᠴᠢᠯᠠᠵᠤ ᠰᠠᠭᠤᠬᠤ ᠳᠤ ᠬᠤᠮᠤᠤ ᠳ᠋ᠠ ᠶᠠᠭᠤ ᠴᠤ ᠰᠤᠨᠤᠰᠤᠭ᠎ᠠ ᠦᠭᠡᠶ ᠭᠦᠮᠤᠨ ᠪᠣᠯᠵᠤ ᠵᠢᠯᠤᠭᠤ ᠬᠠᠠᠳᠠᠷᠢᠭᠤᠯᠤᠨ ᠠᠤᠠᠬᠤᠵᠤ᠂ ᠳᠦᠷᠦᠭᠡᠨ ᠳᠡᠭᠡᠷ᠎ᠡ ᠪᠠᠨ ᠭᠠᠩᠬᠤᠰᠭᠢᠨ ᠭᠦᠯ ᠮᠠᠭᠤᠳᠠᠢ ᠭᠦᠷᠡᠩ ᠬᠠᠯᠵᠠᠨ ᠮᠤᠷᠢᠨ ᠳᠡᠭᠡᠷ᠎ᠡ ᠪᠠᠨ ᠮᠤᠷᠳᠠᠵᠤ ᠪᠠᠢ᠌ᠪᠠ᠃


ᠵᠡᠭᠦᠯᠳᠡ ᠳᠠᠢ᠌ᠯᠪᠣᠷᠢ᠄

①( ᠡᠩᠭᠡ ᠠᠮᠤᠭᠤᠯᠠᠩ ᠤᠨ ᠪᠣᠳᠤᠯᠭ᠎ᠠ ᠶᠢᠨ ᠪᠢᠴᠢᠭ᠌᠂ 25 ᠳ᠋ᠤᠭᠠᠷ ᠳᠠᠪᠳᠠᠷ)

ᠵᠤᠬᠢᠶᠠᠭᠴᠢ᠄ ᠳ·ᠮᠠᠮ᠎ᠠ
ᠳᠠᠷᠤᠮ᠄ 8370
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ