ᠠᠷᠪᠠ ᠂ ᠭᠠᠵᠠᠷ ᠳᠡᠭᠡᠷ᠎ᠡ ᠤᠳᠤ ᠬᠠᠷᠪᠤᠯ᠎ᠠ


᠁ ᠳᠡᠭᠡᠪᠠᠯ ᠠᠪᠣ ᠡ᠂ ᠮᠢᠨᠤ ᠣᠳᠤ ᠠᠯᠢ ᠪᠣᠢ︖

( ᠭᠡᠦᠭᠡᠤᠨ ᠤᠨ ᠶᠠᠷᠢᠶᠠᠨ ᠡᠴᠡ )


ᠪᠠᠤᠠᠮ᠎ᠠ ᠭᠡᠦᠭᠡᠨ ᠭᠡᠦᠭᠡᠤᠨ ᠤᠳ ᠲᠤ ᠪᠠᠨ ᠦᠯ ᠵᠠᠯᠭᠠᠬᠤ ᠪᠠᠳᠢᠷ ᠤᠨ ᠠᠶᠠᠨ ᠳᠤ ᠡᠷ᠎ᠡ ᠨᠥᠭᠦᠷ ᠤᠨ ᠶᠢᠡᠨ ᠳᠤᠬᠠᠢ ᠪᠣᠳᠤᠯ ᠲᠡᠶ ᠴᠤᠭ ᠭᠠᠷᠴᠠᠢ᠃ 《ᠡᠷᠳᠡᠨᠢᠳᠤ ᠭᠦᠮᠤᠨ ᠤ ᠪᠠᠶᠠᠨ ᠳᠤ ᠣᠬᠠᠭᠠᠨ ᠪᠣᠳᠤᠯ ᠭᠡᠮᠡᠭᠦ ᠭᠠᠢ᠌ᠬᠠᠮᠰᠢᠭ ᠤᠨ ᠷᠢᠳᠢ ᠰᠢᠳᠢ ᠵᠠᠶᠠᠭᠠᠭᠰᠠᠨ ᠨᠢ ᠶᠠᠭᠤᠳᠠᠢ ᠰᠠᠢ᠌ᠬᠠᠨ ᠡ》 ᠭᠡᠵᠤ ᠪᠠᠤᠠᠮ᠎ᠠ ᠪᠣᠳᠤᠨ ᠶᠠᠪᠣᠨ᠎ᠠ᠃ ᠪᠠᠽᠠᠷ ᠤᠨ ᠶᠢᠡᠨ ᠨᠠᠮᠤᠭᠤᠬᠠᠨ ᠭᠢᠷᠢᠨ᠎ᠠ ᠳᠤᠳᠤ ᠬᠠᠷᠠᠳᠠᠭ ᠪᠣᠷᠤ ᠨᠢᠳᠤ᠂ ᠬᠠᠩᠭ᠋ᠠᠢ ᠨᠠᠷ᠎ᠠ ᠳᠤ ᠪᠠᠨ ᠵᠤᠭᠢᠴᠠᠭᠰᠠᠨ ᠴᠤᠭ‍ᠯᠢᠭ ᠰᠠᠢ᠌ᠬᠠᠨ ᠪᠠᠶ᠎ᠠ᠂ ᠬᠩᠬᠠᠭᠠᠷ ᠴᠡᠭᠡᠵᠢ᠂ ᠳᠤᠬᠤᠨ ᠤ ᠭᠢᠨᠢ ᠬᠤᠶᠠᠷ ᠳᠠᠯ᠎ᠠ ᠪᠠᠷ ᠳᠦᠷᠢᠵᠤ ᠣᠷᠤᠭᠰᠠᠨ ᠬᠠᠯᠵᠠᠨ᠂ ᠮᠤᠩᠭ᠋ᠤᠯ ᠭᠦᠮᠤᠨ ᠳᠤ ᠠᠷᠠᠢ ᠦᠨᠳᠦᠷ ᠭᠡᠮᠡᠷ ᠭᠡᠭᠦ ᠳᠤ ᠪᠠᠨ ᠮᠤᠩᠬᠤᠷ ᠪᠢᠰᠢ ᠮᠦᠨ ᠣᠭᠤᠳᠤᠷ ᠶᠤᠮ ᠦᠦ ᠣᠠᠵᠢᠭᠤ ᠪᠢᠰᠢ ᠨᠢᠭᠤᠷ ᠲᠤ ᠨᠢ ᠰᠥᠷᠡᠭᠡᠢ ᠵᠤᠭᠢᠭᠰᠠᠨ ᠰᠢᠯᠤᠭᠤᠨ ᠬᠠᠮᠠᠷ ᠁ ᠣᠨᠠᠬᠤ ᠳᠤ ᠨᠢ ᠳᠦᠰᠢᠭᠡᠤᠨ ᠪᠣᠰᠬᠠᠳᠠᠭ᠂ ᠣᠠᠳᠠᠴᠢᠬᠠᠬᠤ ᠳᠤ ᠨᠢ ᠰᠡᠷᠢᠭᠡᠭᠡᠤᠨ ᠪᠣᠰᠬᠠᠳᠠᠭ᠂ ᠣᠭᠢᠯᠠᠭᠠᠤᠨ ᠰᠠᠭᠤᠴᠢᠬᠠᠬᠤ ᠳᠤ ᠨᠢ ᠠᠷᠭᠠᠳᠠᠭᠠᠤᠨ ᠪᠣᠰᠬᠠᠳᠠᠭ ᠰᠠᠷᠠᠭᠤᠯ ᠰᠠᠢ᠌ᠬᠠᠨ ᠣᠬᠠᠭᠠᠨ᠂ ᠦᠨᠡᠨ ᠬᠠᠯᠠᠭᠤᠨ ᠬᠠᠯᠠᠮᠵᠢ᠂ ᠭᠠᠯ ᠴᠤᠭ ᠰᠢᠭ ᠬᠠᠢ᠌ᠷ᠎ᠠ ᠰᠠᠤᠠᠭᠢᠯ᠁ ᠡᠨᠡ ᠪᠦᠭᠦᠨ ᠢ ᠪᠠᠤᠠᠮ᠎ᠠ ᠭᠦᠰᠡᠨ ᠥᠭᠡᠢ᠌ᠯᠡᠵᠤ ᠶᠠᠪᠣᠪᠠ᠃

ᠢᠵᠢᠯᠢ ᠬᠠᠨᠢ ᠶᠢᠨ ᠢᠷᠡᠭᠦ ᠰᠠᠢ᠌ᠬᠠᠨ᠂ ᠶᠠᠪᠣᠬᠤ ᠭᠦᠡᠳᠤ ᠪᠠᠢ᠌ᠳᠠᠭ ᠪᠢᠯᠠ᠃ ᠭᠦᠷ ᠪᠠᠶᠠᠷ᠂ ᠬᠠᠢ᠌ᠷ᠎ᠠ ᠰᠠᠤᠠᠭᠢᠯ᠂ ᠠᠯᠢᠶᠠᠯᠠᠨ ᠱᠤᠭᠴᠢᠯᠠᠬᠤ ᠥᠭᠡ ᠶᠠᠷᠢᠶ᠎ᠠ᠂ ᠠᠮᠠᠷᠠᠭᠯᠠᠨ ᠳᠡᠪᠠᠷᠢᠭᠦ ᠬᠠᠯᠠᠭᠤᠨ ᠭᠠᠷ᠂ ᠢᠳᠡᠭᠡᠨ ᠮᠢᠰᠢᠶᠡᠭᠦ ᠣᠶᠠᠬᠠᠨ ᠬᠠᠷᠠᠴᠠ᠂ ᠢᠴᠢᠭᠡᠨ ᠪᠠᠢ᠌ᠵᠤ ᠥᠨᠦᠰᠭᠦ ᠣᠷᠤᠭᠤᠯ᠁ ᠶᠠᠷᠤ ᠨᠢ ᠶᠠᠭᠤ ᠪᠠᠤᠠᠮ᠎ᠠ ᠳᠤ ᠭᠡᠷᠡᠭ᠌ ᠲᠡᠶ ᠪᠣᠯ ᠳᠠᠷᠠ ᠪᠦᠭᠦᠳᠡ ᠶᠢ ᠨᠢ ᠠᠪᠣᠭᠠᠤᠨ ᠢᠷᠠᠨ᠎ᠠ᠃ ᠶᠠᠪᠣᠬᠤ ᠳᠤ ᠪᠠᠨ ᠳᠠᠷᠠ ᠪᠦᠭᠦᠳᠡ ᠶᠢ ᠨᠢ ᠠᠪᠣᠭᠠᠤᠨ ᠶᠠᠪᠣᠴᠢᠬᠠᠨ᠎ᠠ᠃ ᠦᠨᠡᠨ ᠬᠠᠨᠢ ᠪᠠᠨ ᠶᠠᠪᠣᠴᠢᠬᠠᠬᠤᠯᠠᠷ ᠦᠳᠡᠰᠢ ᠶᠢᠨ ᠪᠦᠷᠦᠢ ᠳᠤ ᠳᠦᠭᠡᠷᠡᠭ᠍ᠰᠡᠨ ᠶᠤᠮ ᠰᠢᠭ᠌ ᠪᠣᠯᠤᠨ᠎ᠠ᠃

ᠣᠷᠤᠭᠤᠯ ᠨᠢ ᠶᠡᠯᠢᠭᠦᠢ ᠥᠮᠦᠯᠵᠡᠭ᠍ᠰᠡᠨ ᠶᠢᠡᠨ ᠪᠣᠯᠤᠷ ᠳᠤᠩᠭ᠋ᠠᠯᠠᠭ ᠨᠢᠯᠪᠣᠰᠤ ᠨᠢᠳᠤ ᠶᠢ ᠨᠢ ᠪᠦᠷᠭᠦᠵᠤ᠁ ᠭᠡᠦᠭᠡᠨ ᠵᠤᠭᠰᠤᠪᠠ᠃ ᠠᠮᠢᠳᠤᠷᠠᠯ ᠤᠨ ᠠᠤᠠᠬᠤᠨ ᠳᠤ ᠪᠠᠵᠠᠭᠤᠯᠤᠨ᠂ ᠣᠯᠠ ᠳᠤ ᠨᠢ ᠳᠡᠪᠢᠰᠦᠭᠦᠯᠵᠤ ᠴᠠᠭᠠᠨ ᠪᠠᠢ᠌ᠭᠰᠠᠨ ᠶᠢᠡᠨ ᠬᠠᠷ᠎ᠠ ᠪᠣᠯᠳᠠᠭ ᠭᠢᠷᠢᠨ᠎ᠠ ᠴᠠᠭᠠᠰᠤ ᠠᠳᠠᠯᠢ ᠲᠦᠮᠡ ᠳᠠᠭᠢᠨ ᠨᠤᠬᠤᠴᠢᠭᠳᠠᠪᠠᠴᠤ ᠪᠦᠭᠦᠢᠭ᠍ᠰᠡᠨ ᠶᠢᠡᠨ ᠪᠦᠭᠦᠢᠯ᠎ᠡ ᠭᠡᠯᠭᠦᠢ ᠶᠠᠪᠣᠵᠤ᠂ ᠵᠥᠳᠡᠷᠡᠭ᠍ᠰᠡᠨ ᠶᠢᠡᠨ ᠵᠦᠳᠡᠷᠡᠯ᠎ᠠ ᠭᠡᠯᠭᠦᠢ ᠭᠢᠵᠤ᠂ ᠠᠮᠢᠳᠤᠷᠠᠯ ᠳᠤ ᠣᠨᠠᠳᠠᠯ᠎ᠠ ᠳᠦᠯᠭᠢᠭᠦᠯᠪᠠᠯ ᠭᠡᠪᠳᠡᠭᠡ ᠪᠠᠷ ᠶᠢᠡᠨ ᠮᠥᠯᠭᠦᠵᠤ᠂ ᠡᠷᠡᠭᠡᠢ ᠶᠢᠨ ᠴᠢᠨᠡᠭᠡ ᠬᠤᠶᠠᠷ ᠭᠦᠤ ᠪᠠᠨ ᠥᠯᠦᠰᠭᠡᠪᠠᠴᠤ ᠥᠯᠪᠠᠷᠡᠭᠦᠯᠦᠯ ᠦᠭᠡᠶ᠂ ᠴᠠᠩᠭ᠋ᠠᠪᠠᠴᠤ ᠬᠠᠷᠠᠩᠭ᠋ᠤᠰᠤᠭᠤᠯᠤᠯ ᠦᠭᠡᠶ ᠡᠳᠦᠢ ᠪᠣᠯᠭᠠᠭᠰᠠᠨ ᠭᠠᠭᠴᠠ ᠪᠠᠶ᠎ᠠ ᠡᠨᠡ ᠭᠡᠦᠭᠡᠨ ᠳᠤ ᠵᠤᠪᠠᠯᠠᠩ ᠶᠢᠡᠨ ᠨᠢᠮᠭᠡᠯᠡᠨ ᠣᠭᠢᠯᠠᠬᠤ ᠵᠠᠪ ᠲᠡᠶ ᠴᠠᠭ ᠣᠳᠤ ᠪᠣᠳᠤᠬᠤᠨ᠎ᠠ ᠣᠯᠳᠠᠳᠠᠭ ᠦᠭᠡᠶ ᠪᠠᠢ᠌ᠵᠠᠢ᠃ ᠪᠠᠤᠠᠮ᠎ᠠ ᠵᠡᠭᠦᠨ ᠬᠣᠢ᠌ᠰᠢ ᠪᠠᠨ ᠬᠠᠷᠠᠨ ᠡᠪᠦᠳᠦᠭ᠌ ᠳᠡᠭᠡᠷ᠎ᠡ ᠪᠠᠨ ᠶᠠᠭ‍ᠭᠢᠳᠠᠯ᠎ᠠ ᠰᠥᠭᠦᠷᠡᠭᠡᠤᠨ ᠬᠠᠩᠭᠢᠨᠡᠳᠡᠯ᠎ᠡ ᠣᠭᠢᠯᠠᠵᠤ ᠭᠠᠷᠤᠯ᠎ᠠ᠃ ᠣᠭᠢᠯᠠᠵᠤ ᠣᠭᠢᠯᠠᠴᠢᠬᠠᠭᠠᠤᠨ ᠳᠠᠢ᠌ᠪᠣᠰᠢᠷᠠᠭᠰᠠᠨ ᠪᠣᠯᠤᠯᠳᠠᠢ ᠮᠡᠭ᠍ᠰᠢᠭᠦᠯᠤᠨ ᠪᠠᠢ᠌ᠵᠤ ᠭᠤᠷᠪᠠᠠᠳᠠ ᠰᠠᠨᠠᠭ᠎ᠠ ᠠᠯᠳᠠᠵᠠᠢ᠃ ᠡᠷᠭᠢᠨ ᠳᠤᠭᠤᠷᠢᠨ ᠶᠢᠡᠨ ᠵᠠᠷᠪᠠᠰᠭᠢᠨ ᠬᠠᠷᠠᠭᠰᠠᠨ ᠶᠢᠡᠨ ᠭᠡᠨ ᠴᠤ ᠦᠭᠡᠶ ᠳᠤ ᠰᠠᠤᠠᠭᠢᠯ ᠠᠮᠤᠷᠴᠤ ᠰᠠᠯᠭᠢᠨ᠎ᠠ ᠦᠯᠦ ᠮᠡᠳᠡᠭ᠌ ᠭᠦᠳᠡᠯᠭᠦ ᠠᠭᠢ ᠶᠢᠨ ᠴᠠᠭᠠᠨ ᠳᠤᠯᠤᠭᠠᠢ ᠶᠢ ᠭᠦᠯᠢᠷᠡᠨ ᠰᠠᠭᠤᠵᠤ ᠳᠠᠭᠤᠯᠠᠭᠰᠠᠨ ᠨᠢ᠄

᠊᠊᠊᠊᠊᠊᠊᠊᠊᠊᠊᠊᠊᠊᠊ ᠭᠠᠩᠭ᠋ᠠᠩ ᠬᠠᠷ᠎ᠠ ᠮᠤᠷᠢ ᠪᠠᠷ ᠶᠢᠡᠨ

ᠭᠠᠩᠰᠠᠷᠠᠭ᠎ᠠ ᠨᠢ ᠦᠭᠡᠶ ᠶᠠᠪᠣᠭᠠᠷᠠᠢ︕

ᠭᠠᠩᠭ᠋᠎ᠠ ᠯᠠ ᠰᠥᠷᠦᠭ᠌ ᠤᠨ ᠪᠠᠽᠠᠷ ᠴᠢ

ᠭᠠᠩᠳᠠᠯ ᠦᠭᠡᠶ ᠶᠠᠪᠣᠭᠠᠤᠨ ᠢᠷᠡᠭᠡᠷᠡᠢ︕

ᠮᠠᠨᠠᠷᠠᠵᠤ ᠪᠠᠢ᠌ᠭ᠎ᠠ ᠰᠢᠯᠢ ᠶᠢ

ᠮᠠᠷᠭᠠᠰᠢ ᠶᠠᠭᠠᠭᠢᠵᠤ ᠳᠤᠭᠤᠯᠤᠨ᠎ᠠ ᠴᠢ

ᠮᠠᠭᠠᠤᠨ ᠤᠨ ᠠᠮᠠᠷᠠᠭ ᠴᠢᠮ᠎ᠠ ᠶᠢ ᠪᠠᠨ

ᠮᠠᠷᠳᠠᠭᠨᠠᠭᠤᠯᠵᠤ ᠶᠠᠭᠠᠭᠢᠵᠤ ᠦᠳᠡᠨ᠎ᠠ ᠪᠢ

ᠭᠦᠭᠡᠷᠡᠵᠤ ᠪᠠᠢ᠌ᠭ᠎ᠠ ᠰᠢᠯᠢ ᠶᠢ

ᠭᠦᠡᠳᠡᠯᠡᠨ ᠶᠠᠭᠠᠭᠢᠵᠤ ᠳᠤᠭᠤᠯᠤᠨ᠎ᠠ ᠴᠢ

ᠭᠦᠭᠡᠷᠦᠭᠦᠢ ᠠᠮᠠᠷᠠᠭ ᠴᠢᠮ᠎ᠠ ᠶᠢ ᠪᠠᠨ

ᠭᠦᠡᠳᠡᠢ᠌ᠷᠡᠭᠦᠯᠤᠨ ᠶᠠᠭᠠᠭᠢᠵᠤ ᠦᠳᠡᠨ᠎ᠠ ᠪᠢ

ᠭᠦᠤ ᠴᠢᠨᠢ ᠴᠢᠮ᠎ᠠ ᠶᠢ ᠰᠠᠨᠠᠯ᠎ᠠ ᠭᠡᠤᠨ

ᠭᠦᠷᠦᠭᠡᠤᠨ ᠣᠴᠢᠬᠤ ᠳᠠᠯᠠᠪᠴᠢ ᠦᠭᠡᠶ ᠰᠢᠤ

ᠭᠦᠪᠠᠭᠦᠨ ᠪᠠᠶᠠᠷ᠎ᠠ ᠪᠠᠨ ᠪᠣᠳᠤᠭᠠᠤᠨ

ᠭᠦᠮᠤᠨ ᠤ ᠬᠤᠰᠢᠭᠤ ᠣᠷᠤᠭᠤ ᠮᠤᠷᠳᠠᠭᠠᠷᠠᠢ︕

ᠬᠤᠩᠭ᠋ᠤᠷ ᠬᠠᠯᠢᠭᠤᠨ ᠮᠤᠷᠢ ᠴᠢᠨᠢ

ᠬᠣᠢ᠌ᠰᠢ ᠪᠠᠨ ᠬᠠᠷᠠᠭᠠᠤᠨ ᠭᠠᠩᠰᠠᠷᠠᠵᠤ ᠪᠠᠢ᠌ᠨ᠎ᠠ

ᠬᠤᠯᠠ ᠯᠠ ᠨᠤᠳᠤᠭ ᠤᠨ ᠴᠢᠮ᠎ᠠ ᠲᠡᠶ ᠪᠠᠨ

ᠬᠤᠶᠠᠷ ᠪᠠᠶᠠᠨ ᠶᠢᠡᠨ ᠵᠤᠪᠠᠭᠠᠵᠤ ᠪᠠᠢ᠌ᠨ᠎ᠠ

ᠡᠷ᠎ᠡ ᠭᠦᠮᠤᠨ ᠤ ᠵᠢᠷᠭᠠᠯ ᠢ

ᠡᠵᠡᠭᠦᠢ ᠭᠡᠭᠡᠷ᠎ᠡ ᠭᠡᠭᠦ ᠶᠤᠮ ᠴᠢ

ᠡᠵᠡᠭᠦᠢ ᠴᠢᠮ᠎ᠠ ᠲᠡᠶ ᠮᠢᠨᠢ

ᠡᠯᠳᠡᠪ ᠮᠠᠭᠤ ᠣᠴᠠᠷᠠᠬᠤ ᠪᠣᠢ

ᠬᠠᠷ᠎ᠠ ᠭᠡᠭᠡᠷ ᠮᠤᠷᠢᠨ ᠤ ᠪᠠᠨ

ᠬᠠᠵᠠᠭᠠᠷ ᠢ ᠠᠪᠴᠤ ᠠᠮᠠᠷᠠᠭᠠᠯ ᠳ᠋ᠠ

ᠬᠠᠪᠣᠷ ᠨᠠᠮᠤᠷ ᠤᠨ ᠵᠢᠷᠭᠤᠭᠠᠨ ᠰᠠᠷ᠎ᠠ ᠳᠤ

ᠬᠠᠨᠢ ᠢᠵᠢᠯᠢ ᠳᠤ ᠪᠠᠨ ᠰᠠᠭᠤᠴᠢᠬ᠎ᠠ ᠯᠠ ᠳ᠋ᠠ

ᠳᠦᠷᠪᠡᠯᠵᠢᠨ ᠭᠡᠭᠡᠷ ᠯᠠ ᠮᠤᠷᠢᠨ ᠤ ᠪᠠᠨ

ᠳᠦᠷᠦᠭᠡ ᠪᠠᠨ ᠣᠳᠤ ᠰᠠᠯᠭ᠎ᠠ ᠯᠠ ᠳ᠋ᠠ

ᠳᠦᠷᠪᠡᠨ ᠴᠠᠭ ᠢ ᠡᠷᠭᠢᠳᠡᠯ᠎ᠡ

ᠭᠡᠷ ᠲᠤ ᠪᠠᠨ ᠰᠠᠭᠤᠭᠠᠤᠨ ᠵᠢᠷᠭ᠎ᠠ ᠯᠠ ᠳ᠋ᠠ

ᠭᠡᠮᠡᠨ ᠨᠠᠮᠤᠭᠤᠬᠠᠨ ᠬᠤᠭᠤᠯᠠᠢ ᠪᠠᠷ ᠭᠠᠩᠰᠠᠷᠠᠨ ᠳᠠᠭᠤᠯᠠᠭᠰᠠᠨ ᠳᠤ ᠳᠠᠭᠤᠨ ᠤ ᠭᠢᠨᠢ ᠴᠤᠤᠷᠢᠶ᠎ᠠ ᠪᠦᠭ᠍ᠴᠢᠮ ᠬᠠᠯᠠᠭᠤᠨ ᠠᠭᠠᠷ ᠳᠤᠮᠳᠠ ᠠᠯᠭᠤᠷᠬᠠᠨ ᠳᠠᠷᠬᠠᠵᠤ᠂ ᠪᠦᠰᠡᠭᠦᠢ ᠭᠦᠮᠤᠨ ᠤ ᠴᠢᠩ ᠰᠠᠤᠠᠭᠢᠯ ᠮᠥᠷᠦᠭᠡᠳᠦᠯ ᠳᠠᠮᠠᠤᠯᠠᠯ ᠶᠢᠡᠷ ᠠᠮᠢᠯᠠᠭᠰᠠᠨ ᠣᠶᠠᠩᠭ᠋ᠠᠯᠢᠭ ᠳᠠᠷᠠ ᠠᠶᠠᠯᠭᠤ ᠳᠠᠭᠤᠯᠠᠭᠰᠠᠨ ᠡᠵᠡᠨ ᠤ ᠪᠠᠨ ᠪᠣᠳᠤᠯ ᠰᠠᠨᠠᠭᠠᠨ ᠳᠤ ᠡᠷᠭᠢᠨ ᠰᠢᠩᠭᠡᠵᠤ ᠬᠤᠳᠠᠨ ᠴᠠᠭᠠᠨ ᠨᠢᠯᠪᠣᠰᠤ ᠨᠢᠭᠡᠨ ᠳᠤᠰᠤᠯ ᠢ ᠨᠠᠮᠠᠨ ᠣᠨᠠᠭᠠᠯᠭᠠᠵᠠᠢ᠃


ᠥᠴᠦᠭᠡᠳᠦᠷ ᠤᠨ ᠭᠢ ᠡᠴᠡ ᠦᠨᠦᠳᠤᠷ ᠠᠶᠠᠳᠠᠢ᠌ᠬᠠᠨ ᠡᠳᠦᠷ ᠪᠠᠢ᠌ᠪᠠ᠃ ᠬᠠᠶᠠ ᠨᠢᠭᠡᠨᠲᠡ ᠰᠡᠷᠢᠭᠦᠨ ᠠᠮᠢᠰᠬᠤᠯ ᠦᠯᠢᠶᠠᠵᠤ᠂ ᠡᠭᠦᠯᠡᠨ ᠰᠡᠭᠦᠳᠡᠷ ᠪᠠᠢ᠌ᠨ ᠪᠠᠢ᠌ᠨ ᠳᠠᠭᠠᠷᠢᠭᠠᠤᠨ᠂ ᠡ᠊ᠨᠳᠡ ᠳᠠᠠᠳᠠ ᠪᠣᠯᠵᠤᠮᠤᠷ ᠵᠢᠷᠭᠢᠵᠤ ᠬᠠᠷᠠᠭᠳᠠᠨ᠎ᠠ᠃ ᠦᠯᠦᠨ ᠳᠠᠰ ᠳᠡᠷᠳᠡᠭᠡ ᠳᠡᠭᠡᠷ᠎ᠡ ᠡᠷᠭᠢᠯᠳᠦᠭ᠍ᠰᠡᠨ ᠶᠢᠡᠨ ᠬᠠᠷᠠᠴᠠ ᠶᠢ ᠨᠢ ᠰᠢᠯᠭᠠᠬᠤ ᠭᠡᠰᠡᠨ ᠮᠠᠳᠤ ᠬᠤᠯᠠᠳᠠᠨ ᠨᠢᠳᠤᠨ ᠤ ᠭᠢᠨᠢ ᠥᠵᠦᠭᠦᠷ ᠡᠴᠡ ᠳᠠᠰᠤᠷᠠᠨ ᠠᠯᠠᠭ᠎ᠠ ᠪᠣᠯᠵᠤ ᠪᠠᠢ᠌ᠪᠠ᠃ ᠳᠡᠭᠡᠭ᠍ᠰᠡᠨ ᠶᠢᠡᠨ ᠣᠳᠠᠯ ᠦᠭᠡᠶ ᠬᠠᠷᠠᠭ᠎ᠠ ᠭᠦᠷᠭᠦ ᠳᠡᠭ᠍ᠷᠢ ᠶᠢᠨ ᠵᠠᠬ᠎ᠠ ᠳᠤ ᠣᠷᠤᠵᠤ ᠢᠷᠠᠨ᠎ᠠ᠃ 《ᠪᠦᠤ ᠮᠠᠳᠠ ᠳ᠋ᠠ ᠶᠠᠭᠤ ᠴᠤ ᠬᠠᠢ᠌ᠵᠤ ᠶᠠᠪᠣᠭ᠎ᠠ ᠶᠤᠮ᠂ ᠮᠦᠨ ᠯᠠ ᠨᠠᠮ᠎ᠠ ᠶᠢ ᠥᠭᠦᠭᠦ ᠶᠢ ᠭᠤᠷᠢᠳᠠᠭᠰᠠᠨ ᠭᠠᠢ᠌ᠬᠠᠯ ᠪᠢᠵᠠ︕ ᠶᠠᠭᠤ ᠯᠠ ᠪᠣᠯ ᠳ᠋ᠠ︖》 ᠭᠡᠮᠡᠨ ᠪᠠᠽᠠᠷ ᠳᠠᠷᠠ ᠰᠢᠪᠠᠭᠤ ᠲᠡᠶ ᠭᠡᠷᠡᠭᠦᠯ ᠭᠢᠵᠤ ᠶᠠᠪᠣᠪᠠ᠃ ᠣᠷᠢᠳᠤ ᠰᠦᠨᠢ ᠡᠯᠳᠡᠪ ᠶᠠᠭᠤᠮ᠎ᠠ ᠰᠠᠨᠠᠭ᠎ᠠ ᠰᠠᠤᠠᠭᠢᠯ ᠳᠤ ᠨᠢ ᠣᠷᠤᠵᠤ ᠭᠠᠷᠤᠭᠠᠤᠨ ᠨᠢᠭᠡ ᠭᠡᠰᠡᠭ᠌ ᠣᠠᠳᠠᠭᠤᠯᠤᠭᠰᠠᠨ ᠦᠭᠡᠶ᠃

ᠪᠠᠽᠠᠷ ᠤᠨ ᠪᠣᠳᠤᠭᠰᠠᠨ ᠨᠢ᠄ 《ᠣᠭ ᠨᠢ ᠴᠤ ᠬᠠᠨ ᠳᠡᠭ᠍ᠷᠢ ᠶᠢᠨ ᠳᠤᠤᠷᠠᠭᠢ ᠬᠤᠪᠣᠷ ᠰᠠᠢ᠌ᠬᠠᠨ ᠰᠦᠨᠢ ᠪᠠᠢ᠌ᠭᠰᠠᠨ ᠳ᠋ᠠ᠂ ᠵᠤᠯᠢᠭ᠃ ᠭᠡᠳᠡᠰᠤ ᠦᠯᠦᠨ᠂ ᠠᠷᠠᠰᠤ ᠪᠦᠳᠤᠨ᠂ ᠰᠠᠤᠠᠭᠢᠯ ᠲᠦᠪᠰᠢᠨ ᠪᠣᠯᠤᠭᠠᠤᠨ ᠬᠠᠵᠠᠭᠤ ᠳᠤ ᠮᠤᠷᠢ ᠠᠷᠭᠠᠮᠵᠢᠭᠠᠰᠤᠳᠠᠢ ᠰᠠᠨ ᠪᠣᠯ ᠶᠤᠰᠤᠳᠠᠢ ᠯᠠ ᠨᠢᠭᠡ ᠪᠣᠳᠤᠯ ᠶᠢᠡᠨ ᠳᠡᠯᠡᠭᠦᠯᠵᠤ ᠬᠤᠨᠤᠳᠠᠭ ᠰᠦᠨᠢ ᠳ᠋ᠠ︕ ᠭᠠᠩ ᠲᠡᠶ ᠵᠤᠨ ᠤ ᠡᠳᠦᠷ ᠡᠴᠡ ᠰᠦᠨᠢ ᠨᠢ ᠴᠡᠩᠭᠡᠯ ᠲᠡᠶ ᠴᠠᠭ ᠪᠠᠢ᠌ᠳᠠᠭ ᠶᠤᠮ ᠰᠢᠤ︕ ᠁ ᠭᠦᠮᠤᠨ ᠠᠯᠠᠭᠰᠠᠨ ᠳᠡᠭᠡᠷᠡᠮᠴᠢᠨ ᠢ ᠳᠦᠷᠪᠠᠭᠦᠯᠴᠢᠭᠡᠭᠡᠤᠨ ᠳᠠᠷᠠ ᠨᠢᠭᠦᠯᠳᠤ ᠬᠠᠪᠴᠢᠭ ᠡᠴᠡ ᠰᠠᠭᠠᠬᠠᠯᠳᠠ ᠴᠤ ᠬᠤᠯᠠᠤᠠᠴᠤ ᠴᠢᠳᠠᠯ ᠦᠭᠡᠶ ᠬᠠᠵᠠᠭᠤ ᠳᠤ ᠨᠢ ᠣᠠᠳᠠᠬᠤ ᠪᠠᠰᠠ ᠡᠪ ᠦᠭᠡᠶ ᠪᠠᠢ᠌ᠯ᠎ᠠ ᠰᠢᠤ᠃ ᠭᠤᠤᠯᠴᠠᠭᠤ ᠬᠠᠳᠠᠨ ᠭᠡᠷ ᠲᠤ ᠦᠨᠵᠢᠵᠤ ᠬᠤᠨᠤᠵᠤ ᠰᠤᠷᠤᠭᠰᠠᠨ ᠪᠣᠯᠬᠤᠯᠠᠷ ᠶᠠᠭᠠᠭᠢᠨ᠎ᠠ ᠭᠡᠭᠦᠪ᠂ ᠳᠡᠭᠡᠭᠡᠤᠨ ᠯᠠ ᠨᠢᠭᠡ ᠶᠠᠭᠤᠮ᠎ᠠ ᠣᠠᠳᠠᠴᠢᠬᠠᠵᠤ ᠳ᠋ᠠ᠃ ᠶᠠᠷᠤ ᠨᠢ ᠬᠤᠭᠤᠯᠠ ᠨᠣᠢ᠌ᠷ ᠮᠠᠭᠤᠳᠠᠢ᠂ ᠰᠢᠷᠬᠠᠨ ᠤ ᠬᠠᠯᠠᠭᠤᠨ ᠳᠤ ᠪᠠᠶ᠎ᠠ ᠶᠠᠳᠠᠷᠠᠭᠰᠠᠨ ᠳᠤ ᠪᠠᠨ ᠳᠠᠷᠠ ᠦᠦ᠂ ᠪᠢ ᠨᠢᠭᠡ ᠯᠠ ᠶᠡᠭᠡ ᠠᠶᠤᠮᠠᠳᠠᠭᠠᠢ ᠬᠤᠯᠴᠢᠭᠠᠷ ᠪᠣᠯᠤᠭᠰᠠᠨ ᠪᠠᠢ᠌ᠬᠤ ᠶᠤᠮ᠃ ᠵᠢᠷᠦᠭᠡ ᠪᠦᠮᠪᠦᠯᠵᠡᠭᠡᠤᠨ ᠯᠠ᠁ ᠦᠭᠡᠶ ᠡ᠂ ᠳᠠᠷᠠ ᠵᠡᠭᠦᠳᠤᠨ ᠳᠤ ᠣᠷᠤᠵᠤ ᠪᠠᠢ᠌ᠭ᠎ᠠ ᠶᠠᠭᠤᠮ᠎ᠠ ᠶᠢ ᠡ︕ ᠳᠡᠭᠡᠷᠡᠮᠴᠢᠨ ᠤ ᠬᠠᠪᠴᠢᠭ ᠲᠤ ᠪᠠᠢ᠌ᠭᠰᠠᠨ ᠬᠤᠶᠠᠷ ᠬᠤᠷᠤᠭᠤᠨ ᠳᠤ ᠪᠠᠨ ᠠᠯᠳᠠᠨ ᠪᠦᠯᠡᠵᠢᠩ ᠲᠡᠶ ᠭᠠᠷ ᠤᠨ ᠴᠠᠷᠪᠠᠭᠤ ᠪᠦᠷ ᠶᠠᠭ ᠰᠢᠤ︕ ᠳᠡᠭᠡᠭᠡᠤᠨ ᠨᠠᠳᠠ ᠡᠴᠡ᠄

᠊᠊᠊᠊᠊᠊᠊᠊᠊᠊᠊᠊᠊᠊᠊ ᠮᠢᠨᠤ ᠪᠠᠶ᠎ᠠ ᠶᠢ ᠦᠭ‍ᠭᠦᠭᠡᠴᠢ︕ ᠬᠠᠩᠭ᠋ᠠᠢ ᠪᠠᠽᠠᠷ ᠳᠠ ᠡᠨᠡ ᠳᠡᠭᠡᠷᠡᠮᠴᠢᠨ ᠡᠴᠡ ᠮᠠᠭᠤ ᠪᠠᠶ᠎ᠠ ᠶᠢ ᠮᠢᠨᠢ ᠠᠪᠣᠭᠠᠤᠨ ᠦᠭ‍ᠭᠦᠭᠡᠴᠢ︕ ᠭᠡᠵᠤ ᠭᠤᠶᠤᠵᠤ ᠪᠠᠢ᠌ᠪᠠ ᠦᠦ︕ ᠳᠡᠭᠡᠭᠦ ᠳᠤ ᠨᠢ ᠪᠢ ᠮᠦᠨ ᠶᠡᠭᠡ ᠠᠶᠤᠪᠠ ᠡ︕ ᠳᠠᠭᠠᠷᠠᠵᠤ ᠳ᠋ᠠ᠂ ᠪᠠᠽᠠᠷ ᠴᠢ ᠮᠠᠭᠤ ᠡᠷ᠎ᠡ ᠶᠤᠮ ᠡ︕ ᠁ ᠶᠠᠮᠠᠷ ᠣᠯᠢᠭᠳᠠᠢ ᠬᠤᠯᠠᠭᠠᠢ᠌ᠴᠢ ᠪᠦᠰᠡᠭᠦᠢ ᠭᠦᠮᠤᠨ ᠤ ᠠᠯᠠᠭ᠎ᠠ ᠳᠤᠰᠤᠭᠰᠠᠨ ᠳᠠᠪᠤᠨ ᠬᠤᠷᠤᠭᠤᠨ ᠡᠴᠡ ᠠᠶᠤᠬᠤ ᠪᠢᠯᠠ︕ ᠵᠠ ᠪᠠᠢ᠌ᠵᠠ᠂ ᠪᠢ ᠳᠡᠭᠡᠭᠦ ᠳᠤ ᠨᠢ ᠶᠠᠭᠤ ᠭᠡᠵᠤ ᠭᠡᠯᠡᠯ᠎ᠡ︖ ᠡᠨ᠂ ᠠᠩ ᠢᠩᠭᠢᠭ᠍ᠰᠡᠨ ᠯᠠ ᠳ᠋ᠠ᠄

᠊᠊᠊᠊᠊᠊᠊᠊᠊᠊᠊᠊᠊᠊᠊ ᠪᠢ ᠶᠠᠭᠠᠭᠢᠵᠤ ᠪᠠᠶ᠎ᠠ ᠶᠢ ᠴᠢᠨᠢ ᠣᠯᠬᠤ ᠶᠤᠮ ᠪᠣᠢ︖ ᠳᠠᠷᠠ ᠳᠡᠭᠡᠷᠡᠮᠴᠢᠨ ᠢ ᠴᠢᠨᠢ ᠠᠯᠳᠠᠴᠢᠬᠠᠭᠰᠠᠨ ᠰᠢᠤ ᠳ᠋ᠠ ᠭᠡᠵᠤ ᠭᠡᠯᠡᠭ᠍ᠰᠡᠨ᠃ ᠳᠠᠭᠠᠭᠤᠯᠡᠷ ᠳᠠᠷᠠ ᠭᠠᠷ ᠶᠠᠭᠤᠮ᠎ᠠ ᠪᠣᠳᠤᠭᠰᠠᠨ ᠪᠣᠯᠤᠯᠳᠠᠢ ᠭᠡᠰᠡᠭ᠌ ᠭᠦᠯᠢᠶᠡᠵᠤ ᠪᠠᠢ᠌ᠭᠰᠠᠨ ᠶᠢᠡᠨ᠄

᠊᠊᠊᠊᠊᠊᠊᠊᠊᠊᠊᠊᠊᠊᠊ ᠬᠠᠩᠭ᠋ᠠᠢ ᠪᠠᠽᠠᠷ ᠳᠠ ᠳᠠᠷᠠ ᠳᠡᠭᠡᠷᠡᠮᠴᠢᠨ ᠢ ᠠᠶᠤᠯᠭᠠᠳᠠᠭ ᠰᠠᠢ᠌ᠨ ᠪᠠᠢ᠌ᠨ᠎ᠠ᠃ ᠳᠠᠷᠠ ᠯᠠᠪ ᠳᠠᠭᠢᠭᠠᠤᠨ ᠭᠦᠮᠤᠨ ᠠᠯᠠᠵᠤ ᠳᠡᠭᠡᠷᠡᠮᠳᠡᠭᠦ ᠦᠭᠡᠶ ᠪᠢᠵᠠ᠃ ᠳᠡᠭᠡᠭᠦ ᠳᠤ ᠪᠠᠨ ᠳᠠ ᠮᠢᠨᠤ ᠪᠣᠰᠤᠳ ᠪᠠᠶ᠎ᠠ ᠶᠢ ᠣᠯᠵᠤ ᠥᠭ᠌︕ ᠳᠠ ᠴᠢᠳᠠᠨ᠎ᠠ᠃ ᠳᠡᠭᠡᠷᠡᠮᠴᠢᠨ ᠢ ᠳᠡᠢ᠌ᠯᠦᠭ᠍ᠰᠡᠨ ᠪᠣᠯᠬᠤᠯᠠᠷ ᠳᠠ ᠪᠦᠭᠦᠳᠡ ᠶᠢ ᠴᠢᠳᠠᠬᠤ ᠶᠤᠰᠤᠳᠠᠢ︕ ᠭᠡᠵᠤ ᠪᠠᠢ᠌ᠭᠰᠠᠨ᠃ ᠠᠢ᠌ᠬᠤᠪᠳᠤᠷ ᠱᠠᠯᠠᠭᠠᠨ ᠳᠤ ᠣᠷᠤᠵᠤ ᠪᠠᠢ᠌ᠭ᠎ᠠ ᠪᠠᠨ ᠪᠢ ᠮᠠᠳᠠᠵᠤ ᠪᠠᠰᠠ ᠰᠤᠨᠢᠷᠬᠠᠭᠰᠠᠨ ᠳᠤ ᠪᠠᠨ ᠳᠠᠷᠠ ᠭᠠᠷ ᠡᠴᠡ᠄

᠊᠊᠊᠊᠊᠊᠊᠊᠊᠊᠊᠊᠊᠊᠊ ᠴᠢ ᠴᠢᠩᠭᠢᠭᠦ ᠳᠤ ᠶᠠᠭᠠᠭᠢᠭᠠᠤᠨ ᠶᠠᠷᠢᠵᠤ ᠴᠢᠳᠠᠳᠠᠭ ᠶᠤᠮ ᠪᠣᠢ︖ ᠭᠡᠵᠤ ᠠᠰᠠᠭᠤᠭᠰᠠᠨ᠃ ᠵᠡᠭᠦᠳᠤ ᠭᠡᠵᠤ ᠮᠦᠨ ᠰᠤᠨᠢᠨ ᠶᠤᠮ ᠳ᠋ᠠ︕ ᠳᠠᠭᠠᠭᠤᠯᠡᠷ ᠨᠥᠭᠦᠭᠡ ᠭᠠᠷ ᠪᠠᠬᠠᠨ ᠣᠯᠠᠢ᠌ᠵᠤ ᠢᠷᠡᠭ᠍ᠰᠡᠨ ᠶᠢᠡᠨ ᠬᠤᠶᠠᠷ ᠠᠯᠳᠠᠨ ᠪᠦᠯᠡᠵᠢᠩ ᠶᠢᠡᠨ ᠭᠢᠯᠠᠯᠵᠠᠭᠤᠯᠤᠨ᠄

᠊᠊᠊᠊᠊᠊᠊᠊᠊᠊᠊᠊᠊᠊᠊ ᠳᠠ ᠡᠢ᠌ᠮᠤ ᠣᠬᠠᠭᠠᠯᠢᠭ ᠨᠢᠳᠤ ᠲᠡᠶ᠂ ᠡᠷᠳᠡᠨᠢ ᠶᠢᠨ ᠰᠠᠢ᠌ᠬᠠᠨ ᠳᠤᠯᠤᠭᠠᠢ ᠲᠡᠶ ᠭᠦᠮᠤᠨ ᠪᠠᠢ᠌ᠵᠤ ᠡᠨᠡᠭᠡᠨ ᠤ ᠣᠴᠢᠷ ᠢ ᠣᠯᠬᠤ ᠦᠭᠡᠶ ᠶᠠᠭᠠᠭᠢᠭᠰᠠᠨ ᠶᠤᠮ ᠪᠣᠢ᠃ ᠮᠢᠨᠤ ᠪᠠᠶᠠᠨ ᠤ ᠰᠦᠨᠠᠰᠤ ᠨᠠᠳᠠᠳᠤ ᠬᠤᠴᠤᠷᠴᠢᠬᠠᠭᠰᠠᠨ ᠶᠤᠮ ᠪᠠᠢ᠌ᠬᠤ ᠦᠭᠡᠶ ᠦᠦ᠃ ᠨᠢᠭᠡᠯᠡ ᠥᠭᠡ ᠪᠠᠷ ᠭᠡᠯᠡᠪᠠᠯ ᠪᠢ ᠴᠤ ᠶᠠᠷᠢᠵᠤ ᠪᠠᠢ᠌ᠭ᠎ᠠ ᠪᠢᠰᠢ᠂ ᠮᠢᠨᠤ ᠡᠵᠡᠨ ᠥᠵᠡᠰᠭᠦᠯᠡᠩ ᠰᠠᠷᠠᠨ ᠬᠠᠳᠤᠭᠳᠠᠢ ᠶᠢᠨ ᠰᠦᠨᠠᠰᠤ ᠶᠠᠷᠢᠵᠤ ᠪᠠᠢ᠌ᠬᠤ ᠦᠭᠡᠶ ᠦᠦ ᠮᠠᠳᠠᠪᠠᠤ︖ ᠡᠨᠡ ᠭᠠᠷ ᠢ ᠬᠠᠳᠠᠴᠢᠬᠠᠬᠤᠯᠠᠷ ᠰᠦᠨᠠᠰᠤ ᠬᠤᠷᠭᠤᠳᠠᠬᠤ ᠭᠠᠵᠠᠷ ᠦᠭᠡᠶ ᠪᠣᠯᠵᠤ ᠵᠠᠢ᠌ᠯᠠᠨ᠎ᠠ᠃ ᠳᠡᠭᠡᠭᠡᠤᠨ ᠯᠠ ᠪᠣᠰᠤᠳ ᠪᠠᠶ᠎ᠠ ᠶᠢ ᠮᠢᠨᠢ ᠪᠣᠰᠢᠭᠤᠬᠠᠨ ᠣᠯᠵᠤ ᠠᠯᠢ ᠭᠡᠵᠤ ᠭᠤᠶᠤᠵᠤ ᠪᠠᠢ᠌ᠭ᠎ᠠ ᠶᠤᠮ ᠰᠢᠤ ᠳ᠋ᠠ ᠭᠡᠤᠨ ᠰᠢᠩᠭᠡᠨ ᠴᠤᠪᠣᠭᠤ ᠭᠢᠷᠢᠨ᠎ᠠ᠂ ᠠᠷᠭᠠᠳᠠᠩᠭ᠋ᠤᠢ ᠳᠠᠭᠤ ᠪᠠᠷ ᠬᠠᠷᠢᠭᠤᠯᠵᠤ ᠪᠠᠢ᠌ᠨ᠎ᠠ ᠪᠢᠯᠠ᠃ ᠳᠠᠷᠠ ᠦᠶ᠎ᠡ ᠳᠤ ᠪᠢ ᠶᠠᠭᠤᠮ᠎ᠠ ᠠᠰᠠᠭᠤᠯ᠎ᠠ ᠦᠦ᠂ ᠦᠭᠡᠶ ᠪᠢᠯᠢᠤ᠃ ᠰᠠᠨᠠᠭᠠᠨ ᠳᠤ ᠣᠷᠤᠬᠤ ᠦᠭᠡᠶ ᠪᠠᠢ᠌ᠨ᠎ᠠ᠃ ᠦᠭᠡᠶ ᠯᠠ ᠶᠤᠮ ᠪᠠᠢ᠌ᠭ᠎ᠠ ᠳ᠋ᠠ᠃ ᠬᠠᠷᠢᠨ ᠳᠠᠷᠠ ᠭᠠᠷ ᠤᠨ ᠣᠭᠢᠯᠠᠩᠨᠠᠨ ᠥᠭᠦᠯᠡᠵᠤ ᠪᠠᠢ᠌ᠭᠰᠠᠨ ᠨᠢ ᠶᠡᠭᠡ ᠳᠤᠳᠤ᠂ ᠨᠢᠭᠡ ᠶᠢᠨ ᠨᠢᠭᠡᠤᠨ ᠦᠭᠡᠶ ᠢᠯᠠ ᠪᠠᠢ᠌ᠨ᠎ᠠ᠃ ᠰᠠᠪᠬ᠎ᠠ ᠰᠢᠭ ᠴᠠᠭᠠᠨ ᠬᠤᠷᠤᠭᠤ ᠪᠠᠨ ᠭᠦᠳᠡᠯᠭᠡᠨ ᠮᠦᠨ ᠰᠥᠷᠡᠭᠡᠢ ᠶᠠᠭᠤᠮ᠎ᠠ ᠶᠠᠷᠢᠵᠤ ᠪᠠᠢ᠌ᠭᠰᠠᠨ ᠳ᠋ᠠ᠃ ᠵᠠ ᠪᠠᠢ᠌ᠵᠠ᠂ ᠶᠠᠭᠤ ᠭᠡᠵᠤ ᠭᠡᠯᠡᠯ᠎ᠡ᠃ ᠠᠩ᠂ ᠳᠠᠢ᠌ᠮᠤ ᠯᠠ ᠳ᠋ᠠ᠃

᠊᠊᠊᠊᠊᠊᠊᠊᠊᠊᠊᠊᠊᠊᠊ ᠳᠠ ᠳᠡᠭᠡᠪᠠᠯ ᠯᠢᠨ ᠢ ᠳᠡᠭᠡᠷᠡᠮᠴᠢᠨ ᠪᠣᠯᠭᠠᠭᠰᠠᠨ ᠯᠢᠶᠠᠨ ᠣᠪᠣᠭᠳᠤ ᠡᠴᠡ ᠮᠢᠨᠤ ᠪᠠᠶ᠎ᠠ ᠶᠢ ᠣᠯᠵᠤ ᠦᠭ‍ᠭᠦᠯ ᠳ᠋ᠠ︕ ᠳᠠᠷᠠ ᠴᠢᠨᠢ ᠣᠯᠳᠠᠨ᠎ᠠ ᠰᠢᠤ ᠳ᠋ᠠ᠂ ᠠᠮᠪᠠᠨ ᠭᠦᠮᠤᠨ ᠬᠠᠮᠢᠭ᠎ᠠ ᠬᠤᠯᠠᠳᠠᠬᠤᠪ ᠭᠡᠰᠡᠨ᠃

᠊᠊᠊᠊᠊᠊᠊᠊᠊᠊᠊᠊᠊᠊᠊ ᠪᠢ ᠳᠠᠷᠠ ᠯᠢᠶᠠᠨ ᠢ ᠴᠢᠨᠢ ᠳᠠᠨᠢᠬᠤ ᠦᠭᠡᠶ ᠰᠢᠤ ᠳ᠋ᠠ ᠭᠡᠪᠠᠯ

᠊᠊᠊᠊᠊᠊᠊᠊᠊᠊᠊᠊᠊᠊᠊ ᠶᠠᠭᠠᠭᠢᠭ᠎ᠠ ᠪᠣᠢ᠂ ᠨᠥᠭᠦᠭᠡ ᠳᠠᠩ ᠬᠠᠳᠤᠭᠳᠠᠢ ᠶᠢ ᠭᠠᠯᠵᠠᠭᠤᠷᠠᠭᠤᠯᠵᠤ ᠠᠯᠠᠳᠠᠭ ᠯᠢᠶᠠᠨ︕ ᠯᠢ ᠳᠠᠷᠠ ᠬᠤᠶᠠᠷ ᠣᠭ ᠨᠢ ᠠᠠᠳᠠ ᠶᠠᠪᠣᠭᠰᠠᠨ ᠣᠯᠤᠰ᠃ ᠳᠠᠨᠢᠬᠤ ᠦᠭᠡᠶ ᠭᠡᠵᠢ ᠦᠦ︕ ᠭᠡᠵᠤ ᠭᠠᠢ᠌ᠬᠠᠵᠤ ᠪᠠᠢ᠌ᠭᠰᠠᠨ᠃

᠊᠊᠊᠊᠊᠊᠊᠊᠊᠊᠊᠊᠊᠊᠊ ᠳᠠᠨᠢᠬᠤ ᠦᠭᠡᠶ ᠡ᠂ ᠳᠠᠨᠢᠬᠤ ᠦᠭᠡᠶ ᠭᠡᠭᠦ ᠳᠤ ᠣᠷᠮ᠎ᠠ ᠨᠢ ᠠᠯᠳᠠᠷᠠᠵᠤ᠄

᠊᠊᠊᠊᠊᠊᠊᠊᠊᠊᠊᠊᠊᠊᠊ ᠪᠢ ᠳᠡᠭᠡᠭᠡᠤᠨ ᠬᠠᠮᠤᠭ ᠪᠠᠢ᠌ᠳᠠᠭ ᠡᠴᠡ ᠪᠠᠨ ᠰᠠᠯᠴᠢᠬᠠᠭᠠᠤᠨ ᠶᠠᠭᠠᠭᠢᠬᠤ ᠶᠤᠮ ᠪᠣᠢ︖ ᠭᠡᠵᠤ ᠪᠠᠢ᠌ᠪᠠ᠃ ᠳᠡᠭᠡᠭᠦ ᠳᠤ ᠨᠢ ᠪᠢ ᠳᠠᠢ᠌ᠪᠣᠰᠢᠷᠠᠭᠤᠯᠵᠤ᠄

᠊᠊᠊᠊᠊᠊᠊᠊᠊᠊᠊᠊᠊᠊᠊ ᠭᠠᠢ᠌ᠭᠤᠢ ᠳ᠋ᠠ᠂ ᠣᠯᠬᠤ ᠶᠢ ᠯᠠ ᠪᠣᠳᠤᠵᠠᠭᠠᠶ᠎ᠠ︕ ᠭᠡᠵᠤ ᠮᠠᠠᠵᠤ ᠥᠭᠡ ᠬᠠᠶᠠᠵᠤ ᠪᠠᠢ᠌ᠨ᠎ᠠ ᠪᠢᠯᠠ᠃ ᠦᠨᠡᠨ ᠭᠦᠳᠦᠰ ᠶᠠᠭᠤᠮ᠎ᠠ ᠶᠠᠷᠢᠵᠤ ᠪᠠᠢ᠌ᠬᠤ ᠦᠭᠡᠶ᠂ ᠶᠠᠭᠤᠨ ᠳᠤ ᠳᠠᠷᠠ ᠮᠠᠭᠤ ᠭᠠᠷ ᠢ ᠬᠠᠭᠤᠷᠤᠭ᠎ᠠ ᠶᠤᠮ ᠪᠣᠯ ᠪᠢ᠃ ᠮᠢᠨᠤ ᠥᠭᠡᠨ ᠳᠤ ᠣᠷᠮᠠᠰᠢᠭᠠᠤᠨ ᠳᠡᠭᠦᠨ ᠤ ᠶᠠᠷᠢᠭᠰᠠᠨ ᠨᠢ ᠮᠦᠨ ᠦᠷᠦᠪᠳᠤᠮᠠᠷ ᠰᠢᠤ᠄

᠊᠊᠊᠊᠊᠊᠊᠊᠊᠊᠊᠊᠊᠊᠊ ᠪᠢ ᠨᠢᠳᠤ ᠦᠭᠡᠶ ᠪᠣᠯᠴᠢᠬᠠᠭᠠᠤᠨ ᠬᠠᠢ᠌ᠷᠠᠳᠤ ᠶᠢᠨ ᠶᠢᠡᠨ ᠪᠠᠷ᠎ᠠ ᠶᠢ ᠶᠠᠭᠠᠭᠢᠵᠤ ᠬᠠᠷᠠᠬᠤ ᠶᠤᠮ ᠪᠣᠢ︖ ᠠᠳᠤᠭᠤᠨ ᠳᠡᠭᠡᠷ᠎ᠡ ᠡᠴᠡ ᠢᠷᠡᠭᠦ ᠶᠢ ᠨᠢ ᠮᠡᠳᠡᠭᠦ ᠦᠭᠡᠶ ᠰᠢᠤ ᠳ᠋ᠠ᠃ ᠳᠡᠭᠡᠭᠡᠤᠨ ᠴᠠᠢ ᠶᠢ ᠨᠢ ᠣᠷᠣᠢ᠌ᠳᠠᠭᠤᠯᠴᠢᠬᠠᠨ᠎ᠠ᠂ ᠮᠦᠨ ᠳᠦᠭᠡᠭᠦᠢ ᠶᠠ︕ ᠁ ᠭᠠᠭᠴᠠ ᠳᠠᠭᠠᠷᠢᠩᠬᠠᠢ ᠴᠠᠷᠪᠠᠭᠤ ᠪᠠᠷ ᠣᠳᠤ ᠶᠠᠭᠠᠭᠢᠵᠤ ᠠᠮᠠᠷᠠᠭ ᠶᠢᠡᠨ ᠳᠡᠪᠠᠷᠢᠭᠦ ᠶᠤᠮ ᠪᠢᠯᠠ᠂ ᠳᠠ ᠪᠣᠳᠤᠯ ᠳ᠋ᠠ᠃ ᠳᠠᠨ ᠳᠤ ᠴᠤ ᠭᠡᠰᠡᠨ ᠠᠷᠢᠭᠤᠨ ᠬᠠᠨᠢ ᠪᠣᠢ᠃ ᠳᠠ ᠵᠥᠢᠷᠯᠡᠭᠡᠤᠨ ᠦᠵᠡ᠃ ᠨᠠᠳᠠᠳᠤ ᠬᠤᠩᠭ᠋ᠤᠷ ᠭᠦᠤ ᠶᠢᠨ ᠶᠢᠡᠨ ᠬᠠᠢ᠌ᠷ᠎ᠠ ᠶᠢ ᠬᠠᠷᠢᠭᠤᠯᠬᠤ ᠣᠷᠤᠭᠤᠯ ᠴᠤ ᠠᠯᠠᠭ᠎ᠠ ᠪᠠᠢ᠌ᠨ᠎ᠠ᠃ ᠠᠳᠤᠭᠤᠨ ᠤ ᠪᠠᠯᠴᠢᠭᠡᠷ ᠳᠡᠭᠡᠷ᠎ᠡ ᠡᠴᠡ ᠦᠰᠦᠨ ᠳᠤ ᠪᠠᠨ ᠳᠡᠭᠡᠭᠡᠵᠤ ᠠᠪᠴᠢᠷᠠᠳᠠᠭ ᠴᠡᠴᠡᠭ᠌ ᠤᠨ ᠦᠨᠦᠷ ᠢ ᠥᠨᠦᠷᠯᠡᠭᠦ ᠬᠠᠮᠠᠷ ᠴᠤ ᠦᠭᠡᠶ ᠪᠠᠢ᠌ᠨ᠎ᠠ᠃ ᠵᠢᠷᠦᠭᠡ ᠮᠢᠨᠢ ᠪᠠᠰᠠ ᠪᠠᠢ᠌ᠬᠤ ᠦᠭᠡᠶ︕ ᠪᠢ ᠳᠡᠭᠦᠨ ᠢ ᠪᠠᠨ ᠭᠡᠰᠡᠨ ᠬᠠᠢ᠌ᠷ᠎ᠠ ᠪᠠᠨ ᠶᠠᠭᠤᠨ ᠳᠤ ᠪᠠᠨ ᠠᠪᠴᠤ ᠶᠠᠪᠣᠬᠤ ᠶᠤᠮ ᠪᠣᠢ︖ ᠬᠠᠢ᠌ᠷᠠᠳᠤ ᠮᠢᠨᠢ ᠬᠠᠶᠠ ᠮᠢᠨᠤ ᠮᠥᠮᠥᠨ ᠳᠤ ᠭᠦᠷᠭᠦ ᠳᠤ ᠪᠢ ᠡᠮ᠎ᠡ ᠭᠦᠮᠤᠨ ᠤ᠁ ᠠᠬ᠎ᠠ ᠳᠠᠨ ᠡᠴᠡ ᠶᠠᠭᠤ ᠶᠢ ᠨᠢ ᠨᠢᠭᠤᠬᠤ ᠶᠤᠮ ᠪᠣᠢ︖ ᠬᠤᠷᠸ᠎ᠠ ᠳᠤ ᠡᠮᠡᠰ ᠪᠢᠳᠠᠨ ᠤ ᠮᠥᠮᠥ ᠰᠢᠭ᠌ ᠣᠷᠠᠨ ᠵᠥᠭᠡᠯᠡᠨ ᠶᠠᠭᠤᠮ᠎ᠠ᠂ ᠡᠷᠡᠴᠦᠦᠯ ᠳᠠ ᠨᠡᠷ ᠤᠨ ᠭᠠᠷ ᠰᠢᠭ ᠳᠤᠭᠰᠢᠨ ᠬᠠᠯᠠᠭᠤᠨ ᠶᠠᠭᠤᠮ᠎ᠠ ᠦᠭᠡᠶ ᠰᠢᠤ ᠳ᠋ᠠ᠃ ᠭᠦᠮᠤᠨ ᠬᠤᠷᠸ᠎ᠠ ᠶᠢᠨ ᠪᠣᠰᠤᠳ ᠨᠢ ᠡᠨᠡ ᠬᠤᠶᠠᠷ ᠤᠨ ᠬᠤᠭᠤᠷᠤᠠᠳᠤ ᠪᠠᠭᠳᠠᠳᠠᠭ ᠶᠤᠮ ᠪᠢᠵᠠ᠃ ᠳᠡᠭᠡᠳᠡᠯ᠎ᠡ ᠪᠢ ᠣᠳᠤ ᠮᠥᠮᠥ ᠦᠭᠡᠶ ᠪᠣᠯᠵᠠᠢ︕ ᠮᠢᠨᠤ ᠭᠡᠪᠠᠯᠢ ᠳᠤ ᠶᠠᠪᠣᠭᠰᠠᠨ ᠠᠩᠬᠠᠨ ᠤ ᠮᠢᠨᠢ ᠭᠡᠦᠭᠡᠤᠨ ᠢ ᠳᠡᠵᠢᠭᠡᠭᠦ ᠡᠭᠡ ᠶᠢᠨ ᠴᠠᠭᠠᠨ ᠰᠦ᠋ ᠶᠢ ᠪᠦᠷᠢᠯᠳᠦᠭᠦᠯᠵᠤ ᠶᠠᠪᠣᠭᠰᠠᠨ ᠮᠥᠮᠥ ᠰᠢᠤ ᠳ᠋ᠠ᠃ ᠪᠢ ᠦᠷ᠎ᠡ ᠪᠠᠨ ᠶᠠᠭᠤ ᠪᠠᠷ ᠶᠢᠡᠨ ᠳᠤᠰᠴᠤ ᠠᠪᠬᠤ ᠶᠤᠮ ᠪᠣᠢ︕ ᠬᠠᠮᠢᠭᠠᠭᠤᠷ ᠶᠢᠡᠨ ᠭᠠᠷᠭᠠᠵᠤ ᠡᠴᠢᠭᠡ ᠳᠤ ᠨᠢ ᠦᠭ‍ᠭᠦ ᠶᠤᠮ ᠪᠣᠢ ⁈ ᠪᠠᠽᠠᠷ ᠡ᠂ ᠳᠠ ᠮᠢᠨᠤ ᠪᠠᠶ᠎ᠠ ᠶᠢ ᠪᠦᠷᠢᠳᠦᠭᠦᠯᠵᠤ ᠦᠭ‍ᠭᠦᠭᠡᠴᠢ︕ ᠣᠳᠤ ᠪᠣᠷᠤᠭ᠎ᠠ ᠣᠷᠤᠬᠤ ᠭᠡᠵᠤ ᠪᠠᠢ᠌ᠨ᠎ᠠ᠃ ᠪᠣᠷᠤᠭᠠᠨ ᠤ ᠳᠠᠷᠠᠭᠠᠭᠢ ᠴᠡᠩᠭᠡᠭ᠌ ᠠᠭᠠᠷ ᠢ ᠠᠮᠢᠰᠬᠤᠯᠯᠠᠬᠤ ᠵᠥᠭᠡᠯᠡᠨ ᠴᠠᠭᠠᠨ ᠴᠡᠭᠡᠵᠢ ᠨᠠᠳᠠᠳᠤ ᠠᠯᠠᠭ᠎ᠠ︕ ᠪᠢ ᠳᠠᠪᠣᠬᠠᠨ ᠬᠤᠨᠤᠭ ᠤᠨ ᠳᠠᠷᠠᠭ᠎ᠠ ᠡᠵᠢ ᠳᠤ ᠪᠠᠨ ᠣᠴᠢᠵᠤ ᠵᠤᠯᠭᠠᠬᠤ ᠭᠡᠵᠤ ᠪᠠᠢ᠌ᠭᠰᠠᠨ ᠶᠤᠮ᠃ ᠣᠳᠤ ᠪᠢ ᠭᠦᠯ ᠦᠭᠡᠶ ᠶᠠᠭᠤ ᠪᠠᠷ ᠶᠢᠡᠨ ᠣᠴᠢᠵᠤ ᠵᠤᠯᠭᠠᠬᠤ ᠪᠣᠢ︖ ᠢᠩᠭᠢᠵᠤ ᠶᠠᠷᠢᠭᠠᠤᠨ ᠳᠠᠷᠠ ᠭᠠᠷ ᠣᠭᠢᠯᠠᠵᠤ ᠪᠠᠢ᠌ᠭᠰᠠᠨ᠃ ᠪᠢ ᠥᠷᠦᠪᠳᠦᠭᠦ ᠳᠤ ᠪᠠᠨ᠄

᠊᠊᠊᠊᠊᠊᠊᠊᠊᠊᠊᠊᠊᠊᠊ ᠪᠢᠳᠡᠭᠡᠢ ᠣᠭᠢᠯᠠ ᠳ᠋ᠠ᠂ ᠴᠢ︕ ᠪᠢ ᠴᠢᠮ᠎ᠠ ᠳᠤ ᠳᠤᠰᠠᠯᠠᠶ᠎ᠠ᠃ ᠴᠢ ᠮᠢᠨᠤ ᠪᠠᠶᠠᠨ ᠡᠴᠡ ᠶᠠᠭᠤ ᠳᠤᠷᠠᠳᠠᠢ ᠪᠠᠨ ᠠᠪ᠃ ᠮᠢᠨᠤ ᠭᠦᠯ ᠢ ᠠᠪᠴᠤ ᠶᠠᠪᠣᠭᠠᠤᠨ ᠡᠵᠢ ᠲᠡᠶ ᠪᠠᠨ ᠵᠤᠯᠭᠠᠴᠢᠬᠠᠭᠠᠤᠨ ᠢᠷ᠎ᠠ︕ ᠳᠠᠷᠠ ᠲᠡᠶ ᠳᠠᠷᠠ ᠦᠭᠡᠶ ᠪᠢ ᠮᠥᠯᠭᠦᠵᠤ ᠶᠠᠪᠣᠭ᠎ᠠ ᠭᠦᠮᠤᠨ᠃ ᠬᠤᠩᠭ᠋ᠤ ᠨᠢ ᠮᠠᠭᠤ ᠶᠤᠮ ᠰᠢᠤ᠂ ᠮᠠᠳᠠᠵᠤ ᠶᠠᠪᠣᠭᠠᠷᠠᠢ︕ ᠭᠡᠵᠤ ᠭᠡᠯᠡᠵᠤ ᠪᠠᠢ᠌ᠨ᠎ᠠ ᠪᠢᠯᠠ᠃ ᠣᠪᠣᠭ᠎ᠠ ᠰᠢᠤ︕ ᠳᠡᠭᠡᠳᠡᠯ᠎ᠡ ᠬᠠᠷᠢᠨ ᠳᠠᠷᠠ ᠣᠬᠠᠭᠠᠠᠳᠠᠢ ᠰᠦᠨᠠᠰᠤ᠄

᠊᠊᠊᠊᠊᠊᠊᠊᠊᠊᠊᠊᠊᠊᠊ ᠶᠠᠭᠠᠭᠢᠯ᠎ᠠ ᠭᠡᠵᠤ ᠪᠣᠯᠳᠠᠭ ᠶᠤᠮ ᠪᠣᠢ᠃ ᠪᠠᠽᠠᠷ ᠭᠤᠸᠠᠢ︕ ᠡᠵᠢ ᠨᠠᠳᠠᠳᠤ ᠭᠦᠯ ᠬᠠᠢ᠌ᠷᠠᠯᠠᠬᠤ ᠳᠤ ᠪᠠᠨ ᠶᠠᠭ ᠦᠪᠡᠷ ᠤᠨ ᠶᠢᠡᠨ ᠭᠦᠯ ᠰᠢᠭ᠌ ᠭᠦᠯ ᠬᠠᠢ᠌ᠷᠠᠯᠠᠭᠰᠠᠨ ᠪᠠᠢ᠌ᠬᠤ ᠦᠭᠡᠶ ᠦᠦ︕ ᠳᠠᠨᠢᠨ᠎ᠠ ᠰᠢᠤ ᠳ᠋ᠠ᠃ ᠪᠣᠯᠳᠠᠭ ᠦᠭᠡᠶ ᠭᠡᠷᠡᠭ᠌᠂ ᠴᠠᠭᠠᠳᠤᠭᠢ ᠪᠠᠨ ᠶᠠᠮᠠᠷ ᠭᠡᠵᠤ ᠰᠠᠨᠠᠨ᠎ᠠ᠃ ᠳᠠ ᠴᠤ ᠭᠡᠰᠡᠨ ᠬᠠᠢ᠌ᠷᠠᠳᠤ ᠭᠡᠷᠭᠡᠢ ᠳᠤ ᠪᠠᠨ ᠭᠦᠯ ᠶᠢᠡᠨ ᠶᠠᠭᠠᠭᠢᠴᠢᠬᠠᠭᠰᠠᠨ ᠭᠡᠵᠤ ᠭᠡᠯᠡᠭᠦ ᠶᠤᠮ ᠪᠣᠢ︖ ᠭᠡᠤᠨ ᠬᠠᠪᠢᠳᠠᠭᠤᠯᠬᠤ ᠦᠭᠡᠶ ᠪᠠᠢ᠌ᠭᠰᠠᠨ᠁ ᠳᠡᠭᠡᠭᠦ ᠳᠤ ᠨᠢ ᠪᠢ᠄

᠊᠊᠊᠊᠊᠊᠊᠊᠊᠊᠊᠊᠊᠊᠊ ᠵᠥᠭᠡᠷ ᠡ᠂ ᠴᠢ ᠠᠪᠣᠭᠠᠤᠨ ᠶᠠᠪᠣ︕ ᠵᠤᠯᠭᠠᠵᠤ ᠢᠷᠡᠭᠡᠤᠨ ᠯᠠ ᠨᠠᠳᠠᠳᠤ ᠥᠭ᠍ᠴᠢᠭᠡᠨ᠎ᠡ ᠪᠢᠵᠠ᠃ ᠭᠡᠤᠨ ᠭᠦᠯ ᠶᠢᠡᠨ ᠠᠪᠣᠭᠠᠤᠨ ᠦᠭ‍ᠭᠦ ᠭᠡᠰᠡᠨ ᠴᠢᠨᠢ᠂ ᠮᠠᠭᠤ ᠬᠤᠩᠭ᠋ᠤ ᠪᠠᠨ ᠭᠦᠡᠳᠡᠴᠢᠭᠡᠭᠡᠤᠨ᠂ ᠳᠡᠭᠦᠨ ᠡᠴᠡ ᠪᠠᠨ ᠪᠣᠯᠤᠭᠠᠤᠨ ᠰᠡᠷᠢᠴᠢᠭᠡᠭ᠍ᠰᠡᠨ ᠶᠤᠮ᠃ ᠮᠦᠨ ᠬᠠᠴᠢᠨ ᠵᠡᠭᠦᠳᠤ ᠡ︕ ᠳᠡᠭᠡᠭᠦ ᠳᠤ ᠪᠠᠨ ᠬᠠᠷ᠎ᠠ ᠳᠠᠷᠤᠭᠰᠠᠨ ᠵᠡᠭᠦᠳᠤ ᠪᠢᠰᠢ ᠪᠠᠢ᠌ᠭᠰᠠᠨ ᠶᠤᠮᠳᠠᠭ ᠦᠦ ᠳ᠋ᠠ︕ ᠁》 ᠭᠡᠵᠤ ᠪᠠᠽᠠᠷ ᠪᠣᠳᠤᠭᠰᠠᠭᠠᠷ ᠬᠤᠶᠠᠷ ᠮᠠᠭᠤ ᠰᠠᠪᠠᠭ᠎ᠠ ᠮᠤᠳᠤ ᠪᠠᠨ ᠳᠤᠯᠵᠤ ᠴᠠᠢ᠌ᠳᠠᠮ ᠤᠨ ᠴᠠᠭᠠᠨ ᠳᠠᠯ᠎ᠠ ᠶᠢ ᠨᠢᠭᠡ ᠬᠤᠷᠤᠭᠠᠭᠰᠠᠨ ᠪᠣᠯᠵᠤ ᠶᠠᠪᠣᠯ᠎ᠠ᠃

《ᠠᠢ᠂ ᠭᠦᠭᠡᠷᠦᠭᠦᠢ ᠡᠨᠡ ᠭᠡᠷ ᠤᠨ ᠪᠠᠷ᠎ᠠ ᠶᠢ ᠨᠢᠭᠡ ᠶᠠᠭᠤᠮ᠎ᠠ ᠬᠠᠷᠠᠳᠠᠭ ᠪᠠᠢ᠌ᠵᠠᠢ ᠡ︕ ᠶᠠᠭᠠᠭᠢᠭᠰᠠᠨ ᠴᠤ ᠴᠢᠮᠡᠭᠡ ᠠᠨᠢᠷ ᠦᠭᠡᠶ ᠪᠠᠢ᠌ᠬᠤ ᠶᠤᠮ ᠪᠣᠢ︕ ᠳᠠᠳᠠ ᠨᠡᠷ ᠮᠠᠨᠢ ᠪᠠᠢ᠌ᠳᠠᠭ ᠯᠠ ᠪᠠᠢ᠌ᠭ᠎ᠠ ᠳ᠋ᠠ᠃ ᠳᠦᠷᠪᠡᠵᠤ ᠵᠢᠭᠤᠳᠠᠭᠠᠤᠨ ᠶᠠᠪᠣᠴᠢᠬᠠᠭᠰᠠᠨ ᠶᠤᠮ ᠪᠣᠯᠪᠠᠤ ⁈ ᠭᠦᠮᠤᠨ ᠤ ᠣᠷᠮᠠᠨ ᠳᠤ ᠪᠦᠷᠳᠥᠢᠭᠦ ᠮᠠᠯ ᠠᠯᠠᠭ᠎ᠠ︕》 ᠭᠡᠵᠤ ᠳᠤᠳᠤᠷ ᠶᠢᠡᠨ ᠬᠠᠷᠠᠯᠠᠭᠤᠯᠤᠭᠰᠠᠨ ᠭᠦᠡᠳᠤ ᠪᠣᠳᠤᠯ ᠪᠣᠳᠤᠭᠰᠠᠭᠠᠷ ᠪᠠᠽᠠᠷ ᠭᠡᠷ ᠶᠢᠡᠨ ᠨᠠᠷᠠ ᠵᠦᠪ ᠳᠤᠭᠤᠷᠢᠭᠠᠤᠨ ᠡᠭᠦᠳᠡᠨ ᠳᠤ ᠪᠠᠨ ᠢᠷᠠᠵᠠᠢ᠃ ᠰᠤᠯᠤᠭᠠᠢ ᠭᠠᠷ ᠶᠢᠡᠨ ᠢᠰᠡᠭᠡᠢ ᠡᠭᠦᠳᠡᠨ ᠳᠤ ᠪᠠᠨ ᠭᠦᠷᠭᠡᠳᠡᠯ᠎ᠡ ᠮᠠᠭᠤ ᠰᠤᠪᠢᠩ ᠨᠢ ᠳᠠᠳᠠᠬᠤ ᠰᠢᠭ ᠪᠣᠯᠬᠤ ᠳᠤ ᠰᠠᠭᠠᠳᠠᠵᠤ ᠵᠤᠭᠰᠤᠪᠠ᠃ 《ᠡᠨᠡ ᠯᠠ ᠮᠠᠭᠤ ᠬᠠᠷ᠎ᠠ ᠭᠡᠷ ᠢ ᠭᠡᠵᠤ ᠳᠦᠴᠢᠨᠠᠨ ᠬᠤᠨᠤᠭ ᠮᠥᠯᠭᠦᠴᠢᠭᠡᠭᠡᠤᠨ ᠣᠳᠤ ᠪᠣᠯᠬᠤᠯᠠᠷ ᠠᠶᠤᠭᠠᠤᠨ ᠪᠠᠢ᠌ᠳᠠᠭ︕ ᠁》 ᠭᠡᠵᠤ ᠦᠪᠡᠷ ᠢ ᠪᠠᠨ ᠵᠢᠮᠠᠯᠠᠨ ᠢᠰᠡᠭᠡᠢ ᠡᠭᠦᠳᠡ ᠶᠢ ᠭᠦᠪᠭᠢᠯᠭᠡᠵᠤ ᠰᠣᠢ᠌ᠯᠠᠭᠠᠤᠨ ᠣᠷᠤᠵᠤ ᠣᠴᠢᠪᠠ᠃ ᠳᠡᠭᠡᠭᠡᠤᠨ᠄

᠊᠊᠊᠊᠊᠊᠊᠊᠊᠊᠊᠊᠊᠊᠊ ᠡ︕ ᠦᠷ᠎ᠡ ᠮᠢᠨᠢ ᠭᠡᠵᠤ ᠬᠠᠰᠭᠢᠷᠤᠭᠰᠠᠨ ᠶᠢᠡᠨ ᠭᠡᠷ ᠤᠨ ᠪᠠᠷᠠᠭᠤᠨ ᠬᠠᠶᠠᠭ᠎ᠠ ᠣᠷᠤᠭᠤ ᠣᠬᠤᠰᠭᠢᠯ᠎ᠠ᠃ ᠨᠢᠳᠤ ᠨᠢ ᠴᠠᠭᠠᠨ ᠶᠢᠡᠷ ᠡᠷᠭᠢᠯᠳᠦᠭᠡᠤᠨ ᠳᠠᠳᠠᠪᠠᠯᠵᠠᠨ ᠭᠡᠪᠳᠡᠵᠤ ᠪᠠᠢ᠌ᠭᠰᠠᠨ ᠪᠠᠭ᠎ᠠ ᠭᠦᠤ ᠪᠠᠨ ᠡᠪᠦᠷ ᠳᠡᠭᠡᠷ᠎ᠡ ᠪᠠᠨ ᠠᠪᠴᠠᠢ᠃ ᠭᠦᠤ ᠶᠢᠨ ᠣᠷᠤᠭᠤᠯ ᠣᠮᠤᠭᠤᠯᠳᠤᠨ ᠬᠠᠳᠠᠵᠤ᠂ ᠴᠢᠷᠠᠢ ᠨᠢ ᠥᠭᠦᠭᠢᠷᠡᠵᠤ ᠵᠡᠪᠠᠭᠡᠢ᠌ᠷᠡᠭᠡᠤᠨ᠂ ᠨᠢᠳᠤᠨ ᠤ ᠭᠢᠨᠢ ᠠᠶᠠᠭ᠎ᠠ ᠦᠨᠡᠰᠤ ᠳᠦᠷᠭᠢᠭ᠍ᠰᠡᠨ ᠶᠤᠮ ᠰᠢᠭ᠌ ᠭᠦᠭᠡᠷᠡᠴᠢᠭᠡᠭ᠍ᠰᠡᠨ ᠪᠠᠢ᠌ᠪᠠ᠃ ᠪᠠᠽᠠᠷ ᠡᠯᠭᠦᠭᠦᠷ ᠣᠷᠤᠭᠤ ᠱᠠᠯᠠᠮᠠᠭᠯᠠᠨ ᠣᠴᠢᠵᠤ ᠬᠠᠩᠭᠢᠷ ᠵᠢᠩᠭᠢᠷ ᠭᠢᠯᠭᠡᠨ ᠬᠠᠮᠤᠭ ᠰᠠᠪᠠ ᠰᠠᠭᠤᠯᠠᠭ᠎ᠠ ᠪᠠᠨ ᠣᠩᠭᠢᠴᠠᠭᠰᠠᠨ ᠳᠤ ᠭᠦᠮᠤᠨ ᠤ ᠣᠷᠮᠠᠨ ᠳᠤ ᠬᠤᠭᠤᠯᠠᠢ ᠣᠷᠤᠭᠤ ᠳᠠᠪᠠᠬᠤ ᠶᠠᠭᠤᠮ᠎ᠠ ᠪᠠᠢ᠌ᠭᠰᠠᠨ ᠦᠭᠡᠶ᠃ ᠭᠦᠤ ᠪᠠᠨ ᠭᠠᠷ ᠳᠡᠭᠡᠷ᠎ᠡ ᠪᠠᠨ ᠠᠪᠴᠤ ᠠᠮᠠ ᠶᠢ ᠨᠢ ᠠᠩᠭ᠋ᠠᠢ᠌ᠯᠭᠠᠨ ᠰᠢᠯᠤᠰᠤ ᠪᠠᠨ ᠭᠢᠭᠦ ᠭᠡᠪᠠᠯ ᠦᠪᠡᠷ ᠡᠴᠡ ᠨᠢ ᠰᠢᠯᠤᠰᠤ ᠭᠠᠷᠤᠭᠰᠠᠨ ᠦᠭᠡᠶ ᠡ᠃ ᠳᠡᠭᠡᠭᠡᠤᠨ 《ᠦᠷᠡᠰ ᠮᠢᠨᠢ ᠦᠯᠪᠠᠷᠠᠵᠤ ᠥᠭᠦᠵᠤ ᠪᠠᠢ᠌ᠨ᠎ᠠ ᠰᠢᠤ ᠳ᠋ᠠ 》 ᠭᠡᠰᠡᠨ ᠪᠣᠳᠤᠯ ᠳᠤ ᠡᠵᠡᠯᠡᠭᠦᠯᠤᠨ ᠨᠢᠳᠤᠨ ᠤ ᠭᠢᠨᠢ ᠨᠢᠯᠪᠣᠰᠤ ᠪᠦᠷᠭᠦᠵᠡᠢ᠃

᠊᠊᠊᠊᠊᠊᠊᠊᠊᠊᠊᠊᠊᠊᠊ ᠡ᠂ ᠣᠰᠤᠨ ᠨᠢᠳᠤ︕ ᠭᠡᠵᠤ ᠬᠠᠷᠢᠶᠠᠭᠠᠤᠨ᠂ ᠪᠠᠭ᠎ᠠ ᠭᠦᠤ ᠪᠠᠨ ᠳᠡᠪᠠᠷᠢᠭ᠍ᠰᠡᠭᠡᠷ ᠶᠡᠭᠡ ᠭᠦᠤ ᠶᠢᠨ ᠶᠢᠡᠨ ᠬᠠᠵᠠᠭᠤ ᠳᠤ ᠣᠴᠢᠵᠤ ᠰᠥᠭᠦᠷᠡᠪᠡ᠃

᠊᠊᠊᠊᠊᠊᠊᠊᠊᠊᠊᠊᠊᠊᠊ ᠮᠢᠨᠤ ᠭᠦᠤ ᠡ︕ ᠪᠣᠰᠤᠭᠠᠷᠠᠢ᠂ ᠠᠪᠣ ᠨᠢ ᠢᠷᠡᠭ᠍ᠰᠡᠨ︕ ᠭᠡᠵᠤ ᠳᠠᠭᠤᠳᠠᠭᠰᠠᠨ ᠳᠤ ᠭᠠᠯᠳᠠᠨ ᠰᠤᠴᠢᠨ᠄

᠊᠊᠊᠊᠊᠊᠊᠊᠊᠊᠊᠊᠊᠊᠊ ᠠᠪᠣ ᠡ ᠭᠡᠤᠨ ᠦᠰᠦᠷᠤᠨ ᠪᠣᠰᠤᠭᠰᠠᠨ ᠶᠢᠡᠨ ᠪᠠᠽᠠᠷ ᠢ ᠬᠠᠷᠠᠮᠠᠭᠴᠠ ᠬᠠᠨ᠎ᠠ ᠣᠷᠤᠭᠤ ᠪᠠᠨ ᠵᠢᠦᠡᠭᠦᠭᠡᠤᠨ ᠴᠢᠨ᠋ᠸ᠎ᠠ ᠶᠢᠨ ᠪᠠᠯᠳᠡᠷᠭᠡ ᠰᠢᠭ᠌ ᠳᠤᠭᠰᠢᠨ ᠴᠠᠭᠠᠨ ᠨᠢᠳᠤ ᠭᠠᠷᠭᠠᠨ ᠣᠬᠤᠴᠢᠵᠤ᠄

᠊᠊᠊᠊᠊᠊᠊᠊᠊᠊᠊᠊᠊᠊᠊ ᠳᠠ ᠮᠢᠨᠤ ᠠᠪᠣ ᠪᠢᠰᠢ ᠪᠠᠢ᠌ᠨ᠎ᠠ︕ ᠭᠡᠪᠡ᠃

᠊᠊᠊᠊᠊᠊᠊᠊᠊᠊᠊᠊᠊᠊᠊ ᠠᠷᠭ᠎ᠠ ᠦᠭᠡᠶ᠂ ᠮᠢᠨᠤ ᠭᠦᠤ ᠳᠠᠨᠢᠬᠤ ᠦᠭᠡᠶ ᠪᠠᠢ᠌ᠭ᠎ᠠ᠃ ᠴᠢ ᠠᠪᠣ ᠶᠢᠨ ᠶᠢᠡᠨ ᠨᠢᠳᠤ ᠶᠢ ᠬᠠᠷᠠ︕ ᠳᠡᠭᠡᠪᠠᠯ ᠳᠠᠨᠢᠵᠤ ᠮᠠᠭᠠᠤᠨ ᠦᠭᠡᠶ᠃ ᠮᠠᠭᠤ ᠭᠦᠮᠦᠰ ᠠᠪᠣ ᠶᠢ ᠨᠢ ᠢᠩᠭᠢᠳᠠᠯ᠎ᠠ ᠪᠠᠨ ᠵᠤᠳᠤᠴᠢᠬᠠᠭᠰᠠᠨ ᠶᠤᠮ᠁ ᠠᠯᠢᠪ ᠣᠰᠤ ᠬᠠᠮᠢᠭ᠎ᠠ ᠪᠠᠢ᠌ᠨ᠎ᠠ᠃ ᠢᠳᠡᠭᠦ ᠶᠠᠭᠤᠮ᠎ᠠ ᠪᠠᠢ᠌ᠨ᠎ᠠ ᠦᠦ︖ ᠴᠢ ᠳᠡᠭᠦᠤ ᠪᠠᠨ ᠬᠠᠷᠠ᠂ ᠢᠩᠭᠢᠴᠢᠭᠡᠭ᠍ᠰᠡᠨ ᠶᠤᠮ ᠪᠣᠢ ⁈

ᠭᠠᠯᠳᠠᠨ ᠡᠨᠡ ᠠᠶᠤᠮᠠᠷ ᠭᠦᠮᠤᠨ ᠤ ᠡᠪᠦᠷ ᠳᠡᠭᠡᠷ᠎ᠡ ᠳᠡᠭᠦᠤ ᠨᠢ ᠪᠠᠢ᠌ᠭ᠎ᠠ ᠶᠢ ᠣᠳᠤ ᠯᠠ ᠬᠠᠷᠠᠵᠤ᠂ ᠠᠶᠤᠭᠰᠠᠨ ᠨᠢᠳᠤ ᠪᠠᠨ ᠪᠦᠯᠳᠡᠢ᠌ᠯᠭᠡᠭ᠍ᠰᠡᠨ ᠶᠢᠡᠨ᠂ ᠳᠤᠯᠤᠭᠠᠢ ᠪᠠᠨ ᠡᠷᠭᠦᠰᠭᠢᠨ ᠭᠡᠳᠤᠨ ᠬᠤᠷᠤᠮ ᠭᠢᠷᠢ ᠬᠤᠭᠤᠴᠠᠭ᠎ᠠ ᠪᠠᠽᠠᠷ ᠤᠨ ᠨᠢᠳᠤ ᠶᠢ ᠴᠠᠪᠴᠢᠯ ᠦᠭᠡᠶ ᠰᠢᠷᠳᠡᠭᠡᠤᠨ᠄

᠊᠊᠊᠊᠊᠊᠊᠊᠊᠊᠊᠊᠊᠊᠊ ᠠᠪᠣ ᠡ︕ ᠭᠡᠵᠤ ᠮᠦᠷᠤᠨ ᠳᠤ ᠨᠢ ᠦᠰᠦᠷᠤᠨ ᠨᠠᠭᠠᠯᠳᠤᠪᠠ᠃

᠊᠊᠊᠊᠊᠊᠊᠊᠊᠊᠊᠊᠊᠊᠊ ᠳᠡᠭᠡᠯᠭᠦᠢ ᠶᠠᠭᠠᠭᠢᠬᠤᠪ᠂ ᠮᠢᠨᠤ ᠭᠦᠤ᠃ ᠠᠪᠣ ᠶᠢ ᠪᠠᠨ ᠳᠠᠨᠢᠬᠤ ᠶᠤᠰᠤᠳᠠᠢ︕ ᠠᠯᠢᠪ ᠮᠢᠨᠤ ᠭᠦᠤ ᠣᠤᠭᠤᠬᠤ ᠢᠳᠡᠭᠦ ᠶᠠᠭᠤᠮ᠎ᠠ ᠪᠣᠢ ᠦᠦ︖ ᠳᠡᠭᠦᠤ ᠨᠢ ᠪᠣᠯᠬᠤ ᠦᠭᠡᠶ ᠪᠣᠯᠵᠤ ᠪᠠᠢ᠌ᠨ᠎ᠠ︕

᠊᠊᠊᠊᠊᠊᠊᠊᠊᠊᠊᠊᠊᠊᠊ ᠡᠵᠢ ᠣᠰᠤ ᠦᠭ‍ᠭᠦᠭᠡᠤᠨ ᠪᠠᠢ ᠭᠡᠰᠡᠨ ᠶᠤᠮ᠃ ᠪᠢ ᠦᠭ‍ᠭᠦᠭᠡᠤᠨ ᠯᠠ ᠪᠠᠢ᠌ᠭᠰᠠᠨ᠃ ᠣᠰᠤ ᠴᠤ ᠪᠣᠯ ᠪᠣᠢ ᠯᠠ ᠳ᠋ᠠ᠃ ᠭᠡᠭᠦ ᠳᠤ ᠪᠠᠨ ᠳᠡᠭᠦᠤ ᠥᠯᠦᠰᠦᠭᠡᠤᠨ ᠪᠠᠢ᠌ᠭ᠎ᠠ ᠶᠤᠮ᠃

᠊᠊᠊᠊᠊᠊᠊᠊᠊᠊᠊᠊᠊᠊᠊ ᠠᠯᠢᠪ ᠣᠰᠤ ᠠᠪᠣᠭᠠᠤᠨ ᠢᠷ᠎ᠠ︕

ᠭᠠᠯᠳᠠᠨ ᠰᠢᠨᠠᠭ᠎ᠠ ᠪᠠᠷᠢᠵᠤ ᠭᠠᠷᠤᠭᠠᠤᠨ ᠥᠳᠡᠭᠡᠷᠢ ᠳᠡᠪᠳᠦᠭᠡᠭ᠍ᠰᠡᠨ ᠥᠮᠡᠭᠡᠢ ᠣᠰᠤᠨ ᠡᠴᠡ ᠣᠤᠠᠬᠤᠵᠤ ᠢᠷᠠᠪᠠ᠃ ᠪᠠᠽᠠᠷ ᠪᠠᠭ᠎ᠠ ᠭᠦᠤ ᠶᠢᠨ ᠶᠢᠡᠨ ᠠᠮᠠ ᠣᠷᠤᠭᠤ ᠵᠢᠭᠠᠬᠠᠨ ᠴᠢᠤᠠᠬᠤᠭᠰᠠᠨ ᠳᠤ ᠪᠠᠶᠠᠷ᠎ᠠ ᠶᠢᠨ ᠨᠢᠳᠤᠨ ᠤ ᠵᠤᠪᠭᠢ ᠠᠮᠢᠯᠠᠨ ᠭᠦᠳᠡᠯᠵᠤ ᠠᠮᠢᠰᠬᠤᠭ᠎ᠠ ᠨᠢ ᠣᠢ᠌ᠷ᠎ᠠ ᠣᠢ᠌ᠷᠠᠬᠠᠨ ᠪᠣᠯᠵᠤ ᠢᠷᠡᠭᠡᠤᠨ᠂ ᠮᠤᠳᠤ ᠮᠠᠳᠤ ᠬᠠᠳᠠᠭᠤᠷᠠᠵᠤ ᠳᠠᠳᠠᠭᠰᠠᠨ ᠪᠠᠶ᠎ᠠ ᠨᠢ ᠳᠠᠯᠪᠢᠭᠳᠠᠵᠤ᠂ ᠣᠷᠤᠭᠤᠯ ᠶᠢᠡᠨ ᠰᠢᠮᠠᠯᠳᠠᠨ ᠳᠤᠯᠢᠶᠠᠵᠠᠢ᠃

᠊᠊᠊᠊᠊᠊᠊᠊᠊᠊᠊᠊᠊᠊᠊ ᠠᠪᠣ ᠡ᠂ ᠳᠠᠭᠢᠭᠠᠤᠨ ᠣᠰᠤ ᠦᠭ‍ᠭᠦᠶ᠎ᠡ ᠁ ᠮᠢᠨᠤ ᠳᠡᠭᠦᠤ ᠣᠰᠤ ᠣᠤᠭᠤᠬᠤ ᠦᠦ ᠭᠡᠵᠤ ᠭᠠᠯᠳᠠᠨ ᠭᠡᠯᠡᠭ᠍ᠰᠡᠨ ᠳᠤ ᠣᠬᠠᠭᠠᠨ ᠨᠢ ᠡᠳᠡᠢ ᠪᠣᠳᠠᠢ ᠪᠠᠢ᠌ᠭᠰᠠᠨ ᠪᠠᠶᠠᠷ᠎ᠠ ᠳᠤᠯᠤᠭᠠᠢ ᠪᠠᠨ ᠳᠤᠭᠢᠭᠰᠠᠨ ᠪᠣᠯᠵᠠᠢ᠃ ᠭᠡᠪᠠᠴᠤ ᠣᠰᠤ ᠦᠭ‍ᠭᠦᠭ᠍ᠰᠡᠨ ᠳᠤ ᠣᠤᠭᠤᠭᠰᠠᠨ ᠦᠭᠡᠶ᠃ ᠪᠠᠽᠠᠷ ᠳᠤᠮᠤ ᠵᠠᠰ ᠰᠢᠨᠠᠭ᠎ᠠ ᠲᠡᠶ ᠥᠮᠡᠭᠡᠢ ᠣᠰᠤᠨ ᠡᠴᠡ ᠭᠠᠯᠳᠠᠨ ᠳᠤ ᠵᠠᠯᠭᠢᠭᠤᠯᠤᠭᠠᠤᠨ ᠰᠢᠨᠠᠭᠠᠨ ᠤ ᠶᠡᠭᠡᠩᠭᠢ ᠪᠠᠷ ᠥᠯᠡᠳᠡᠭ᠍ᠰᠡᠨ ᠣᠰᠤ ᠶᠢ ᠦᠪᠡᠷ ᠶᠢᠡᠨ ᠪᠦᠭᠦᠳᠡ ᠶᠢ ᠨᠢ ᠴᠢᠤᠠᠬᠤᠵᠠᠢ᠃

᠊᠊᠊᠊᠊᠊᠊᠊᠊᠊᠊᠊᠊᠊᠊ ᠡᠵᠢ ᠴᠢᠨᠢ ᠶᠠᠭᠠᠭᠢᠭᠰᠠᠨ ᠶᠤᠮ ᠪᠣᠢ︖

᠊᠊᠊᠊᠊᠊᠊᠊᠊᠊᠊᠊᠊᠊᠊ ᠡᠵᠢ ᠬᠤᠭᠤᠯᠠ ᠣᠮᠳᠠ ᠡᠷᠭᠢᠴᠡᠭᠦᠯᠭᠦ ᠪᠠᠷ ᠶᠠᠪᠣᠭᠰᠠᠨ᠃

᠊᠊᠊᠊᠊᠊᠊᠊᠊᠊᠊᠊᠊᠊᠊ ᠬᠠᠮᠢᠭᠠᠰᠢ ᠪᠠᠨ ᠳᠠᠷᠠ ᠪᠣᠢ︖

᠊᠊᠊᠊᠊᠊᠊᠊᠊᠊᠊᠊᠊᠊᠊ ᠠᠶᠠᠠᠴᠢᠨ ᠤ ᠵᠠᠮ ᠳᠤᠰᠬᠤ ᠪᠠᠷ︕ ᠬᠤᠶᠠᠷ ᠬᠤᠨᠤᠭᠠᠤᠨ ᠢᠷᠠᠨ᠎ᠠ ᠭᠡᠰᠡᠨ᠃ ᠣᠳᠤ ᠡᠢ᠌ᠮᠤ ᠬᠤᠨᠤᠴᠢᠬᠠᠭᠠᠤᠨ ᠪᠠᠢ᠌ᠨ᠎ᠠ ᠭᠡᠤᠨ ᠭᠠᠯᠳᠠᠨ ᠬᠣᠢ᠌ᠳᠤ ᠠᠪᠳᠠᠷ᠎ᠠ ᠣᠷᠤᠭᠤ ᠪᠠᠨ ᠵᠢᠭᠠᠭᠰᠠᠨ ᠢ ᠨᠢ ᠬᠠᠷᠠᠪᠠᠯ ᠳᠦᠷᠪᠡᠨ ᠴᠠᠭᠠᠨ ᠴᠢᠯᠠᠭᠤ ᠡᠩᠨᠡᠭᠦᠯᠤᠨ ᠳᠠᠯᠪᠢᠭᠰᠠᠨ ᠪᠠᠢ᠌ᠯ᠎ᠠ᠃ ᠠᠪᠣ ᠨᠢ ᠭᠠᠯᠳᠠᠨ ᠶᠢᠡᠨ ᠡᠴᠢᠭᠡ ᠭᠦᠮᠤᠨ ᠤ ᠬᠠᠯᠠᠭᠤᠨ ᠬᠠᠢ᠌ᠷ᠎ᠠ ᠶᠢᠨ ᠬᠠᠷᠠᠴᠠ ᠪᠠᠷ ᠱᠠᠩᠨᠠᠭᠠᠤᠨ᠄

᠊᠊᠊᠊᠊᠊᠊᠊᠊᠊᠊᠊᠊᠊᠊ ᠳᠡᠭᠡᠭᠡᠤᠨ ᠡᠵᠢ ᠴᠢᠨᠢ ᠣᠪᠣᠭᠠᠨ ᠴᠢᠯᠠᠭᠤ ᠣᠷᠤᠬᠤ ᠪᠠᠷ ᠶᠠᠪᠣᠭᠰᠠᠨ ᠭᠡᠷᠡᠭ᠌ ᠦᠦ︖ ᠴᠢᠨ᠋ᠸ᠎ᠠ ᠡᠯᠪᠠᠭ᠌ ᠲᠡᠶ ᠭᠠᠵᠠᠷ ᠰᠢᠤ ᠳ᠋ᠠ︕ ᠁

᠊᠊᠊᠊᠊᠊᠊᠊᠊᠊᠊᠊᠊᠊᠊ ᠮᠡᠳᠡᠭᠦ ᠦᠭᠡᠶ᠃

᠊᠊᠊᠊᠊᠊᠊᠊᠊᠊᠊᠊᠊᠊᠊ ᠮᠢᠨᠤ ᠭᠦᠤ ᠳᠡᠭᠡᠭᠡᠤᠨ ᠢᠳᠡᠭᠦ ᠶᠠᠭᠤᠮ᠎ᠠ ᠪᠠᠢ᠌ᠬᠤ ᠦᠭᠡᠶ ᠦᠦ︖

ᠭᠠᠯᠳᠠᠨ ᠳᠤᠤᠭᠠᠷᠤᠭᠰᠠᠨ ᠦᠭᠡᠶ᠃ ᠳᠠᠷᠠ ᠭᠡᠦᠭᠡᠤᠨ ᠨᠢᠭᠡ ᠶᠠᠭᠤᠮ᠎ᠠ ᠪᠣᠳᠤᠵᠤ ᠳᠤᠳᠤᠷ ᠶᠢᠡᠨ ᠭᠢᠮᠤᠷᠠᠭᠤᠯᠤᠨ ᠳᠡᠨᠡᠭᠡᠯᠵᠡᠭ᠍ᠰᠡᠭᠡᠷ ᠭᠡᠰᠡᠭ᠌ ᠪᠣᠯᠪᠠ᠃ ᠪᠠᠽᠠᠷ᠄

᠊᠊᠊᠊᠊᠊᠊᠊᠊᠊᠊᠊᠊᠊᠊ ᠮᠢᠨᠤ ᠭᠦᠤ ᠳᠡᠭᠡᠭᠡᠤᠨ ᠢᠳᠡᠭᠦ ᠶᠠᠭᠤᠮ᠎ᠠ ᠶᠠᠭᠤ ᠴᠤ ᠪᠠᠢ᠌ᠬᠤ ᠦᠭᠡᠶ ᠦᠦ⁈

ᠨᠢ᠋ᠮᠠᠨ ᠨᠠᠰᠤᠨ ᠤ ᠵᠢᠭᠠᠯ ᠭᠦᠤ ᠥᠯᠦᠰᠭᠦᠯᠡᠩ ᠳᠤᠭᠰᠢᠨ ᠬᠠᠷᠠᠴᠠ ᠪᠠᠷ ᠭᠡᠷ ᠤᠨ ᠶᠢᠡᠨ ᠳᠤᠭᠤᠨᠤ ᠣᠷᠤᠭᠤ ᠰᠢᠷᠪᠠᠵᠤ ᠬᠠᠷᠠᠭᠰᠠᠨ ᠶᠢᠡᠨ ᠪᠣᠳᠤᠭᠰᠠᠨ ᠨᠢ᠄ 《ᠥᠨᠡᠭᠡᠷ ᠠᠷᠪᠠᠢ ᠶᠢᠨ ᠭᠤᠷᠢᠯ ᠪᠢᠰᠢ ᠶᠤᠮ ᠪᠠᠢ᠌ᠭ᠎ᠠ︕ ᠁ ᠳᠠᠷᠠ ᠯᠠᠪ ᠠᠷᠪᠠᠢ ᠶᠢᠨ ᠭᠤᠷᠢᠯ ᠪᠠᠢ᠌ᠬᠤ ᠰᠢᠤ︕ ᠁ ᠳᠠᠷᠠ ᠶᠠᠭᠠᠭᠢᠪᠠᠴᠤ ᠠᠷᠪᠠᠢ ᠶᠢᠨ ᠭᠤᠷᠢᠯ︕ ᠡᠵᠢ ᠬᠤᠳᠠᠯ ᠭᠡᠯᠡᠭᠦ ᠦᠭᠡᠶ᠃ ᠳᠠᠷᠠ ᠠᠷᠪᠠᠢ ᠶᠢᠨ ᠭᠤᠷᠢᠯ ᠮᠦᠨ᠂ ᠮᠦᠨ ᠮᠦᠨ︕》 ᠴᠢᠩᠭᠢᠭᠡᠤᠨ᠄

᠊᠊᠊᠊᠊᠊᠊᠊᠊᠊᠊᠊᠊᠊᠊ ᠢᠳᠡᠭᠦ ᠶᠠᠭᠤᠮ᠎ᠠ ᠪᠣᠢ᠂ ᠠᠪᠣ ᠡ︕ ᠭᠡᠪᠡ᠃

᠊᠊᠊᠊᠊᠊᠊᠊᠊᠊᠊᠊᠊᠊᠊ ᠳᠡᠭᠡᠭᠡᠤᠨ ᠳᠠᠷᠠ ᠢᠳᠡᠭᠦ ᠶᠠᠭᠤᠮ᠎ᠠ ᠴᠢᠨᠢ ᠬᠠᠮᠢᠭ᠎ᠠ ᠪᠠᠢ᠌ᠭ᠎ᠠ ᠶᠤᠮ ᠪᠣᠢ︖

᠊᠊᠊᠊᠊᠊᠊᠊᠊᠊᠊᠊᠊᠊᠊ ᠳᠠᠠᠳᠠ᠂ ᠠᠪᠣ ᠡ᠃ ᠳᠠᠷᠠ ᠳᠤᠭᠤᠨᠤᠨ ᠳᠤ ᠠᠷᠪᠠᠢ ᠶᠢᠨ ᠭᠤᠷᠢᠯ ᠳᠡᠭᠦᠵᠢᠯᠡᠭᠡᠰᠦᠳᠡᠢ ᠪᠠᠢ᠌ᠨ᠎ᠠ᠃ ᠡᠵᠢ ᠦᠪᠡᠷ ᠶᠢᠡᠨ ᠢᠷᠡᠭᠡᠤᠨ ᠵᠢᠭᠤᠷᠠᠵᠤ ᠦᠭ‍ᠭᠦᠨ᠎ᠡ ᠭᠡᠰᠡᠨ ᠶᠤᠮ᠃ ᠳᠡᠭᠦᠤ ᠳᠤ ᠪᠠᠨ ᠢᠩᠭᠢᠭᠡᠤᠨ ᠭᠡᠯᠡᠵᠤ ᠪᠠᠢ᠌ᠭᠠᠷᠠᠢ ᠭᠡᠰᠡᠨ᠃

᠊᠊᠊᠊᠊᠊᠊᠊᠊᠊᠊᠊᠊᠊᠊ ᠳᠠᠷᠠ ᠴᠢᠨᠢ ᠶᠠᠭᠠᠭᠢᠭᠰᠠᠨ ᠳᠡᠨᠡᠭ᠌ ᠡᠮ᠎ᠡ ᠪᠣᠢ᠂ ᠯᠠᠪ ᠬᠤᠶᠠᠷ ᠬᠤᠮᠪᠤᠨ ᠰᠢᠨᠠᠭ᠎ᠠ ᠭᠤᠷᠢᠯ ᠪᠠᠢ᠌ᠨ᠎ᠠ ᠰᠢᠤ ᠭᠡᠤᠨ ᠪᠠᠽᠠᠷ ᠭᠠᠭ᠎ᠠ ᠭᠦᠤ ᠪᠠᠨ ᠳᠠᠯᠪᠢᠴᠢᠬᠠᠭᠠᠤᠨ ᠳᠠᠪᠭᠢᠭᠠᠤᠨ ᠪᠣᠰᠴᠠᠢ᠃ ᠠᠷᠪᠠᠢ ᠶᠢᠨ ᠴᠢᠮᠡᠭᠡ ᠪᠠᠷ ᠪᠠᠶᠠᠷ᠎ᠠ ᠶᠢᠨ ᠨᠢᠳᠤ ᠣᠪᠣᠭ᠎ᠠ ᠰᠡᠷᠭᠦᠵᠤ᠂ ᠠᠬ᠎ᠠ ᠲᠡᠶ ᠪᠠᠨ ᠬᠠᠷᠠᠴᠠ ᠨᠡᠢ᠌ᠯᠡᠭᠦᠯᠤᠨ ᠳᠤᠭᠤᠨᠤ ᠣᠷᠤᠭᠤ ᠪᠠᠨ ᠭᠦᠯᠢᠷᠡᠪᠡ᠃ ᠭᠦᠭᠡᠷᠦᠭᠦᠢ ᠭᠡᠵᠢ︕ ᠡᠨᠡ ᠬᠤᠶᠠᠷ ᠭᠡᠳᠤᠨ ᠴᠤ ᠣᠳᠠᠭ᠎ᠠ ᠢᠩᠭᠢᠵᠤ ᠣᠯᠢᠯᠵᠠᠨ ᠪᠠᠢ᠌ᠭ᠎ᠠ ᠠᠮᠢᠳᠠᠤᠨ ᠪᠢᠯᠠ︕

ᠪᠠᠽᠠᠷ ᠤᠨ ᠳᠤᠯᠤᠭᠠᠢ ᠨᠢ ᠪᠠᠷᠤᠭ ᠳᠤᠭᠤᠨᠤ ᠱᠥᠷᠭᠦᠨ ᠪᠠᠢ᠌ᠭᠰᠠᠨ ᠳᠤᠯᠠ ᠬᠤᠶᠠᠷ ᠮᠠᠭᠤ ᠬᠤᠩᠭ᠋ᠤ ᠪᠠᠨ ᠭᠦᠡᠳᠡᠨ ᠪᠠᠢ᠌ᠵᠤ ᠳᠤᠷᠤᠭᠰᠢ ᠪᠠᠨ ᠪᠣᠯᠵᠤ ᠴᠡᠩᠭᠡᠷ ᠳᠠᠯᠢᠩᠪᠣᠤ ᠭᠤᠳᠡᠢ ᠶᠢᠨ ᠠᠮᠠᠰᠠᠷ ᠢ ᠳᠠᠢ᠌ᠯᠵᠠᠢ᠃ ᠪᠠᠽᠠᠷ ᠭᠡᠪᠳᠡᠭᠦ ᠭᠡᠵᠤ ᠪᠠᠢ᠌ᠭ᠎ᠠ ᠦᠯ ᠬᠠᠯᠵᠠᠨ ᠠᠳᠠ ᠰᠢᠭ ᠡᠪᠦᠳᠦᠭ᠌ ᠳᠡᠭᠡᠷ᠎ᠡ ᠪᠠᠨ ᠱᠤᠩᠨᠣᠢ᠌ᠨ ᠰᠠᠭᠤᠵᠤ᠂ ᠭᠠᠯᠳᠠᠨ ᠤ ᠭᠦᠯ ᠤᠨ ᠬᠠᠵᠠᠭᠤ ᠳᠤ ᠪᠠᠢ᠌ᠭᠰᠠᠨ ᠡᠮᠳᠡᠷᠭᠡᠢ ᠰᠢᠷ᠎ᠠ ᠳᠤᠤᠱᠠ ᠶᠢ ᠠᠪᠤᠨ ᠣᠷᠳᠤ ᠭᠠᠷ ᠶᠢᠡᠨ ᠭᠤᠳᠡᠢ ᠶᠢᠨ ᠢᠷᠤᠭᠠᠯ ᠣᠷᠤᠭᠤ ᠶᠠᠪᠣᠭᠤᠯᠪᠠ᠃ ᠬᠤᠶᠠᠷ ᠭᠦᠤ ᠶᠢᠨ ᠭᠢᠨᠢ ᠳᠦᠷᠪᠡᠨ ᠨᠢᠳᠤ ᠪᠦᠯᠳᠡᠷᠡᠭᠡᠤᠨ ᠣᠨᠠᠴᠢᠬᠠᠬᠤ ᠪᠣᠢ ᠭᠡᠯᠳᠡᠢ ᠭᠤᠳᠡᠢ ᠶᠢᠨ ᠠᠮᠠ ᠶᠢ ᠱᠠᠭᠠᠢ᠌ᠨ᠎ᠠ᠃ ᠡᠷᠳᠡᠨᠢ ᠶᠢᠨ ᠰᠠᠢ᠌ᠬᠠᠨ ᠭᠤᠷᠢᠯ ᠭᠠᠷᠴᠤ ᠢᠷᠠᠨ᠎ᠠ ᠭᠡᠵᠤ ᠳᠠᠷᠠ ᠳᠦᠷᠪᠡᠨ ᠨᠢᠳᠤ ᠨᠢᠭᠡᠨ ᠬᠤᠷᠤᠮ ᠤᠨ ᠳᠤᠳᠤᠷ᠎ᠠ ᠮᠢᠩᠭ᠋ᠠᠠᠳᠠ ᠭᠦᠰᠡᠵᠤ ᠭᠦᠯᠢᠶᠡᠵᠤ ᠪᠠᠢ᠌ᠯ᠎ᠠ᠃ ᠠᠪᠣ ᠨᠢ ᠠᠶᠠᠭ᠎ᠠ ᠳᠦᠭᠦᠷᠡᠩ ᠠᠯᠳᠠ ᠠᠪᠴᠢᠷᠠᠵᠤ ᠪᠠᠢ᠌ᠭ᠎ᠠ ᠶᠤᠮ ᠰᠢᠭ ᠬᠠᠴᠢᠨ ᠪᠣᠯᠭᠤᠮᠵᠢᠳᠠᠢ ᠪᠠᠷ ᠳᠤᠤᠱᠠ ᠪᠠᠨ ᠳᠦᠭᠦᠷᠡᠩ ᠣᠳᠬᠤᠵᠤ ᠢᠷᠠᠯ᠎ᠠ᠁ ᠨᠠᠷᠠ ᠠᠯᠠᠭ᠎ᠠ ᠪᠣᠯᠴᠢᠬᠠᠬᠤ ᠰᠢᠭ ᠪᠣᠯᠪᠠ︕ ᠠᠷᠪᠠᠢ ᠶᠢᠨ ᠭᠤᠷᠢᠯ ᠪᠢᠰᠢ᠂ ᠠᠷᠭᠠᠯ ᠤᠨ ᠦᠨᠡᠰᠤ ᠪᠠᠢ᠌ᠵᠠᠢ ᠡ︕

᠊᠊᠊᠊᠊᠊᠊᠊᠊᠊᠊᠊᠊᠊᠊ ᠭᠡ᠂ ᠡᠨᠡ ᠴᠢᠨᠢ ᠦᠨᠡᠰᠤ ᠰᠢᠪ ᠳ᠋ᠠ ᠭᠡᠵᠤ ᠪᠠᠽᠠᠷ ᠬᠠᠷᠠᠭᠤᠰᠤᠨ ᠳᠠᠭᠤ ᠠᠯᠳᠠᠪᠠ᠃

᠊᠊᠊᠊᠊᠊᠊᠊᠊᠊᠊᠊᠊᠊᠊ ᠳᠠᠢ᠌ᠮᠤ ᠪᠠᠢ᠌ᠨ᠎ᠠ ᠡ ᠭᠡᠵᠤ ᠭᠠᠯᠳᠠᠨ ᠣᠭᠢᠯᠠᠩᠨᠠᠵᠠᠢ᠃ ᠶᠠᠭᠤ ᠴᠤ ᠭᠡᠯᠡᠯ ᠦᠭᠡᠶ ᠮᠠᠯᠮᠠᠷᠠᠨ ᠬᠠᠷᠠᠵᠤ ᠰᠠᠭᠤᠭᠰᠠᠨ ᠪᠠᠭ᠎ᠠ ᠭᠦᠤ᠄

᠊᠊᠊᠊᠊᠊᠊᠊᠊᠊᠊᠊᠊᠊᠊ ᠡ᠂ ᠡ ᠭᠡᠮᠡᠨ ᠡᠭᠡᠷ ᠳᠠᠳᠠᠭᠠᠤᠨ ᠰᠢᠯᠢ ᠪᠠᠨ ᠱᠥᠷᠭᠦᠭᠡᠭᠦ ᠮᠠᠳᠤ ᠠᠭᠵᠠᠢ᠌ᠭᠰᠠᠨ ᠶᠢᠡᠨ ᠠᠷᠤ ᠭᠤᠤᠯ ᠶᠢᠡᠷ ᠶᠢᠡᠨ ᠳᠠᠰ ᠭᠢᠭᠡᠤᠨ ᠣᠨᠠᠴᠢᠬᠠᠪᠠ᠃

᠊᠊᠊᠊᠊᠊᠊᠊᠊᠊᠊᠊᠊᠊᠊ ᠦᠷ᠎ᠡ ᠮᠢᠨᠢ᠂ ᠪᠠᠶᠠᠷ᠎ᠠ ᠮᠢᠨᠢ ᠁

ᠭᠠᠰᠠᠯᠠᠩᠳᠤ ᠡᠴᠢᠭᠡ ᠣᠬᠤᠰᠭᠢᠨ ᠭᠦᠤ ᠪᠠᠨ ᠭᠠᠷ ᠳᠡᠭᠡᠷ᠎ᠡ ᠪᠠᠨ ᠠᠪᠣᠭᠰᠠᠨ ᠳᠤ ᠭᠦᠤ ᠨᠢ ᠠᠮᠢᠰᠬᠤᠭ᠎ᠠ ᠪᠠᠨ ᠬᠤᠷᠢᠶᠠᠵᠤ ᠪᠠᠢ᠌ᠯ᠎ᠠ᠃

ᠭᠡᠷ ᠤᠨ ᠵᠡᠭᠦᠨ ᠳᠠᠯ᠎ᠠ ᠪᠠᠷ ᠨᠢᠭᠡ ᠶᠠᠭᠤᠮ᠎ᠠ ᠱᠠᠷ ᠱᠤᠷ ᠭᠡᠤᠨ ᠡᠭᠦᠳᠡ ᠪᠠᠷ ᠣᠷᠤᠭᠠᠤᠨ ᠢᠷᠡᠭ᠍ᠰᠡᠨ ᠨᠢ ᠪᠠᠤᠠᠮ᠎ᠠ︕ ᠁

᠊᠊᠊᠊᠊᠊᠊᠊᠊᠊᠊᠊᠊᠊᠊ ᠪᠠᠤᠠᠮ᠎ᠠ ᠮᠢᠨᠢ᠂ ᠭᠡᠷᠭᠡᠢ ᠮᠢᠨᠢ᠃ ᠪᠢ ᠭᠦᠤ ᠶᠢ ᠴᠢᠨᠢ ᠠᠯᠠᠴᠢᠬᠠᠯ᠎ᠠ︕

ᠡᠭᠡ ᠮᠤᠳᠤᠨ ᠠᠶᠠᠭ᠎ᠠ ᠲᠡᠶ ᠦᠨᠡᠰᠤ ᠶᠢ ᠬᠠᠷᠠᠭᠠᠤᠨ᠄

᠊᠊᠊᠊᠊᠊᠊᠊᠊᠊᠊᠊᠊᠊᠊ ᠪᠢ ᠁ ᠪᠢ ᠯᠠ ᠠᠯᠠᠴᠢᠬᠠᠯ᠎ᠠ︕ ᠭᠡᠵᠤ ᠬᠠᠰᠭᠢᠷᠴᠠᠢ᠃ ᠳᠡᠭᠡᠭᠡᠤᠨ ᠭᠦᠤ ᠪᠠᠨ ᠳᠡᠪᠠᠷᠢᠭᠦ ᠭᠡᠰᠡᠨ ᠶᠢᠡᠨ ᠴᠢᠳᠠᠯ ᠦᠭᠡᠶ ᠨᠥᠭᠦᠷ ᠤᠨ ᠶᠢᠡᠨ ᠮᠦᠷᠤ ᠶᠢ ᠲᠦᠰᠢᠨ ᠮᠠᠭᠤᠵᠢᠷᠠᠨ ᠣᠨᠠᠪᠠ᠃   ᠭᠠᠵᠠᠷ ᠳᠡᠭᠡᠷ᠎ᠡ ᠬᠠᠷᠪᠣᠭᠰᠠᠨ ᠣᠳᠤ ᠪᠠᠽᠠᠷ ᠤᠨ ᠡᠪᠦᠳᠦᠭ᠌ ᠳᠡᠭᠡᠷ᠎ᠡ ᠨᠠᠮ ᠵᠢᠮᠭᠡᠨ ᠨᠣᠢ᠌ᠷᠰᠤᠨ ᠪᠠᠢ᠌ᠨ᠎ᠠ᠃ ᠡᠷᠭᠢᠵᠤ ᠢᠷᠡᠭᠦ ᠣᠴᠢᠷ ᠦᠭᠡᠶ ᠠᠶᠠᠨ ᠳᠤ ᠬᠤᠷᠸ᠎ᠠ ᠶᠢᠨ ᠪᠠᠰᠠ ᠨᠢᠭᠡᠨ ᠭᠦᠮᠤᠨ ᠮᠤᠷᠳᠠᠵᠠᠢ᠃

ᠵᠠᠮ ᠰᠠᠭᠢᠨ ᠪᠠᠢ᠌ᠵᠤ᠂ ᠵᠢᠩᠴᠢᠳ ᠡᠴᠡ ᠪᠠᠤᠠᠮ᠎ᠠ ᠶᠢᠨ ᠭᠤᠶᠤᠵᠤ ᠢᠷᠡᠭ᠍ᠰᠡᠨ ᠠᠤᠠᠬᠤᠬᠠᠨ ᠠᠷᠪᠠᠢ ᠶᠢᠨ ᠭᠤᠷᠢᠯ᠂ ᠪᠣᠷᠴᠠ ᠶᠢᠨ ᠳᠠᠰᠤᠷᠬᠠᠢ᠂ ᠶ‍ᠸᠪᠠᠡᠭ᠌ ᠤᠨ ᠭᠡᠯᠳᠡᠷᠭᠡᠢ ᠭᠢᠭ᠍ᠰᠡᠨ ᠬᠠᠭᠤᠴᠢᠨ ᠣᠯᠠᠭᠠᠨ ᠭᠤᠳᠡᠢ ᠬᠠᠷ᠎ᠠ ᠭᠡᠷ ᠤᠨ ᠨᠠᠮᠬᠠᠨ ᠳᠤᠳᠤᠭᠤᠨ ᠤ ᠭᠠᠳᠠᠨ᠎ᠠ ᠳᠠᠯ᠎ᠠ ᠳᠤ ᠨᠠᠪᠰᠠᠢ᠌ᠨ ᠭᠡᠪᠳᠡᠨ᠎ᠡ᠃ ᠭᠡᠷ ᠤᠨ ᠳᠤᠭᠤᠨᠤᠨ ᠳᠡᠭᠡᠭᠦᠷ ᠡᠯᠢᠶ᠎ᠡ ᠣᠩᠭ᠋ᠠᠯᠳᠤᠨ ᠥᠩᠭᠡᠷᠡᠯ᠎ᠡ᠃

ᠵᠤᠬᠢᠶᠠᠭᠴᠢ᠄ ᠳ·ᠮᠠᠮ᠎ᠠ
ᠳᠠᠷᠤᠮ᠄ 7033
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ