ᠲᠠᠪᠤᠳᠤᠭᠠᠷ ᠪᠦᠯᠦᠭ ᠂ ᠤᠬᠠᠭᠠᠷᠠᠵᠤ ᠠᠮᠢᠳᠤᠷᠠᠬᠤ ᠬᠤᠷᠸ᠎ᠠ
ᠲᠤᠯᠤᠳᠤᠭᠠᠷ ᠬᠡᠰᠡᠭ ᠂ ᠪᠦᠰᠡᠭᠦᠢ ᠵᠠᠶᠠᠭ᠎ᠠ

ᠭᠦᠮᠤᠨ ᠪᠣᠯ ᠦᠪᠡᠷ ᠤᠨ ᠵᠤᠯ ᠵᠢᠷᠭᠠᠯ ᠤᠨ ᠶᠢᠡᠨ ᠴᠤᠭᠴᠠᠯᠠᠭᠴᠢ ᠮᠦᠨ᠃


᠊᠊᠊᠊᠊᠊᠊᠊᠊᠊᠊᠊᠊᠊᠊᠊᠊᠊᠊᠊᠊᠊᠊᠊᠊᠊᠊᠊ ᠴᠧᠬᠤᠧ


ᠪᠢᠳᠠ ᠡᠭᠡᠴᠢ ᠳᠡᠭᠦᠤ ᠳᠠᠪᠣᠭᠤᠯᠠ ᠡᠴᠡ ᠬᠠᠮᠤᠭ ᠣᠤᠠᠬᠤᠨ ᠨᠢ ᠭᠦᠤ ᠪᠣᠯᠵᠤ ᠵᠠᠶᠠᠭᠠᠭᠰᠠᠨ ᠡᠴᠡ ᠪᠣᠰᠤᠳ ᠨᠢ ᠪᠦᠷ ᠭᠡᠦᠭᠡᠨ᠃ ᠮᠡᠨ ᠤ ᠨᠤᠳᠤᠭ ᠤᠨ ᠠᠵᠤ ᠠᠮᠢᠳᠤᠷᠠᠯ ᠶᠠᠷᠤ ᠡᠴᠡ ᠭᠦᠴᠢᠷ ᠬᠠᠳᠠᠭᠤᠵᠢᠯᠳᠠᠢ ᠪᠠᠢ᠌ᠵᠤ᠂ ᠪᠠᠢ᠌ᠭᠠᠯᠢ ᠶᠢᠨ ᠭᠠᠮᠰᠢᠭ ᠲᠡᠶ ᠠᠮᠢ ᠪᠠᠨ ᠴᠦᠯᠠᠵᠤ ᠪᠠᠢ᠌ᠭᠠᠤᠨ ᠣᠠᠳᠤᠷᠤᠯ ᠶᠢᠡᠨ ᠪᠣᠰᠬᠠᠳᠠᠭ ᠪᠢᠯᠡ᠃ ᠲ᠋ᠡᠭᠡᠭᠦ ᠳᠡᠭᠡᠨ ᠪᠦᠰᠡᠭᠦᠢ ᠪᠣᠯᠵᠤ ᠳᠦᠷᠦᠭ᠍ᠰᠡᠳ ᠲᠤ ᠠᠷᠢᠭᠢ ᠣᠤᠭᠤᠨ ᠠᠢ᠌ᠯ ᠭᠡᠰᠦᠭᠦ ᠵᠤᠯ ᠵᠠᠪᠰᠢᠶᠠᠨ ᠢ ᠬᠤᠷᠮᠤᠰᠳᠠ ᠳᠡᠭ᠍ᠷᠢ ᠡᠴᠡ ᠬᠠᠢ᠌ᠷᠠᠯᠠᠭᠰᠠᠨ ᠦᠭᠡᠶ ᠪᠣᠯᠬᠤᠷ ᠭᠡᠷ ᠪᠦᠯᠢ ᠶᠢᠨ ᠳᠤᠯᠭᠠᠭᠤᠷᠢ ᠨᠢ ᠪᠤᠯᠵᠤ᠂ ᠥᠭᠡᠳᠡ ᠲᠡᠶ ᠥᠩᠭᠡ ᠲᠡᠶ ᠡᠷᠦᠭᠡ ᠣᠩᠭ᠋ᠣᠢ᠌ᠯᠭᠠᠵᠤ ᠬᠠᠮᠤᠭ ᠠᠵᠢᠯ ᠢ ᠭᠦᠢᠴᠡᠳᠭᠡᠵᠤ ᠶᠠᠪᠣᠳᠠᠭ ᠰᠡᠨ᠃ ᠡᠭᠦᠨ ᠶᠢᠡᠷ ᠪᠠᠷᠠᠬᠤ ᠦᠭᠡᠶ᠂ ᠭᠤᠯᠤᠮᠳᠠ ᠵᠠᠯᠭᠠᠨ ᠳᠤᠯᠭ᠎ᠠ ᠪᠤᠰᠭᠠᠬᠤ 《ᠳᠡᠦᠭᠡᠳᠤ ᠡᠭᠦᠷᠭᠡ》 ᠵᠢ᠌ ᠳᠠᠭᠠᠭᠠᠵᠤ᠂ ᠡᠳᠦᠷ ᠤᠨ ᠵᠤᠭᠤᠭ ᠰᠦᠨᠢ ᠶᠢᠨ ᠵᠡᠭᠦᠳᠤᠨ ᠳᠡᠭᠡᠨ ᠴᠤ ᠭᠦᠤ ᠳᠦᠷᠦᠭᠦ ᠰᠠᠨᠠᠭᠠᠰᠢᠷᠠᠯ ᠳᠤ ᠪᠠᠷᠢᠭᠳᠠᠳᠠᠭ ᠡᠡᠵᠢ᠃ ᠢᠩᠭᠢᠭᠡᠤᠨ ᠶᠡᠭᠡ ᠡᠭᠡᠴᠢ ᠳ᠋ᠤ 《ᠬᠤᠸᠡᠷ᠎ᠡ》 ᠭᠡᠳᠡᠭ᠌ ᠨᠠᠷ᠎ᠠ ᠦᠭ‍ᠭᠦᠭ᠍ᠰᠡᠨ ᠡᠴᠡ ᠪᠣᠰᠤᠳ ᠨᠢ 《ᠭᠦᠦᠳᠡᠭᠤᠯ᠎ᠡ᠂ ᠲ᠋ᠡᠭᠦᠦᠳᠡᠭᠤᠯ᠎ᠡ᠂ ᠨᠤᠭᠤᠡᠳᠡᠭᠤᠯ᠎ᠡ》 ᠭᠡᠰᠡᠨ ᠨᠠᠷ᠎ᠠ ᠭᠦᠷᠳᠡᠵᠤ᠂ ᠡᠭᠡ ᠭᠦᠮᠤᠨ ᠤ ᠭᠦᠤ ᠭᠦᠰᠡᠭ᠍ᠰᠡᠨ ᠰᠠᠢ᠌ᠨ ᠰᠠᠢ᠌ᠬᠠᠨ ᠭᠦᠰᠡᠯ ᠶᠢᠡᠨ ᠢᠯᠡᠳᠭᠡᠵᠡᠢ᠃

ᠮᠠᠨ ᠤ ᠨᠤᠳᠤᠭ ᠲᠤ ᠰᠠᠢ᠌ᠨ ᠮᠤᠷᠢ ᠬᠠᠳᠠᠭᠤ ᠠᠷᠢᠭᠢ ᠪᠠᠷ ᠡᠷ᠎ᠡ ᠶᠢᠨ ᠴᠢᠮᠡᠭ᠌ ᠪᠣᠯᠭᠠᠳᠠᠭ ᠪᠣᠯ᠂ ᠠᠪᠣ ᠴᠤ ᠮᠦᠨ ᠬᠠᠷ᠎ᠠ ᠠᠷᠢᠭᠢ ᠪᠠᠷ ᠣᠮᠳᠠ ᠭᠢᠵᠤ ᠬᠠᠪᠢ ᠠᠢ᠌ᠯ ᠶᠢᠡᠷ ᠭᠦᠯᠴᠦᠭᠦᠤ ᠳᠠᠪᠭᠢᠭᠤᠯᠤᠨ ᠭᠡᠷ ᠤᠨ ᠠᠮᠢᠳᠤᠷᠠᠯ ᠭᠡᠳᠡᠭ᠌ ᠢ ᠴᠢᠨᠢ ᠣᠭᠳᠤ ᠬᠠᠮᠢᠶᠠᠷᠳᠠᠭ ᠦᠭᠡᠶ᠃ ᠲ᠋ᠠᠷᠠ ᠦᠶᠡᠰ ᠪᠢᠳᠠ ᠪᠦᠷ ᠨᠢᠯᠬ᠎ᠠ ᠪᠠᠯᠴᠢᠷ ᠪᠠᠢ᠌ᠭᠰᠠᠨ ᠳᠤᠯᠠ ᠡᠵᠢ ᠮᠠᠨᠤᠰ ᠢ ᠭᠡᠷ ᠤᠨ ᠬᠠᠨ᠎ᠠ ᠡᠴᠡ ᠪᠠᠨ ᠠᠷᠭᠠᠮᠵᠢᠭᠠᠤᠨ ᠬᠤᠨᠢᠨ ᠳᠠᠭᠠᠨ ᠶᠠᠪᠣᠳᠠᠭ ᠪᠠᠢ᠌ᠪᠡ᠃ ᠡᠵᠢ ᠶᠢ ᠬᠤᠨᠢᠨ ᠡᠴᠡ ᠢᠷᠡᠭᠦ ᠳᠤ ᠪᠢᠳᠠ ᠴᠢᠨᠢ ᠨᠢᠭᠡ ᠭᠡᠷ ᠥᠮᠦᠭᠡᠢ ᠰᠠᠩ ᠳᠠᠳᠠᠨ ᠪᠦᠭᠦ ᠪᠠᠶ᠎ᠠ ᠪᠠᠭᠠᠰᠤ ᠪᠢᠯᠳᠠᠭᠠᠤᠨ ᠬᠤᠭᠤᠯᠠᠢ ᠪᠠᠨ ᠭᠦᠰᠢᠳᠡᠯ᠎ᠡ ᠣᠭᠢᠯᠠᠵᠤ ᠰᠠᠭᠤᠨ᠎ᠠ ᠪᠢᠯᠡ᠃ ᠡᠵᠢ ᠮᠠᠨ ᠤ ᠭᠦᠭᠡᠷᠦᠭᠦᠢᠯᠡᠯᠳᠡᠢ ᠳᠦᠷᠢ ᠶᠢ ᠬᠠᠷᠠᠭᠠᠤᠨ ᠳᠡᠰᠭᠡᠯ ᠦᠭᠡᠶ ᠨᠢᠯᠪᠣᠰᠤ ᠪᠠᠨ ᠠᠰᠬᠠᠷᠠᠭᠤᠯᠤᠭᠰᠠᠭᠠᠷ ᠭᠠᠯ ᠭᠦᠭ᠍ᠵᠢᠭᠡᠨ ᠣᠰᠤ ᠬᠠᠯᠠᠭᠤᠯᠵᠤ᠂ ᠮᠠᠨᠤᠰ ᠢ ᠨᠢᠭᠡ ᠨᠢᠭᠡᠪᠠᠷ ᠣᠭᠢᠶᠠᠨ ᠴᠠᠪᠠᠷᠯᠠᠵᠤ ᠬᠤᠭᠤᠯᠠ ᠪᠣᠳᠠᠭ᠎ᠠ ᠢᠳᠡᠭᠦᠯᠦᠭᠡᠤᠨ ᠰᠠ‍‌ᠶᠢ ᠭᠠᠳᠠᠨᠠᠭᠢ ᠠᠵᠢᠯ ᠶᠢᠡᠨ ᠳᠦᠪᠭᠢᠨᠡᠭᠦᠯᠭᠦ ᠪᠠᠷ ᠶᠠᠭᠠᠷᠠᠨ ᠭᠦᠶ‍ᠦᠳᠡᠭ᠌ ᠪᠠᠢ᠌ᠵᠡᠢ᠃ ᠡᠵᠢ ᠮᠢᠨᠢ ᠭᠠᠳᠠᠨ᠎ᠠ ᠳᠤᠳᠤᠨᠠᠭᠢ ᠠᠵᠢᠯ ᠳᠤ ᠢᠩᠭᠢᠵᠤ ᠪᠣᠷᠪᠢ ᠪᠣᠰᠭᠢᠯ ᠦᠭᠡᠶ ᠵᠦᠳᠠᠷᠠᠵᠤ ᠭᠦᠢᠴᠡᠭᠡᠤᠨ ᠮᠠᠨ ᠢ ᠰᠠᠭᠠᠳᠤᠭᠤᠯᠤᠨ ᠭᠡᠪᠳᠡᠭᠦᠯᠦᠭ᠍ᠰᠡᠨ ᠤ ᠳᠠᠷᠠᠭ᠎ᠠ ᠦᠪᠡᠷ ᠶᠢᠡᠨ ᠰᠠ‍‌ᠶᠢ ᠴᠢᠯᠦᠭᠡ ᠣᠯᠵᠤ᠂ ᠣᠷᠤ ᠶᠢ ᠲᠦᠰᠢᠨ ᠳᠤᠭᠬᠢᠳᠠᠯ᠎ᠠ ᠠᠪᠣ ᠰᠤᠭᠳᠤᠭᠤ ᠳᠠᠪᠭᠢᠭᠤᠯᠵᠤ ᠢᠷᠡᠭᠡᠤᠨ ᠡᠵᠢ ᠶᠢ ᠬᠠᠷᠢᠶᠠᠨ ᠵᠠᠩᠨᠠᠵᠤ ᠭᠦᠭᠡᠷᠡᠵᠤ ᠪᠣᠷᠤᠯᠠᠳᠠᠯ᠎ᠠ ᠨᠢ ᠵᠤᠳᠤᠭᠠᠤᠨ ᠭᠠᠷ ᠤᠨ ᠴᠢᠯᠡᠭᠡ ᠪᠠᠨ ᠭᠠᠷᠭᠠᠳᠠᠭ ᠪᠠᠢ᠌ᠯ᠎ᠠ᠃ ᠢᠩᠭᠢᠪᠠᠯ ᠡᠵᠢ ᠮᠢᠨᠢ ᠳᠤᠭᠤᠯᠳᠠᠵᠤ ᠮᠠᠢ᠌ᠵᠢᠭᠢᠨᠠᠵᠤ ᠪᠠᠢ᠌ᠭᠠᠤᠨ ᠳᠤᠰᠤᠯᠬᠤ ᠨᠢᠯᠪᠣᠰᠤ ᠪᠠᠨ ᠣᠨᠠᠭᠠᠯ ᠦᠭᠡᠶ ᠮᠠᠠᠲ᠋ᠸᠤ ᠪᠣᠤᠵᠠ ᠵᠢᠩᠨᠠᠵᠤ᠂ ᠠᠪᠣ ᠶᠢᠨ ᠠᠯᠢ ᠳᠤᠷᠠᠳᠠᠢ ᠬᠤᠭᠤᠯᠠ ᠶᠢ ᠨᠢ ᠭᠢᠵᠤ ᠦᠭ‍ᠭᠦᠨ᠎ᠡ᠃ ᠡᠡᠪᠦ ᠮᠢᠨᠢ ᠠᠷᠢᠭᠢ ᠪᠠᠷ ᠭᠡᠭᠡᠷᠡᠭᠦᠯᠤᠨ ᠠᠮᠳᠠᠳᠤ ᠬᠤᠭᠤᠯᠠᠨ ᠳᠤ ᠴᠠᠳᠤᠭᠠᠤᠨ ᠭᠦᠷᠴᠢᠭᠢᠨᠡᠳᠡᠯ᠎ᠡ ᠬᠠᠮᠠᠷ ᠳᠠᠳᠠᠬᠤ ᠦᠶᠡᠰ ᠨᠢᠭᠡ᠊ᠨᠳᠡ ᠰᠦᠨᠢ ᠳᠦᠯᠢ ᠪᠤᠯᠵᠤ᠂ ᠡᠵᠢ ᠮᠢᠨᠢ ᠭᠡᠯᠡᠨ ᠳᠡᠭᠡᠷ᠎ᠡ ᠪᠠᠨ ᠶᠠᠭᠤᠮ᠎ᠠ ᠳᠠᠯᠪᠢᠯ ᠦᠭᠡᠶ ᠬᠣᠢ᠌ᠮᠤᠷ ᠴᠤᠮᠴᠣᠢ᠌ᠨ ᠰᠠᠭᠤᠵᠤ᠂ ᠵᠤᠯᠠ ᠶᠢᠨ ᠭᠡᠷᠡᠯ ᠢ ᠰᠢᠷᠳᠠᠨ ᠭᠦᠡᠳᠤ ᠪᠣᠳᠤᠯᠭᠠᠰᠢᠷᠠᠯ ᠳᠤ ᠣᠶᠠᠭᠳᠠᠵᠤ ᠣᠳᠠᠳᠠᠯ᠎ᠠ ᠭᠦᠯᠢᠷᠡᠳᠡᠭ᠌ ᠠᠵᠢ᠃ ᠲ᠋ᠠᠷᠠ ᠦᠶᠡᠰ ᠪᠢ ᠨᠢᠯᠬ᠎ᠠ ᠪᠠᠯᠴᠢᠷ ᠪᠣᠳᠤᠯ ᠳᠠᠭᠠᠨ ᠡᠵᠢ ᠶᠢ ᠶᠡᠭᠡ ᠦᠷᠦᠪᠳᠠᠵᠤ᠂ ᠠᠯᠢ ᠪᠣᠷᠤᠭᠤ ᠪᠦᠭᠦᠨ ᠨᠢ ᠦᠪᠡᠷ ᠶᠢᠡᠨ ᠭᠦᠤ ᠪᠣᠯᠵᠤ ᠳᠦᠷᠦᠭ᠍ᠰᠡᠨ ᠦᠭᠡᠶ ᠶᠢᠨ ᠣᠷᠰᠢᠭ ᠭᠡᠵᠤ ᠪᠣᠳᠤᠳᠠᠭ ᠪᠠᠢ᠌ᠭᠰᠠᠨ᠃

ᠴᠡᠭᠡᠵᠢᠯᠡᠵᠤ ᠪᠠᠢ᠌ᠬᠤ ᠪᠠᠷ᠂ ᠨᠠᠮᠢ᠋ᠢ ᠳᠤᠯᠤᠭᠠᠨ ᠨᠠᠰᠤᠳᠠᠢ ᠵᠢᠯ ᠶ‍ᠦᠮᠳᠠᠭ᠃ ᠳᠦᠷᠪᠠᠳᠦᠭᠡᠷ ᠦᠬᠢᠨ ᠳᠡᠭᠦᠤ ᠨᠤᠭᠤᠠᠳᠠᠭᠤᠯ᠎ᠠ ᠶᠢ ᠭᠦᠩᠭᠡᠵᠢᠭᠦ ᠭᠡᠵᠤ ᠡᠵᠢ ᠭᠡᠴᠡᠭᠦᠤ ᠡᠮᠵᠡᠭᠯᠡᠵᠤ᠂ ᠶ‍ᠢᠰᠤᠨ ᠨᠠᠰᠤᠳᠠᠢ ᠬᠤᠸᠠᠷ᠎ᠠ ᠡᠭᠡᠴᠢ ᠳᠠᠪᠤᠨ ᠭᠠᠵᠠᠷ ᠭᠦᠶ‍ᠦᠵᠤ ᠳᠠᠷᠭᠤᠨ ᠨᠤᠬᠠᠤᠨ ᠶᠢᠡᠷ ᠣᠷᠠᠭᠤᠯᠵᠤ ᠪᠠᠢ᠌ᠮᠠᠨ ᠰᠠᠮᠠᠭ᠎ᠠ ᠡᠮᠡᠭᠡ ᠶᠢ ᠡᠷᠢᠵᠤ ᠢᠷᠡᠭᠡᠤᠨ ᠭᠦᠢᠰᠤ ᠶᠢ ᠨᠢ ᠳᠠᠰᠤᠯᠠᠭᠤᠯᠤᠭᠰᠠᠨ ᠪᠢᠯᠠ᠃ ᠬᠠᠷᠢ ᠬᠤᠰᠢᠭᠤ ᠪᠠᠷ ᠳᠤᠭᠤᠷᠢᠵᠤ ᠬᠤᠷᠢ ᠬᠤᠨᠤᠭ ᠠᠷᠢᠭᠢᠳᠤᠭᠰᠠᠨ ᠠᠪᠣ ᠮᠢᠨᠢ ᠳᠠᠷᠠ ᠡᠳᠦᠷ ᠪᠣᠴᠠᠬᠤ ᠳᠡᠭᠠᠷᠡᠵᠤ᠂ ᠵᠡᠭᠦᠨ ᠠᠢ᠌ᠯ ᠡᠴᠡ ᠡᠵᠢ ᠶᠢ ᠪᠠᠰᠠᠯᠠ ᠦᠬᠢᠨ ᠲᠦᠷᠦᠯ᠎ᠠ ᠭᠡᠵᠤ ᠰᠤᠨᠤᠰᠤᠭᠠᠤᠨ ᠭᠡᠷ ᠤᠨ ᠪᠠᠷ᠎ᠠ ᠬᠠᠷᠠᠯ ᠦᠭᠡᠶ ᠪᠣᠷᠤ ᠮᠦᠷ ᠶᠢᠡᠷ ᠶᠢᠡᠨ ᠪᠣᠴᠠᠴᠢᠬᠠᠯ᠎ᠠ ᠭᠡᠳᠡᠭ᠌᠃ ᠡᠵᠢ ᠮᠢᠨᠢ ᠰᠠᠮᠠᠭ᠎ᠠ ᠡᠵᠢ ᠶᠢᠨ ᠬᠠᠪᠰᠤᠷᠤᠯ ᠶᠢᠡᠷ ᠭᠤᠷᠪᠠᠬᠠᠨ ᠬᠤᠨᠤᠭ 《ᠰᠠᠷ᠎ᠠ ᠳᠤ ᠰᠠᠭᠤᠭᠠᠤᠨ》 ᠠᠵᠢᠯ ᠠᠮᠢᠳᠤᠷᠠᠯ ᠳᠠᠭᠠᠨ ᠭᠦᠵᠦᠭᠦᠤ ᠰᠤᠩᠭ᠋ᠠᠨ ᠵᠢᠦᠡᠭᠦᠵᠤ ᠪᠢᠯᠡ᠃ 《ᠬᠠᠯᠠ ᠲᠡᠶ ᠠᠢ᠌ᠯ ᠤᠨ ᠳᠠᠮᠤᠷ ᠭᠤᠤᠯ ᠲᠡᠶ ᠪᠦᠰᠡᠭᠦᠢ》 ᠭᠡᠵᠤ ᠶᠤᠰᠤᠳᠠᠢ ᠮᠢᠨᠤ ᠡᠵᠢ ᠶᠢ ᠭᠡᠯᠡᠨ᠎ᠡ᠃ ᠲ᠋ᠡᠷᠡ ᠦᠶᠡᠰ ᠪᠢ ᠳᠠᠩᠴᠢ ᠪᠠᠭ᠎ᠠ ᠪᠠᠢ᠌ᠵᠡᠢ᠂ ᠡᠳᠦᠷ ᠳᠤᠳᠤᠮ ᠢᠳᠠᠵᠤ ᠴᠠᠤᠠᠪᠠᠯ ᠨᠡᠭᠠᠳᠦᠭᠠᠳ᠂ ᠨᠢᠭᠡ ᠠᠢ᠌ᠯ ᠤᠨ ᠳᠡᠳᠥᠢᠴᠢᠨᠡᠭᠡᠨ ᠠᠵᠢᠯ ᠢ ᠡᠵᠢ ᠭᠠᠭᠴᠠᠭᠠᠷ ᠶᠢᠡᠨ ᠶᠠᠭᠠᠭᠢᠵᠤ ᠡᠪᠯᠡᠭᠦᠯᠵᠤ ᠪᠠᠢ᠌ᠭᠰᠠᠨ ᠢ ᠪᠣᠳᠤᠵᠤ ᠣᠯᠬᠤ ᠦᠭᠡᠶ ᠪᠠᠢ᠌ᠭᠰᠠᠨ ᠰᠢᠤ᠃

ᠨᠠᠮᠢ᠋ᠢ ᠠᠷᠪᠠᠨ ᠨᠢᠭᠡᠳᠡᠢ ᠵᠢᠯ ᠶᠡᠭᠡ ᠪᠠᠶᠠᠷ ᠪᠤᠯᠵᠤ᠂ ᠡᠵᠢ ᠮᠢᠨᠢ ᠨᠢᠭᠡᠨ ᠪᠣᠠᠳᠤᠭᠠᠷ ᠳᠠᠷᠭᠤᠨ ᠳᠡᠭᠦᠤ ᠶᠢ ᠲᠦᠷᠦᠵᠤ ᠨᠠᠳᠠ ᠶᠢ ᠪᠠᠰᠠ ᠰᠤᠷᠭᠠᠭᠤᠯᠢ ᠳᠤ ᠭᠦᠷᠭᠡᠵᠡᠢ᠃ ᠭᠦᠳᠡᠷᠯᠢᠭ᠌ ᠪᠠᠶᠠᠳᠠᠢ ᠳᠦᠷᠦᠭ᠍ᠰᠡᠨ ᠡᠭᠡᠴᠢ ᠮᠢᠨᠢ ᠮᠢᠨᠤ ᠭᠢᠷᠢ ᠵᠤᠯ ᠪᠠᠢ᠌ᠭᠰᠠᠨ ᠦᠭᠡᠶ᠃ ᠥᠭᠡᠷ ᠬᠤᠨᠢ ᠬᠠᠷᠢᠭᠤᠯᠤᠭᠠᠤᠨ ᠭᠡᠷ ᠤᠨ ᠠᠮᠢᠳᠤᠷᠠᠯ ᠤᠨ ᠭᠤᠤᠯ ᠳᠤᠯᠭᠠᠭᠤᠷᠢ ᠨᠢ ᠪᠤᠯᠪᠠ᠃ ᠭᠦᠤ ᠦᠭᠡᠶ ᠦᠶᠡᠰ ᠭᠤᠳᠤᠷᠠᠭᠠᠤᠨ ᠠᠪᠣ ᠮᠢᠨᠢ ᠶᠡᠭᠡ ᠠᠷᠢᠭᠢᠳᠤᠳᠠᠭ ᠪᠠᠢ᠌ᠭᠰᠠᠨ ᠪᠣᠯ ᠣᠳᠤ ᠨᠢᠭᠡ᠊ᠨᠳᠡ ᠳᠠᠯᠪᠠ ᠪᠠᠶᠠᠷᠯᠠᠵᠤ ᠳᠡᠭᠡᠷ᠎ᠡ ᠥᠰᠦᠷᠦᠭᠡᠤᠨ ᠠᠷᠢᠭᠢᠨ ᠯᠤᠩᠬᠤ ᠳᠡᠭᠦᠵᠢᠯᠡᠨ ᠠᠢ᠌ᠯ ᠬᠤᠳᠠᠨ ᠳᠠᠭᠠᠨ ᠭᠠᠢ᠌ᠬᠠᠭᠤᠯᠵᠤ ᠳᠠᠪᠭᠢᠳᠠᠭ ᠪᠦᠭᠡᠤᠨ ᠭᠦᠤ ᠪᠠᠨ ᠰᠠᠨᠠᠭᠠᠤᠨ ᠭᠦᠯᠴᠦᠭᠦᠤ ᠢᠷᠠᠪᠠᠯ ᠰᠠᠬᠠᠯ ᠲᠡᠶ ᠡᠷᠡᠤ ᠪᠠᠷ ᠶᠢᠡᠨ ᠳᠡᠭᠦᠤ ᠶᠢ ᠣᠷᠢᠯᠠᠵᠤ ᠴᠢᠷᠯᠠᠳᠠᠯ᠎ᠠ ᠨᠢ 《ᠬᠠᠤᠠᠬᠤᠵᠤ》 ᠂ ᠬᠠᠳᠠᠭᠤ ᠨᠢᠳᠤᠷᠭ᠎ᠠ ᠪᠠᠷ ᠶᠢᠡᠨ ᠡᠵᠢ ᠳ᠋ᠤ 《ᠬᠠᠢ᠌ᠷ᠎ᠠ ᠳᠠᠯᠠᠷᠬᠠᠯ》 ᠵᠢᠠᠨ ᠢᠯᠤᠨᠭᠡᠳᠡᠭ᠌ ᠪᠤᠯᠪᠠ᠃ ᠭᠡᠰᠡᠨ ᠴᠤ 《ᠬᠠᠳᠠᠭᠤ ᠪᠠᠷᠭᠡᠳᠤ ᠳᠡᠦᠭᠡᠨ ᠡᠭᠦᠷᠭᠡ》 ᠪᠠᠨ ᠪᠠᠶᠡᠯᠡᠭᠦᠯᠦᠭ᠍ᠰᠡᠨ ᠡᠵᠢ ᠮᠢᠨᠢ ᠵᠤᠭᠢᠬᠤ ᠪᠠᠢ᠌ᠷᠢ ᠰᠠᠭᠤᠷᠢ ᠪᠠᠨ ᠣᠯᠵᠤ᠂ 《ᠡᠳ᠋ ᠤᠨ ᠵᠠᠰᠠᠭ ᠤᠨ ᠡᠷᠭᠡ》 ᠵᠢ᠌ ᠪᠠᠷᠢᠭᠠᠤᠨ ᠠᠪᠣ ᠶᠢᠨ ᠠᠷᠢᠭᠢᠨ ᠢᠷᠠᠯᠳᠠ ᠶᠢ ᠭᠢᠵᠠᠭᠠᠷᠯᠠᠨ ᠵᠥᠭᠡᠯᠡᠨ ᠶᠢᠡᠷ ᠢᠤᠠᠬᠠᠵᠤ ᠳᠡᠢ᠌ᠯᠭᠦ ᠪᠤᠯᠤᠯ᠎ᠡ᠃ ᠡᠭᠦᠨ ᠡᠴᠡ ᠬᠣᠢ᠌ᠰᠢ᠂ ᠮᠠᠨ ᠤ ᠭᠡᠷ ᠤᠨ ᠠᠮᠢᠳᠤᠷᠠᠯ ᠳᠤ ᠶᠡᠭᠡᠭᠡᠨ ᠬᠤᠪᠢᠷᠠᠯᠳᠠ ᠭᠠᠷᠤᠭᠠᠤᠨ᠂ ᠲ᠋ᠠᠭᠠᠭᠠᠴᠢᠯᠠᠯᠳᠠ ᠶᠢᠨ ᠳᠦᠷᠢᠮ ᠤᠨ ᠠᠰᠢᠭ ᠢ ᠭᠦᠷᠳᠡᠨ ᠢᠳᠡᠭᠦ ᠡᠮᠦᠰᠭᠦ ᠡᠯᠪᠠᠭ᠍ᠰᠢᠭᠡᠤᠨ ᠪᠢ ᠴᠤ ᠵᠢᠯ ᠳᠠᠷᠠᠭᠠᠯᠠᠨ 《ᠭᠤᠷᠪᠠᠨ ᠰᠠᠢ᠌ᠠᠳᠠᠢ ᠰᠤᠷᠤᠭᠴᠢ》 ᠪᠣᠯᠵᠤ ᠶᠠᠪᠣᠯ᠎ᠠ᠃

ᠳᠠᠪᠤᠨ ᠵᠢᠯ ᠤᠨ ᠳᠠᠷᠠᠭ᠎ᠠ᠂ ᠬᠤᠸᠠᠷ᠎ᠠ ᠡᠭᠡᠴᠢ ᠮᠢᠨᠢ ᠨᠢᠭᠡ᠊ᠨᠳᠡ ᠭᠤᠸᠠᠯᠢᠭ ᠭᠠᠯᠪᠢᠷ ᠪᠠᠶ᠎ᠠ ᠪᠠᠢ᠌ᠳᠠᠯ ᠲᠡᠶ ᠠᠷᠪᠠᠨ ᠨᠢ᠋ᠮᠠ ᠭᠦᠷᠦᠭ᠍ᠰᠡᠨ ᠰᠠᠢ᠌ᠬᠠᠨ ᠭᠡᠦᠭᠡᠨ ᠪᠣᠯᠤᠨ ᠦᠢᠰᠴᠠᠢ᠃ ᠲ᠋ᠠᠷᠠ ᠵᠢᠯ ᠭᠡᠳᠥᠢᠪᠠᠷ ᠰᠠᠮᠠᠭ᠎ᠠ ᠡᠮᠡᠭᠡ ᠶᠢᠨ ᠨᠤᠬᠠᠢ ᠳᠤ ᠬᠠᠵᠠᠭᠳᠠᠭᠠᠤᠨ ᠬᠠᠴᠠᠷ ᠳᠡᠭᠡᠷ᠎ᠡ ᠪᠠᠨ ᠢᠮᠠᠬᠤ ᠣᠷᠳᠤ ᠰᠤᠷᠪᠢ ᠥᠯᠡᠳᠡᠭᠡᠭ᠍ᠰᠡᠨ ᠪᠤᠯᠪᠠᠴᠤ᠂ ᠲ᠋ᠡᠭᠦᠨ ᠤ ᠭᠤᠸ᠎ᠠ ᠭᠡᠭᠡᠡᠴᠢᠷ ᠥᠩᠭᠡ ᠵᠢᠰᠤ ᠶᠢ ᠬᠠᠷᠰᠢᠯᠠᠵᠤ ᠴᠢᠳᠠᠭᠰᠠᠨ ᠦᠭᠡᠶ᠂ ᠬᠤᠯᠠ ᠣᠢ᠌ᠷ᠎ᠠ ᠶᠢᠨ ᠵᠠᠭᠤᠴᠢᠳ ᠬᠠᠳᠠᠪᠴᠢ ᠡᠯᠡᠭᠡᠭᠦ ᠪᠤᠯᠵᠠᠢ᠃ ᠲ᠋ᠡᠭᠡᠭᠦ ᠳᠤ ᠠᠵᠢᠯ ᠠᠮᠢᠳᠤᠷᠠᠯ ᠳᠤ ᠳᠠᠷᠢᠭᠢ ᠪᠠᠨ ᠭᠠᠮᠨᠠᠵᠤ ᠠᠷᠢᠭᠢᠨ ᠤ ᠶᠠᠪᠣᠳᠠᠯ ᠳᠤ ᠣᠬᠠᠭᠠᠨ ᠶᠢᠡᠨ ᠰᠢᠪᠬᠠᠳᠠᠭ ᠠᠪᠣ ᠮᠢᠨᠢ ᠠᠯᠢ ᠵᠠᠭᠤᠴᠢᠨ ᠳ᠋ᠤᠨᠢ ᠴᠤ ᠰᠢᠭᠤᠳ ᠬᠠᠷᠢᠭᠤᠯᠳᠠ ᠦᠭ‍ᠭᠦ ᠦᠭᠡᠶ ᠪᠣᠴᠠᠬᠤ ᠮᠦᠷ ᠥᠯᠡᠳᠠᠭᠡᠵᠤ ᠠᠷᠢᠭᠢᠨ ᠵᠠᠮ ᠶᠢᠡᠨ ᠵᠠᠰᠠᠭᠠᠤᠨ ᠡᠵᠢ ᠶᠢᠨ ᠬᠤᠷᠢᠭ᠎ᠠ ᠳᠤ ᠡᠵᠡᠮᠰᠢᠭ᠍ᠳᠡᠭᠦ ᠦᠭᠡᠶ ᠪᠤᠯᠪᠠ᠃ ᠭᠡᠪᠠᠴᠤ ᠡᠭᠡᠴᠢ ᠳᠤ ᠵᠢᠩᠭᠢᠨᠢ ᠰᠠᠤᠠᠭᠢᠯ ᠤᠨ ᠭᠦᠮᠤᠨ ᠲᠡᠶ ᠶᠢ ᠪᠢ ᠮᠠᠳᠠᠨ᠎ᠠ᠃ ᠲ᠋ᠠᠷᠠ ᠪᠣᠯ ᠪᠠᠷᠠᠭᠤᠨ ᠠᠢ᠌ᠯ ᠤᠨ ᠷᠠᠰᠢᠨᠢᠮ᠎ᠠ ᠠᠬ᠎ᠠ ᠪᠢᠯᠠ᠃ ᠲ᠋ᠠᠷᠠ ᠪᠣᠯ ᠭᠦᠳᠡᠷ ᠳᠤᠮᠤ ᠪᠠᠶ᠎ᠡ ᠭᠦᠷᠦᠰᠦᠯᠢᠭ᠌ ᠪᠣᠷᠤ ᠴᠢᠷᠠᠢ ᠲᠡᠶ᠂ ᠠᠵᠢᠯ ᠠᠮᠢᠳᠤᠷᠠᠯ ᠭᠡᠤᠨ ᠱᠤᠭᠰᠢᠴᠢᠳᠠᠭ ᠭᠦᠮᠤᠨ᠃ ᠲ᠋ᠡᠷᠡᠪᠠᠷ ᠠᠯᠢ ᠭᠡᠳᠥᠢᠨᠡᠢ ᠡᠴᠡ ᠮᠠᠨ ᠤ ᠭᠡᠷ ᠤᠨ ᠠᠵᠢᠯ ᠳᠤ ᠳᠤᠰᠠᠯᠠᠭᠰᠠᠭᠠᠷ ᠢᠷᠡᠭ᠍ᠰᠡᠨ ᠪᠦᠭᠡᠤᠨ ᠡᠵᠢ ᠴᠤ ᠳᠡᠭᠦᠨ ᠢ ᠳᠦᠷᠦᠭ᠍ᠰᠡᠨ ᠭᠦᠤ ᠲᠡᠶ ᠪᠠᠨ ᠠᠳᠠᠯᠢ ᠰᠠᠨᠠᠵᠤ ᠵᠠᠷᠤᠭᠰᠠᠭᠠᠷ ᠢᠷᠠᠵᠠᠢ᠃ ᠨᠠᠩ ᠴᠢᠬᠤᠯᠠ ᠨᠢ ᠳᠡᠭᠦᠨ ᠢ ᠢᠷᠡᠭᠦ ᠪᠦᠷᠢ ᠡᠭᠡᠴᠢ ᠶᠢᠨ ᠴᠤᠭ ᠵᠤᠯᠢ ᠰᠡᠷᠭᠦᠨ ᠪᠠᠳᠠᠷᠠᠵᠤ᠂ ᠨᠢᠳᠤᠨ ᠬᠠᠷᠠᠴᠠ ᠨᠢ ᠣᠠᠴᠠ ᠭᠡᠷᠡᠯᠳᠦᠭᠦ ᠪᠠᠷ ᠨᠢ ᠳᠠᠳᠠ ᠬᠤᠶᠠᠭᠤᠯᠠ ᠶᠢ ᠰᠠᠤᠠᠭᠢᠯ ᠲᠡᠶ ᠪᠣᠯᠴᠢᠬᠠᠯ᠎ᠠ ᠭᠡᠵᠤ ᠪᠢ ᠳᠠᠭᠠᠮᠠᠭᠯᠠᠳᠠᠭ ᠪᠢᠯᠠ᠃

ᠨᠢᠭᠡ ᠮᠡᠳᠡᠭᠦ ᠳᠤ᠂ ᠠᠪᠣ ᠡᠵᠡᠨ ᠮᠠᠳᠠᠵᠤ ᠡᠭᠡᠴᠢ ᠶᠢ ᠣᠷᠢᠳᠤ ᠠᠢ᠌ᠯ ᠊ᠤᠨ 《ᠰᠠᠳᠤᠷ ᠰᠠᠮᠳᠠᠨ》 ᠳᠤ ᠦᠭ‍ᠭᠦ ᠪᠠᠷ ᠠᠮᠠᠨ ᠠᠷᠢᠭᠢ ᠣᠤᠭᠤᠬᠤ ᠪᠠᠷ ᠪᠤᠯᠵᠠᠢ᠃ ᠲ᠋ᠡᠭᠡᠭ᠍ᠰᠡᠨ ᠴᠢᠨᠢ ᠮᠠᠨ ᠤ ᠭᠡᠷ ᠢ ᠨᠢᠭᠡᠯᠡ ᠳᠤᠤᠷ᠎ᠠ ᠠᠶᠤᠯ ᠤᠨ ᠬᠠᠷ᠎ᠠ ᠮᠠᠨᠠᠨ ᠪᠦᠷᠭᠦᠵᠤ᠂ ᠡᠭᠡᠴᠢ ᠮᠢᠨᠢ ᠥᠭᠦᠵᠤ ᠣᠨᠠᠨ᠎ᠠ ᠭᠡᠤᠨ ᠪᠦᠭᠦ ᠭᠡᠷ ᠢ ᠳᠡᠪᠵᠢᠶᠡᠷᠡᠭᠦᠯᠵᠤ᠂ ᠪᠢᠳᠡ ᠡᠭᠡᠴᠢ ᠳᠡᠭᠦᠤ ᠭᠡᠳᠦᠭᠦᠯᠡ ᠡᠭᠡᠯᠵᠢᠯᠡᠨ ᠬᠤᠸᠠᠷ᠎ᠠ ᠡᠭᠡᠴᠢ ᠶᠢ ᠰᠠᠭᠢᠳᠠᠭ ᠪᠣᠯᠵᠠᠢ᠃ ᠠᠩᠬᠠᠨ ᠳᠠᠭᠠᠨ ᠡᠰᠡᠷᠭᠦᠴᠡᠵᠤ ᠪᠠᠢ᠌ᠭᠰᠠᠨ ᠡᠵᠢ ᠴᠤ ᠰᠡᠭᠦᠯ ᠳ᠋ᠤᠨᠢ ᠠᠪᠣ ᠶᠢᠨ ᠳᠠᠯ᠎ᠠ ᠳᠤ ᠵᠤᠭᠰᠦᠵᠤ 《ᠪᠦᠰᠡᠭᠦᠢ ᠭᠦᠮᠤᠨ ᠤ ᠳᠠᠪᠢᠯᠠᠩ ᠭᠡᠭ᠍ᠴᠢ ᠡᠴᠢᠭᠡ ᠡᠭᠡ ᠶᠢᠨ ᠶᠢᠡᠨ ᠰᠤᠩᠭ᠋ᠤᠯᠳᠠ ᠶᠢ ᠳᠠᠭᠠᠬᠤ》 ᠮᠠᠳᠤ ᠶᠢᠨ ᠣᠯᠠᠨ ᠶᠤᠰᠤ ᠶᠢ ᠨᠤᠮᠯᠠᠨ᠎ᠠ᠃ ᠠᠭᠤᠯᠠ ᠶᠢᠨ ᠴᠢᠨᠡᠭᠡᠨ 《ᠠ᠊》 ᠥᠰᠦᠭ᠌ ᠢ ᠳᠠᠨᠢᠳᠠᠭ ᠦᠭᠡᠶ ᠡᠭᠡᠴᠢ ᠮᠢᠨᠢ ᠠᠪᠣ ᠶᠢᠨ ᠠᠭᠰᠤᠷᠤᠯ ᠡᠵᠢ ᠶᠢᠨ ᠢᠤᠠᠬᠠᠯ ᠳᠤ ᠪᠠᠭᠤᠨ ᠥᠭ᠍ᠴᠤ᠂ ᠰᠡᠳᠬᠢᠯ ᠬᠠᠳᠠᠭᠤᠵᠢᠨ ᠷᠠᠰᠢᠨᠢᠮ᠎ᠠ ᠠᠬ᠎ᠠ ᠲᠡᠶ ᠬᠠᠷᠢᠴᠠᠭ᠎ᠠ ᠪᠠᠨ ᠳᠠᠰᠤᠯᠠᠭᠰᠠᠨ ᠳᠤ᠂ ᠲ᠋ᠡᠭᠦᠨ ᠢ ᠠᠬᠠᠷ ᠪᠣᠳᠤᠯᠭ᠎ᠠ ᠡᠪᠦᠷᠯᠡᠨ᠎ᠡ ᠭᠡᠵᠤ ᠭᠡᠨ ᠰᠠᠨᠠᠪᠠ᠂ ᠴᠤᠯᠪᠣᠭᠤᠷ ᠶᠢᠡᠷ ᠶᠢᠡᠨ ᠪᠣᠭᠤᠵᠤ ᠮᠤᠷᠢᠨ ᠳᠠᠭᠠᠨ ᠴᠢᠷᠦᠭ᠍ᠳᠡᠵᠤ ᠥᠭᠦᠵᠡᠢ᠃ ᠡᠨᠡ ᠴᠢᠮᠡᠭᠡ ᠶᠢ ᠰᠤᠨᠤᠰᠤᠭᠰᠠᠨ ᠡᠭᠡᠴᠢ ᠮᠢᠨᠢ ᠬᠠᠷᠠᠩᠭ᠋ᠤᠰᠤᠨ ᠣᠨᠠᠵᠤ ᠭᠡᠪᠳᠡᠷᠢ ᠳᠤ ᠣᠷᠤᠭᠰᠠᠨ ᠡᠴᠡ ᠠᠪᠣᠭᠠᠤᠨ ᠵᠢᠯ ᠢᠯᠡᠭᠦᠤ ᠳᠡᠩᠭᠡᠷᠡᠭᠦ ᠦᠭᠡᠶ᠂ ᠡᠮ ᠳᠠᠩ ᠴᠤ ᠭᠦᠶ‍ᠦᠭᠦ ᠦᠭᠡᠶ ᠪᠤᠯᠤᠭᠰᠡᠨ᠃ ᠢᠩᠭᠢᠭᠦᠯᠡᠷ ᠠᠪᠣ ᠡᠵᠢ ᠰᠠᠠᠳᠤᠷᠤᠨ ᠰᠠᠮᠠᠭᠤᠨ ᠣᠬᠠᠭᠠᠨ ᠭᠠᠷᠭᠠᠵᠤ 《ᠡᠢ᠌ᠮᠤ ᠡᠪᠠᠦᠡᠴᠢᠳᠡᠨ ᠢ ᠭᠦᠷᠭᠡᠨ ᠳᠤ ᠥᠭ᠍ᠪᠠᠯ ᠵᠥᠭᠡᠷ ᠪᠤᠯᠴᠢᠬᠠᠨ᠎ᠡ》 ᠭᠡᠤᠨ ᠭᠡᠪᠳᠡᠭᠡ ᠪᠠᠷ ᠨᠢ ᠳᠠᠮᠨᠠᠵᠤ ᠠᠪᠠᠴᠢᠭᠠᠤᠨ 《ᠰᠠᠳᠤᠷ ᠰᠠᠮᠳᠠᠨ》 ᠳᠤ ᠪᠤᠭᠳᠦᠯᠡᠭᠠᠳ ᠦᠭ‍ᠭᠦᠭ᠍ᠰᠡᠨ ᠪᠠᠢ᠌ᠨ᠎ᠠ᠃ ᠠᠢ᠌ᠯ ᠤᠨ ᠡᠮᠡᠰ ᠲᠡᠶ ᠰᠠᠳᠤᠷᠯᠠᠵᠤ ᠪᠠᠢ᠌ᠭᠠᠤᠨ ᠭᠠᠷ ᠶᠢᠡᠨ ᠬᠤᠭᠤ ᠴᠤᠭᠢᠭᠤᠯᠤᠭᠰᠡᠨ 《ᠰᠡᠳᠦᠷ ᠰᠡᠮᠳᠡᠨ》 ᠡᠭᠡᠴᠢ ᠶᠢ ᠭᠡᠳᠦᠭᠡᠨ ᠡᠳᠦᠷ ᠤᠨ ᠰᠢᠨ᠎ᠠ ᠶᠠᠭᠤᠮ᠎ᠠ ᠪᠣᠯᠭᠠᠨ ᠨᠤᠬᠤᠯᠠᠵᠤ ᠬᠠᠨᠤᠭᠠᠤᠨ᠂ ᠬᠠᠷᠠᠵᠤ ᠬᠠᠷᠠᠭᠠᠯᠵᠠᠬᠤ ᠦᠭᠡᠶ ᠬᠠᠶᠠᠭᠠᠤᠨ ᠵᠢᠯᠢ᠌ᠴᠢᠭᠡᠵᠡᠢ᠃ ᠬᠤᠭᠤᠯᠡᠢ ᠨᠢ ᠬᠠᠳᠠᠭᠠᠤᠨ ᠪᠣᠰᠬᠤ ᠳᠡᠩᠭᠡᠭᠡ ᠦᠭᠡᠶ ᠪᠠᠢ᠌ᠭᠰᠠᠨ ᠡᠭᠡᠴᠢ ᠮᠢᠨᠢ ᠭᠠᠷ ᠰᠠᠷᠪᠠᠢ᠌ᠨ 《ᠣᠰᠤ᠂ ᠣᠰᠤ ᠁ ᠷᠠᠰᠢᠨᠢᠮ᠎ᠠ ᠮᠢᠨᠢ ᠁》 ᠭᠡᠵᠤ ᠲᠦᠳᠦᠨᠡᠵᠤ ᠪᠠᠢ᠌ᠭᠠᠤᠨ ᠶ‍ᠢᠷᠳᠢᠠᠴᠤ ᠶᠢᠨ ᠮᠥᠩᠭᠡ ᠪᠣᠰᠤ ᠶᠢ ᠥᠵᠡᠭᠦᠯᠵᠡᠢ᠃ ᠶᠠᠭ ᠡᠨᠡ ᠦᠶ᠎ᠡ ᠳ᠋ᠤᠨᠢ ᠭᠠᠳᠠᠨ᠎ᠠ ᠠᠵᠢᠷᠭᠠᠨ ᠪᠣᠷᠤᠭᠠᠨ ᠰᠠᠭᠤᠯᠭ᠎ᠠ ᠪᠠᠷ ᠴᠢᠤᠠᠬᠤᠯᠠᠬᠤ ᠠᠳᠠᠯᠢ ᠣᠷᠤᠵᠤ ᠪᠠᠢ᠌ᠭᠰᠠᠨ ᠡᠴᠡ ᠪᠠᠨ ᠬᠤᠨᠢᠨ ᠱᠠᠭ᠎ᠠ ᠴᠢᠨᠡᠭᠡᠨ ᠮᠦᠨᠳᠤᠷ ᠬᠤᠯᠢᠯᠳᠤᠨ ᠤᠷᠦᠵᠤ᠂ ᠲ᠋ᠡᠨᠢᠭᠡᠷ ᠳᠠᠯ᠎ᠠ ᠶᠢᠨ ᠡᠪᠠᠰᠤ ᠴᠡᠴᠡᠭ᠌ ᠢ ᠬᠠᠢ᠌ᠷ᠎ᠠ ᠨᠠᠢ᠌ᠷ ᠦᠭᠡᠶ ᠳᠠᠮᠳᠤᠭᠯᠠᠨ ᠳᠠᠯᠭᠢᠯᠠᠪᠠ᠃ ᠮᠠᠨ ᠤ ᠡᠭᠡᠴᠢ ᠳᠡᠭᠦᠦᠨᠡᠷ ᠤᠨ ᠳᠤᠮᠳᠠ ᠪᠠᠨ ᠬᠠᠮᠤᠭ ᠤᠨ ᠭᠤᠸ᠎ᠡ ᠥᠵᠡᠰᠭᠦᠯᠡᠩ᠂ ᠠᠵᠢᠯᠰᠠᠭ ᠣᠬᠠᠭᠠᠠᠳᠠᠢ ᠳᠦᠷᠦᠭ᠍ᠰᠡᠨ ᠬᠠᠢ᠌ᠷᠠᠳᠤ ᠡᠭᠡᠴᠢ ᠮᠢᠨᠢ ᠢᠩᠭᠢᠵᠤ ᠵᠠᠯᠠᠭᠤ ᠨᠠᠰᠤᠨ ᠤ ᠴᠤᠮᠤᠷᠯᠢᠭ ᠶᠢᠡᠨ ᠳᠡᠯᠭᠡᠵᠤ ᠠᠮᠵᠢᠭᠠᠳᠤᠢ ᠪᠠᠷ ᠠᠮᠢᠳᠤᠷᠠᠯ ᠤᠨ ᠰᠢᠭᠤᠷᠭᠠᠨ ᠳᠤ ᠨᠢᠴᠠᠯᠠᠭᠳᠠᠵᠤ ᠵᠤᠯᠭᠠᠷᠠᠬᠤ ᠴᠡᠴᠡᠭ᠌ ᠲᠡᠶ ᠬᠠᠮᠳᠤ ᠪᠠᠷ ᠡᠭᠡ ᠪᠠᠢ᠌ᠭᠠᠯᠢ ᠳᠠᠭᠠᠨ ᠰᠢᠩᠭᠡᠴᠢᠭᠡᠯ᠎ᠡ︕

ᠡᠭᠦᠨ ᠬᠣᠢ᠌ᠰᠢ ᠡᠵᠢ ᠥᠷᠭᠦᠯᠵᠢ ᠭᠦᠯᠢᠷᠡᠭᠦ ᠪᠣᠯᠵᠤ ᠭᠦᠮᠤᠨ ᠡᠴᠡ ᠳᠠᠯᠳᠠ ᠨᠢᠳᠤ ᠪᠠᠨ ᠠᠷᠴᠢᠳᠠᠭ ᠪᠣᠯᠪᠠ᠃ ᠠᠪᠣ ᠴᠤ ᠵᠠᠷᠢᠮ ᠳᠠᠭᠠᠨ ᠯᠤᠩᠬᠤ ᠲᠡᠶ ᠪᠠᠨ ᠬᠠᠭᠠᠰᠯᠠᠵᠤ ᠢᠷᠠᠪᠠᠯ 《ᠮᠠᠭᠤ ᠵᠠᠶᠠᠭᠠᠳᠤ ᠦᠬᠢᠨ ᠮᠢᠨᠢ ᠁》 ᠭᠡᠤᠨ ᠶᠡᠭᠡ ᠳᠠᠭᠤᠨ ᠶᠢᠡᠷ ᠣᠷᠢᠯᠠᠳᠠᠭ ᠪᠠᠢ᠌ᠵᠡᠢ᠃ ᠡᠨᠡ ᠦᠶᠡᠰ ᠪᠢ᠂ ᠠᠪᠣ ᠡᠵᠢ ᠶᠢ ᠪᠣᠷᠤᠭᠤᠰᠢᠶᠠᠬᠤ ᠥᠭᠡ ᠠᠮᠠᠨ ᠳᠡᠭᠡᠷ᠎ᠡ ᠳᠤᠯᠤᠭᠠᠤᠨ ᠢᠷᠡᠴᠢᠭᠡᠪᠠᠴᠤ ᠳᠠᠳᠠᠨ ᠢ ᠣᠯᠠᠮ ᠵᠤᠪᠠᠬᠤ ᠡᠴᠡ ᠪᠣᠯᠭᠤᠮᠵᠢᠯᠠᠵᠤ ᠳᠠᠭᠤ ᠦᠭᠡᠶ ᠥᠩᠭᠡᠷᠡᠴᠢᠳᠡᠭ᠌ ᠰᠠᠨ᠃

ᠡᠨᠡ ᠵᠢᠯ ᠪᠢ ᠨᠢᠭᠡ᠊ᠨᠳᠡ ᠬᠤᠷᠢᠨ ᠬᠤᠶᠠᠷ ᠭᠦᠷᠴᠤ ᠶᠡᠭᠡ ᠰᠤᠷᠭᠠᠭᠤᠯᠢ ᠳᠤ ᠰᠢᠯᠭᠠᠵᠤ ᠣᠷᠤᠭᠰᠠᠨ ᠦᠭᠡᠶ᠂ ᠪᠠᠶᠠᠨ ᠨᠠᠮᠤᠷ ᠢ ᠲᠤᠬᠢᠶᠠᠯᠳᠤᠭᠤᠯᠤᠨ ᠳᠠᠯ᠎ᠠ ᠨᠤᠳᠤᠭ ᠲᠠᠭᠠᠨ ᠬᠠᠷᠢᠵᠤ ᠢᠷᠠᠯ᠎ᠠ᠃ ᠨᠠᠮᠤᠷ ᠤᠨ ᠠᠵᠢᠯ ᠣᠨᠠᠭᠰᠠᠨ ᠮᠠᠯᠠᠭᠠᠢ ᠠᠪᠬᠤ ᠵᠠᠪ ᠦᠭᠡᠶ ᠪᠠᠢ᠌ᠳᠠᠯ᠎ᠠ ᠠᠷᠢᠭᠢ ᠳᠡᠭᠦᠵᠢᠯᠡᠭ᠍ᠰᠡᠨ ᠵᠠᠭᠤᠴᠢᠳ ᠲᠤ ᠬᠠᠷᠢᠨ ᠨᠤᠬᠠᠢ ᠬᠤᠷᠢᠭᠠᠤᠨ ᠵᠠᠪᠳᠤᠬᠤ ᠦᠭᠡᠶ ᠪᠣᠯᠪᠠ᠃ ᠠᠵᠢᠯ ᠠᠮᠢᠳᠤᠷᠠᠯ ᠭᠡᠪᠠᠯ ᠬᠣᠢ᠌ᠰᠢ ᠪᠠᠨ ᠣᠬᠤᠷᠢᠵᠤ ᠠᠷᠢᠭᠢᠨ ᠰᠢᠷᠡᠭᠡ ᠭᠡᠪᠠᠯ ᠡᠮᠦᠨᠡᠰᠢ ᠪᠠᠨ ᠵᠢᠦᠡᠭᠦᠯᠡᠳᠡᠭ᠌ ᠠᠪᠣ ᠮᠢᠨᠢ ᠭᠡᠳᠥᠢᠨᠡᠢ ᠨᠢᠳᠤ ᠰᠡᠢ᠌ᠮᠡᠢ᠌ᠯᠭᠡᠨ ᠠᠷᠢᠭᠢᠨ ᠵᠠᠮ ᠶᠢᠡᠨ ᠵᠡᠰᠡᠵᠤ ᠡᠭᠢᠯᠡᠵᠡᠢ᠃ ᠡᠭᠦᠨ ᠳᠤ ᠪᠢ ᠨᠠᠢ᠌ᠷ ᠬᠠᠶᠠᠭᠰᠠᠨ ᠦᠭᠡᠶ᠂ ᠵᠠᠭᠤᠴᠢᠨ ᠤ ᠡᠮᠦᠨ᠎ᠡ ᠭᠡᠳᠡᠢ᠌ᠨ ᠵᠤᠭᠰᠤᠭᠠᠤᠨ :

《ᠳᠠᠨᠠᠷ ᠭᠡᠯᠡ ᠠᠮᠠ ᠪᠠᠨ ᠪᠠᠷᠠᠵᠤ ᠠᠪᠣ ᠡᠴᠡ ᠭᠤᠶᠤᠭᠰᠠᠨ ᠤ ᠭᠡᠷᠡᠭ᠌ ᠠᠯᠠᠭ᠎ᠠ᠂ ᠣᠷᠤᠭ ᠤᠨ ᠣᠴᠢᠷ ᠶᠢᠡᠨ ᠪᠢ ᠯᠠ ᠥᠪᠠᠷᠳᠡᠭᠡᠨ ᠮᠠᠳᠠᠨ᠎ᠠ ᠁》 ᠭᠡᠮᠡᠨ ᠬᠠᠭᠠᠰ ᠳᠤᠤᠭᠠᠷᠠᠳᠠᠯ᠎ᠠ ᠡᠵᠢ ᠨᠠᠮᠢ᠋ᠢ ᠭᠢᠯᠣᠢ᠌ᠵᠤ᠂ ᠠᠪᠣ ᠨᠠᠳᠠ ᠶᠢ ᠠᠭᠰᠤᠷᠤᠨ᠄

《ᠰᠤᠯᠢᠶᠠᠷᠪᠠᠤ ᠴᠢ᠂ ᠭᠠᠷ︕》 ᠭᠡᠵᠤ ᠪᠠᠷᠭᠢᠷᠡᠯ᠎ᠡ᠃ ᠡᠭᠦᠨ ᠳᠤ ᠪᠢ ᠣᠭᠳᠤ ᠠᠶᠤᠭᠰᠠᠨ ᠦᠭᠡᠶ ᠳᠠᠭᠤ ᠪᠠᠨ ᠥᠡᠳᠦᠷᠳᠦᠭᠡᠵᠤ᠄

《ᠪᠢ ᠯᠠ ᠡᠭᠡᠴᠢ ᠶᠢᠨ ᠶᠢᠡᠨ ᠵᠠᠮ ᠶᠢᠡᠷ ᠳᠠᠭᠢᠨ ᠵᠠᠮᠨᠠᠬᠤ ᠦᠭᠡᠶ ᠳ᠋ᠠ︕》 ᠭᠡᠵᠤ ᠶᠠᠷ᠎ᠠ ᠶᠢ ᠨᠢ ᠮᠠᠯᠳᠠᠪᠠᠯ ᠡᠵᠢ ᠪᠣᠷᠤᠭᠤ ᠬᠠᠷᠠᠨ᠂ ᠠᠪᠣ ᠣᠷᠤᠭᠤᠯ ᠶᠢᠡᠨ ᠬᠠᠮᠭᠢᠭᠠᠤᠨ ᠳᠠᠭ ᠴᠢᠮᠡᠭᠡ ᠦᠭᠡᠶ ᠪᠣᠯᠪᠠ᠃ ᠪᠢ᠄

《ᠪᠢ ᠨᠠᠰᠤᠨ ᠬᠤᠩ ᠳᠠᠭᠠᠨ ᠳᠤᠯᠴᠢᠬᠠᠭᠰᠠᠨ ᠶᠤᠮ ᠴᠢᠨᠢ ᠭᠦᠷᠭᠡᠨ ᠰᠤᠩᠭ᠋ᠤᠬᠤ ᠨᠢ ᠴᠤ ᠯᠡᠪᠳᠡᠢ᠃ ᠲ᠋ᠡᠭᠡᠪᠠᠴᠤ ᠵᠠᠭᠤᠴᠢᠳ ᠤᠨ ᠣᠷᠠᠨ ᠬᠤᠩᠰᠢᠶᠠᠷ ᠲᠤ ᠢᠳᠠᠭᠡᠵᠤ ᠨᠠᠰᠤᠨ ᠤ ᠶᠡᠭᠡ ᠶᠠᠪᠣᠳᠠᠯ ᠶᠢᠡᠨ ᠭᠦᠩᠭᠡᠨ ᠬᠠᠭᠤᠳᠠᠮ ᠶᠢᠡᠷ ᠰᠢ᠌ᠦᠡᠪᠦᠷᠢᠯᠡᠭᠦ ᠪᠠᠷ ᠦᠭᠡᠶ ᠶᠤᠮ ᠡ᠃ ᠴᠢᠨᠠᠭᠰᠢᠯᠡᠭᠠᠳ ᠠᠪᠣ ᠡᠵᠢ ᠶᠢᠨ ᠭᠠᠷ ᠳᠠᠭᠢ ᠪᠠᠷᠠᠭ᠎ᠠ ᠠᠳᠠᠯᠢ ᠬᠠᠮᠢᠶ᠎ᠠ ᠨᠠᠮᠢᠶ᠎ᠠ ᠦᠭᠡᠶ ᠭᠦᠮᠤᠨ ᠳᠤ ᠪᠠᠷᠢᠭᠠᠤᠨ ᠥᠭ᠍ᠴᠢᠭᠡᠭᠦ ᠶᠢ ᠭᠦᠯᠢᠶᠡᠭᠦ ᠦᠭᠡᠶ᠂ ᠮᠢᠨᠤ ᠬᠠᠨᠢ ᠰᠤᠩᠭ᠋ᠤᠬᠤ ᠨᠥᠭᠦᠴᠡᠯ ᠳᠠᠮᠠᠢ ᠦᠨᠳᠦᠷ ᠪᠢᠰᠢ᠂ ᠬᠠᠷᠢ ᠬᠤᠰᠢᠭᠤ ᠥᠭᠡᠷ᠎ᠡ ᠦᠨᠳᠦᠰᠦᠳᠠᠨ ᠴᠤ ᠬᠠᠮᠢᠶ᠎ᠠ ᠦᠭᠡᠶ᠂ ᠪᠠᠢ᠌ᠷᠢ ᠰᠠᠭᠤᠷᠢ ᠪᠠᠶᠠᠨ ᠶᠠᠳᠠᠭᠤ ᠶᠢ ᠨᠠᠩ ᠢᠯᠭᠠᠬᠤ ᠦᠭᠡᠶ᠃ ᠴᠢᠨᠠᠭᠰᠢᠯᠠᠭᠠᠤᠨ ᠰᠤᠬᠤᠷ ᠳᠤᠭᠤᠯᠠᠩ ᠪᠣᠯᠤᠭᠰᠠᠨ ᠴᠤ ᠬᠠᠮᠢᠶ᠎ᠠ ᠦᠭᠡᠶ᠂ ᠭᠠᠭᠴᠡᠭᠦ ᠭᠦᠰᠡᠯᠡᠩ ᠲᠡᠶ᠂ ᠠᠵᠢᠯ ᠣᠢ᠌ᠯᠠᠰ ᠲᠡᠭᠡᠨ ᠴᠢᠷᠮᠠᠢ᠌ᠯᠳᠠ ᠲᠡᠶ᠂ ᠬᠠᠢ᠌ᠷ᠎ᠠ ᠵᠢᠷᠤᠮ ᠵᠤᠵᠠᠭᠠᠨ ᠭᠦᠮᠤᠨ ᠯᠠ ᠶᠤᠮ ᠪᠣᠯ ᠪᠤᠯᠴᠢᠬᠠᠨ᠎ᠡ》 ᠭᠡᠵᠤ ᠳᠠᠰᠤ ᠭᠡᠯᠡᠪᠡ᠃ ᠮᠢᠨᠤ ᠡᠳᠡᠭᠡᠷ ᠥᠭᠡ ᠶᠢ ᠰᠤᠨᠤᠰᠤᠭᠰᠠᠨ ᠵᠠᠭᠤᠴᠢᠳ ᠢᠯᠤᠮ ᠵᠢᠯᠤᠮ ᠪᠣᠯᠵᠤ᠂ ᠰᠠᠭᠤᠵᠤ ᠳᠤᠭᠳᠠᠭᠰᠠᠨ ᠦᠭᠡᠶ ᠪᠣᠷᠤ ᠮᠦᠷ ᠶᠢᠡᠷ ᠶᠢᠡᠨ ᠠᠷᠢᠯᠤᠯ᠎ᠠ᠃

ᠡᠭᠦᠨ ᠡᠴᠡ ᠬᠣᠢ᠌ᠰᠢ ᠪᠢ ᠠᠢ᠌ᠯ ᠬᠤᠳᠠᠨ ᠳ᠋ᠡᠭᠡᠨ 《ᠭᠡᠴᠡᠭᠦᠤ ᠭᠡᠦᠭᠡᠨ》 ᠭᠡᠮᠡᠨ ᠠᠯᠳᠠᠷᠰᠢᠵᠤ ᠵᠠᠭᠤᠴᠢᠯᠠᠬᠤ ᠭᠦᠮᠤᠨ ᠭᠡᠵᠤ ᠳᠠᠭ ᠪᠤᠯᠪᠠ᠃ ᠡᠭᠦᠨ ᠳᠤ ᠣᠭᠳᠤ ᠬᠠᠷᠠᠮᠰᠠᠭᠰᠠᠨ ᠦᠭᠡᠶ᠂ ᠦᠨᠡᠨ ᠳᠡᠭᠡᠨ ᠬᠠᠷᠠᠮᠰᠠᠮᠠᠷ ᠶᠠᠪᠣᠳᠠᠯ ᠶᠠᠭᠤ ᠯᠠ ᠪᠠᠢ᠌ᠬᠤ ᠪᠤᠢ︕ ᠭᠡᠦᠭᠡᠨ ᠭᠦᠮᠤᠨ ᠤ ᠥᠷᠳᠡᠭ᠌ ᠨᠢ ᠭᠠᠭᠴᠡᠭᠦ ᠭᠦᠷᠭᠡᠨ ᠭᠤᠶᠤᠬᠤ ᠳᠡᠭᠡᠷ᠎ᠡ ᠯᠠ ᠪᠠᠢ᠌ᠬᠤ ᠪᠢᠰᠢ᠂ ᠬᠠᠷᠢᠨ ᠣᠯᠤᠰ ᠦᠨᠳᠦᠰᠦᠳᠠᠨ ᠳᠡᠭᠡᠨ ᠪᠦᠳᠦᠭᠡᠯ ᠬᠠᠠᠳᠢᠪ ᠡᠷᠭᠦᠵᠤ ᠴᠢᠳᠠᠬᠤ ᠡᠰᠡᠭᠦ ᠳᠤ ᠪᠠᠢ᠌ᠨ᠎ᠠ᠃ ᠪᠢ ᠡᠵᠢ ᠪᠣᠯᠤᠨ ᠡᠭᠡᠴᠢ ᠶᠢᠨ ᠣᠴᠠᠷᠠᠯ ᠶᠢᠡᠷ ᠪᠦᠰᠡᠭᠦᠢ ᠭᠦᠮᠤᠨ ᠤ ᠳᠠᠪᠢᠯᠭ᠎ᠠ ᠶᠢ ᠰᠤᠪᠢᠵᠤ᠂ ᠦᠪᠡᠷ ᠤᠨ ᠬᠤᠪᠢ ᠵᠠᠶᠠᠭ᠎ᠠ ᠪᠠᠨ ᠭᠠᠷᠬᠤ ᠭᠦᠷᠭᠡᠨ ᠳᠡᠭᠡᠨ ᠨᠠᠢ᠌ᠳᠠᠳᠠᠭ ᠯᠠ ᠶᠤᠮ ᠪᠣᠯ ᠰᠠᠢ᠌ᠨ ᠰᠠᠢ᠌ᠬᠠᠨ ᠬᠤᠵᠢᠮ ᠢᠷᠡᠭᠡᠳᠦᠢ ᠭᠡᠳᠡᠭ᠌ ᠴᠢᠨᠢ ᠶᠠᠭᠠᠭᠢᠭᠰᠠᠨ ᠴᠤ ᠪᠠᠳᠤᠯᠭ᠎ᠠ ᠦᠭᠡᠶ ᠭᠡᠳᠡᠭ᠌ ᠢ ᠳᠠᠨᠢᠵᠠᠢ᠃

ᠭᠦᠮᠤᠨ ᠤ ᠠᠮᠢᠳᠤᠷᠠᠯ ᠤᠨ ᠵᠠᠮ ᠤᠨ ᠭᠦᠵᠦᠭᠦᠤ ᠣᠷᠳᠤ ᠨᠢ ᠣᠷᠳᠤ ᠪᠣᠯᠪᠠᠴᠤ᠂ ᠵᠠᠯᠠᠭᠤ ᠨᠠᠰᠤᠨ ᠤ ᠰᠢᠵᠢᠷ ᠠᠯᠳᠠᠨ ᠣᠯᠠᠷᠢᠯ ᠬᠠᠷᠢᠨ ᠳᠦᠷᠭᠡᠨ ᠥᠩᠭᠡᠷᠡᠴᠢᠳᠡᠭ᠌ ᠶᠤᠮ ᠰᠢᠤ᠃ ᠭᠠᠯ ᠲᠡᠶ ᠴᠤᠭ ᠲᠡᠶ ᠵᠠᠯᠠᠭᠤ ᠨᠠᠰᠤᠨ ᠤ ᠡᠨᠡᠭᠡᠨ ᠴᠢᠯᠦᠭᠡᠨ ᠳᠡᠭᠡᠨ ᠵᠠᠪᠳᠤᠵᠤ ᠭᠦᠰᠡᠭ᠍ᠰᠡᠨ ᠰᠠᠨᠠᠭᠰᠠᠨ ᠶᠢᠡᠨ ᠭᠦᠢᠴᠤᠨᠭᠡᠵᠤ ᠶᠠᠪᠣᠪᠠᠯ ᠰᠠ‍‌ᠶᠢ ᠠᠮᠢᠳᠤᠷᠠᠯ ᠤᠨ ᠦᠷ᠎ᠡ ᠵᠢᠮᠢᠰᠳᠤ ᠰᠢᠷᠭᠠᠯ ᠨᠠᠮᠤᠷ ᠢ ᠣᠭᠳᠤᠨ ᠠᠪᠴᠢᠷᠠᠵᠤ ᠴᠢᠳᠡᠨ᠎ᠡ᠃ ᠲ᠋ᠡᠭᠡᠭᠦ ᠳᠡᠭᠡᠨ ᠵᠠᠪᠠᠯ ᠬᠤᠪᠢ ᠵᠠᠶᠠᠭᠠᠨ ᠤ ᠭᠦᠯᠢᠶᠡᠰᠤ ᠶᠢ ᠳᠠᠰᠤᠳᠠᠨ᠂ ᠣᠷᠢᠳᠤ ᠶᠢᠨ ᠭᠦᠮᠤᠨ ᠤ ᠭᠢᠰᠭᠢᠯᠠᠵᠤ ᠭᠠᠷᠭᠠᠭᠰᠠᠨ ᠬᠠᠩᠬᠠᠯ ᠴᠤᠪᠣᠭ᠎ᠠ ᠪᠠᠷ ᠳᠠᠭᠢᠨ ᠵᠠᠮᠨᠠᠬᠤ ᠦᠭᠡᠶ ᠯᠠ ᠪᠠᠢ᠌ᠭᠰᠠᠨ ᠴᠠᠭ ᠲᠤ᠂ ᠠᠭᠤᠳᠠᠮ ᠳᠠᠯ᠎ᠠ ᠬᠠᠩᠭ᠋ᠠᠢ ᠰᠢᠯᠢ ᠶᠢᠨ ᠬᠠᠮᠢᠭᠠᠭᠤᠷ ᠨᠢ ᠴᠤ ᠰᠢᠭᠤᠳ ᠨᠠᠪᠳᠠᠷᠠᠵᠤ ᠴᠢᠳᠠᠨ᠎ᠠ᠃ ᠲ᠋ᠠᠯ᠎ᠠ ᠨᠤᠳᠤᠭ ᠳᠡᠨᠢᠭᠡᠷ ᠠᠭᠤᠳᠠᠮ ᠪᠣᠯᠪᠠᠴᠤ ᠭᠢᠵᠠᠭᠠᠷ ᠲᠡᠶ᠂ ᠮᠠᠨ ᠤ ᠮᠤᠩᠭ᠋ᠤᠯ ᠦᠬᠢᠳ ᠤᠨ ᠠᠮᠢᠳᠤᠷᠠᠯ ᠤᠨ ᠶ‍ᠢᠷᠳᠢᠠᠴᠤ ᠬᠠᠷᠢᠨ ᠭᠢᠵᠠᠭᠠᠷ ᠦᠭᠡᠶ ᠰᠠᠷᠠᠭᠤᠯ ᠪᠠᠢ᠌ᠬᠤ ᠳᠠᠭᠠᠨ ᠳᠠᠭᠠᠷᠠᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6955
ᠴᠠᠭ᠄ 2009 ᠤᠨ ᠤ 04 ᠰᠠᠷ᠎ᠠ ᠶᠢᠨ 29