ᠲᠤᠯᠤᠳᠤᠭᠠᠷ ᠪᠦᠯᠦᠭ ᠂ ᠬᠦᠰᠡᠯ ᠬᠦᠭᠡᠭᠡᠴᠡᠯᠳᠦᠯ ᠤᠨ ᠵᠠᠢ᠌ᠴᠠ
ᠲᠦᠷᠪᠡᠳᠦᠭᠡᠷ ᠬᠡᠰᠡᠭ ᠂ ᠭᠦᠳᠭᠡᠯ

ᠨᠤᠬᠠᠢ ᠬᠤᠴᠠᠬᠤ ᠪᠠᠷ ᠶᠢᠡᠨ ᠬᠤᠴᠠᠭ᠂ ᠲ᠋ᠡᠮᠡᠭᠡ ᠶᠠᠪᠣᠬᠤ ᠪᠠᠷ ᠶᠢᠡᠨ ᠶᠠᠪᠣᠨ᠎ᠠ᠃


᠊᠊᠊᠊᠊᠊᠊᠊᠊᠊᠊᠊᠊᠊᠊᠊᠊᠊᠊᠊᠊᠊᠊᠊᠊᠊ ᠵᠣᠢ᠌ᠷ ᠰᠠᠴᠠᠨ ᠥᠭᠡ


ᠨᠢᠭᠡ ᠭᠦᠮᠤᠨ ᠤ ᠦᠰᠦᠨ ᠪᠣᠢ᠌ᠵᠢᠬᠤ ᠶᠠᠪᠣᠴᠠ ᠳᠤ ᠳᠠᠩᠳᠠ ᠯᠠ ᠢᠷᠠᠭᠤ ᠣᠶᠠᠩᠭ᠋᠎ᠠ ᠮᠠᠭᠳᠠᠭᠠᠯ ᠳᠠᠭᠤᠤ ᠰᠤᠨᠤᠰᠬᠤ ᠪᠢᠰᠢ᠂ ᠬᠠᠷᠢᠨ ᠬᠠᠷᠢᠶᠠᠯ ᠭᠤᠳᠤᠭᠠᠯ ᠭᠦᠦᠡᠭᠡᠯ ᠳᠤᠷᠤᠮᠵᠢᠯᠠᠯ ᠥᠷᠭᠦᠯᠵᠢ ᠳᠡᠭᠠᠯᠳᠦᠨ᠎ᠡ᠃ ᠲ᠋ᠡᠭᠡᠪᠠᠴᠤ ᠬᠤᠳᠠᠯ ᠶᠠᠭᠤᠮ᠎ᠠ ᠭᠡᠵᠢᠶᠡᠳᠡ ᠦᠨᠡᠨ ᠪᠣᠯᠵᠤ ᠴᠢᠳᠠᠬᠤ ᠦᠭᠡᠶ᠂ ᠴᠠᠭ ᠬᠤᠭᠤᠴᠠᠭᠠᠨ ᠤ ᠰᠢᠯᠭᠠᠯᠳᠠ ᠪᠠᠷ ᠳᠠᠮᠵᠢᠭᠠᠤᠨ ᠪᠣᠢ ᠪᠦᠭᠦᠢ ᠬᠤᠳᠠᠯ ᠴᠠᠯᠴᠢᠶ᠎ᠠ ᠬᠤᠷᠤᠨ ᠭᠦᠦᠡᠭᠡᠯ ᠨᠢ ᠰᠠᠯᠭᠢᠨ ᠤ ᠠᠮᠠᠨ ᠳ᠋ᠠᠭᠢ ᠮᠠᠨᠠᠨ ᠠᠳᠠᠯᠢ ᠠᠶᠠᠠᠳᠠᠭᠠᠨ ᠵᠠᠮᠬᠠᠷᠠᠴᠢᠳᠠᠭ ᠶ‍ᠦᠰᠦᠳᠡᠢ᠃ ᠭᠡᠳᠡᠯ᠎ᠡ ᠮᠠᠨ ᠤ ᠵᠠᠷᠢᠮ ᠨᠥᠭᠦᠤᠨ ᠪᠠᠭ᠎ᠠ ᠯᠠ ᠭᠦᠦᠡᠭᠡᠯ ᠴᠤᠤᠷᠬᠠᠯ ᠰᠤᠨᠤᠰᠤᠭᠰᠠᠭᠠᠷ ᠠᠭᠤᠷ ᠨᠢ ᠪᠣᠴᠠᠯᠤᠨ ᠠᠭᠤᠰᠭᠢ ᠨᠢ ᠰᠠᠭᠠᠭᠠᠵᠤ᠂ ᠦᠨᠡᠨ ᠬᠤᠳᠠᠯ ᠢ ᠢᠯᠭᠠᠬᠤ ᠦᠭᠡᠶ ᠪᠠᠷ ᠭᠢᠳᠤᠭ᠎ᠠ ᠰᠡᠷᠡᠭᠡ ᠡᠷᠭᠢᠭᠦᠯᠤᠨ ᠳᠡᠪᠵᠢᠶᠡᠷᠡᠭᠦᠯᠳᠡᠭ᠌ ᠪᠠᠢ᠌ᠨ᠎ᠠ᠃

ᠦᠨᠡᠨ ᠳᠡᠭᠡᠨ ᠣᠯᠠᠭᠠᠨ ᠳᠤᠭᠤᠰᠤᠨ ᠤ ᠡᠷᠢᠶᠡᠨ ᠬᠤᠷᠸ᠎ᠠ ᠭᠡᠳᠡᠭ᠌ ᠴᠢᠨᠢ ᠳᠠᠢ᠌ᠪᠣᠩ ᠨᠠᠭᠤᠷ ᠤᠨ ᠣᠰᠤ ᠰᠢᠭ ᠭᠡᠵᠢᠶᠡᠳᠡ ᠮᠡᠯᠳᠡᠯᠵᠡᠭᠡᠤᠨ ᠪᠠᠢ᠌ᠳᠠᠭ ᠦᠭᠡᠶ᠂ ᠰᠠᠯᠭᠢ ᠰᠢᠭᠤᠷᠭᠠᠨ ᠨᠢ ᠭᠦᠳᠡᠯᠭᠦ ᠦᠶᠡᠰ ᠳᠡᠭ᠍ᠷᠢ ᠳᠤᠯᠤᠮ᠎ᠠ ᠳᠠᠪᠠᠯᠭ᠎ᠠ ᠪᠣᠰᠳᠠᠭ ᠳᠤᠯᠡ᠂ ᠭᠦᠮᠤᠨ ᠪᠣᠯᠵᠤ ᠳᠦᠷᠦᠭ᠍ᠰᠡᠳ ᠡᠷᠭᠡᠪᠰᠢ ᠡᠯᠳᠡᠪ ᠵᠣᠢ᠌ᠯ ᠤᠨ ᠠᠶᠤᠯ ᠳᠦᠭ᠍ᠰᠢᠭᠦᠷᠢ ᠠᠮᠢᠳᠤᠷᠠᠯ ᠤᠨ ᠨᠤᠭᠤᠴᠠᠭ᠎ᠠ ᠶᠢ ᠳᠠᠰᠴᠤ ᠳᠤᠯᠵᠤ ᠭᠠᠷᠬᠤ ᠣᠮᠤᠭ ᠵᠤᠷᠢᠭ ᠢ ᠪᠦᠷᠢᠯᠳᠦᠭᠦᠯᠭᠦ ᠭᠡᠷᠡᠭ᠍ᠳᠡᠢ᠃ ᠡᠢ᠌ᠮᠦᠷᠭᠦᠤ ᠭᠦᠯᠢᠴᠡᠯ ᠳᠠᠰᠪᠣᠷᠢ ᠪᠣᠯ ᠭᠦᠮᠤᠨ ᠪᠣᠯᠵᠤ ᠭᠦᠷᠦᠰᠦᠳᠤ ᠳᠡᠯᠡᠭᠡᠢ ᠳᠤ ᠣᠷᠤᠩᠨᠠᠬᠤ ᠶᠢᠨ ᠳᠡᠷᠢᠭᠦᠨ ᠣᠷᠢᠳᠠᠯ ᠪᠣᠯᠬᠤ ᠶᠤᠮ᠃ ᠠᠮᠢᠳᠤᠷᠠᠯ ᠤᠨ ᠠᠶᠠᠨ ᠤ ᠳᠤᠭᠠᠯᠠᠰᠢ ᠦᠭᠡᠶ ᠣᠯᠠᠨ ᠠᠶᠤᠯ ᠪᠠᠷᠳᠠᠭ᠎ᠠ ᠲᠡᠶ ᠬᠠᠷᠢᠴᠠᠭᠤᠯᠬᠤ ᠶᠤᠮ ᠪᠣᠯ ᠭᠦᠦᠡᠭᠡᠯ ᠴᠤᠤᠷᠬᠠᠯ ᠨᠢ ᠳᠤᠩ ᠶᠠᠯᠢᠮ ᠦᠭᠡᠶ ᠪᠠᠭ᠎ᠠ ᠶᠠᠪᠣᠳᠠᠯ ᠪᠤᠯᠤᠨ᠎ᠠ᠃ ᠲ᠋ᠡᠭᠡᠪᠠᠴᠤ ᠡᠨᠡ ᠭᠦᠦᠡᠭᠡᠯ ᠨᠢ ᠣᠮᠤᠭ ᠳᠡᠭᠦᠯᠳᠡᠷ ᠵᠤᠷᠢᠭ ᠬᠠᠳᠠᠭᠤ ᠭᠦᠮᠤᠨ ᠢ ᠳᠠᠪᠳᠠᠨ ᠪᠣᠯᠪᠠᠰᠤᠷᠠᠭᠤᠯᠤᠭᠠᠤᠨ ᠠᠮᠵᠢᠯᠳᠠ ᠣᠯᠬᠤ ᠠᠯᠬᠤᠮ ᠢ ᠨᠢ ᠳᠦᠷᠭᠡᠳᠭᠡᠳᠡᠭ᠌ ᠪᠠᠢ᠌ᠬᠤ ᠳᠤ᠂ ᠵᠤᠷᠢᠭ ᠰᠤᠯᠠ ᠢᠳᠡᠭᠡᠯ ᠪᠠᠭᠤᠷᠠᠢ ᠭᠦᠮᠤᠨ ᠢ ᠬᠠᠷᠢᠨ ᠭᠠᠭᠴᠠᠬᠠᠨ ᠴᠤᠭᠢᠭᠠᠤᠨ ᠣᠨᠠᠭᠠᠴᠢᠳᠠᠭ ᠪᠠᠢ᠌ᠨ᠎ᠠ᠃

ᠰᠦᠩ ᠣᠯᠤᠰ ᠤᠨ ᠨᠠᠷᠠᠳᠤ ᠵᠢᠷᠤᠭᠴᠢᠨ ᠵᠤ ᠽᠢ ᠮᠢᠩ᠂ ᠠᠭᠤᠯᠠ ᠣᠰᠤᠨ ᠤ ᠵᠢᠷᠤᠭ ᠢ ᠳᠤᠩ ᠭᠤᠶᠤ ᠵᠢᠷᠤᠳᠠᠭ ᠡᠴᠡ ᠵᠢᠷᠤᠭ ᠨᠢ ᠵᠠᠬ᠎ᠠ ᠳᠡᠯᠭᠡᠭᠦᠷ ᠳᠡᠭᠡᠷ᠎ᠡ ᠶᠡᠭᠡ ᠭᠠᠵᠠᠷ ᠠᠪᠴᠤ ᠦᠨ᠎ᠡ ᠬᠠᠶᠠᠯᠴᠠᠨ ᠪᠣᠯᠢᠶᠠᠯᠴᠠᠳᠠᠭ ᠪᠠᠢ᠌ᠪᠡ᠃ ᠡᠨᠡ ᠨᠢ ᠪᠣᠰᠤᠳ ᠵᠢᠷᠤᠭᠴᠢᠨ ᠤ ᠠᠳᠠᠭ᠎ᠠ ᠶᠢ ᠭᠦᠳᠡᠯᠭᠡᠵᠤ᠄

《ᠵᠤ ᠽᠢ ᠮᠢᠩ ᠤᠨ ᠵᠢᠷᠤᠭ ᠪᠣᠯᠬᠤ ᠭᠠᠵᠠᠷ ᠪᠠᠢ᠌ᠬᠤ ᠦᠭᠡᠶ᠂ ᠭᠠᠭᠴᠡᠭᠦ ᠡᠯᠵᠢᠭᠡ ᠨᠢ ᠰᠠ‍‌ᠶᠢ ᠵᠢᠷᠤᠭ ᠮᠠᠶ‍ᠢᠭᠳᠠᠢ》 ᠭᠡᠰᠡᠨ ᠴᠤᠤᠷᠬᠠᠯ ᠳᠠᠷᠬᠠᠭᠠᠪᠠ᠃ ᠣᠷᠠᠯᠢᠭ ᠮᠡᠳᠡᠭᠦ ᠦᠭᠡᠶ ᠣᠯᠠᠩᠭᠢ ᠭᠦᠮᠤᠨ ᠡᠨᠡ ᠳᠦᠷᠭᠢᠭᠡᠨ ᠳᠤ ᠵᠤ ᠽᠢ ᠮᠢᠩ ᠢ 《ᠡᠯᠵᠢᠭᠡᠨ ᠤ ᠵᠢᠷᠦᠭᠴᠢᠨ》 ᠭᠡᠵᠤ ᠬᠤᠴᠢᠯᠠᠨ ᠳᠠᠭᠤᠳᠠᠬᠤ ᠪᠣᠯᠪᠠ᠃ ᠲ᠋ᠤᠬᠠᠢ ᠶᠢᠨ ᠦᠶ᠎ᠡ ᠳᠤ ᠭᠡᠳᠦᠭᠡᠨ ᠯᠠᠩ ᠮᠥᠩᠭᠦᠨ ᠤ ᠦᠨ᠎ᠡ ᠲᠡᠶ ᠡᠯᠵᠢᠭᠡ ᠨᠢ 《ᠵᠤᠵᠢᠭ ᠠᠳᠤᠭᠤᠰᠤ》 ᠭᠡᠮᠡᠭ᠍ᠳᠡᠵᠤ᠂ ᠶᠡᠭᠠᠭᠢᠵᠤ ᠰᠠᠢ᠌ᠨ ᠵᠢᠷᠤᠯ᠎ᠠ ᠴᠤ ᠣᠷᠠᠯᠢᠭ ᠤᠨ ᠳᠠᠪᠴᠠᠩ ᠳᠡᠭᠡᠷ᠎ᠡ ᠭᠠᠷᠴᠤ ᠳᠡᠢ᠌ᠯᠭᠦ ᠦᠭᠡᠶ ᠪᠠᠢ᠌ᠵᠡᠢ᠃ ᠡᠭᠦᠨ ᠤ ᠳ᠋ᠦ᠋ᠩ ᠳᠤ᠂ ᠵᠤ ᠽᠢ ᠮᠢᠩ ᠤᠨ ᠵᠢᠷᠤᠭ ᠰᠤᠬᠤᠷ ᠵᠤᠭᠤᠰᠤᠨ ᠤ ᠦᠨ᠎ᠡ ᠭᠦᠷᠭᠦ ᠦᠭᠡᠶ ᠪᠣᠯᠤᠭᠠᠤᠨ᠂ ᠬᠤᠳᠠᠯᠳᠤᠨ ᠠᠪᠬᠤ ᠶᠢ ᠪᠠᠢ᠌ᠳᠤᠭᠠᠢ ᠠᠰᠠᠭᠤᠬᠤ ᠭᠦᠮᠤᠨ ᠴᠤ ᠦᠭᠡᠶ ᠪᠣᠯᠵᠠᠢ᠃

ᠨᠢᠭᠡ ᠵᠢᠷᠤᠭᠴᠢᠨ ᠭᠦᠮᠤᠨ ᠳᠤ ᠠᠪᠴᠤ ᠭᠡᠯᠡᠪᠠᠯ᠂ ᠪᠦᠳᠦᠭᠡᠯ ᠢ ᠨᠢ ᠰᠤᠨᠢᠷᠬᠠᠬᠤ ᠭᠦᠮᠤᠨ ᠦᠭᠡᠶ ᠠᠳᠠᠯᠢ ᠬᠠᠳᠠᠭᠤ ᠴᠤᠭᠢᠯᠳᠠ ᠪᠠᠢ᠌ᠬᠤ ᠦᠭᠡᠶ᠃ ᠵᠠᠬ᠎ᠠ ᠳᠡᠯᠭᠡᠭᠦᠷ ᠳᠡᠭᠡᠷ᠎ᠡ ᠳᠡᠭᠦᠨ ᠤ ᠭᠦᠯ ᠵᠤᠭᠰᠤᠬᠤ ᠭᠠᠵᠠᠷ ᠦᠭᠡᠶ ᠪᠣᠯᠤᠭᠰᠠᠨ ᠨᠢ ᠣᠷᠠᠯᠢᠭ ᠤᠨ ᠭᠦᠭᠡᠭᠡᠴᠡᠯᠳᠦᠯ ᠤᠨ ᠵᠠᠮ ᠢ ᠨᠢ ᠳᠠᠰᠤᠯᠠᠭᠠᠤᠨ ᠬᠠᠶᠠᠭᠰᠠᠨ ᠲᠡᠶ ᠠᠳᠠᠯᠢ ᠶ‍ᠦᠮ᠃ ᠭᠡᠳᠡᠯ᠎ᠡ ᠡᠨᠡ ᠴᠤᠭᠢᠯᠳᠠ ᠨᠢ ᠵᠤ ᠽᠢ ᠮᠢᠩ ᠢ ᠣᠨᠠᠭᠠᠵᠤ ᠴᠢᠳᠠᠭᠰᠠᠨ ᠦᠭᠡᠶ ᠮᠥᠷᠳᠡᠭᠡᠨ ᠡᠷᠴᠢ ᠵᠤᠷᠢᠭ ᠢ ᠨᠢ ᠣᠯᠠᠮ ᠬᠠᠳᠠᠭᠤᠵᠢᠭᠤᠯᠵᠤ᠂ ᠣᠷᠯᠢᠭ ᠤᠨ ᠦᠨᠳᠦᠷ ᠭᠢᠷᠢ ᠲᠦᠪᠰᠢᠨ ᠢ ᠭᠦᠭᠡᠭᠡᠴᠡᠯᠳᠤᠨ ᠡᠳᠦᠷ ᠰᠦᠨᠢ ᠶᠢᠨ ᠬᠤᠪᠢᠨ ᠳᠤ ᠴᠥᠭᠦᠷᠡᠰᠢ ᠦᠭᠡᠶ ᠴᠢᠷᠮᠠᠢ᠌ᠵᠤ ᠪᠢᠯᠠ᠃

ᠰᠦᠩ ᠤᠨ ᠬᠠᠭᠠᠨ᠂ ᠨᠢᠭᠡ ᠡᠳᠦᠷ ᠣᠷᠮᠠᠰ ᠨᠢ ᠭᠦᠳᠡᠯᠭᠦ ᠪᠠᠷ ᠠᠷᠠᠯᠵᠢᠶᠠᠴᠢᠨ ᠮᠠᠶ‍ᠢᠭᠳᠠᠢ ᠵᠠᠰᠠᠭᠠᠤᠨ ᠵᠠᠬ᠎ᠠ ᠳᠡᠯᠭᠡᠭᠦᠷ ᠳᠤᠭᠤᠷᠢᠨ ᠣᠷᠠᠯᠢᠭ ᠤᠨ ᠪᠦᠳᠦᠭᠡᠯ ᠰᠤᠨᠢᠷᠬᠠᠵᠤ ᠶᠠᠪᠣᠭᠠᠤᠨ ᠡᠯᠵᠢᠭᠡᠨ ᠤ ᠵᠢᠷᠤᠭ ᠣᠯᠵᠤ ᠥᠵᠡᠭ᠍ᠰᠡᠨ ᠦᠭᠡᠶ ᠳᠤᠯᠠ ᠶᠡᠭᠡ ᠭᠠᠢ᠌ᠬᠠᠵᠤ :

《ᠡ᠊ᠨᠳᠡ ᠭᠡᠨ ᠡᠯᠵᠢᠭᠡ ᠶᠢ ᠰᠠᠢ᠌ᠨ ᠵᠢᠷᠤᠳᠠᠭ ᠪᠣᠢ︖》 ᠭᠡᠵᠤ ᠠᠰᠠᠭᠤᠭᠰᠠᠨ ᠳᠤ ᠭᠦᠮᠦᠰ ᠪᠦᠭᠦᠳᠡᠭᠡᠷ 《ᠵᠤ ᠽᠢ ᠮᠢᠩ︕》 ᠭᠡᠵᠤ ᠳᠠᠭᠤᠨ ᠨᠢᠭᠡᠳᠡᠢ ᠬᠠᠷᠢᠭᠤᠯᠵᠡᠢ᠃ ᠡᠵᠡᠨ ᠬᠠᠭᠠᠨ ᠣᠷᠳᠤᠨ ᠳᠠᠭᠠᠨ ᠬᠠᠷᠢᠮᠠᠭᠴᠠ ᠳᠤᠤᠷ᠎ᠠ ᠪᠠᠨ ᠵᠠᠷᠯᠢᠭ ᠪᠠᠭᠤᠯᠭᠠᠵᠤ᠂ ᠵᠤ ᠽᠢ ᠮᠢᠩ ᠢ ᠣᠷᠳᠤᠨ᠎ᠠ ᠳᠠᠭᠤᠳᠠᠵᠤ ᠵᠡᠷᠭᠡ ᠡᠷᠭᠦᠮᠵᠢᠯᠡᠨ ᠹᠦᠩᠯᠤ ᠭᠦᠷᠳᠡᠭᠡᠨ ᠬᠠᠭᠠᠨ ᠤ ᠣᠷᠳᠤᠨ ᠳᠤ ᠳᠤᠰᠬᠠᠢ ᠡᠯᠵᠢᠭᠡᠨ ᠤ ᠵᠢᠷᠤᠭᠴᠢᠨ ᠪᠤᠯᠭᠠᠵᠠᠢ᠃ ᠡᠨᠡ ᠴᠠᠭ ᠡᠴᠡ ᠬᠣᠢ᠌ᠰᠢ ᠵᠤ ᠽᠢ ᠮᠢᠩ ᠤᠨ ᠵᠢᠷᠤᠭ ᠤᠨ ᠦᠨ᠎ᠡ ᠳᠤᠤᠷ᠎ᠠ ᠪᠠᠨ ᠮᠢᠩᠭ᠋ᠠᠨ ᠳᠠᠭᠢᠨ ᠶᠢᠡᠷ ᠦᠰᠴᠦ᠂ ᠵᠢᠷᠤᠭᠰᠠᠨ ᠡᠯᠵᠢᠭᠡ ᠨᠢ ᠣᠷᠳᠤᠨ ᠡᠴᠡ ᠭᠠᠷᠬᠤ ᠦᠭᠡᠶ ᠪᠣᠯᠬᠤᠷ ᠲᠦᠮᠡᠨ ᠯᠠᠩ ᠶᠢᠡᠨ ᠪᠠᠷᠢᠪᠠᠴᠤ ᠣᠯᠬᠤ ᠳᠤ ᠪᠠᠷᠭᠡ ᠪᠣᠯᠪᠠ᠃

ᠵᠠᠷᠢᠮ ᠦᠶ᠎ᠡ ᠳᠤ ᠮᠠᠭᠤ ᠭᠡᠷᠡᠭ᠌ ᠨᠢ ᠰᠠᠢ᠌ᠨ ᠭᠡᠷᠡᠭ᠌ ᠪᠤᠯᠵᠤ᠂ ᠭᠦᠦᠡᠭᠡᠯ ᠴᠤᠤᠷᠬᠠᠯ ᠨᠢ ᠨᠢᠭᠡ ᠭᠦᠮᠤᠨ ᠤ ᠳᠡᠭᠡᠭ᠍ᠰᠢ ᠳᠠᠪᠰᠢᠬᠤ ᠭᠢᠰᠭᠢᠭᠦᠷ ᠱᠠᠳᠤ ᠪᠣᠯᠳᠠᠭ᠃ ᠠᠵᠠ ᠵᠠᠪᠰᠢᠶᠠᠨ ᠨᠢ ᠭᠡᠵᠢᠶᠡᠳᠡ ᠪᠡᠯᠡᠳᠭᠡᠯ ᠲᠡᠶ ᠭᠦᠮᠤᠨ ᠳᠤ ᠭᠡᠰᠢᠭ᠌ ᠭᠦᠷᠳᠠᠭᠡᠵᠤ᠂ ᠭᠦᠮᠤᠨ ᠡᠴᠡ ᠭᠡᠳᠦᠷᠭᠡᠢ ᠡᠷᠳᠡᠮ ᠪᠠᠢ᠌ᠳᠠᠭ ᠯᠠ ᠪᠣᠯ ᠭᠡᠵᠢᠶᠡᠳᠡ ᠪᠣᠯᠠᠭᠳᠠᠬᠤ ᠶ‍ᠦᠰᠤ ᠥᠭᠡᠢ᠃ ᠲ᠋ᠡᠭᠡᠭᠦ ᠦᠭᠡᠶ ᠪᠣᠯ ᠮᠠᠭᠳᠠᠭᠠᠯ ᠳᠠᠭᠤᠤ ᠮᠠᠭᠤ ᠴᠤᠤᠷᠬᠠᠯ ᠤᠨ ᠠᠯᠢ ᠨᠢ ᠪᠠᠢ᠌ᠭᠰᠠᠨ ᠴᠤ ᠴᠢᠮᠢ᠋ᠢ ᠡᠷᠭᠦᠭᠦ ᠱᠠᠳᠤ ᠪᠣᠯᠵᠤ ᠴᠢᠳᠠᠬᠤ ᠦᠭᠡᠶ ᠰᠢᠤ ᠳ᠋ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6812
ᠴᠠᠭ᠄ 2009 ᠤᠨ ᠤ 04 ᠰᠠᠷ᠎ᠠ ᠶᠢᠨ 29