ᠲᠤᠯᠤᠭ᠎ᠠ ᠂ ᠶᠢᠰᠦᠨ ᠡᠷᠡᠭᠦᠦ


ᠠᠯᠳᠠᠨ ᠤ ᠡᠷᠭᠢᠮ ᠰᠢᠵᠢᠷ ᠢ ᠭᠡᠳᠦᠢ ᠣᠯᠠᠢ᠌ᠯᠭᠠᠨ ᠭᠡᠷᠴᠢᠪᠠᠴᠤ

ᠠᠰᠢᠳᠠ ᠶᠢᠨ ᠰᠠᠢ᠌ᠨ ᠥᠩᠭᠡ ᠨᠢ ᠪᠠᠭᠤᠷᠠᠬᠤ ᠦᠭᠡᠶ

᠊᠊᠊᠊᠊᠊᠊᠊᠊᠊᠊᠊᠊᠊᠊ ᠰᠤᠪᠠᠰᠢᠳᠢ ᠡᠴᠡ


ᠠᠪᠠᠬᠠᠨᠠᠷ ᠪᠠᠢ᠌ᠯᠠ ᠶᠢᠨ ᠬᠤᠰᠢᠭᠤᠨ ᠤ ᠶᠠᠮᠤ ᠳᠠᠮᠠᠭ᠎ᠠ ᠶᠢᠨ ᠭᠠᠵᠠᠷ ᠪᠠᠽᠠᠷ ᠢ ᠪᠠᠷᠤᠭ ᠪᠦᠳᠤᠨ ᠵᠢᠯ ᠴᠢᠭ᠍ᠳᠡᠢ ᠱᠤᠷᠤᠩ ᠳᠤ ᠥᠯᠦᠰᠭᠡᠨ ᠬᠤᠷᠢᠭᠰᠠᠨ ᠤ ᠡᠴᠦᠰ ᠲᠤ ᠳᠠᠷᠠᠭᠠᠭᠢ ᠵᠢᠯ ᠤᠨ ᠭᠢᠨᠢ ᠬᠠᠪᠣᠷ ᠶᠢᠡᠷ ᠪᠠᠢ᠌ᠴᠠᠭᠠᠯᠳᠠ ᠪᠠᠨ ᠡᠭᠢᠯᠡᠵᠡᠢ᠃ ᠡᠭᠢᠨ ᠤ ᠦᠶ᠎ᠡ ᠳᠤ ᠰᠢᠭᠦᠭ᠍ᠴᠢ ᠲᠦᠰᠢᠮᠠᠯ ᠤᠨ ᠠᠰᠠᠭᠤᠳᠠᠭ ᠶᠠᠭᠤᠮ᠎ᠠ ᠭᠡᠪᠠᠯ ᠵᠦᠩᠳᠤᠢ ᠵᠠᠯᠠᠨ ᠤ ᠰᠡᠭᠦᠭ᠍ᠰᠡᠨ ᠵᠠᠷᠭᠤ ᠶᠢᠨ ᠳᠦᠷᠦᠭᠡᠨ ᠤ ᠳᠡᠭᠡᠷᠡᠭᠢ ᠬᠤᠶᠠᠷ ᠠᠵᠢᠷᠭ᠎ᠠ ᠠᠳᠤᠭᠤᠨ ᠤ ᠶᠠᠪᠣᠳᠠᠯ ᠪᠠᠢ᠌ᠪᠠ᠃ ᠪᠠᠽᠠᠷ᠄

᠊᠊᠊᠊᠊᠊᠊᠊᠊᠊᠊᠊᠊᠊᠊ ᠠᠪᠣᠭ᠎ᠠ ᠦᠭᠡᠶ᠂ ᠢᠳᠡᠭᠡ ᠦᠭᠡᠶ ᠭᠡᠵᠤ ᠳᠠᠰᠤ ᠮᠡᠵᠢᠭ᠍ᠰᠡᠨ ᠳᠤ ᠪᠠᠯᠠ ᠶᠢᠨ ᠭᠢᠨ ᠣᠳᠠᠭᠠᠨ ᠴᠤ ᠪᠠᠢ᠌ᠴᠠᠭᠠᠭᠰᠠᠨ ᠦᠭᠡᠶ ᠰᠢᠭᠤᠳ ᠡᠷᠡᠭᠦᠤ ᠰᠢᠭᠦᠯᠳᠡ ᠳᠤ ᠣᠷᠤᠭᠤᠯᠵᠤ ᠪᠢᠯᠠ᠃

《ᠭᠤᠷᠪᠠᠳᠠᠭᠢ ᠬᠤᠰᠢᠭᠤᠨ ᠤ ᠨᠢᠭᠡ ᠮᠠᠭᠤ ᠵᠠᠯᠠᠨ ᠤ ᠭᠡᠳᠤᠨ ᠠᠳᠢᠰᠬᠠᠨ ᠤ ᠳᠦᠯᠦᠭᠡ ᠡᠳᠡ ᠨᠡᠷ ᠢᠩᠭᠢᠵᠤ ᠶᠡᠭᠡ ᠶᠠᠭᠤᠮ᠎ᠠ ᠪᠣᠯᠬᠤ ᠣᠴᠢᠷ ᠦᠭᠡᠶ᠃ ᠯᠠᠪ ᠰᠠᠠᠰᠠᠷᠠᠢ᠌ᠳᠤᠷᠵᠢ ᠶᠢᠨ ᠠᠯᠪᠠᠳᠤ ᠨᠡᠷ ᠲᠤ ᠬᠠᠯᠬ᠎ᠠ ᠶᠢᠨ ᠭᠦᠨ ᠣᠷᠤᠭᠤ ᠳᠦᠯᠵᠢᠭᠦᠯᠵᠤ ᠭᠦᠭᠡᠭᠡᠭ᠍ᠰᠡᠨ ᠣᠴᠢᠷ ᠢ ᠰᠢᠩᠰᠢᠯᠡᠭ᠍ᠰᠡᠨ ᠪᠢᠵᠠ︕ ᠬᠠᠷᠢᠨ ᠬᠠᠯᠢᠭᠤᠨ ᠭᠡᠭᠦᠤ ᠢᠳᠡᠭ᠍ᠰᠡᠨ ᠣᠴᠢᠷ ᠭᠡᠳᠡᠭ᠌ ᠢ ᠭᠦᠯᠢᠶᠡᠯᠭᠡᠭᠡᠤᠨ ᠳᠠᠷᠠᠭ᠎ᠠ ᠨᠢ ᠳᠤᠮᠤ ᠭᠡᠷᠡᠭ᠌ ᠣᠷᠤᠭᠤ ᠪᠠᠨ ᠣᠷᠤᠬᠤ ᠭᠡᠵᠤ ᠪᠠᠢ᠌ᠭ᠎ᠠ ᠪᠣᠯᠤᠯᠳᠠᠢ᠃ ᠰᠠᠢ᠌ᠬᠠᠨ ᠳᠡᠭᠡᠭᠦ ᠪᠠᠢ᠌ᠬ᠎ᠠ︕ ᠳᠡᠭᠡᠭᠡᠤᠨ ᠮᠢᠨᠤ ᠡᠷᠡᠭ᠍ᠴᠢᠨ ᠡᠮᠡᠭ᠍ᠴᠢᠨ ᠢ ᠥᠵᠡᠭᠦ ᠭᠡᠰᠡᠨ ᠪᠣᠯ ᠶ‍ᠢᠰᠤᠨ ᠡᠷᠡᠭᠦᠤ ᠭᠡᠳᠡᠭ᠌ ᠲᠤ ᠨᠢ ᠮᠠᠭᠤ ᠵᠤᠪᠠᠯᠭ᠎ᠠ ᠪᠠᠨ ᠨᠢᠭᠡ ᠳᠤᠰᠢᠶᠠᠭᠠᠤᠨ ᠦᠵᠡᠶ᠎ᠠ ᠯᠠ ᠳ᠋ᠠ︕ ᠁ ᠥᠭᠡᠷ᠎ᠡ ᠶᠠᠭᠠᠭᠢᠬᠤᠪ》 ᠭᠡᠵᠤ ᠪᠠᠽᠠᠷ ᠰᠢ᠌ᠤᠠᠴᠠᠢ᠃

ᠪᠠᠽᠠᠷ ᠶ‍ᠢᠰᠤᠨ ᠡᠷᠡᠭᠦᠤ ᠶᠢᠨ ᠳᠤᠮᠳᠠ ᠦᠶ᠎ᠡ ᠭᠦᠷᠳᠡᠯ᠎ᠡ ᠴᠤᠪᠣᠭᠤ ᠴᠤᠭᠤᠨᠤᠭ ᠭᠡᠪ ᠶᠢᠡᠷ ᠶᠠᠪᠣᠭᠰᠠᠨ ᠠᠵᠠᠢ᠃ ᠨᠢᠳᠤ ᠨᠢ ᠯᠠ ᠨᠢᠭᠡ ᠠᠢ᠌ᠬᠤᠪᠳᠤᠷ ᠭᠢᠯᠠᠯᠵᠠᠭᠠᠤᠨ ᠪᠠᠢ᠌ᠬᠤ ᠡᠴᠡ ᠪᠢᠰᠢ ᠰᠠᠢ᠌ᠨ ᠮᠠᠭᠤ ᠣᠯᠠᠨ ᠶᠠᠭᠤᠮ᠎ᠠ ᠶᠠᠷᠢᠵᠤ ᠠᠳᠠᠷᠢᠯᠠᠨ ᠭᠡᠳᠡᠷᠯᠡᠭ᠍ᠰᠡᠨ ᠦᠭᠡᠶ᠃ ᠴᠢᠰᠤᠨ ᠳᠤᠮᠳᠠᠭᠤᠷ ᠶᠠᠪᠣᠵᠤ ᠶ‍ᠢᠰᠤᠨ ᠳᠠᠪᠠᠭ᠎ᠠ ᠳᠠᠪᠠᠬᠤ ᠠᠶᠠᠨ ᠳᠤ ᠠᠮᠢᠰᠬᠤᠭ᠎ᠠ ᠪᠠᠨ ᠭᠦᠷᠳᠡᠯ᠎ᠡ ᠨᠥᠭᠡᠴᠡᠯᠡᠭ᠍ᠰᠡᠨ ᠨᠢ ᠳᠠᠷᠠ ᠪᠠᠢ᠌ᠵᠠᠢ᠃ ᠭᠡᠯᠡᠭᠦ ᠡᠴᠡ ᠯᠠ᠄

᠊᠊᠊᠊᠊᠊᠊᠊᠊᠊᠊᠊᠊᠊᠊ ᠠᠪᠠᠭ᠎ᠠ ᠵᠠᠰᠠᠭ ᠤᠨ ᠭᠢᠨ ᠣᠪᠣᠭ᠎ᠠ ᠮᠡᠷᠭᠡᠨ ᠲᠦᠰᠢᠮᠠᠯ ᠲᠡᠶ ᠭᠠᠵᠠᠷ ᠪᠠᠢ᠌ᠨ᠎ᠠ ᠪᠢᠯᠠ᠃ ᠥᠭᠡ ᠭᠡᠯᠡᠯᠴᠡᠵᠤ᠂ ᠦᠨᠡᠨ ᠬᠤᠳᠠᠯ ᠢ ᠢᠯᠭᠠᠬᠤ ᠳᠤ ᠨᠢ ᠦᠪᠡᠷ ᠤᠨ ᠮᠠᠭᠤ ᠪᠠᠶ᠎ᠠ ᠪᠠᠷ ᠥᠴᠦᠭᠡᠨ ᠳᠤᠰᠠ ᠭᠦᠷᠭᠡᠵᠤ ᠪᠣᠯᠬᠤ ᠶᠤᠮ ᠰᠢᠭ ᠰᠠᠨᠠᠭᠳᠠᠭᠰᠠᠨ᠂ ᠬᠠᠷᠢᠨ ᠳᠠᠨ ᠤ ᠣᠭᠤᠳᠤᠷ ᠪᠠᠢ᠌ᠯᠠ ᠶᠢᠨ ᠭᠢᠨ ᠥᠭᠡᠷ ᠮᠠᠯ ᠰᠢᠭ ᠥᠭᠡ ᠠᠪᠳᠠᠭ ᠦᠭᠡᠶ᠂ ᠡᠷᠭᠢᠭᠦᠤ ᠬᠤᠷᠠᠭ᠎ᠠ ᠪᠣᠯᠳᠠᠯ᠎ᠠ ᠵᠤᠳᠤᠳᠠᠭ ᠭᠠᠵᠠᠷ ᠶᠤᠮ︕ ᠭᠡᠵᠤ ᠪᠢᠯᠠ᠃ ᠳᠡᠭᠡᠯ᠎ᠡ ᠭᠡᠤᠨ ᠡᠷᠡᠭᠦᠤ ᠰᠢᠭᠦᠯᠳᠡ ᠨᠢ ᠴᠢᠩᠭ᠋ᠠᠷᠠᠭᠰᠠᠨ ᠴᠤ ᠦᠭᠡᠶ᠂ ᠰᠤᠯᠠᠷᠠᠭᠰᠠᠨ ᠴᠤ ᠦᠭᠡᠶ ᠠᠵᠠᠢ᠃

ᠳᠠᠪᠣᠳᠠᠭᠢ ᠡᠷᠡᠭᠦᠤ ᠶᠢᠨ ᠳᠠᠷᠠᠭ᠎ᠠ ᠪᠦᠭ᠍ᠰᠡᠨ ᠪᠠᠶ᠎ᠠ᠂ ᠬᠤᠶᠠᠷ ᠰᠢᠨᠠ ᠡᠴᠡ ᠨᠢ ᠠᠪᠬᠤ ᠶᠠᠭᠤᠮ᠎ᠠ ᠪᠠᠭ᠎ᠠ ᠦᠯᠠᠳᠠᠵᠠᠢ᠃ ᠰᠢᠷᠬᠠᠨ ᠤ ᠬᠠᠯᠠᠭᠤᠨ ᠳᠤ ᠥᠭᠡ ᠪᠠᠨ ᠰᠤᠯᠢᠵᠤ᠂ ᠵᠥᠳᠡᠷᠡᠭᠦ ᠶᠢᠨ ᠶᠡᠭᠡ ᠪᠠᠷ ᠵᠦᠳᠠᠷᠠᠵᠤ᠂ ᠶᠤᠰᠤᠳᠠᠢ ᠨᠢᠭᠡ ᠳᠠᠮᠤ ᠪᠠᠨ ᠴᠠᠢ᠌ᠯᠭᠠᠵᠤ ᠪᠠᠢ᠌ᠯ᠎ᠠ᠃ ᠰᠢᠷᠬ᠎ᠠ ᠰᠤᠷᠪᠢ᠂ ᠴᠢᠰᠤ ᠨᠦᠵᠢ᠂ ᠬᠠᠪᠣᠩ ᠬᠠᠪᠣᠳᠠᠷ ᠪᠣᠯᠤᠭᠰᠠᠨ ᠪᠦᠳᠦᠭᠦᠨ ᠭᠤᠶ᠎ᠠ᠂ ᠬᠤᠩᠭ᠋ᠤᠨ ᠪᠠᠶ᠎ᠠ ᠪᠠᠨ ᠦᠵᠡᠵᠤ᠂ ᠬᠤᠶᠠᠷ ᠰᠢᠨᠠ ᠪᠠᠨ ᠳᠡᠮᠳᠡᠷᠢᠭᠦ ᠳᠤ ᠪᠠᠨ ᠦᠪᠡᠷ ᠤᠨ ᠡᠷᠭᠡ ᠦᠭᠡᠶ ᠨᠢᠳᠤ ᠬᠠᠯᠳᠤᠷᠢᠵᠤ᠂ ᠵᠢᠷᠦᠭᠡ ᠰᠢᠮᠰᠢᠷᠡᠭᠦ ᠠᠭᠠᠤᠨ᠃ ᠡᠭᠡᠯᠵᠢᠳᠤ ᠵᠤᠳᠤᠭᠤᠷ ᠲᠤ ᠣᠷᠤᠬᠤ ᠦᠶ᠎ᠡ ᠳᠤ ᠡᠪᠠᠦᠡᠴᠤ ᠬᠤᠷᠤᠰᠬᠤ ᠨᠢ ᠨᠠᠩ ᠶᠡᠭᠡᠳᠴᠤ᠂ ᠳᠡᠰᠪᠦᠷᠢᠯᠡᠭᠦ ᠳᠤ ᠪᠠᠷᠭᠡᠳᠡᠢ᠌ᠶ᠎ᠡ ᠪᠣᠯᠬᠤ ᠠᠪᠠᠴᠤ ᠳᠤᠤᠷᠠᠳᠤ ᠣᠷᠤᠭᠤᠯ ᠶᠢᠡᠨ ᠭᠦᠭᠡᠷᠡᠵᠤ ᠭᠤᠪᠣᠷᠤᠳᠠᠳᠠᠯ᠎ᠠ ᠬᠠᠵᠠᠨ᠂ ᠨᠢᠳᠤ ᠪᠠᠨ ᠳᠠᠰᠤ ᠠᠨᠢᠨ ᠠᠷᠠᠢ᠌ᠭᠢᠨ ᠶᠤᠤᠯᠠᠯ ᠦᠭᠡᠶ ᠳᠠᠰᠴᠤ ᠥᠩᠭᠡᠷᠡᠭᠡᠳᠡᠭ᠌ ᠪᠠᠢ᠌ᠭᠰᠠᠨ ᠠᠮᠤᠢ᠃ ᠳᠠᠢ᠌ᠨ ᠭᠦ ᠨᠤᠬᠠᠢ ᠶᠢᠨ ᠭᠦᠯᠦᠭᠡᠨ ᠡᠴᠡ ᠳᠤᠤᠷᠠᠳᠤ ᠥᠵᠡᠭ᠍ᠳᠡᠵᠤ ᠵᠠᠠᠴᠢᠭᠤᠯᠵᠤ ᠪᠠᠢ᠌ᠬᠤ ᠨᠢ ᠶᠠᠰᠤ ᠮᠢᠬᠠᠨ ᠳᠤ ᠵᠠᠶᠠᠭᠠᠭᠰᠠᠨ ᠰᠠᠤᠠᠭᠢᠯ ᠳᠤ ᠭᠢᠵᠠᠭᠠᠷ ᠥᠭᠡᠢ᠌ᠶ᠎ᠡ ᠪᠠᠷᠭᠡ ᠪᠠᠢ᠌ᠪᠠᠴᠤ ᠶᠤᠤᠯᠠᠬᠤ ᠦᠭᠡᠶ ᠭᠡᠰᠡᠨ ᠳᠤ ᠪᠠᠨ ᠭᠦᠷᠴᠤ ᠶᠤᠤᠯᠠᠬᠤ ᠦᠭᠡᠶ ᠪᠠᠢ᠌ᠭ᠎ᠠ ᠳᠤ ᠪᠠᠨ ᠡᠷᠭᠡ ᠦᠭᠡᠶ ᠣᠷᠮᠠᠰᠢᠨ᠂ ᠴᠢᠭᠢᠭ᠌ ᠤᠨ ᠣᠯᠠᠭᠠᠨ ᠦᠳᠦ ᠮᠠᠳᠤ ᠬᠤᠷᠤᠮ ᠬᠤᠷᠤᠮ ᠶᠢᠡᠷ ᠠᠭᠢᠬᠤ ᠪᠠᠷᠠᠭᠳᠠᠬᠤ ᠨᠢ ᠦᠭᠡᠶ ᠶᠡᠭᠡ ᠬᠤᠭᠤᠴᠠᠭ᠎ᠠ ᠶᠢ ᠠᠮᠢᠳᠠᠢ ᠠᠮᠢ ᠦᠭᠡᠶ ᠶᠢᠨ ᠬᠤᠭᠤᠷᠤᠠᠳᠤ ᠥᠩᠭᠡᠷᠡᠭᠡᠵᠤ ᠭᠡᠪᠳᠡᠭᠦ ᠳᠡᠭᠡᠨ ᠪᠠᠽᠠᠷ 《ᠨᠠᠷᠠ ᠦᠵᠡᠨ᠎ᠠ᠂ ᠨᠠᠪᠳᠠᠰᠤ ᠪᠣᠯᠤᠭᠰᠠᠨ ᠮᠠᠭᠤ ᠭᠡᠷ ᠲᠤ ᠪᠠᠨ ᠬᠠᠷᠢᠨ᠎ᠠ᠃》 ᠭᠡᠵᠤ ᠪᠣᠳᠤᠭᠰᠠᠭᠠᠷ ᠪᠠᠢ᠌ᠭᠰᠠᠨ ᠠᠵᠠᠢ᠃

ᠬᠠᠶᠠ ᠨᠢᠭᠡ ᠬᠠᠷ᠎ᠠ ᠣᠰᠤ ᠠᠪᠴᠢᠷᠠᠵᠤ ᠪᠠᠯᠭᠤᠭᠤᠯᠤᠨ᠎ᠠ᠃ ᠡᠳᠦᠷ ᠲᠤ ᠭᠠᠭᠴᠠ ᠬᠤᠭᠤᠯᠠᠨ ᠤ ᠣᠷᠤᠠᠴᠤᠭ ᠦᠭ‍ᠭᠦᠨ᠎ᠡ᠃ ᠬᠠᠷ᠎ᠠ ᠣᠰᠤ ᠭᠡᠭ᠍ᠴᠢ ᠶᠢᠨ ᠢᠳᠠ ᠰᠢᠳᠢ ᠶᠢ ᠪᠠᠽᠠᠷ ᠳᠡᠭᠡᠭᠦ ᠳᠤ ᠯᠠ ᠮᠠᠳᠠᠵᠠᠢ᠃ ᠬᠤᠭᠤᠯᠠᠢ ᠣᠷᠤᠭᠤ ᠨᠢ 《ᠬᠤᠯ᠂ ᠬᠤᠯ》 ᠣᠷᠤᠰᠤᠨ ᠣᠷᠤᠬᠤ ᠳᠠᠷᠠ ᠬᠠᠷ᠎ᠠ ᠣᠰᠤ ᠭᠡᠮᠡᠭᠦ ᠳᠠᠢ᠌ᠮᠤ ᠴᠤ ᠰᠠᠢ᠌ᠨ ᠨᠠᠷ᠎ᠠ ᠲᠡᠶ ᠪᠣᠰᠤ ᠰᠢᠩᠭᠡᠨ ᠵᠣᠢ᠌ᠯ᠂ ᠶ‍ᠢᠰᠤᠨ ᠡᠷᠳᠡᠨᠢ ᠶᠢᠨ ᠳᠡᠷᠢᠭᠦᠨ᠂ ᠠᠮᠢᠳᠤᠷᠠᠯ ᠤᠨ ᠡᠭᠢ ᠪᠣᠯᠠᠭ ᠪᠣᠯᠬᠤ ᠶᠢ ᠠᠪᠠᠬᠠᠨᠠᠷ ᠪᠠᠢ᠌ᠯᠠ ᠶᠢᠨ ᠱᠤᠷᠤᠩ ᠳᠡᠭᠦᠨ ᠳᠤ ᠭᠡᠯᠡᠵᠤ ᠦᠭ‍ᠭᠦᠭ᠍ᠰᠡᠨ ᠠᠵᠤᠭᠤ᠃ ᠳᠡᠭᠦᠨ ᠳᠤ ᠣᠰᠤ ᠵᠥᠭᠯᠡᠭᠦᠯᠳᠡᠭ᠌ ᠬᠠᠷ᠎ᠠ ᠴᠢᠷᠠᠢ᠌ᠳᠤ ᠭᠢᠯᠠᠷ ᠡᠪᠦᠭᠡᠨ ᠠᠪᠠᠭ᠎ᠠ᠂ ᠭᠠᠷ ᠲᠤ ᠨᠢ ᠶᠠᠪᠣᠳᠠᠭ ᠡᠮᠳᠡᠷᠭᠡᠢ ᠶᠠᠮᠫᠢ ᠱᠠᠵᠠᠩ᠂ ᠳᠤᠭᠤᠭᠠᠨ ᠤ ᠣᠭᠠᠳᠠᠰᠤ ᠶᠤᠮ ᠦᠦ᠂ ᠣᠰᠤᠨ ᠤ ᠰᠢᠪᠬᠠᠷᠤ ᠳᠤᠳᠤᠷ᠎ᠠ ᠨᠢ ᠢᠷᠡᠳᠡᠭ᠌ ᠵᠢᠪᠠᠳᠠᠢ ᠳᠠᠮᠤᠷ ᠬᠤᠪᠢᠩ ᠭᠤᠷᠪᠠ ᠶᠢ ᠬᠠᠷᠠᠬᠤ ᠨᠢ ᠪᠠᠽᠠᠷ ᠤᠨ ᠰᠠᠤᠠᠭᠢᠯ ᠤᠨ ᠪᠠᠶᠠᠷ᠂ ᠳᠠᠷᠠ ᠮᠦᠴᠡ ᠶᠢᠨ ᠡᠷᠭᠢᠮ ᠠᠵᠠ ᠵᠠᠶᠠᠭ᠎ᠠ ᠪᠠᠢ᠌ᠯ᠎ᠠ᠃


ᠨᠢᠭᠡ ᠡᠳᠦᠷ ᠬᠤᠩᠭ᠋ᠤᠷ ᠠᠵᠢᠷᠭ᠎ᠠ ᠡᠮᠡᠭᠡᠯᠯᠡᠭᠦᠯᠭᠦ ᠦᠶ᠎ᠡ ᠪᠠᠷ ᠣᠬᠠᠭᠠᠨ ᠨᠢ ᠪᠠᠯᠠᠷᠳᠠᠭᠠᠤᠨ ᠰᠡᠷᠭᠦᠭᠦ ᠦᠶ᠎ᠡ ᠳᠤ ᠳᠡᠷᠭᠡᠳᠡ ᠨᠢ ᠳᠦᠷᠪᠡᠨ ᠭᠦᠮᠤᠨ ᠵᠤᠭᠰᠤᠴᠢᠬᠠᠭᠰᠠᠨ ᠬᠤᠶᠠᠷ ᠨᠢ ᠮᠠᠠᠵᠤ ᠪᠠᠷ ᠥᠭᠡ ᠭᠡᠯᠡᠯᠴᠡᠵᠤ ᠪᠠᠢ᠌ᠵᠠᠢ᠃ ᠳᠦᠷᠪᠡ ᠶᠢᠨ ᠨᠢᠭᠡ ᠨᠢ ᠭᠡᠷᠡᠭ᠌ ᠢ ᠨᠢ ᠰᠢᠭᠦᠳᠡᠭ᠌ ᠲᠦᠰᠢᠮᠠᠯ᠂ ᠨᠥᠭᠦᠭᠡ ᠨᠢ ᠡᠷᠡᠭᠦᠤ ᠳᠤᠯᠭᠠᠳᠠᠭ ᠵᠠᠠᠳᠠᠯᠴᠢᠨ ᠪᠣᠯᠬᠤ ᠶᠢ ᠪᠠᠽᠠᠷ ᠳᠠᠨᠢᠪᠠ᠃ ᠬᠠᠷᠢ ᠶᠢᠨ ᠭᠡᠯᠡ ᠪᠠᠷ ᠶᠠᠷᠢᠯᠴᠠᠬᠤ ᠬᠤᠶᠠᠷ ᠤᠨ ᠪᠣᠯᠴᠢᠭᠠᠷ ᠨᠢᠳᠤᠳᠠᠢ᠂ ᠪᠣᠷᠤ ᠰᠢᠷᠠᠮᠠᠯ ᠴᠢᠷᠠᠢ᠌ᠳᠠᠢ ᠨᠢ ᠣᠭᠳᠤ ᠵᠢᠰᠤ ᠥᠵᠡᠭᠡ ᠦᠭᠡᠶ ᠭᠦᠮᠤᠨ ᠪᠠᠢ᠌ᠬᠤ ᠠᠭᠠᠤᠨ᠂ ᠣᠷᠳᠤ ᠮᠤᠩᠭ᠋ᠤᠯ ᠳᠡᠷᠯᠢᠭ᠌ ᠡᠪᠭᠦᠢᠭᠡᠨ ᠳᠠᠷᠤᠵᠤ ᠪᠦᠰᠡᠯᠡᠭ᠍ᠰᠡᠨ᠂ ᠣᠷᠢᠳᠤ ᠳᠠᠯ᠎ᠠ ᠶᠢᠨ ᠭᠢᠨᠢ ᠦᠨᠳᠦᠷ ᠨᠢ ᠶᠠᠭᠠᠭᠢᠬᠤ ᠶᠢᠨ ᠠᠷᠭ᠎ᠠ ᠦᠭᠡᠶ ᠪᠠᠭᠡᠵᠢᠩ ᠳ᠋ᠠᠰᠢ ᠮᠦᠨ ᠰᠢᠭ᠌ ᠪᠠᠢ᠌ᠪᠠ᠃ 《ᠡᠨᠡ ᠴᠢᠨᠢ ᠶᠠᠭᠤ ᠪᠣᠢ᠂ ᠳᠠᠷᠠ ᠭᠠᠢ᠌ᠬᠠᠯ ᠭᠡᠵᠢ ᠦᠦ ᠮᠤᠷᠢ ᠣᠨᠤᠵᠤ ᠴᠢᠳᠠᠳᠠᠭ ᠦᠭᠡᠶ ᠨᠤᠪᠰᠢ ᠰᠠᠨ︕ ᠁》 ᠭᠡᠵᠤ ᠪᠣᠳᠤᠭᠠᠤᠨ ᠳᠠᠨᠢᠵᠤ ᠶᠠᠳᠠᠨ ᠭᠦᠯᠢᠷᠡᠳᠡᠯ᠎ᠡ ᠬᠠᠵᠠᠭᠤ ᠳᠤ ᠨᠢ ᠭᠢᠳᠠᠤᠨ ᠶᠢᠡᠷ ᠨᠢᠭᠡ ᠶᠠᠭᠤᠮ᠎ᠠ ᠬᠠᠰᠭᠢᠷᠤᠭᠠᠤᠨ ᠰᠢᠨᠠ ᠣᠷᠤᠭᠤ ᠨᠢ ᠢᠰᠭᠦᠯᠭᠦ ᠰᠢᠭ᠌ ᠪᠣᠯᠵᠤ ᠁ ᠪᠠᠽᠠᠷ ᠴᠤ ᠣᠬᠠᠭᠠᠨ ᠠᠯᠳᠠᠴᠢᠬᠠᠯ᠎ᠠ᠃

ᠭᠠᠢ᠌ᠭᠤᠢ ᠠᠶᠠᠳᠠᠵᠤ ᠵᠥᠭᠡᠯᠡᠷᠡᠵᠤ ᠪᠠᠢ᠌ᠭᠰᠠᠨ ᠡᠷᠡᠭᠦᠤ ᠰᠢᠭᠦᠯᠳᠡ ᠳᠠᠷᠠ ᠣᠷᠤᠢ ᠡᠴᠡ ᠳᠠᠭᠢᠨ ᠴᠢᠩᠭ᠋ᠠᠷᠠᠭᠰᠠᠨ ᠠᠭᠠᠤᠨ ᠠᠰᠠᠭᠤᠬᠤ ᠪᠠᠢ᠌ᠴᠠᠭᠠᠬᠤ ᠨᠢ ᠴᠤ ᠣᠯᠠᠰᠢᠷᠠᠵᠠᠢ᠃ ᠭᠡᠭᠦ ᠳᠡᠭᠡᠨ ᠳᠠᠳᠠ ᠪᠠᠽᠠᠷ ᠤᠨ ᠭᠢᠭ᠍ᠰᠡᠨ ᠪᠠᠢ᠌ᠵᠤ ᠪᠣᠯᠬᠤ ᠠᠪᠠᠴᠤ ᠭᠢᠭᠡ ᠦᠭᠡᠶ᠂ ᠮᠡᠳᠡᠭ᠍ᠰᠡᠨ ᠪᠠᠢ᠌ᠵᠤ ᠪᠣᠯᠬᠤ ᠠᠪᠠᠴᠤ ᠮᠡᠳᠡᠭᠡ ᠦᠭᠡᠶ ᠶᠠᠭᠤᠮ᠎ᠠ ᠶᠢ ᠰᠢᠬᠠᠮᠳᠠᠭᠤᠯᠤᠨ ᠱᠠᠯᠭᠠᠭᠠᠵᠤ ᠪᠠᠢ᠌ᠪᠠ᠃ 《ᠪᠠᠭᠡᠵᠢᠩ ᠳ᠋ᠠᠰᠢ ᠶᠢ ᠨᠢ ᠵᠦᠪ ᠳᠠᠨᠢᠵᠠᠢ᠃ ᠳᠡᠭᠦᠨ ᠤ ᠭᠠᠤᠯᠢᠨ ᠬᠤᠰᠢᠭᠤ ᠯᠠ ᠨᠡᠮᠡᠭ᠍ᠳᠡᠪᠡ ᠪᠣᠯᠤᠯᠳᠠᠢ︕》 ᠭᠡᠵᠤ ᠪᠠᠽᠠᠷ ᠪᠣᠳᠤᠭᠰᠠᠨ ᠪᠠᠢ᠌ᠪᠠ᠃


ᠰᠡᠷᠭᠦᠪᠠᠯ ᠳᠡᠷᠭᠡᠳᠡ ᠨᠢ ᠳᠦᠷᠪᠡ ᠪᠢᠰᠢ ᠬᠤᠶᠠᠷᠬᠠᠨ ᠭᠦᠮᠤᠨ ᠪᠠᠢ᠌ᠪᠠ᠃ 《ᠨᠥᠭᠦᠭᠡ ᠯᠠ ᠥᠴᠢᠭ᠌ ᠱᠠᠯᠭᠠᠭᠠᠭᠴᠢ᠂ ᠵᠤᠪᠠᠯᠭ᠎ᠠ ᠵᠤᠯᠭᠠᠭᠠᠭᠴᠢ ᠬᠤᠶᠠᠷ ᠰᠢᠪ ᠳ᠋ᠠ᠃ ᠴᠠᠭᠠᠳᠤᠯᠠ ᠨᠢ ᠶᠠᠪᠣᠭ᠎ᠠ ᠶᠤᠮ ᠪᠠᠢ᠌ᠬ᠎ᠠ︕》 ᠭᠡᠵᠤ ᠪᠣᠳᠤᠭᠰᠠᠨ ᠪᠠᠽᠠᠷ ᠦᠨᠳᠠᠢ᠌ᠵᠤ᠄

᠊᠊᠊᠊᠊᠊᠊᠊᠊᠊᠊᠊᠊᠊᠊ ᠣᠰᠤ ᠦᠭ‍ᠭᠦᠭᠡᠴᠢ ᠭᠡᠮᠡᠭ᠍ᠰᠡᠨ ᠳᠤ ᠲᠦᠰᠢᠮᠠᠯ ᠡᠡᠱᠢᠭᠦᠢ ᠵᠠᠠᠳᠠᠯᠴᠢᠨ ᠳᠠᠭᠠᠨ᠄

᠊᠊᠊᠊᠊᠊᠊᠊᠊᠊᠊᠊᠊᠊᠊ ᠣᠰᠤ ᠭᠤᠳᠤᠷᠠᠭᠤᠯ ᠭᠡᠵᠤ ᠳᠤᠰᠢᠶᠠᠵᠠᠢ᠃

᠊᠊᠊᠊᠊᠊᠊᠊᠊᠊᠊᠊᠊᠊᠊ ᠬᠤᠩᠭ᠋ᠤᠷ ᠠᠵᠢᠷᠭ᠎ᠠ ᠡᠴᠡ ᠣᠨᠠᠭᠠᠤᠨ ᠰᠡᠷᠭᠦᠳᠡᠭ᠌ ᠦᠭᠡᠶ ᠶᠠᠭᠠᠭᠢᠭᠰᠠᠨ ᠶᠡᠭᠡ ᠨᠣᠢ᠌ᠷ ᠲᠡᠶ ᠬᠤᠯᠠᠭᠠᠢ᠌ᠴᠢ ᠪᠣᠢ ᠭᠡᠵᠤ ᠪᠠᠢ᠌ᠴᠠᠭᠠᠭᠴᠢ ᠣᠰᠤ ᠪᠠᠨ ᠪᠠᠷᠢᠮᠠᠭᠴᠠ ᠳᠤᠯᠭᠠᠪᠠ᠃

᠊᠊᠊᠊᠊᠊᠊᠊᠊᠊᠊᠊᠊᠊᠊ ᠪᠢ ᠴᠤ ᠨᠢᠭᠡ ᠰᠡᠷᠭᠦᠭ᠍ᠰᠡᠨ ᠯᠠ ᠳ᠋ᠠ᠂ ᠬᠠᠷᠢᠨ ᠬᠤᠶᠠᠷ ᠭᠦᠯ ᠲᠡᠶ ᠪᠠᠰᠠ ᠨᠢᠭᠡᠨ ᠠᠳᠢᠰᠬᠠᠨ ᠳᠤ ᠢᠰᠭᠦᠯᠦᠭᠦᠯᠴᠢᠭᠡᠭᠡᠤᠨ ᠣᠬᠠᠭᠠᠨ ᠠᠯᠳᠠᠴᠢᠬᠠᠯ᠎ᠠ᠃

᠊᠊᠊᠊᠊᠊᠊᠊᠊᠊᠊᠊᠊᠊᠊ ᠴᠢᠮ᠎ᠠ ᠶᠢ ᠳᠡᠭᠡᠵᠤ ᠢᠰᠭᠦᠯᠵᠤ ᠶᠠᠪᠣᠳᠠᠭ ᠬᠤᠶᠠᠷ ᠭᠦᠯᠳᠡᠨ ᠴᠢᠨᠢ ᠴᠢᠦᠡᠭᠦᠷ ᠱᠤᠯᠤᠮ ᠯᠠ ᠪᠠᠢ᠌ᠳᠠᠭ ᠪᠠᠢ᠌ᠬ᠎ᠠ ᠳ᠋ᠠ︕

᠊᠊᠊᠊᠊᠊᠊᠊᠊᠊᠊᠊᠊᠊᠊ ᠮᠠᠠᠵᠤ ᠡᠵᠡᠨ ᠤ ᠭᠡᠯᠡ᠂ ᠴᠢᠦᠡᠭᠦᠷ ᠱᠤᠯᠤᠮ ᠤᠨ ᠭᠡᠯᠡ ᠪᠣᠯᠤᠭᠰᠠᠨ ᠪᠣᠯ ᠁ ᠨᠠᠮ᠎ᠠ ᠶᠢ ᠳᠠᠷᠠ ᠴᠢᠦᠡᠭᠦᠷ ᠱᠤᠯᠤᠮ ᠨᠢ ᠢᠰᠭᠦᠯᠦᠭ᠍ᠰᠡᠨ ᠪᠠᠢ᠌ᠬᠤ ᠳ᠋ᠠ ᠭᠡᠪᠠᠯ᠄

᠊᠊᠊᠊᠊᠊᠊᠊᠊᠊᠊᠊᠊᠊᠊ ᠶᠠᠭᠤ ᠬᠠᠷ᠎ᠠ ᠳᠠᠷᠤᠵᠤ ᠵᠡᠭᠦᠳᠦᠯᠡᠴᠢᠭᠡᠭᠡᠤᠨ ᠵᠦᠷᠢᠵᠤ ᠵᠢᠦᠡᠭᠦᠭᠡᠤᠨ ᠪᠠᠢ᠌ᠭ᠎ᠠ ᠶᠢ ᠴᠢᠨᠢ ᠪᠢ ᠣᠬᠠᠭᠠᠷᠠᠬᠤ ᠦᠭᠡᠶ ᠨᠢ᠃ ᠬᠠᠷᠢᠨ ᠴᠢ ᠭᠦ︕ ᠳ᠋ᠠ ᠸᠠᠩ ᠤᠨ ᠭᠦᠷᠢᠶᠡᠨ ᠤ ᠭᠡᠴᠡᠭᠦᠤ ᠴᠠᠷᠠᠠᠪᠠᠯᠵᠢᠷ ᠳᠠᠢ᠌ᠵᠢ ᠶᠢ ᠳᠠᠨᠢᠬᠤ ᠦᠦ︖

ᠣᠰᠤ ᠣᠤᠭᠤᠵᠤ ᠪᠠᠭᠠᠬᠠᠨ ᠰᠡᠷᠭᠦᠭ᠍ᠰᠡᠨ ᠪᠠᠽᠠᠷ 《ᠡᠷ᠎ᠡ ᠭᠦᠮᠤᠨ ᠪᠠᠢ᠌ᠨ᠎ᠠ᠂ ᠭᠡᠢ᠌ᠮᠦᠷᠢ ᠪᠠᠨ ᠡᠷᠭᠦᠶ᠎ᠡ᠃ ᠪᠠᠢ᠌ᠵᠠ》 ᠭᠡᠮᠡᠨ ᠪᠣᠳᠤᠬᠤ ᠳᠠᠭᠠᠨ ᠰᠢᠯᠦᠭᠯᠡᠨ ᠬᠠᠷᠢᠭᠤᠯᠤᠭᠰᠠᠨ ᠨᠢ᠄

᠊᠊᠊᠊᠊᠊᠊᠊᠊᠊᠊᠊᠊᠊᠊ ᠨᠠᠷ᠎ᠠ ᠳᠠᠭᠤᠯᠵᠤ ᠵᠢᠰᠤ ᠥᠵᠡᠭ᠍ᠰᠡᠨ ᠳ᠋ᠠ᠂ ᠳᠡᠭᠦᠨ ᠡᠴᠡ ᠪᠢᠰᠢ ᠁

ᠳᠠᠨᠢᠨ᠎ᠠ ᠳᠠᠨᠢᠨ᠎ᠠ ᠭᠡᠤᠨ

ᠳᠠᠮᠠᠭᠢ ᠬᠤᠪᠢᠶᠠᠵᠤ ᠨᠡᠷᠡᠭ᠍ᠰᠡᠨ ᠦᠭᠡᠶ

ᠳᠠᠷᠪᠠᠭ᠎ᠠ ᠬᠤᠪᠢᠶᠠᠵᠤ ᠱᠤᠷᠤᠯᠠᠭᠰᠠᠨ ᠦᠭᠡᠶ

ᠳᠠᠪᠠᠭ ᠲᠡᠶ ᠬᠤᠭᠤᠯᠠ ᠬᠤᠪᠢᠶᠠᠵᠤ ᠢᠳᠡᠭ᠍ᠰᠡᠨ ᠦᠭᠡᠶ

ᠳᠠ ᠶᠠᠭᠤ ᠭᠡᠮᠡᠭᠦ ᠭᠡᠰᠡᠨ ᠪᠣᠯ ᠡ ⁈

᠊᠊᠊᠊᠊᠊᠊᠊᠊᠊᠊᠊᠊᠊᠊ ᠴᠢ ᠭᠡᠴᠡᠭᠦᠤ ᠴᠠᠷᠠᠠᠪᠠᠯᠵᠢᠷ ᠲᠡᠶ ᠶᠠᠪᠣᠭᠰᠠᠨ ᠮᠠᠠᠵᠤ ᠨᠤᠶᠠᠨ ᠤ ᠠᠮᠢ ᠠᠯᠳᠠᠭᠰᠠᠨ ᠣᠴᠢᠷ ᠢ ᠮᠡᠳᠡᠭ᠍ᠰᠡᠨ ᠦᠦ︖

᠊᠊᠊᠊᠊᠊᠊᠊᠊᠊᠊᠊᠊᠊᠊ ᠦᠭᠡᠶ ᠶᠤᠮ ᠪᠠᠢ᠌ᠨ᠎ᠠ︕

᠊᠊᠊᠊᠊᠊᠊᠊᠊᠊᠊᠊᠊᠊᠊ ᠡᠨ᠂ ᠳᠠᠢ᠌ᠮᠤ ᠦᠦ

᠊᠊᠊᠊᠊᠊᠊᠊᠊᠊᠊᠊᠊᠊᠊ ᠳᠠᠢ᠌ᠮᠤ ᠶᠤᠮ ᠪᠠᠢ᠌ᠨ᠎ᠠ᠃

᠊᠊᠊᠊᠊᠊᠊᠊᠊᠊᠊᠊᠊᠊᠊ ᠳᠠᠷᠠ ᠮᠢᠩ ᠴᠢᠤ ᠵᠢᠩ ᠭᠡᠮᠡᠭᠦ ᠮᠠᠠᠵᠤ ᠶᠢᠨ ᠠᠮᠢᠨ ᠤ ᠭᠡᠷᠡᠭ᠌ ᠴᠢᠮ᠎ᠠ ᠳᠡᠭᠡᠷ᠎ᠡ ᠪᠠᠭᠤᠵᠤ ᠪᠠᠢ᠌ᠨ᠎ᠠ ᠳ᠋ᠠ᠃

᠊᠊᠊᠊᠊᠊᠊᠊᠊᠊᠊᠊᠊᠊᠊ ᠬᠤᠷᠳᠤᠨ ᠳᠦᠯ ᠥᠭ᠍ᠳᠡᠭ᠌ ᠬᠤᠯᠠ ᠭᠡᠭᠦᠤ ᠶᠢᠨ ᠠᠳᠢᠰᠬᠠᠨ ᠤ ᠭᠡᠷᠡᠭ᠌ ᠴᠢᠨᠢ ᠣᠳᠤ᠂ ᠮᠠᠨ ᠢ ᠪᠠᠨ ᠬᠤᠷᠢᠶᠠᠵᠤ ᠵᠠᠭᠢᠷᠤᠭᠰᠠᠨ ᠮᠠᠠᠵᠤ ᠶᠢᠨ ᠠᠮᠢᠨ ᠤ ᠭᠡᠷᠡᠭ᠌ ᠪᠣᠯᠵᠤ ᠬᠤᠪᠢᠷᠠᠭᠰᠠᠨ ᠪᠠᠢ᠌ᠨ᠎ᠠ ᠦᠦ⁈ ᠠᠷᠠᠢ ᠪᠣᠯᠬᠤ ᠦᠭᠡᠶ ᠪᠣᠢ᠃ ᠳᠡᠭᠡᠭᠦ ᠳᠡᠭᠡᠨ ᠳᠠᠨ ᠳᠤ ᠪᠢ ᠣᠴᠢᠷ ᠢ ᠭᠠᠷᠭᠠᠶ᠎ᠠ ᠳ᠋ᠠ︕ ᠳᠠᠷᠠ ᠨᠤᠶᠠᠨ ᠤ ᠠᠮᠢᠨ ᠤ ᠭᠡᠷᠡᠭ᠌ ᠢ ᠭᠡᠴᠡᠭᠦᠤ ᠴᠠᠷᠠᠠᠪᠠᠯᠵᠢᠷ ᠦᠪᠡᠷ ᠶᠢᠡᠨ ᠳᠠᠭᠠᠭᠠᠬᠤ ᠶᠤᠰᠤᠳᠠᠢ᠃ ᠭᠦᠮᠤᠨ ᠤ ᠠᠮᠢᠨ ᠤ ᠭᠡᠷᠡᠭ᠌ ᠲᠤ ᠬᠤᠯᠪᠣᠭᠳᠠᠴᠢᠬᠠᠭᠠᠤᠨ ᠮᠠᠨ ᠤ ᠨᠤᠳᠤᠭ ᠶᠢᠡᠷ ᠢᠷᠠᠵᠤ ᠯᠠᠢ᠌ᠬᠤ ᠪᠠᠨ ᠱᠢᠭᠠᠨ 《ᠮᠢᠨᠤ ᠲᠦᠩᠱᠢ ᠮᠠᠠᠵᠤ ᠶᠢ ᠳᠠᠷᠢᠭᠠᠩᠭ᠋᠎ᠠ ᠶᠢᠨ ᠬᠤᠯᠠᠭᠠᠢ᠌ᠴᠢ ᠨᠡᠷ ᠯᠠ ᠠᠯᠠᠭᠰᠠᠨ᠃ ᠳᠠᠯᠠᠢ ᠸᠠᠩ ᠤᠨ ᠬᠤᠰᠢᠭᠤ ᠶᠢ ᠱᠦᠯᠦᠨ ᠤ ᠬᠤᠨᠢ ᠦᠭᠡᠶ᠂ ᠴᠢᠳᠤᠷ ᠤᠨ ᠮᠤᠷᠢ ᠦᠭᠡᠶ ᠪᠣᠯᠭᠠᠨ᠎ᠠ ᠭᠡᠵᠤ ᠡᠳᠦᠷ ᠶᠢᠡᠷ ᠮᠠᠨ ᠤ ᠮᠠᠯ ᠢ ᠪᠣᠯᠢᠶᠠᠵᠤ ᠠᠪᠣᠭᠠᠤᠨ ᠪᠠᠢ᠌ᠬᠤ ᠪᠣᠯᠤᠭᠰᠠᠨ ᠶᠤᠮ᠃ ᠰᠦᠨᠢ ᠪᠠᠷ ᠥᠴᠦᠭᠡᠨ ᠱᠤᠢᠱᠤᠷ ᠨᠠᠢ᠌ᠮᠠᠭᠠᠴᠢ ᠶᠢ ᠠᠯᠠᠬᠤ ᠨᠢ ᠳᠠᠳᠠᠨ ᠳᠤ ᠶᠠᠭᠤ ᠴᠤ ᠪᠢᠰᠢ》 ᠭᠡᠮᠡᠨ ᠣᠯᠠ ᠮᠦᠷ ᠦᠭᠡᠶ ᠣᠨᠤᠭ᠎ᠠ ᠣᠴᠢᠭ ᠦᠭᠡᠶ ᠶᠠᠭᠤᠮ᠎ᠠ ᠶᠠᠷᠢᠵᠤ ᠢᠷᠡᠭᠡᠤᠨ ᠠᠮᠠ ᠪᠠᠨ ᠠᠯᠠᠭᠠᠳᠠᠭᠤᠯᠤᠭᠠᠤᠨ ᠪᠣᠴᠠᠭᠰᠠᠨ ᠭᠦᠮᠤᠨ᠂ ᠳᠠᠷᠠ ᠴᠠᠷᠠᠠᠪᠠᠯᠵᠢᠷ ᠴᠢᠨᠢ︕

᠊᠊᠊᠊᠊᠊᠊᠊᠊᠊᠊᠊᠊᠊᠊ ᠳᠡᠭᠡᠵᠤ ᠢᠷᠡᠭᠦ ᠳᠤ ᠨᠢ ᠳᠠᠷᠢᠭᠠᠩᠭ᠋᠎ᠠ ᠶᠢᠨ ᠭᠢᠨ ᠶᠠᠭᠤ ᠭᠡᠵᠤ ᠠᠮᠠ ᠶᠢ ᠨᠢ ᠠᠯᠠᠭᠠᠳᠠᠭᠰᠠᠨ ᠶᠤᠮ ᠪᠣᠢ ⁈ ᠴᠤᠬᠤᠮ ᠭᠡᠨ ᠠᠯᠠᠯ᠎ᠠ ᠭᠡᠵᠤ ᠴᠠᠷᠠᠠᠪᠠᠯᠵᠢᠷ ᠴᠤᠭᠢᠭ᠎ᠠ ᠶᠤᠮ ᠪᠣᠯ︖

᠊᠊᠊᠊᠊᠊᠊᠊᠊᠊᠊᠊᠊᠊᠊ ᠴᠤᠬᠤᠮ ᠳᠠᠭᠠᠨ ᠳᠠᠷᠠᠨ ᠢ ᠠᠯᠠᠯ᠎ᠠ ᠭᠡᠵᠤ ᠳᠠᠷᠠ ᠯᠣᠢ᠌ᠪᠠᠷᠴᠢᠨ ᠭᠡᠨ ᠤ ᠴᠤ ᠨᠠᠷ᠎ᠠ ᠴᠤᠭᠢᠭ᠎ᠠ ᠦᠭᠡᠶ᠂ ᠬᠠᠷᠢᠨ ᠳᠠᠷᠢᠭᠠᠩᠭ᠋᠎ᠠ ᠶᠢᠨ ᠭᠢᠨ ᠭᠡᠪᠠᠯ᠄

《ᠠᠷᠪᠠᠨ ᠵᠥᠭ᠌ ᠤᠨ ᠬᠠᠭᠠᠯᠭ᠎ᠠ ᠬᠠᠭᠠᠭᠳᠠᠭ᠎ᠠ ᠦᠭᠡᠶ

ᠠᠯᠳᠠᠨ ᠳᠡᠯᠡᠭᠡᠢ ᠬᠠᠪᠴᠢᠭ᠎ᠠ ᠦᠭᠡᠶ ᠪᠠᠢ᠌ᠨ᠎ᠠ

ᠠᠯᠢ ᠭᠠᠵᠠᠷ ᠤᠨ ᠭᠡᠨ ᠠᠯᠠᠭᠰᠠᠨ ᠢ ᠴᠢ ᠶᠠᠭᠠᠭᠢᠵᠤ ᠮᠠᠳᠠᠪᠠ︖

ᠳᠠᠷᠢᠭᠠᠩᠭ᠋᠎ᠠ ᠶᠢᠨ ᠬᠤᠯᠠᠭᠠᠢ᠌ᠴᠢ ᠬᠤᠷᠤᠭᠠᠭᠰᠠᠨ ᠭᠡᠵᠤ

ᠬᠠᠰ ᠳᠡᠮᠳᠡᠭ᠌ ᠨᠢ

ᠬᠠᠰᠭᠢᠷᠴᠤ ᠪᠠᠢ᠌ᠨ᠎ᠠ ᠦᠦ︖

ᠣᠩᠭᠢ ᠳᠡᠮᠳᠡᠭ᠌ ᠨᠢ

ᠣᠷᠢᠯᠠᠵᠤ ᠪᠠᠢ᠌ᠨ᠎ᠠ ᠦᠦ᠂ ᠳᠠᠷᠠ ᠭᠡᠭᠦᠷ ᠤᠨ ᠴᠢᠨᠢ ⁈》 ᠭᠡᠰᠡᠨ ᠶᠤᠮ ᠭᠡᠨ᠎ᠡ ᠪᠢᠯᠠ᠃ ᠴᠤᠬᠤᠮ ᠣᠴᠢᠷ ᠭᠡᠪᠠᠯ ᠮᠢᠩ ᠴᠢᠤ ᠵᠢᠩ ᠭᠡᠳᠡᠭ᠌ ᠴᠢᠨᠢ ᠁ ᠶ‍ᠣ᠊᠂ ᠶ‍ᠣ᠊᠂ ᠶ‍ᠤ᠋ ᠳᠤᠯᠤᠭᠠᠢ ᠡᠷᠭᠢᠭᠡᠤᠨ ᠪᠠᠢ᠌ᠬᠤ ᠴᠢᠨᠢ᠂ ᠠᠯᠢᠪ᠂ ᠣᠰᠤ ᠦᠭ‍ᠭᠦᠭᠡᠴᠢ︕ ᠭᠡᠵᠤ ᠪᠠᠽᠠᠷ ᠠᠶᠠᠭ᠎ᠠ ᠣᠰᠤ ᠣᠯᠵᠤ ᠵᠠᠯᠭᠢᠯᠠᠭᠠᠤᠨ᠄

᠊᠊᠊᠊᠊᠊᠊᠊᠊᠊᠊᠊᠊᠊᠊ ᠁ ᠳᠠᠷᠠ ᠮᠢᠩ ᠴᠢᠤ ᠵᠢᠩ ᠳᠡᠷᠭᠡ ᠳᠦᠷᠢᠵᠤ ᠬᠤᠳᠠᠨ ᠤ ᠬᠤᠭ ᠲᠡᠶ ᠣᠩᠭ᠋ᠠᠰᠤ ᠶᠢ ᠴᠤᠭᠯᠠᠭᠤᠯᠳᠠᠭ ᠱᠤᠢᠱᠤᠷ ᠨᠠᠢ᠌ᠮᠠᠭᠠᠴᠢᠨ ᠪᠢᠰᠢ ᠰᠢᠤ︕

᠊᠊᠊᠊᠊᠊᠊᠊᠊᠊᠊᠊᠊᠊᠊ ᠳᠡᠭᠡᠭᠡᠤᠨ ᠶᠠᠭᠤ ᠶᠤᠮ ᠪᠣᠢ︖

᠊᠊᠊᠊᠊᠊᠊᠊᠊᠊᠊᠊᠊᠊᠊ ᠳ᠋ᠠ ᠸᠠᠩ ᠤᠨ ᠭᠦᠷᠢᠶᠡᠨ ᠳᠤ ᠨᠢᠳᠤᠨᠤᠨ ᠨᠡᠭᠡᠭᠡᠭ᠍ᠰᠡᠨ ᠫᠦᠰᠡᠨ ᠤ ᠡᠵᠡᠨ᠂ ᠳᠠᠷᠢᠭᠠᠩᠭ᠋᠎ᠠ ᠶᠢᠨ ᠨᠤᠳᠤᠭ ᠳᠡᠭᠡᠷ᠎ᠡ ᠭᠡᠪᠠᠯ ᠪᠠᠶᠠᠨ ᠭᠢᠳᠠᠤᠨ ᠪᠠᠭᠡᠵᠢᠩ ᠳ᠋ᠠᠰᠢ ᠲᠡᠶ ᠯᠠ ᠬᠤᠯᠪᠣᠭᠠᠳᠠᠢ ᠪᠠᠢ᠌ᠬᠤ ᠭᠡᠴᠡᠭᠦᠤ ᠴᠠᠷᠠᠠᠪᠠᠯᠵᠢᠷ ᠦᠪᠡᠷ ᠢ ᠪᠠᠨ ᠪᠣᠯᠤᠨ ᠠᠯᠪᠠᠳᠤ ᠠᠷᠠᠤᠨ ᠶᠢᠡᠨ ᠳᠠᠷᠠ ᠳᠠᠯᠠᠢ᠌ᠮᠤᠷ ᠤᠨ ᠫᠦᠰᠡᠨ ᠳᠤ ᠥᠷᠢᠳᠡᠭᠦᠯᠦᠴᠢᠭᠡᠭᠡᠤᠨ ᠡᠴᠦᠰ ᠲᠤ ᠨᠢ ᠥᠭᠡᠷ᠎ᠡ ᠠᠷᠭ᠎ᠠ ᠣᠯᠬᠤ ᠦᠭᠡᠶ᠁ ᠴᠠᠰᠢ ᠨᠢ ᠬᠠᠷᠠᠭᠤᠯᠤᠭᠰᠠᠨ ᠶᠤᠮ ᠭᠡᠨ᠎ᠡ ᠯᠠ᠃ ᠢᠩᠭᠢᠵᠤ ᠬᠣᠢ᠌ᠳᠤ ᠬᠤᠰᠢᠭᠤᠳ ᠶᠢᠡᠷ ᠭᠡᠯᠡᠯᠴᠡᠳᠡᠭ᠌ ᠶᠤᠮ᠃ ᠭᠡᠴᠡᠭᠦᠤ ᠭᠦᠮᠤᠨ ᠪᠣᠯᠬᠤᠯᠠᠷ ᠭᠡᠷᠡᠭ᠌ ᠶᠢᠡᠨ ᠨᠠᠳᠠ ᠣᠷᠤᠭᠤ ᠴᠢᠭᠢᠭᠦ ᠪᠠᠷ ᠰᠢ᠌ᠳᠦᠭᠡ ᠶᠤᠮ ᠪᠠᠢ᠌ᠬᠤ ᠳ᠋ᠠ᠃ ᠭᠦᠷᠢᠶ᠎ᠡ ᠠᠮᠪᠠᠨ ᠳᠤ ᠵᠠᠷᠭᠤᠯᠳᠤᠨ᠎ᠠ ᠳ᠋ᠠ᠂ ᠶᠠᠭᠠᠭᠢᠬᠤᠪ ᠭᠡᠵᠤ ᠪᠠᠽᠠᠷ ᠦᠴᠢᠪᠠ᠃

ᠪᠠᠽᠠᠷ ᠤᠨ ᠮᠡᠳᠡᠭᠦᠯᠦᠯᠭᠡᠨ ᠳᠤ ᠳᠡᠭᠡᠰ ᠳᠤᠭᠤᠰ ᠪᠠᠢ᠌ᠭᠰᠠᠨ ᠦᠭᠡᠶ᠃ ᠭᠡᠪᠠᠴᠤ ᠠᠭᠤᠯᠠ ᠶᠢᠨ ᠳᠤ᠋ ᠨᠤᠶᠠᠨ᠂ ᠬᠤᠨᠢᠴᠢᠳ ᠤᠨ ᠢᠱᠢ ᠨᠤᠶᠠᠨ ᠬᠤᠶᠠᠷ ᠬᠤᠤᠪᠢᠯᠳᠤᠨ ᠮᠢᠩ ᠴᠢᠤ ᠵᠢᠩ ᠤᠨ ᠲᠦᠩᠱᠢ ᠪᠣᠯᠬᠤ ᠪᠠᠷ ᠪᠠᠭᠡᠵᠢᠩ ᠳ᠋ᠠᠰᠢ ᠶᠢ ᠠᠪᠠᠬᠠᠨᠠᠷ ᠪᠠᠢ᠌ᠯᠠ ᠶᠢᠨ ᠣᠷᠤᠭᠤ ᠪᠠᠭᠠᠬᠠᠨ ᠮᠥᠩᠭᠦ ᠲᠡᠶ ᠵᠠᠷᠤᠵᠤ᠂ ᠪᠠᠽᠠᠷ ᠢ ᠴᠠᠰᠢ ᠨᠢ ᠬᠠᠷᠠᠭᠤᠯᠬᠤ ᠠᠶ᠎ᠠ ᠶᠢ ᠪᠣᠳᠤ ᠭᠡᠮᠡᠨ ᠢᠯᠡᠭᠡᠭ᠍ᠰᠡᠨ ᠢ ᠳᠠᠷᠠ ᠡᠷ᠎ᠡ ᠵᠡᠭᠦᠳᠦᠯᠡᠭᠦ ᠴᠤ ᠦᠭᠡᠶ ᠰᠠᠭᠤᠯ᠎ᠠ᠃ ᠳᠠᠭᠢᠨ ᠳᠠᠷᠢᠭᠠᠩᠭ᠋᠎ᠠ ᠶᠢᠨ ᠰᠢᠷᠣᠢ᠌ᠨ ᠳᠡᠭᠡᠷ᠎ᠡ ᠪᠠᠽᠠᠷ ᠲᠡᠶ ᠠᠭᠤᠯᠵᠠᠬᠤ ᠦᠭᠡᠶ ᠰᠠᠨ ᠭᠡᠭᠦ ᠪᠣᠳᠤᠯ ᠳ᠋ᠠᠰᠢ᠂ ᠢᠱᠢ᠂ ᠳᠤᠭᠠᠷ ᠭᠤᠷᠪᠠ ᠶᠢᠨ ᠰᠠᠨᠠᠭ᠎ᠠ ᠶᠢ ᠴᠢᠠᠳᠠᠮᠤᠨᠢᠯᠠᠨ ᠬᠤᠯᠪᠣᠵᠤ ᠦᠭ‍ᠭᠦᠭ᠍ᠰᠡᠨ ᠠᠭᠠᠤᠨ᠂ ᠭᠡᠴᠡᠭᠦᠤ ᠴᠠᠷᠠᠠᠪᠠᠯᠵᠢᠷ ᠤᠨ ᠨᠠᠷ᠎ᠠ ᠪᠠᠷ ᠭᠦᠮᠤᠨ ᠤ ᠠᠮᠢᠨ ᠤ ᠭᠡᠷᠡᠭ᠌ ᠬᠠᠭᠤᠷᠮᠠᠭᠴᠢ ᠪᠠᠷ ᠪᠣᠰᠬᠠᠵᠤ ᠳᠡᠭᠡᠷᠡᠭᠢ ᠰᠠᠨᠠᠭ᠎ᠠ ᠪᠠᠨ ᠭᠦᠢᠴᠡᠯᠳᠦᠭᠦᠯᠭᠦ ᠶᠢ ᠵᠤᠷᠢᠵᠠᠢ᠃ ᠪᠠᠽᠠᠷ ᠳᠠᠷᠠ ᠪᠣᠯᠭᠠᠨ ᠢ ᠳᠠᠭᠠᠭᠠᠵᠤ ᠮᠡᠳᠡᠭᠦ ᠦᠭᠡᠶ ᠴᠤ᠄

᠊᠊᠊᠊᠊᠊᠊᠊᠊᠊᠊᠊᠊᠊᠊ ᠭᠦᠵᠦᠷ ᠦᠭᠡᠶ ᠪᠣᠯ ᠵᠠᠷᠭᠤ ᠪᠢᠰᠢ᠂ ᠭᠦᠵᠡᠭᠡ ᠦᠭᠡᠶ ᠪᠣᠯ ᠬᠤᠨᠢ ᠪᠢᠰᠢ ᠭᠡᠳᠡᠭ᠌ ᠤᠨ ᠥᠯᠢᠭᠡᠷ ᠶᠢᠡᠷ ᠮᠢᠨᠤ ᠵᠤᠪᠠᠯᠠᠩ ᠤᠨ ᠯᠠᠢ ᠪᠣᠯᠬᠤ ᠪᠠᠷ ᠪᠠᠰᠠ ᠯᠠ ᠨᠢᠭᠡ ᠬᠤᠳᠠᠯ ᠶᠠᠭᠤᠮ᠎ᠠ ᠣᠷᠤᠭᠠᠤᠨ ᠢᠷᠠᠯ᠎ᠠ ᠳ᠋ᠠ ᠭᠡᠵᠤ ᠭᠤᠨᠢᠭ ᠵᠤᠪᠠᠯᠠᠩ ᠶᠢᠡᠨ ᠦᠯᠦ ᠨᠢᠭᠤᠨ᠂ ᠦᠨᠡᠨ ᠰᠠᠤᠠᠭᠢᠯ ᠡᠴᠡ ᠪᠠᠨ ᠭᠡᠯᠡᠵᠤ ᠪᠢᠯᠠ᠃

᠊᠊᠊᠊᠊᠊᠊᠊᠊᠊᠊᠊᠊᠊᠊ ᠵᠠ᠂ ᠪᠠᠽᠠᠷ ᠴᠢ ᠬᠤᠶᠠᠷ ᠮᠦᠴᠡ ᠶᠢᠨ ᠬᠤᠭᠤᠷᠤᠠᠳᠤ ᠬᠤᠶᠠᠷ ᠠᠶᠠᠭ᠎ᠠ ᠣᠰᠤ ᠣᠤᠭᠤᠯ᠎ᠠ᠃ ᠡᠨᠡ ᠭᠠᠢ᠌ᠳᠠᠢ ᠳᠠᠷᠴᠠᠭ ᠬᠠᠪᠣᠷ ᠶᠢᠡᠷ ᠣᠰᠤ ᠦᠨ᠎ᠡ ᠳᠤ ᠣᠷᠤᠵᠤ᠂ ᠣᠬᠤᠨ᠎ᠠ ᠢᠰᠢᠭᠡ ᠦᠭ‍ᠭᠦᠭ᠍ᠰᠡᠨ ᠭᠦᠮᠤᠨ ᠳᠤ ᠶᠤᠩᠬᠤᠷ ᠬᠤᠪᠢᠩ ᠣᠰᠤ ᠪᠠᠷᠢᠳᠠᠭ ᠪᠣᠯᠤᠭᠰᠠᠨ ᠢ ᠮᠠᠳᠠᠵᠤ ᠪᠠᠢ᠌ᠨ᠎ᠠ ᠦᠦ︖

᠊᠊᠊᠊᠊᠊᠊᠊᠊᠊᠊᠊᠊᠊᠊ ᠦᠭᠡᠶ ᠶᠤᠮ ᠡ︕

᠊᠊᠊᠊᠊᠊᠊᠊᠊᠊᠊᠊᠊᠊᠊ ᠵᠠ᠂ ᠳᠡᠭᠡᠪᠠᠯ ᠮᠠᠳᠠ᠃ ᠮᠡᠳᠡᠭ᠍ᠰᠡᠨ ᠤ ᠪᠠᠨ ᠬᠣᠢ᠌ᠳᠤ ᠳᠡᠭᠡᠷ᠎ᠡ ᠭᠡᠯᠡ︕ ᠴᠢ ᠭᠠᠷᠤᠳᠢᠪᠠᠯᠵᠠᠷ ᠢ ᠳᠠᠨᠢᠬᠤ ᠦᠦ

᠊᠊᠊᠊᠊᠊᠊᠊᠊᠊᠊᠊᠊᠊᠊ ᠶᠠᠮᠠᠷ︖

᠊᠊᠊᠊᠊᠊᠊᠊᠊᠊᠊᠊᠊᠊᠊ ᠡᠪᠦᠭᠡᠨ ᠭᠠᠷᠤᠳᠢᠪᠠᠯᠵᠠᠷ ᠭᠤᠸᠠᠢ ᠶᠢ︖ ᠁ ᠪᠢᠳᠡᠭᠡᠢ ᠮᠡᠳᠡᠭᠡ ᠦᠭᠡᠶ ᠳᠦᠷᠢ ᠥᠵᠡᠭᠦᠯᠭᠦ ᠭᠡᠤᠨ ᠪᠠᠢ︕

᠊᠊᠊᠊᠊᠊᠊᠊᠊᠊᠊᠊᠊᠊᠊ ᠪᠠᠰᠠ ᠶᠠᠭᠤᠨ ᠪᠢᠷᠢᠤᠠᠪᠠᠯᠵᠠᠷ ᠭᠠᠷᠤᠭᠠᠤᠨ ᠢᠷᠠᠪᠠ︖

᠊᠊᠊᠊᠊᠊᠊᠊᠊᠊᠊᠊᠊᠊᠊ ᠡᠨ᠂ ᠳᠠᠢ᠌ᠮᠤ ᠦᠦ᠂ ᠴᠢ ᠪᠢᠷᠢᠤᠠᠪᠠᠯᠵᠠᠷ ᠪᠣᠯᠭᠠᠴᠢᠬᠠᠭᠰᠠᠨ ᠦᠦ︖ ᠱᠠᠩᠳᠠ ᠶᠢᠨ ᠭᠠᠷᠤᠳᠢᠪᠠᠯᠵᠠᠷ ᠢ ᠳᠠᠨᠢᠨ᠎ᠠ ᠰᠢᠤ ᠳ᠋ᠠ᠃

᠊᠊᠊᠊᠊᠊᠊᠊᠊᠊᠊᠊᠊᠊᠊ ᠦᠭᠡᠶ ᠶᠤᠮ ᠪᠠᠢ᠌ᠨ᠎ᠠ᠃ ᠲᠦᠰᠢᠮᠠᠯ ᠪᠠᠶ᠎ᠠ ᠪᠠᠨ ᠪᠠᠷᠢᠵᠤ ᠴᠢᠳᠠᠬᠤ ᠪᠠᠨ ᠪᠣᠯᠢᠨ ᠣᠷᠢᠯᠠᠭᠰᠠᠨ ᠨᠢ᠄

᠊᠊᠊᠊᠊᠊᠊᠊᠊᠊᠊᠊᠊᠊᠊ ᠰᠠᠨᠠᠭᠤᠯᠤᠭᠠᠤᠨ ᠥᠭ᠌ ᠮᠠᠷᠳᠠᠭᠰᠠᠨ ᠢ ᠨᠢ ᠮᠢᠬᠠᠨ ᠳᠤ ᠨᠢ ᠰᠠᠨᠠᠭᠤᠯᠤᠭᠠᠤᠨ ᠣᠷᠭᠢ︕ ᠵᠠᠭᠠᠳᠤᠨᠠᠭᠰᠠᠨ ᠵᠤᠪᠠᠯᠭ᠎ᠠ ᠶᠢ ᠨᠢ ᠮᠠᠭᠠᠵᠢᠭᠠᠤᠨ ᠦᠭ‍ᠭᠦᠭᠡᠴᠢ︕ ᠁

ᠲᠦᠰᠢᠮᠠᠯ ᠪᠠᠽᠠᠷ ᠬᠤᠶᠠᠷ ᠤᠨ ᠣᠢ᠌ᠤᠠᠬᠠᠷᠳᠠᠢ ᠶᠠᠷᠢᠶ᠎ᠠ ᠶᠢ ᠴᠢᠩᠨᠠᠵᠤ᠂ ᠭᠡᠳᠤᠨ ᠮᠦᠴᠡ ᠠᠵᠢᠯ ᠦᠭᠡᠶ ᠰᠠᠭᠤᠭᠰᠠᠨ ᠳᠠᠭᠠᠨ ᠵᠡᠭᠦᠷᠮᠡᠭᠯᠡᠭ᠍ᠰᠡᠨ ᠵᠠᠠᠳᠠᠯᠴᠢᠨ᠂ ᠲᠦᠰᠢᠮᠠᠯ ᠳᠤ ᠣᠮᠤᠭᠳᠠᠭᠤᠯᠤᠭᠰᠠᠨ ᠠᠭᠤᠷ ᠶᠢᠡᠨ ᠪᠠᠽᠠᠷ ᠲᠤ ᠭᠠᠷᠭᠠᠵᠤ᠂ ᠮᠠᠭᠤᠬᠠᠢ ᠬᠠᠷᠠᠭᠰᠠᠭᠠᠷ ᠦᠰᠦᠷᠤᠨ ᠪᠣᠰᠤᠭᠠᠤᠨ᠄

᠊᠊᠊᠊᠊᠊᠊᠊᠊᠊᠊᠊᠊᠊᠊ ᠪᠠᠠᠵᠠ ᠦᠦ᠂ ᠱᠠᠬᠠᠢ ᠦᠦ ᠭᠡᠰᠡᠨ ᠳᠤ ᠴᠠᠭᠠᠳᠤᠭᠢ ᠨᠢ᠄

᠊᠊᠊᠊᠊᠊᠊᠊᠊᠊᠊᠊᠊᠊᠊ ᠮᠠᠯ ᠡ᠂ ᠴᠢ᠃ ᠡᠷᠡᠮᠪᠡ ᠪᠠᠨ ᠮᠠᠷᠳᠠᠴᠢᠬᠠᠭᠰᠠᠨ ᠦᠦ᠂ ᠭᠢᠮᠤᠰᠤᠨ ᠤ ᠭᠢᠨᠢ ᠵᠠᠪᠰᠠᠷ ᠶᠢᠡᠷ ᠬᠤᠯᠤᠰᠤ ᠰᠢᠭᠠᠳᠠᠭ ᠴᠢᠨᠢ ᠶᠠᠭᠠᠭᠢᠭᠰᠠᠨ ᠪᠣᠢ ⁉ ᠭᠡᠵᠤ ᠣᠷᠢᠯᠠᠵᠠᠢ᠃

ᠭᠦᠷᠵᠡᠭᠡᠷ ᠬᠠᠷ᠎ᠠ ᠴᠢᠷᠠᠢ᠌ᠳᠠᠢ ᠭᠦᠭ᠍ᠰᠢᠨ ᠠᠪᠠᠭ᠎ᠠ ᠵᠢᠪᠠ ᠨᠥᠭᠦᠭᠡᠰᠤᠨ ᠳᠤ ᠪᠠᠷᠢᠭᠳᠠᠭᠰᠠᠨ ᠨᠥᠭᠦᠭᠡ ᠮᠠᠭᠤ ᠳᠠᠮᠤᠷ ᠬᠤᠪᠢᠩ ᠳᠠᠭᠠᠨ ᠳᠠᠳᠠᠰᠢ ᠴᠢᠨᠠᠭᠰᠠᠨ ᠳᠤᠭᠤᠭᠠᠨ ᠤ ᠣᠭᠠᠳᠠᠰᠤ ᠭᠢᠵᠤ ᠪᠠᠷᠢᠭᠠᠤᠨ ᠪᠠᠢ᠌ᠴᠠᠭᠠᠬᠤ ᠭᠡᠷ ᠤᠨ ᠡᠭᠦᠳᠡ ᠪᠠᠷ ᠥᠩᠭᠡᠷᠡᠭᠦ ᠳᠡᠭᠡᠨ 《ᠭᠦᠭᠡᠷᠦᠭᠦᠢ᠂ ᠡᠨᠡ ᠳᠠᠷᠢᠭᠠᠩᠭ᠋᠎ᠠ ᠡᠷ᠎ᠡ ᠦᠨᠦᠳᠤᠷ ᠠᠩᠬ᠎ᠠ ᠣᠳᠠᠭ᠎ᠠ ᠪᠠᠨ ᠶᠤᠤᠯᠠᠪᠠ ᠡ︕ ᠬᠤᠯᠤᠰᠤᠨ ᠭᠢᠮᠤᠰᠤ ᠶᠤᠮ ᠪᠠᠢ᠌ᠬᠤ ᠳ᠋ᠠ᠂ ᠲᠤᠩ ᠪᠣᠯᠳᠠᠭ ᠦᠭᠡᠶ ᠡᠳ᠋ ᠳ᠋ᠠ︕》 ᠭᠡᠮᠡᠨ ᠪᠣᠳᠤᠵᠤ ᠠᠯᠬᠤᠯᠠᠯ᠎ᠠ᠃

ᠳᠤᠭᠤᠯ ᠤᠨ ᠬᠤᠷᠤᠭ᠎ᠠ ᠭᠡᠯᠳᠡᠢ ᠨᠠᠮᠬᠠᠨ ᠨᠠᠷᠠᠰᠤᠨ ᠬᠠᠰᠢᠯᠭᠠᠨ ᠡᠴᠡ ᠬᠠᠩᠭ᠋ᠠᠢ ᠪᠠᠽᠠᠷ ᠢ ᠴᠢᠷᠴᠤ ᠭᠤᠯᠳᠤᠷᠢᠭᠰᠠᠭᠠᠷ ᠭᠠᠷᠭᠠᠵᠤ ᠢᠷᠠᠪᠠ᠃ ᠳᠠᠷᠠ ᠪᠠᠷ ᠨᠠᠷᠠᠨ ᠤ ᠭᠡᠷᠡᠯ᠂ ᠰᠡᠷᠢᠭᠦᠨ ᠠᠭᠠᠷ ᠬᠤᠶᠠᠷ ᠲᠤ ᠴᠤᠭᠢᠭᠤᠯᠵᠤ ᠣᠬᠠᠭᠠᠨ ᠠᠯᠳᠠᠨ ᠨᠤᠭᠳᠠᠰᠭᠢᠨ ᠣᠨᠠᠵᠠᠢ᠃ ᠭᠡᠳᠤᠨ ᠬᠤᠷᠤᠮ ᠤᠨ ᠳᠠᠷᠠᠭ᠎ᠠ ᠰᠡᠷᠭᠦᠵᠤ᠂ ᠠᠩᠭ᠋ᠠᠰ ᠠᠩᠭ᠋ᠠᠰᠭᠢᠨ ᠪᠠᠢ᠌ᠭ᠎ᠠ ᠳᠤᠯᠤᠭᠠᠢ ᠪᠠᠨ ᠬᠤᠶᠠᠷ ᠭᠠᠷ ᠶᠢᠡᠷ ᠶᠢᠡᠨ ᠪᠠᠵᠠᠯᠠᠭᠰᠠᠭᠠᠷ ᠨᠢᠳᠤ ᠪᠠᠨ ᠨᠡᠭᠡᠭᠡᠭ᠍ᠰᠡᠨ ᠳᠤ ᠴᠡᠭᠡᠵᠢᠨ ᠪᠠᠶ᠎ᠠ ᠨᠢ ᠨᠢᠯᠠ ᠨᠣᠢ᠌ᠳᠠᠨ ᠪᠣᠯᠴᠢᠬᠠᠭᠰᠠᠨ ᠪᠠᠢ᠌ᠯ᠎ᠠ᠃ 《ᠡᠨ᠂ ᠨᠠᠮ᠎ᠠ ᠶᠢ ᠣᠰᠤ ᠭᠢᠵᠤ ᠰᠡᠷᠭᠦᠭᠡᠵᠤ ᠰᠢᠤ︕ ᠳᠠᠢ᠌ᠮᠤ ᠶᠡᠭᠡ ᠭᠡᠷᠡᠭ᠌ ᠪᠣᠯᠤᠭ᠎ᠠ ᠶᠤᠮ ᠪᠠᠢ᠌ᠬᠤ ᠳ᠋ᠠ᠃ ᠪᠠᠰᠠ ᠨᠢᠭᠡ ᠰᠢᠨ᠎ᠠ ᠳᠦᠷᠦᠭᠡ ᠰᠡᠳᠦᠭᠦ ᠨᠢ ᠦᠦ⁈ ᠰᠠᠠᠰᠠᠷᠠᠢ᠌ᠳᠤᠷᠵᠢ ᠶᠢᠨ ᠬᠤᠰᠢᠭᠤᠨ ᠤ ᠶᠠᠪᠣᠳᠠᠯ ᠢ ᠮᠡᠳᠡᠴᠢᠭᠡᠭᠡ ᠦᠭᠡᠶ ᠯᠠ ᠪᠣᠯ ᠶᠠᠭᠠᠮᠠᠢ︕》 ᠭᠡᠵᠤ ᠳᠤᠳᠤᠷ᠎ᠠ ᠪᠠᠨ ᠠᠭᠵᠠᠭᠠᠨᠠᠭᠤᠯᠤᠨ ᠪᠣᠳᠤᠵᠠᠢ᠃

ᠵᠠᠠᠳᠠᠯᠴᠢᠨ ᠡᠷ᠎ᠡ᠂ ᠭᠢᠯᠠᠷ ᠠᠪᠠᠭ᠎ᠠ ᠬᠤᠶᠠᠷ ᠪᠠᠽᠠᠷ ᠢ ᠰᠤᠭᠤᠳᠠᠵᠤ ᠪᠣᠰᠬᠠᠭᠠᠤᠨ ᠴᠢᠷᠴᠤ ᠭᠤᠯᠳᠤᠷᠢᠭᠰᠠᠭᠠᠷ ᠭᠡᠳᠤ ᠠᠯᠬᠤᠭᠰᠠᠨ ᠨᠢ ᠨᠢ ᠮᠤᠷᠢᠨ ᠤ ᠣᠶᠠᠭ᠎ᠠ ᠭᠡᠳᠡᠯ᠎ᠡ ᠠᠷᠠᠢ ᠣᠢ᠌ᠷᠠᠬᠠᠨ ᠵᠤᠭᠤᠭᠰᠠᠨ ᠬᠤᠶᠠᠷ ᠱᠤᠩ ᠮᠤᠳᠤᠨ ᠤ ᠳᠡᠷᠭᠡᠳᠡ ᠭᠦᠷᠴᠤ ᠢᠷᠠᠪᠠ᠃

᠊᠊᠊᠊᠊᠊᠊᠊᠊᠊᠊᠊᠊᠊᠊ ᠵᠠ᠂ ᠳᠠᠰᠴᠤ ᠥᠵᠡᠭᠡᠷᠡᠢ︕ ᠶ‍ᠢᠰᠤᠳᠠᠭᠢ ᠡᠷᠡᠭᠦᠤ ᠴᠢᠨᠢ ᠰᠢᠤ︕ ᠭᠡᠵᠤ ᠭᠢᠯᠠᠷ ᠠᠪᠠᠭ᠎ᠠ ᠡᠶᠡᠯᠳᠡᠭ᠍ᠭᠡᠨ ᠰᠢᠪᠠᠨᠡᠭᠡᠤᠨ ᠪᠣᠴᠠᠭᠰᠠᠨ ᠳᠤ ᠵᠠᠠᠳᠠᠯᠴᠢᠨ᠄

ᠳᠠᠷᠢᠭᠠᠩᠭ᠋᠎ᠠ ᠶᠢᠨ ᠬᠤᠯᠠᠭᠠᠢ᠌ᠴᠢ ᠳᠦᠷᠭᠡᠯᠡᠵᠤ ᠦᠵᠡ︕ ᠭᠡᠷ ᠲᠤ ᠭᠡᠳᠤᠨ ᠭᠡᠦᠭᠡᠤᠨ ᠭᠦᠯᠢᠶᠡᠵᠤ ᠪᠠᠢ᠌ᠭ᠎ᠠ︕ ᠴᠢᠮ᠎ᠠ ᠶᠢ ᠪᠣᠰᠢᠭᠤᠬᠠᠨ ᠳᠡᠭᠦᠵᠢᠯᠡᠵᠤ ᠣᠷᠭᠢᠭᠠᠤᠨ ᠶᠠᠪᠣᠬᠤ ᠮᠢᠨᠢ ᠭᠡᠪᠡ᠃

᠊᠊᠊᠊᠊᠊᠊᠊᠊᠊᠊᠊᠊᠊᠊ ᠴᠢ ᠦᠷ᠎ᠡ ᠲᠡᠶ ᠭᠦᠮᠤᠨ ᠶᠤᠮ ᠦᠦ ᠭᠡᠰᠡᠨ ᠳᠤ ᠴᠠᠭᠠᠳᠤᠭᠢ ᠨᠢ ᠰᠤᠴᠢᠭᠰᠠᠨ ᠪᠣᠶᠤ ᠰᠡᠵᠢᠭᠯᠡᠭ᠍ᠰᠡᠨ ᠬᠠᠷᠠᠴᠠ ᠪᠠᠷ ᠬᠠᠷᠠᠵᠤ᠄

᠊᠊᠊᠊᠊᠊᠊᠊᠊᠊᠊᠊᠊᠊᠊ ᠪᠢ ᠠᠷᠪᠠᠨ ᠭᠤᠷᠪᠠᠨ ᠭᠡᠦᠭᠡᠤᠨ ᠤᠨ ᠡᠴᠢᠭᠡ ᠭᠦᠮᠤᠨ︕ ᠭᠡᠪᠡ᠃

᠊᠊᠊᠊᠊᠊᠊᠊᠊᠊᠊᠊᠊᠊᠊ ᠴᠢ ᠬᠠᠷᠢᠬᠤ ᠳᠠᠭᠠᠨ ᠭᠠᠷ ᠶᠢᠡᠨ ᠰᠠᠢ᠌ᠨ ᠣᠭᠢᠶᠠᠵᠤ ᠬᠠᠷᠢᠵᠤ ᠪᠠᠢ︕ ᠁ ᠴᠢᠮᠠᠳᠤ ᠭᠡᠦᠭᠡᠤᠨ ᠶᠢᠡᠨ ᠳᠡᠵᠢᠭᠡᠭᠦ ᠥᠭᠡᠷ᠎ᠡ ᠠᠷᠭ᠎ᠠ ᠣᠯᠳᠠᠬᠤ ᠦᠭᠡᠶ ᠪᠠᠢ᠌ᠨ᠎ᠠ ᠦᠦ︖ ᠭᠡᠰᠡᠨ ᠳᠤ᠄

᠊᠊᠊᠊᠊᠊᠊᠊᠊᠊᠊᠊᠊᠊᠊ ᠳᠠᠭᠤ ᠪᠠᠨ ᠳᠠᠳᠠ ᠭᠡᠤᠨ ᠪᠠᠷᠠᠭᠤᠨ ᠭᠠᠷ ᠤᠨ ᠶᠢᠡᠨ ᠡᠷᠴᠢ ᠪᠠᠷ ᠭᠦᠵᠦᠭᠦᠨ ᠳᠤᠮᠳᠠᠭᠤᠷ ᠨᠢ ᠪᠠᠭᠤᠯᠭᠠᠳᠠᠯ᠎ᠠ᠂ ᠪᠠᠽᠠᠷ ᠳᠤᠮᠤ ᠪᠠᠶ᠎ᠠ ᠪᠠᠷ ᠶᠢᠡᠨ ᠨᠠᠢ᠌ᠭᠤᠰᠭᠢᠭᠰᠠᠨ ᠶᠢᠡᠨ ᠥᠩᠭᠦᠷᠢᠭᠡᠤᠨ ᠶᠠᠪᠣᠴᠢᠬᠠᠵᠠᠢ᠃ ᠭᠡᠪᠠᠴᠤ ᠣᠬᠠᠭᠠᠨ ᠠᠯᠳᠠᠭᠰᠠᠨ ᠦᠭᠡᠶ᠃ ᠨᠢᠭᠡ ᠶᠠᠭᠤᠮ᠎ᠠ ᠳᠠᠩᠴᠠᠵᠤ ᠶᠠᠳᠠᠨ ᠪᠣᠰᠤᠭᠠᠤᠨ ᠬᠠᠷᠠᠭᠰᠠᠨ ᠴᠢᠨᠢ ᠴᠠᠭᠠᠳᠤᠭᠢ ᠨᠢ ᠠᠯᠴᠠᠢ᠌ᠨ ᠵᠤᠭᠰᠤᠭᠠᠤᠨ ᠠᠭᠤᠷᠤᠨ ᠳᠠᠭᠠᠨ ᠪᠠᠭᠳᠠᠷᠠᠨ ᠠᠮᠢᠰᠬᠤᠭᠠᠳᠠᠵᠤ᠄

᠊᠊᠊᠊᠊᠊᠊᠊᠊᠊᠊᠊᠊᠊᠊ ᠪᠢ ᠶᠠᠮᠠᠷ ᠶᠢᠡᠷ ᠴᠤ ᠭᠡᠯ᠎ᠡ ᠭᠡᠰᠡᠨ ᠳᠡᠵᠢᠭᠡᠵᠤ ᠪᠠᠢ᠌ᠨ᠎ᠠ᠃ ᠬᠠᠷᠢᠨ ᠴᠢ ᠪᠣᠯ ᠵᠤᠪᠠᠭᠠᠵᠤ ᠪᠠᠢ᠌ᠨ᠎ᠠ᠃ ᠴᠢᠮ᠎ᠠ ᠶᠢ ᠳᠤᠯᠤᠭᠠᠨ ᠬᠤᠰᠢᠭᠤᠨ ᠤ ᠳᠤᠮᠳᠠ ᠠᠭᠠᠭ ᠶᠢᠡᠨ ᠪᠠᠭᠳᠠᠭᠠᠵᠤ ᠶᠠᠪᠣᠬᠤ ᠳᠤ ᠦᠷ᠎ᠡ ᠭᠡᠦᠭᠡᠤᠨ ᠴᠢᠨᠢ ᠥᠭᠦᠵᠤ ᠳᠠᠭᠤᠰᠴᠤ ᠪᠠᠢ᠌ᠭ᠎ᠠ ᠳ᠋ᠠ︕ ᠁ ᠪᠣᠰᠢᠭᠤ ᠶᠠᠪᠣᠵᠤ ᠳᠡᠭᠦᠵᠢᠩ ᠳᠤ ᠣᠷᠤ︕ ᠭᠡᠭᠦ ᠳᠤ ᠨᠢ ᠪᠠᠽᠠᠷ ᠠᠯᠢ ᠴᠤ ᠡᠷᠡᠭᠦᠤ ᠳᠤ ᠥᠷᠴᠡᠢ᠌ᠭᠡ ᠦᠭᠡᠶ ᠪᠠᠨ ᠦᠷᠴᠠᠢ᠌ᠵᠤ ᠪᠢᠯᠠ᠃ ᠮᠢᠬ᠎ᠠ ᠠᠷᠠᠰᠤ ᠶᠢ ᠨᠢ ᠵᠤᠯᠭᠠᠭᠠᠨ ᠳᠠᠷᠴᠢᠯᠭᠠᠳᠠᠭ ᠳᠠᠷᠠ ᠵᠠᠠᠳᠠᠯᠴᠢᠨ ᠤ ᠥᠭᠡ ᠵᠢᠷᠦᠭᠡᠨ ᠳᠤ ᠨᠢ ᠳᠤᠰᠬᠤ ᠣᠪᠢᠳᠢᠰ ᠲᠡᠶ ᠪᠠᠢ᠌ᠵᠠᠢ᠃

᠁ ᠪᠠᠽᠠᠷ ᠤᠨ ᠪᠠᠶ᠎ᠠ ᠨᠦᠰᠠᠷ ᠭᠦᠡᠳᠤ ᠳᠤᠯᠠ ᠳᠡᠭᠦᠵᠢᠩ ᠳᠤ ᠶᠡᠭᠡ ᠵᠤᠪᠠᠵᠠᠢ᠃ ᠭᠤᠷᠪᠠᠨ ᠭᠢᠳᠠᠤᠨ ᠳᠣᠢ᠌ᠪᠣᠤ ᠳᠠᠪᠬᠤᠷᠯᠠᠨ ᠳᠠᠯᠪᠢᠵᠤ ᠳᠡᠭᠡᠷ᠎ᠡ ᠨᠢ ᠵᠤᠭᠰᠤᠭᠠᠭᠠᠤᠨ ᠬᠤᠶᠠᠷ ᠱᠤᠩ ᠤᠨ ᠬᠤᠭᠤᠷᠤᠠᠳᠤᠭᠢ ᠳᠡᠷᠭᠡᠨ ᠤ ᠭᠤᠤᠯ ᠰᠢᠭ ᠨᠠᠷᠢᠨ ᠳᠠᠮᠤᠷ ᠡᠴᠡ ᠬᠤᠶᠠᠷ ᠭᠠᠷ ᠢ ᠨᠢ ᠪᠠᠭᠯᠠᠵᠤ᠂ ᠳᠡᠭᠡᠳᠤ ᠳᠠᠯ᠎ᠠ ᠶᠢᠨ ᠳᠣᠢ᠌ᠪᠣᠤ ᠶᠢ ᠰᠤᠭᠤᠯᠵᠤ ᠬᠠᠶᠠᠭᠠᠤᠨ ᠵᠠᠠᠳᠠᠯᠴᠢᠨ ᠢ ᠶᠠᠪᠣᠭᠰᠠᠨ ᠡᠴᠡ ᠬᠣᠢ᠌ᠰᠢ ᠡᠳᠦᠭᠡ ᠪᠠᠽᠠᠷ ᠠᠪᠠᠭ᠎ᠠ ᠳ᠋ᠠ ᠸᠠᠩ ᠤᠨ ᠰᠤᠤᠠᠨᠠᠮᠫᠢᠯ ᠭᠡᠳᠡᠭ᠌ ᠪᠠᠭᠠᠴᠤᠤᠯ ᠲᠡᠶ ᠬᠤᠶᠠᠷ ᠡᠳᠦᠷ ᠳᠡᠭᠦᠵᠢᠩ ᠳᠤ ᠭᠠᠩᠬᠤᠵᠤ ᠪᠣᠢ ᠠᠵᠠᠢ᠃

ᠭᠠᠩ ᠤᠨ ᠬᠠᠯᠠᠭᠤᠨ ᠨᠠᠷᠠ ᠰᠢᠳᠠᠭᠠᠵᠤ ᠠᠯᠠᠬᠤ ᠰᠢᠬᠠᠨ᠎ᠠ᠃ ᠢᠯᠠᠭ᠎ᠠ ᠪᠠᠳᠠᠭᠠᠨ᠎ᠠ ᠰᠢᠷᠬ᠎ᠠ ᠰᠤᠷᠪᠢ ᠶᠢ ᠨᠢ ᠢᠳᠠᠨ᠎ᠠ᠃ 《ᠥᠭᠦᠵᠤ ᠦᠦ⁈ ᠨᠢᠳᠤ ᠶᠢ ᠨᠢ ᠣᠬᠤᠬᠤ ᠮᠢᠨᠢ ⁈》 ᠭᠡᠰᠡᠨ ᠡᠯᠢᠶ᠎ᠡ᠂ ᠭᠦᠯᠭᠦᠭᠦ ᠭᠦᠮᠦᠰ ᠤᠨ ᠴᠢᠯᠦᠭᠡ ᠣᠯᠵᠤ ᠳᠡᠭᠡᠭᠦᠷ ᠨᠢ ᠡᠷᠭᠢᠯᠳᠦᠨ᠎ᠡ᠃ ᠡᠮᠡᠰ ᠠᠪᠠᠭᠠᠢ᠌ᠴᠤᠤᠯ ᠭᠠᠰᠠᠯᠠᠯᠳᠤᠨ ᠥᠩᠭᠡᠷᠡᠨ᠎ᠡ᠃ ᠭᠡᠦᠭᠡᠤᠨ ᠤᠳ ᠭᠠᠢ᠌ᠬᠠᠨ ᠭᠦᠯᠢᠷᠡᠨ᠎ᠡ᠃ ᠰᠢᠩᠭᠡᠨ ᠨᠢ ᠰᠠᠪᠢᠷᠠᠵᠤ᠂ ᠰᠢᠷᠭᠢᠳᠡᠭ᠌ ᠦᠭᠡᠶ ᠭᠦᠯᠦᠰᠤ ᠨᠢ ᠣᠷᠤᠰᠤᠨ᠎ᠠ᠃

ᠳᠤᠭᠠᠯᠠᠪᠠᠴᠤ ᠡᠰᠡ ᠪᠠᠷᠠᠭᠳᠠᠬᠤ ᠲᠦᠮᠡᠨ ᠭᠠᠰᠠᠯᠠᠩ ᠳᠤ ᠳᠤᠭᠠᠳᠠᠢ ᠳᠠᠷᠠ ᠬᠤᠶᠠᠷᠬᠠᠨ ᠡᠳᠦᠷ ᠪᠠᠽᠠᠷ ᠪᠢᠰᠢᠭᠦᠢ ᠳᠡᠭᠡᠨ ᠨᠢᠷᠤᠭᠤ ᠪᠠᠨ ᠪᠦᠭᠦᠢᠯᠭᠡᠵᠤ ᠪᠠᠢ᠌ᠯ᠎ᠠ᠃ ᠬᠠᠷᠢᠨ ᠰᠤᠤᠠᠨᠠᠮᠫᠢᠯ ᠢ ᠬᠠᠷᠠᠵᠤ᠄ 《ᠡᠨᠡ ᠮᠦᠨ ᠰᠠᠢ᠌ᠨ ᠭᠦᠤ ᠳ᠋ᠠ︕ ᠁》 ᠭᠡᠮᠡᠨ ᠳᠤᠳᠤᠷ ᠶᠢᠡᠨ ᠳᠡᠪᠳᠦᠭᠡᠵᠤ᠂ ᠭᠦᠮᠤᠨ ᠤ ᠦᠷ᠎ᠡ ᠶᠢ ᠣᠷᠤᠭᠤ ᠳᠠᠳᠠᠬᠤ ᠦᠭᠡᠶ ᠶᠢᠨ ᠳᠤᠯᠠ᠂ ᠪᠠᠰᠠ ᠠᠮᠠᠨ ᠬᠠᠢ᠌ᠯᠤᠨ ᠳᠠᠭᠠᠨ ᠭᠦᠷᠴᠤ᠂ ᠣᠷᠢ ᠳᠠᠭᠤ ᠳᠠᠯᠪᠢᠬᠤ ᠦᠭᠡᠶ ᠰᠠᠨ ᠭᠡᠭᠦ ᠳᠡᠭᠡᠨ ᠭᠦᠮᠦᠭᠡᠢ ᠪᠠᠨ ᠵᠠᠭᠤᠨ ᠠᠮᠢᠰᠬᠤᠭᠠᠳᠠᠵᠤ ᠬᠤᠶᠠᠷ ᠡᠳᠦᠷ ᠢ ᠪᠠᠷᠠᠬᠤ ᠰᠢᠤᠬᠠᠨ ᠪᠣᠯᠵᠠᠢ᠃

《ᠶᠠᠷᠤ ᠶᠠᠭᠠᠭᠢᠨ᠎ᠠ ᠳ᠋ᠠ︕ ᠠᠯᠳᠠ ᠶᠢ ᠠᠪᠣᠭᠠᠤᠨ ᠳᠠᠯᠢᠮ ᠳᠡᠭᠡᠷ᠎ᠡ᠂ ᠠᠤᠠᠬᠤ ᠶᠢ ᠨᠢ ᠠᠪᠣᠭᠠᠤᠨ ᠴᠢᠮᠭᠢ ᠳᠡᠭᠡᠷ᠎ᠡ᠃ ᠣᠳᠤ ᠯᠠ ᠥᠭᠦᠭᠦ ᠶᠤᠮ ᠪᠠᠢ᠌ᠬᠤ ᠳ᠋ᠠ︕ ᠣᠬᠠᠭᠠᠨ ᠪᠠᠯᠠᠷᠳᠠᠭᠠᠤᠨ ᠪᠠᠢ᠌ᠬᠤ ᠴᠢᠨᠢ︕》 ᠭᠡᠮᠡᠨ ᠳᠡᠭᠦᠨ ᠢ ᠪᠣᠳᠤᠳᠠᠯ᠎ᠠ ᠡᠮᠦᠨᠡᠭᠦᠷ ᠨᠢ ᠨᠢᠭᠡ ᠮᠠᠭᠤ ᠨᠤᠬᠠᠢ ᠭᠠᠵᠠᠷ ᠰᠢᠩᠰᠢᠯᠠᠨ ᠭᠦᠶ‍ᠦᠭ᠍ᠰᠡᠨ ᠶᠢᠡᠨ ᠵᠤᠭᠰᠤᠵᠤ ᠶᠠᠭᠤ ᠶᠠᠭᠤ ᠦᠭᠡᠶ ᠶᠠᠪᠣᠵᠤ ᠢᠷᠡᠭᠡᠤᠨ ᠰᠠᠯᠪᠠᠷᠠᠵᠤ ᠣᠷᠠᠭᠳᠠᠭᠰᠠᠨ ᠦᠮᠦᠳᠦᠨ ᠤ ᠭᠢᠨᠢ ᠵᠠᠪᠰᠠᠷ ᠶᠢᠡᠷ ᠴᠤᠭᠣᠢ᠌ᠬᠤ ᠴᠢᠰᠤ ᠨᠦᠵᠢ ᠨᠢ ᠰᠠᠳᠠᠷᠠᠨ ᠣᠷᠤᠰᠴᠤ᠂ ᠢᠳᠡᠭᠡ ᠰᠢᠭᠦᠰᠤ ᠴᠤᠪᠤᠨ ᠪᠣᠢ ᠥᠭᠡᠵᠢᠩ ᠤᠨ ᠭᠢᠨᠢ ᠮᠢᠬᠠᠨ ᠡᠴᠡ ᠦᠮᠤᠯᠠᠵᠤ ᠪᠠᠢ᠌ᠨ᠎ᠠ ᠦᠦ ᠳ᠋ᠠ ᠭᠡᠯᠳᠡᠢ ᠳᠤᠯᠢᠶᠠᠵᠤ ᠡᠭᠢᠯᠡᠵᠡᠢ᠃ ᠳᠤᠤᠭᠠᠷᠬᠤ ᠭᠡᠰᠡᠨ ᠴᠢᠨᠢ ᠳᠠᠭᠤ ᠨᠢ ᠭᠠᠷᠤᠭᠰᠠᠨ ᠦᠭᠡᠶ᠃ ᠭᠦᠯ ᠶᠢᠡᠨ ᠭᠦᠳᠡᠯᠭᠡᠵᠤ ᠥᠷᠭᠦᠭᠡᠭᠦ ᠭᠡᠪᠠᠯ ᠶᠠᠷᠤ ᠭᠦᠯ ᠦᠭᠡᠶ ᠶᠤᠮ ᠰᠢᠭ᠌ ᠪᠣᠯᠤᠭᠠᠤᠨ ᠮᠤᠳᠤ ᠰᠢᠭ ᠳᠡᠷᠡᠢ᠌ᠭ᠍ᠰᠡᠨ ᠬᠤᠶᠠᠷ ᠡᠪᠦᠳᠦᠭ᠌ ᠨᠢ ᠬᠤᠩᠭ᠋ᠤ ᠪᠠᠷ ᠶᠢᠡᠨ ᠡᠰᠡ ᠨᠤᠭᠤᠷᠠᠯ᠎ᠠ᠃ ᠰᠤᠤᠠᠨᠠᠮᠫᠢᠯ ᠬᠠᠵᠠᠭᠤ ᠡᠴᠡ ᠨᠢ᠄

᠊᠊᠊᠊᠊᠊᠊᠊᠊᠊᠊᠊᠊᠊᠊ ᠭᠦᠶ‍ᠢ᠂ ᠶᠠᠪᠣ︕ ᠶᠠᠪᠣᠬᠤ ᠦᠭᠡᠶ ᠦᠦ᠂ ᠴᠢ᠃ ᠬᠤᠯᠠᠳᠠ︕ ᠭᠡᠵᠤ ᠵᠠᠩᠳᠤᠷᠤᠭᠰᠠᠨ ᠳᠤ ᠨᠤᠬᠠᠢ ᠳᠤᠭᠤᠭᠰᠠᠨ ᠶᠠᠩᠵᠤ ᠦᠭᠡᠶ᠃ ᠬᠤᠯᠠᠳᠠᠭᠰᠠᠨ ᠴᠤ ᠦᠭᠡᠶ᠃ ᠰᠤᠤᠠᠨᠠᠮᠫᠢᠯ ᠤᠨ ᠪᠠᠶ᠎ᠠ ᠠᠮᠢᠳᠤ ᠳᠠᠳᠤᠢ ᠥᠭᠦᠳᠡᠯ ᠪᠣᠯᠬᠤ ᠶᠢ ᠮᠠᠳᠠᠵᠤ᠂ ᠣᠷᠳᠤ ᠭᠡᠯᠡ ᠪᠠᠷ ᠶᠢᠡᠨ ᠬᠠᠮᠠᠷ ᠶᠢᠡᠨ ᠰᠢᠯᠠᠮᠳᠠᠨ ᠠᠭᠢᠨ ᠳᠤᠯᠢᠶᠠᠭᠰᠠᠨ ᠶᠢᠡᠨ ᠴᠠᠭᠠᠨ ᠰᠢᠳᠤ ᠪᠠᠨ ᠢᠷᠵᠠᠢ᠌ᠯᠭᠠᠨ ᠨᠢᠭᠡᠨᠲᠡ ᠡᠪᠰᠢᠶᠡᠭᠡᠤᠨ᠂ ᠪᠠᠽᠠᠷ ᠤᠨ ᠭᠤᠶᠠᠨ ᠤ ᠰᠢᠷᠬᠠᠨ ᠳᠡᠭᠡᠷ᠎ᠡ ᠡᠴᠡ ᠬᠠᠪᠭᠢᠨ ᠵᠠᠭᠤᠵᠠᠢ᠃ 《ᠡ᠂ ᠬᠠᠷᠠᠯᠠ᠃ ᠠᠮᠢᠳᠤ ᠪᠠᠷ ᠮᠢᠨᠢ ᠨᠠᠮ᠎ᠠ ᠶᠢ ᠨᠤᠬᠠᠢ ᠵᠤᠯᠭᠠᠭᠠᠵᠤ ᠪᠠᠢ᠌ᠨ᠎ᠠ᠃》 ᠭᠡᠵᠤ ᠪᠠᠽᠠᠷ ᠪᠣᠳᠤᠭᠠᠤᠨ ᠣᠬᠠᠭ᠎ᠠ ᠠᠯᠳᠠᠴᠢᠬᠠᠪᠠ᠃

ᠳᠠᠷᠠ ᠵᠤᠯᠪᠢᠩ ᠨᠤᠬᠠᠢ ᠭᠡᠷ ᠵᠥᠭ᠌ ᠶᠢᠡᠨ ᠲᠦᠷ ᠣᠳᠤᠭᠰᠠᠨ ᠮᠠᠨᠠᠭᠠᠴᠢ ᠭᠢᠯᠠᠷ ᠠᠪᠠᠭ᠎ᠠ ᠶᠢ ᠴᠢᠩᠭᠢᠵᠤ ᠴᠢᠯᠦᠭᠡᠳᠡᠭ᠍ᠰᠡᠨ ᠭᠡᠷᠡᠭ᠌ ᠪᠣᠢ᠃ ᠭᠢᠯᠠᠷ ᠬᠠᠠᠴᠤᠢ ᠡᠴᠡ ᠪᠠᠨ ᠯᠤᠩᠬᠤ ᠲᠡᠶ ᠣᠰᠤ ᠭᠠᠷᠭᠠᠵᠤ ᠬᠤᠶᠠᠷ ᠵᠠᠪᠠᠵᠢ ᠪᠠᠨ ᠳᠦᠮᠪᠠᠢ᠌ᠳᠠᠯ᠎ᠠ ᠳᠤᠮᠤ ᠠᠮᠠ ᠪᠠᠨ ᠳᠦᠭᠦᠷᠭᠡᠭᠡᠤᠨ ᠪᠠᠽᠠᠷ ᠤᠨ ᠬᠠᠷᠠᠯᠠᠭᠰᠠᠨ ᠨᠢᠭᠤᠷ ᠣᠷᠤᠭᠤ ᠭᠦᠴᠦᠳᠡᠢ ᠨᠢ ᠠᠷᠭ᠎ᠠ ᠦᠭᠡᠶ ᠳᠤᠷᠭᠢᠭᠰᠠᠨ ᠳᠤ ᠴᠠᠭᠠᠳᠤᠭᠢ ᠨᠢ ᠨᠢᠭᠡ ᠮᠠᠭᠤ ᠶᠠᠭᠤᠮ᠎ᠠ ᠰᠡᠷᠭᠦᠭᠦ ᠳᠠᠰᠢ ᠪᠣᠯᠤᠯ᠎ᠠ᠃

᠊᠊᠊᠊᠊᠊᠊᠊᠊᠊᠊᠊᠊᠊᠊ ᠪᠠᠽᠠ᠊ ᠊᠊᠊᠊᠊᠊᠊᠊᠊᠊᠊᠊᠊᠊᠊ ᠊ᠷ ᠭᠦ᠂ ᠴᠢ ᠴᠢᠨᠢ ᠳᠠᠷᠢᠭᠠᠩᠭ᠋᠎ᠠ ᠶᠢᠨ ᠬᠠᠩᠭ᠋ᠠᠢ ᠬᠤᠴᠢᠳᠠᠢ ᠰᠢᠯᠢ ᠶᠢᠨ ᠰᠠᠢ᠌ᠨ ᠡᠷ᠎ᠡ ᠰᠢᠤ᠃ ᠡᠨᠡ ᠬᠤᠶᠠᠷ ᠮᠤᠳᠤᠨ ᠤ ᠬᠤᠭᠤᠷᠤᠠᠳᠤ ᠳᠠᠨ ᠤ ᠴᠢᠭ᠌ ᠡᠴᠡ ᠭᠦᠮᠤᠨ ᠥᠭᠦᠵᠤ ᠭᠡᠵᠤ ᠳᠤᠭᠤᠯᠠᠭ᠎ᠠ ᠦᠭᠡᠶ ᠶᠤᠮ ᠪᠠᠢ᠌ᠨ᠎ᠠ︕ ᠭᠡᠵᠤ ᠭᠡᠯᠡᠭᠡᠤᠨ ᠭᠢᠯᠠᠷ ᠮᠠᠨᠠᠭᠠᠴᠢ ᠰᠤᠤᠠᠨᠠᠮᠫᠢᠯ ᠢ ᠴᠢᠭᠯᠡᠨ ᠠᠯᠬᠤᠵᠠᠢ᠃

ᠰᠠᠶ‍ᠢ ᠶᠢᠨ ᠥᠭᠡ ᠰᠢᠳᠢᠳᠤ ᠥᠭᠡ ᠪᠠᠢ᠌ᠭᠰᠠᠨ ᠶᠤᠮ᠃ ᠳᠤᠳᠤᠷ᠎ᠠ ᠨᠢ ᠣᠩᠭ᠋ᠣᠢ᠌ᠭᠠᠤᠨ ᠶᠠᠪᠣᠴᠢᠬᠠᠪᠠ᠃ ᠦᠨᠡᠨ ᠬᠤᠳᠠᠯ ᠶᠢᠡᠨ ᠭᠡᠯᠡᠵᠤ᠂ ᠰᠢᠯᠪᠢᠭᠦᠷ ᠬᠤᠩᠰᠢᠶᠠᠷᠤᠨ ᠳᠠᠭᠠᠨ ᠢᠳᠡᠭᠡᠨ᠂ ᠨᠤᠶᠠᠤᠨ ᠪᠠᠶᠠᠤᠨ ᠡᠴᠡ ᠵᠠᠷᠭᠤ ᠠᠪᠴᠤ ᠰᠠᠢ᠌ᠨ ᠡᠷ᠎ᠡ ᠶᠢᠨ ᠨᠢᠭᠡᠨ ᠳᠤ ᠪᠦᠷᠢᠦᠡᠭᠡᠭ᠍ᠳᠤᠨ ᠠᠭᠰᠠᠨ ᠪᠠᠽᠠᠷ ᠥᠭᠦᠭᠦ ᠶᠢᠨ ᠪᠤᠱᠤᠭᠠᠨ ᠲ᠋ᠡᠭᠡᠷ᠎ᠡ ᠡᠢ᠌ᠨ ᠭᠦ ᠥᠭᠡ ᠪᠠᠷ ᠳᠦᠰᠢᠭᠦᠯᠤᠨ ᠥᠡᠳᠡᠢ᠌ᠭᠦ ᠶᠤᠮ ᠭᠡᠳᠡᠭ᠌ ᠶᠢᠡᠨ ᠣᠭᠳᠤ ᠵᠡᠭᠦᠳᠦᠯᠡᠭ᠍ᠰᠡᠨ ᠦᠭᠡᠶ ᠶᠠᠪᠣᠵᠠᠢ᠃

ᠪᠠᠽᠠᠷ ᠱᠤᠷᠤᠩ ᠡᠴᠡ ᠳᠦᠷᠪᠡᠨ ᠭᠦᠯ ᠳᠡᠭᠡᠷ᠎ᠡ ᠪᠠᠨ ᠭᠦᠭᠡᠭᠡᠭ᠍ᠳᠡᠨ ᠭᠠᠷᠤᠭᠠᠤᠨ ᠮᠥᠯᠭᠦᠭᠡ ᠰᠠᠭᠤᠭ᠎ᠠ ᠶᠢᠨ ᠬᠤᠭᠤᠷᠤᠠᠳᠤ ᠶᠠᠪᠣᠵᠤ᠂ ᠵᠢᠳᠠᠮᠪᠠ ᠭᠡᠮᠡᠭᠦ ᠨᠥᠭᠦᠭᠡ ᠭᠢᠯᠠᠷ ᠠᠪᠠᠭ᠎ᠠ ᠶᠢᠨ ᠳᠤ ᠭᠦᠷᠴᠡᠢ᠃ ᠳᠡᠭᠡᠭᠡᠤᠨ ᠪᠠᠷᠠᠭᠤᠠᠳᠠᠢ᠌ᠭᠤᠷ ᠨᠢ ᠭᠦᠮ ᠭᠤᠳᠤᠰᠬᠠᠨ ᠬᠠᠶᠠᠭᠤᠯᠤᠭᠠᠤᠨ ᠥᠭᠡ ᠮᠠᠭ ᠦᠭᠡᠶ ᠣᠨᠠᠵᠤ ᠥᠭ᠍ᠪᠡ᠃ ᠳᠠᠷᠢᠭᠠᠩᠭ᠋᠎ᠠ ᠭᠡᠮᠡᠭᠦ ᠳᠡᠭ᠍ᠷᠢ ᠶᠢᠨ ᠬᠠᠶᠠᠭᠠᠨ ᠳ᠋ᠠᠭᠢ ᠬᠤᠯᠠ ᠶᠢᠨ ᠬᠤᠰᠢᠭᠤᠨ ᠤ ᠰᠢᠯᠢ ᠶᠢᠨ ᠰᠠᠢ᠌ᠨ ᠡᠷ᠎ᠡ ᠶ‍ᠢᠰᠤᠨ ᠡᠷᠡᠭᠦᠤ ᠳᠠᠪᠠᠭᠰᠠᠨ ᠭᠦᠮᠤᠨ ᠢ ᠥᠵᠡᠭᠦ ᠭᠡᠵᠤ ᠭᠦᠭ᠍ᠰᠢᠨ ᠭᠦᠪᠠᠭᠡ᠂ ᠭᠡᠦᠭᠡᠤᠨ ᠰᠢᠤᠬᠠᠤᠨ ᠦᠭᠡᠶ ᠡᠭᠦᠳᠡ ᠣᠩᠭ᠋ᠤᠯᠵᠠᠭᠤᠯᠤᠭᠠᠤᠨ ᠡᠭᠢᠨ ᠤ ᠬᠤᠶᠠᠷ ᠡᠳᠦᠷ ᠪᠠᠬᠠᠨ ᠳᠣᠢ᠌ᠪᠣ ᠲᠡᠶ ᠪᠠᠢ᠌ᠯ᠎ᠠ᠃ ᠭᠡᠪᠠᠴᠤ ᠵᠢᠯ ᠬᠠᠭᠠᠰ ᠤᠨ ᠬᠠᠷ᠎ᠠ ᠳᠠᠮᠤᠨ ᠡᠴᠡ ᠠᠮᠢᠳᠤ ᠰᠠᠯᠤᠭᠰᠠᠨ᠂ ᠱᠠᠷᠭᠢᠷᠠᠨ ᠡᠪᠠᠦᠡᠭᠦ ᠳᠤᠯᠤᠠᠭᠠᠨ ᠭᠦᠯ ᠵᠤᠪᠠᠯᠭ᠎ᠠ ᠪᠠᠨ ᠣᠷᠠᠭᠳᠠᠵᠤ ᠱᠠᠯᠪᠠᠷᠠᠭᠰᠠᠨ ᠬᠤᠯᠠ ᠴᠢᠰᠴᠤ ᠳᠡᠷᠯᠢᠭ᠌ ᠲᠤ ᠪᠠᠨ ᠳᠠᠯᠳᠠᠯᠠᠵᠤ᠂ ᠱᠤᠤᠬᠠᠳᠤᠨᠠᠨ ᠭᠡᠪᠳᠡᠭᠡ ᠪᠠᠽᠠᠷ ᠣᠰᠤ ᠣᠤᠭᠤᠬᠤ ᠬᠤᠪᠢ ᠳᠠᠪᠢᠯᠠᠩ ᠳᠠᠭᠠᠨ ᠪᠠᠶᠠᠷᠯᠠᠭᠰᠠᠭᠠᠷ ᠠᠪᠠᠢ᠃

ᠥᠩᠭᠡᠷᠡᠭ᠍ᠰᠡᠨ ᠡᠪᠦᠯ ᠠᠪᠠᠭ᠎ᠠ ᠳ᠋ᠠ ᠸᠠᠩ ᠤᠨ ᠵᠠᠰᠠᠭ ᠤᠨ ᠬᠤᠰᠢᠭᠤ᠂ ᠠᠪᠠᠬᠠᠨᠠᠷ ᠪᠠᠢ᠌ᠯᠠ ᠶᠢᠨ ᠬᠤᠰᠢᠭᠤ᠂ ᠠᠪᠠᠭ᠎ᠠ ᠵᠠᠰᠠᠭ ᠤᠨ ᠬᠤᠰᠢᠭᠤ᠂ ᠰᠢᠯᠢ ᠶᠢᠨ ᠭᠤᠤᠯ ᠤᠨ ᠴᠢᠭᠤᠯᠭᠠᠨ ᠤ ᠪᠠᠷᠤᠭ ᠳᠠᠷᠠ ᠴᠢᠭ᠌ ᠶᠢᠡᠷ ᠶᠢᠡᠨ ᠶᠠᠷᠤ ᠡᠴᠡ ᠥᠪᠦᠷᠯᠡᠭ᠍ᠴᠢ ᠶᠢᠨ ᠬᠠᠮᠢᠭᠠᠰᠢ ᠬᠠᠮᠢᠭᠠᠰᠢ ᠪᠠᠨ ᠭᠡᠳᠤᠨ ᠠᠷᠪᠠᠨ ᠬᠤᠨᠤᠭ ᠤᠨ ᠭᠠᠵᠠᠷ ᠤᠷᠢᠳ ᠬᠤᠵᠢᠳ ᠴᠥᠭᠡᠨ ᠲᠤᠬᠢᠶᠠᠯᠳᠤᠭᠰᠠᠨ ᠶᠡᠭᠡ ᠵᠤᠳ ᠪᠣᠯᠤᠭᠰᠠᠨ ᠭᠡᠳᠡᠭ᠌ ᠢ ᠪᠠᠽᠠᠷ ᠣᠳᠤ ᠯᠠ ᠮᠠᠳᠠᠵᠤ ᠠᠪᠠᠢ᠃ ᠡᠭᠦᠨ ᠤ ᠳᠡᠭᠡᠷ᠎ᠡ ᠰᠢᠨ᠎ᠠ ᠣᠨ ᠤ ᠳᠡᠷᠢᠭᠦᠨ ᠰᠠᠷ᠎ᠠ ᠶᠢᠨ ᠬᠠᠭᠤᠴᠢᠳ ᠡᠴᠡ ᠡᠭᠢᠯᠡᠨ ᠭᠠᠵᠠᠷ ᠤᠨ ᠭᠦᠷᠦᠰᠤ ᠶᠢ ᠣᠷᠠᠵᠤ ᠳᠠᠰᠤᠴᠢᠭᠰᠠᠨ ᠰᠢᠷᠤᠢ ᠶᠢᠨ ᠰᠢᠭᠤᠷᠭ᠎ᠠ ᠪᠦᠳᠤᠨ ᠬᠠᠭᠠᠰ ᠰᠠᠷ᠎ᠠ ᠳᠠᠯᠪᠢᠵᠤ᠂ ᠡᠪᠦᠯ ᠡᠴᠡ ᠥᠯᠡᠳᠡᠭ᠍ᠰᠡᠨ ᠴᠥᠭᠡᠨ ᠮᠠᠯ ᠤᠨ ᠶᠡᠭᠡᠩᠭᠢ ᠶᠢ ᠬᠠᠪᠣᠷ ᠤᠨ ᠳᠠᠷᠴᠠᠭ ᠣᠯᠠᠷᠢᠯ ᠳᠠᠮᠳᠠᠴᠢᠵᠠᠢ᠃ ᠵᠤᠨ ᠤ ᠳᠡᠯᠭᠡᠷ ᠴᠠᠭ ᠢᠷᠠᠯ᠎ᠠ ᠭᠡᠤᠨ ᠳᠡᠭ᠍ᠷᠢ ᠪᠣᠷᠬᠠᠨ ᠨᠠᠰᠢ ᠪᠠᠨ ᠬᠠᠷᠠᠭᠰᠠᠨ ᠦᠭᠡᠶ᠃ ᠭᠠᠩ ᠤᠨ ᠬᠠᠯᠠᠭᠤᠨ ᠨᠠᠷᠠ ᠰᠢᠳᠠᠵᠤ ᠵᠢᠯᠠᠭ᠎ᠠ ᠬᠤᠳᠤᠭᠤᠷ ᠳᠡᠭᠡᠵᠤ ᠣᠷᠭᠤᠭᠰᠠᠨ ᠬᠠᠮᠠᠷ ᠬᠠᠤᠠᠬᠤᠬᠤ ᠵᠢᠭᠠᠬᠠᠨ ᠨᠤᠭᠤᠭ᠎ᠠ ᠭᠢᠷᠪᠣᠰᠤᠯᠠᠨ ᠳᠦᠯᠡᠭ᠍ᠰᠡᠨ ᠳᠤᠯᠠ ᠡᠪᠦᠯ ᠬᠠᠪᠣᠷ ᠬᠤᠶᠠᠷ ᠡᠴᠡ ᠥᠯᠡᠳᠡᠭ᠍ᠰᠡᠨ ᠭᠡᠳᠤᠨ ᠬᠤᠨᠢ ᠠᠳᠤᠭᠤ ᠳᠠᠯ᠎ᠠ ᠬᠤᠪᠢ ᠨᠢ ᠬᠠᠷᠠᠩᠭ᠋ᠤᠰᠤᠨ ᠥᠭᠦᠵᠤ᠂ ᠡᠳᠦᠭᠡ ᠭᠦᠮᠤᠨ ᠤ ᠥᠭᠦᠭᠦ ᠡᠭᠡᠯᠵᠢ ᠳᠤᠯᠵᠤ ᠢᠷᠡᠭᠡᠤᠨ ᠪᠣᠢ ᠠᠵᠠᠢ᠃

ᠪᠠᠽᠠᠷ ᠤᠨ ᠪᠠᠶ᠎ᠠ ᠠᠪᠠᠬᠠᠨᠠᠷ ᠪᠠᠢ᠌ᠯᠠ ᠶᠢᠨ ᠱᠤᠷᠤᠩ ᠡᠴᠡ ᠳᠤᠯᠢ ᠬᠠᠩᠭ᠋ᠠᠢ ᠭᠡᠭ᠍ᠳᠡᠭᠦ ᠭᠢᠯᠠᠷ ᠵᠢᠳᠠᠮᠪᠠ ᠶᠢᠨ ᠳᠤ ᠭᠠᠷᠴᠤ ᠢᠷᠡᠭ᠍ᠰᠡᠨ ᠡᠴᠡ ᠬᠤᠪᠣᠷ ᠣᠯᠳᠠᠬᠤ ᠬᠠᠷ᠎ᠠ ᠣᠰᠤ ᠨᠢ ᠮᠦᠨ ᠯᠠ ᠬᠤᠪᠣᠷᠬᠠᠨ ᠣᠯᠳᠠᠳᠠᠭ ᠬᠠᠷ᠎ᠠ ᠴᠠᠢ ᠪᠠᠷ ᠰᠤᠯᠢᠭᠳᠠᠭᠰᠠᠨ ᠡᠴᠡ ᠥᠭᠡᠷ᠎ᠡ ᠬᠤᠭᠤᠯᠠᠨ ᠤ ᠬᠤᠪᠢ ᠳᠤ ᠭᠠᠪᠢᠳᠠᠢ ᠥᠭᠡᠷᠡᠴᠢᠯᠡᠯᠳᠡ ᠭᠠᠷᠤᠭᠰᠠᠨ ᠦᠭᠡᠶ᠃

ᠢᠩᠭᠢᠭ᠍ᠰᠡᠭᠡᠷ ᠪᠦᠳᠤᠨ ᠰᠠᠷ᠎ᠠ ᠶᠢ ᠡᠯᠡᠭᠡᠭᠦ ᠳᠤ ᠰᠢᠷᠬ᠎ᠠ ᠨᠢ ᠡᠭᠡᠭᠡ ᠯᠠ ᠨᠢᠭᠡ ᠶᠠᠭᠤᠮ᠎ᠠ ᠥᠳᠦᠭᠦ ᠪᠠᠷ ᠦᠭᠡᠶ ᠪᠣᠯᠵᠤ᠂ ᠱᠠᠷᠭᠢᠷᠠᠯᠳᠠ ᠡᠪᠠᠳᠦᠯᠳᠡ ᠨᠢ ᠨᠠᠮᠳᠠᠨ ᠬᠠᠯᠠᠭᠤᠨ ᠨᠢ ᠪᠠᠭᠤᠵᠤ᠂ ᠭᠦᠯ ᠳᠡᠭᠡᠷ᠎ᠡ ᠪᠠᠨ ᠨᠢᠭᠡ ᠶᠠᠭᠤᠮ᠎ᠠ ᠪᠦᠮᠪᠦᠭᠡᠨᠡᠨ ᠶᠠᠪᠣᠵᠤ ᠴᠢᠳᠠᠬᠤ ᠳᠠᠳᠤᠢ ᠪᠣᠯᠵᠠᠢ᠃ ᠳᠠᠭᠢᠨ ᠳᠤᠯᠤᠭ᠎ᠠ ᠬᠤᠨᠤᠭᠠᠤᠨ ᠨᠢᠭᠡ ᠡᠳᠦᠷ᠄

᠊᠊᠊᠊᠊᠊᠊᠊᠊᠊᠊᠊᠊᠊᠊ ᠵᠠ᠂ ᠵᠢᠳᠠᠮᠪᠠ ᠮᠢᠨᠢ᠂ ᠴᠢ ᠪᠢᠳᠠ ᠡᠷ᠎ᠡ ᠣᠯᠤᠰ ᠰᠢᠭ ᠨᠥᠭᠦᠷᠯᠡᠯ᠎ᠡ᠃ ᠵᠠᠮ ᠤᠨ ᠭᠦᠵᠦᠭᠦᠤ ᠣᠷᠳᠤ᠂ ᠵᠠᠭᠠᠨ ᠤ ᠭᠦᠵᠦᠭᠦᠤ ᠪᠣᠭᠤᠨᠢ ᠭᠡᠳᠡᠭ᠌ ᠪᠢᠳᠠ ᠳᠠᠭᠢᠨ ᠠᠭᠤᠯᠵᠠᠨ᠎ᠠ ᠭᠡᠵᠤ ᠪᠣᠳᠤᠵᠤ ᠪᠠᠢ᠌ᠨ᠎ᠠ᠃ ᠪᠢ ᠴᠤ ᠣᠳᠤ ᠨᠢᠭᠡ ᠶᠠᠪᠣᠵᠤ ᠦᠵᠡᠶ᠎ᠠ︕ ᠁

᠊᠊᠊᠊᠊᠊᠊᠊᠊᠊᠊᠊᠊᠊᠊ ᠶᠠᠭᠤ ᠭᠡᠰᠡᠨ ᠥᠭᠡ ᠪᠢᠯᠠ ⁈ ᠣᠩᠭ᠋ᠤᠷᠬᠠᠢ ᠬᠤᠪᠴᠠᠰᠤ ᠲᠡᠶ ᠵᠠᠮ ᠳᠤ ᠭᠠᠷᠳᠠᠭ ᠦᠭᠡᠶ ᠪᠠᠢ᠌ᠳᠠᠯ᠎ᠠ ᠣᠩᠭ᠋ᠤᠷᠬᠠᠢ ᠰᠢᠷᠬ᠎ᠠ ᠲᠡᠶ ᠵᠠᠮ ᠳᠤ ᠭᠠᠷᠤᠨ᠎ᠠ ᠭᠡᠳᠡᠭ᠌ ᠴᠢᠨᠢ᠁

᠊᠊᠊᠊᠊᠊᠊᠊᠊᠊᠊᠊᠊᠊᠊ ᠴᠢ ᠪᠢᠳᠡᠭᠡᠢ ᠬᠤᠷᠢᠭᠯᠠ︕ ᠶᠠᠭᠤ ᠪᠣᠯᠤᠭᠰᠠᠨ ᠶᠤᠮ ᠪᠣᠯ ⁉ ᠮᠠᠭᠤ ᠰᠤᠪᠢᠩ ᠳᠠᠳᠠᠭᠠᠤᠨ ᠯᠠ ᠪᠠᠢ᠌ᠨ᠎ᠠ᠃ ᠪᠢ ᠰᠦᠨᠢᠳ ᠸᠠᠩ ᠤᠨ ᠬᠤᠰᠢᠭᠤ ᠣᠷᠤᠵᠤ ᠬᠤᠶᠠᠷ ᠭᠡᠦᠭᠡᠤᠨ᠂ ᠮᠠᠭᠤ ᠠᠪᠠᠭᠠᠢ ᠳᠠᠭᠠᠨ ᠣᠴᠢᠶ᠎ᠠ᠁

ᠲ᠋ᠤᠮᠤ ᠵᠠᠰ ᠰᠢᠨᠠᠭ᠎ᠠ ᠪᠠᠷ ᠬᠠᠷ᠎ᠠ ᠴᠠᠢ ᠪᠠᠨ ᠰᠥ᠋ ᠰᠢᠭ᠌ ᠰᠠᠮᠤᠷᠴᠤ ᠢᠳᠡᠭᠡᠰᠢᠭᠦᠯᠵᠤ ᠪᠠᠢ᠌ᠭᠰᠠᠨ ᠴᠸᠷᠮ᠎ᠠ ᠣᠴᠢᠷ ᠦᠭᠡᠶ ᠰᠠᠠᠳᠤᠷᠴᠤ᠄

᠊᠊᠊᠊᠊᠊᠊᠊᠊᠊᠊᠊᠊᠊᠊ ᠶᠠᠭᠤ ᠭᠡᠰᠡᠨ ᠥᠭᠡ ᠪᠢᠯᠠ᠂ ᠪᠠᠶ᠎ᠠ ᠪᠠᠨ ᠳᠡᠩᠭᠡᠷᠡᠭᠦᠯᠭᠦ ᠦᠭᠡᠶ︕ ᠡᠷᠡᠴᠦᠦᠯ ᠳᠠ ᠨᠡᠷ ᠮᠣᠢ᠌ᠬᠤᠷ ᠵᠥᠷᠢᠭᠦᠤᠨ ᠡᠴᠡ ᠪᠣᠯᠵᠤ ᠪᠢᠳᠠᠨ ᠢ ᠶᠡᠭᠡ ᠵᠤᠪᠠᠭᠠᠳᠠᠭ ᠣᠯᠤᠰ ᠰᠢᠤ᠃ ᠴ᠋ᠢᠨ᠋ᠸ᠎ᠠ ᠨᠤᠬᠠᠢ ᠳᠤ ᠪᠠᠷᠢᠭᠳᠠᠬᠤ ᠶᠤᠮ ᠦᠦ᠂ ᠥᠭᠡᠷ᠎ᠡ ᠡᠯᠳᠡᠪ ᠮᠠᠭᠤ ᠶᠠᠭᠤᠮ᠎ᠠ ᠪᠣᠯᠪᠠᠯ ᠶᠠᠭᠠᠭᠢᠨ᠎ᠠ ⁉ ᠬᠠᠷᠢᠬᠤ ᠦᠭᠡᠶ ᠰᠢᠤ ᠳ᠋ᠠ︕ ᠳᠡᠭᠡᠭ᠍ᠰᠡᠨ ᠳᠤ ᠣᠷᠤᠬᠤᠯᠠᠷ ᠰᠠᠷ᠎ᠠ ᠶᠢᠨ ᠳᠠᠷᠠᠭ᠎ᠠ ᠰᠠᠷᠠᠭᠤᠯ ᠣᠬᠠᠭᠠᠠᠳᠠᠢ᠂ ᠡᠷᠡᠭᠦᠯ ᠪᠠᠶᠠᠳᠠᠢ ᠭᠡᠷ ᠲᠤ ᠪᠠᠨ ᠣᠷᠤᠪᠠᠯ ᠶᠠᠮᠠᠷ ᠠᠶᠠᠳᠠᠢ ᠪᠣᠢ︕ ᠭᠡᠵᠤ ᠦᠨᠡᠨ ᠡᠴᠡ ᠪᠠᠨ ᠰᠡᠭᠦᠷᠡᠰᠤ ᠠᠯᠳᠠᠨ ᠪᠠᠢ᠌ᠵᠤ ᠶᠠᠩᠰᠢᠪᠠ᠃ ᠡᠡᠭ᠌ ᠤᠨ ᠪᠦᠷᠦᠭ᠌ ᠭᠢᠷᠢᠨ᠎ᠠ ᠭᠦᠮᠦᠯᠢᠭ᠌ ᠥᠷᠦᠪᠴᠢᠭᠡᠨ ᠳᠠᠷᠠ ᠠᠪᠠᠭᠠᠢ ᠶᠢᠨ ᠨᠢᠳᠤᠨ ᠡᠴᠡ ᠳᠤᠭᠤᠯᠠᠩ ᠨᠢᠯᠪᠣᠰᠤ ᠳᠤᠨᠤᠷᠠᠨ ᠳᠠᠰᠤᠷᠠᠬᠤ ᠶᠢ ᠪᠠᠽᠠᠷ ᠠᠵᠢᠭᠯᠠᠵᠠᠢ᠃

ᠵᠤᠬᠢᠶᠠᠭᠴᠢ᠄ ᠳ·ᠮᠠᠮ᠎ᠠ
ᠳᠠᠷᠤᠮ᠄ 7328
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ