ᠶᠢᠰᠦ ᠂ ᠭᠠᠩ ᠤᠨ ᠬᠠᠯᠠᠭᠤᠨ ᠨᠠᠷᠠ


ᠰᠠᠢ᠌ᠨ ᠮᠤᠷᠢ ᠡᠵᠡᠭᠦᠢ ᠭᠠᠵᠠᠷ ᠡᠵᠡᠨ ᠶᠢᠡᠨ ᠭᠡᠭᠡᠳᠡᠭ᠌ ᠦᠭᠡᠶ ᠶᠤᠮ ᠭᠡᠰᠡᠨ ᠳᠠᠷᠠ ᠬᠤᠳᠠᠯ ᠶᠠᠭᠤᠮ᠎ᠠ ᠪᠠᠢ᠌ᠵᠤ ᠦᠦ︕ ᠁

《ᠭᠦᠯᠦᠭ᠌》 ᠨᠠᠢ᠌ᠷᠠᠭᠯᠠᠯ ᠡᠴᠡ


ᠡᠮᠦᠨ᠎ᠡ ᠭᠠᠵᠠᠷ ᠤᠨ ᠵᠤᠨ ᠤ ᠬᠠᠯᠠᠭᠤᠨ ᠨᠠᠷᠠ ᠣᠷᠤᠢ ᠳᠡᠭᠡᠷ᠎ᠡ ᠡᠴᠡ ᠳᠦᠭᠡᠨᠡᠭ᠍ᠰᠡᠨ ᠡᠯᠴᠢᠯ ᠦᠭᠡᠶ ᠶᠡᠭᠡ ᠳᠠᠯ᠎ᠠ ᠶᠢᠨ ᠳᠤᠮᠳᠠ ᠨᠢᠭᠡ ᠭᠦᠮᠤᠨ ᠮᠠᠴᠤᠨ ᠮᠥᠯᠭᠦᠨ ᠶᠠᠪᠣᠨ᠎ᠠ᠃ ᠳᠠᠷᠠᠪᠠᠷ ᠭᠡᠰᠡᠭ᠌ ᠴᠢᠩᠨᠠᠨ ᠭᠦᠯᠢᠶᠡᠭ᠍ᠰᠡᠨ ᠶᠢᠡᠨ ᠭᠡᠳᠡᠭᠦ ᠮᠠᠶ‍ᠢᠭ ᠶᠢᠡᠷ ᠣᠳᠠᠭᠠᠨ ᠭᠦᠳᠡᠯᠵᠤ ᠥᠷᠭᠡᠰᠦᠳᠤ ᠪᠣᠳᠠᠨ ᠤ ᠳᠡᠭᠡᠭᠦᠷ ᠰᠠᠮ ᠥᠩᠭᠡᠢ᠌ᠵᠤ ᠬᠠᠷᠠᠭᠠᠤᠨ᠄

᠊᠊᠊᠊᠊᠊᠊᠊᠊᠊᠊᠊᠊᠊᠊ ᠡᠨ᠂ ᠳᠠᠷᠠ ᠪᠠᠢ᠌ᠨ᠎ᠠ︕ ᠭᠡᠵᠤ ᠰᠢᠪᠠᠨᠠᠪᠠ᠃ ᠳᠡᠭᠡᠭᠡᠤᠨ ᠭᠠᠵᠠᠷ ᠤᠨ ᠪᠠᠭᠴᠠᠭ᠎ᠠ ᠶᠢ ᠨᠢᠳᠤ ᠪᠠᠷ ᠭᠡᠮᠵᠢᠵᠤ᠂ ᠴᠢᠰᠤ ᠴᠤᠪᠣᠭᠰᠠᠨ ᠡᠪᠦᠳᠦᠭ᠌᠂ ᠥᠷᠭᠡᠰᠤᠨ ᠳᠤ ᠪᠠᠷᠢᠭᠳᠠᠭᠰᠠᠨ ᠠᠯᠠᠭ᠎ᠠ ᠪᠠᠨ ᠡᠭᠡᠯᠵᠢᠯᠡᠨ ᠳᠠᠯᠪᠢᠨ ᠳᠠᠭᠢᠨ ᠬᠤᠶᠠᠷ ᠠᠯᠬᠤᠮ ᠭᠢᠳᠠᠯ᠎ᠠ ᠴᠠᠭᠠᠳᠤ ᠠᠮᠢᠳᠠᠨ ᠨᠢ ᠰᠤᠷ ᠰᠠᠷ ᠭᠢᠨ ᠪᠣᠰᠴᠠᠢ᠃ ᠴᠠᠷᠴᠠ ᠪᠠᠢ᠌ᠯ᠎ᠠ᠃ ᠳᠠᠯᠠᠪᠴᠢ ᠪᠠᠨ ᠬᠠᠷᠴᠢᠭᠢᠨᠠᠭᠤᠯᠤᠨ ᠨᠢᠰᠴᠤ ᠪᠣᠰᠤᠭ᠎ᠠ ᠭᠦᠮᠤᠨ ᠤ ᠭᠢᠷᠢ ᠦᠨᠳᠦᠷ ᠠᠪᠣᠭᠰᠠᠨ ᠶᠢᠡᠨ ᠠᠯᠭᠤᠷ ᠳᠤᠭᠤᠭᠰᠢᠯᠠᠨ ᠡᠭᠦᠳᠡᠨ ᠬᠣᠢ᠌ᠮᠤᠷ ᠤᠨ ᠳᠤᠰ ᠭᠠᠵᠠᠷ ᠣᠴᠢᠵᠤ ᠪᠠᠭᠤᠭᠠᠤᠨ ᠠᠯᠠᠭ᠎ᠠ ᠪᠣᠯᠴᠢᠬᠠᠪᠠ᠃ ᠨᠥᠭᠦᠭᠡ ᠭᠦᠮᠤᠨ ᠬᠠᠰᠢᠷᠠᠭᠰᠠᠨ ᠦᠭᠡᠶ ᠪᠣᠯᠤᠯᠳᠠᠢ ᠴᠠᠷᠴᠠ ᠶᠢᠨ ᠰᠠᠭᠤᠭᠰᠠᠨ ᠭᠠᠵᠠᠷ ᠢ ᠭᠠᠢ᠌ᠭᠤᠢ ᠨᠢᠳᠤᠯᠠᠨ ᠠᠪᠣᠭᠠᠤᠨ ᠳᠠᠭᠢᠨ ᠬᠠᠷ᠎ᠠ ᠭᠦᠯᠦᠰᠤ ᠪᠠᠨ ᠠᠰᠬᠠᠷᠠᠭᠤᠯᠤᠨ ᠮᠥᠯᠭᠦᠯ᠎ᠡ᠃ ᠳᠠᠪ ᠨᠢ ᠬᠠᠭᠳᠠᠷᠠᠭᠰᠠᠨ ᠰᠢᠷᠬᠠᠨ ᠡᠴᠡ ᠨᠢ ᠢᠳᠡᠭᠡᠨ ᠳᠤ ᠢᠳᠡᠭᠡᠨ ᠶᠢᠡᠨ ᠠᠯᠳᠠᠭᠰᠠᠨ ᠰᠢᠩᠭᠡᠨ ᠣᠯᠠᠭᠠᠨ ᠶᠠᠭᠤᠮ᠎ᠠ ᠰᠠᠪᠢᠷᠠᠨ ᠦᠯᠠᠳᠠᠵᠤ ᠪᠠᠢ᠌ᠪᠠ᠃ ᠳᠠᠷᠠ ᠭᠦᠷᠯᠡᠭᠡᠷ ᠬᠠᠷ᠎ᠠ ᠭᠦᠮᠤᠨ ᠤ ᠬᠤᠶᠠᠷ ᠰᠢᠨᠠ ᠰᠣᠢ᠌ᠪᠢᠵᠢᠨ ᠳᠠᠷᠠᠢ᠌ᠵᠤ᠂ ᠳᠤᠤᠷᠠᠳᠤ ᠣᠷᠤᠭᠤᠯ ᠨᠢ ᠪᠠᠮᠪᠠᠢ᠌ᠳᠠᠯ᠎ᠠ ᠬᠠᠪᠣᠤᠠᠭᠠᠨᠠᠵᠠᠢ᠃ ᠨᠣᠢ᠌ᠷ ᠮᠠᠭᠤᠳᠠᠢ ᠳᠡᠭᠡᠷ᠎ᠡ ᠣᠯᠠᠨ ᠬᠤᠨᠤᠭ ᠨᠠᠷᠠᠨ ᠳᠤ ᠴᠤᠭᠢᠭᠤᠯᠤᠭᠰᠠᠨ ᠡᠴᠡ ᠨᠢᠳᠤᠨ ᠤ ᠭᠢᠨᠢ ᠴᠠᠭᠠᠨ ᠳᠡᠭᠡᠷ᠎ᠡ ᠴᠢᠭ᠌ ᠶᠢᠡᠷ ᠶᠢᠡᠨ ᠣᠯᠠᠭᠠᠨ ᠪᠣᠯᠤᠭᠰᠠᠨ ᠥᠵᠡᠭ᠍ᠳᠡᠨ᠎ᠡ᠃ ᠰᠢᠷᠬᠠᠨ ᠤ ᠬᠠᠯᠠᠭᠤᠨ᠂ ᠰᠢᠷᠠᠬᠤ ᠨᠠᠷᠠᠨ ᠤ ᠬᠠᠯᠠᠭᠤᠨ ᠬᠤᠶᠠᠷ ᠲᠤ ᠰᠢᠭᠠᠭᠳᠠᠨ ᠬᠠᠮᠠᠷ ᠶᠢᠡᠨ ᠰᠠᠷᠳᠠᠭᠠᠨᠠᠭᠤᠯᠤᠨ ᠠᠮᠢᠰᠬᠤᠭᠠᠳᠠᠬᠤ ᠨᠢ ᠭᠠᠯᠵᠠᠭᠤ ᠪᠣᠬ᠎ᠠ ᠶᠢᠨ ᠳᠦᠷᠢ ᠳᠦᠷᠭᠦ ᠶᠢ ᠰᠠᠨᠠᠭᠳᠠᠭᠤᠯᠬᠤ ᠠᠪᠠᠢ᠃ ᠮᠠᠩᠨᠠᠢ ᠶᠢᠨ ᠭᠢᠨᠢ ᠭᠦᠯᠦᠰᠤ ᠨᠢᠭᠤᠷ ᠣᠷᠤᠭᠤ ᠨᠢ ᠪᠠᠭᠤᠵᠤ ᠢᠷᠡᠭ᠍ᠰᠡᠨ ᠳᠤ ᠥᠷᠭᠡᠰᠤ ᠣᠯᠠᠠᠳᠠᠢ ᠴᠤ ᠴᠥᠪᠦᠷᠢᠭᠦᠤ ᠪᠠᠭᠠᠳᠠᠢ ᠪᠠᠷᠠᠭᠤᠨ ᠭᠠᠷ ᠤᠨ ᠶᠢᠡᠨ ᠠᠯᠠᠭ᠎ᠠ ᠪᠠᠷ ᠬᠠᠮᠠᠷ᠂ ᠳᠤᠬᠤ ᠬᠠᠴᠠᠷ ᠶᠢᠡᠨ ᠠᠶᠠᠷᠬᠠᠨ ᠠᠷᠴᠢᠵᠤ᠂ ᠭᠦᠯᠦᠰᠤ ᠪᠠᠨ ᠠᠯᠠᠭᠠᠨ ᠳᠠᠭᠠᠨ ᠠᠪᠣᠭᠠᠤᠨ ᠳᠤᠮᠤ ᠣᠯᠠᠭᠠᠨ ᠭᠡᠯᠡ ᠭᠠᠷᠭᠠᠨ ᠳᠤᠯᠢᠶᠠᠪᠠᠯ ᠠᠯᠠᠭᠠᠨ ᠤ ᠭᠢᠨᠢ ᠨᠣᠢ᠌ᠳᠠᠨ᠂ ᠬᠠᠭᠤᠷᠠᠢ ᠳᠠᠪᠣᠤ ᠳᠤ ᠠᠷᠴᠢᠭᠳᠠᠭᠰᠠᠨ ᠶᠤᠮ ᠰᠢᠭ ᠦᠭᠡᠶ ᠪᠣᠯᠵᠤ ᠪᠠᠢ᠌ᠪᠠ᠃ ᠣᠢᠮᠤᠷᠠᠵᠤ ᠣᠷᠠᠭᠳᠠᠭᠠᠤᠨ ᠪᠠᠭᠠᠯᠠᠵᠤ ᠳᠠᠪᠠᠯᠠᠭᠰᠠᠨ ᠳᠤᠷᠪᠠᠭᠠᠷ ᠵᠤᠵᠠᠭᠠᠨ ᠣᠷᠤᠭᠤᠯ ᠶᠢᠡᠨ ᠭᠢᠮᠤᠰᠤᠨ ᠤ ᠳᠤᠯᠢ ᠶᠢᠨ ᠴᠢᠨᠡᠭᠡ ᠰᠢᠳᠤ ᠪᠠᠷ ᠶᠢᠡᠨ ᠳᠠᠪᠠᠭᠤᠯᠤᠨ ᠬᠠᠵᠠᠵᠤ᠂ ᠭᠠᠷᠤᠭᠰᠠᠨ ᠴᠢᠰᠤ ᠶᠢ ᠨᠢ ᠠᠮᠳᠠᠷᠬᠠᠨ ᠰᠢᠮᠠᠨ᠎ᠠ᠃ ᠨᠥᠭᠦᠭᠡ ᠴᠠᠷᠴᠠ ᠶᠢ ᠭᠡᠪᠠᠯ ᠣᠷᠤ ᠰᠤᠷᠠᠭ ᠦᠭᠡᠶ ᠠᠯᠳᠠᠵᠠᠢ᠃ ᠳᠠᠷᠠᠭᠠᠭᠢ ᠊ᠭ᠍ᠱᠡᠨ ᠳᠤ ᠬᠤᠶᠠᠷ ᠡᠪᠦᠳᠦᠭ᠌᠂ ᠪᠠᠷᠠᠭᠤᠨ ᠭᠠᠷ ᠤᠨ ᠶᠢᠡᠨ ᠠᠯᠠᠭᠠᠨ ᠳᠡᠭᠡᠷ᠎ᠡ ᠪᠠᠭᠠᠷᠴᠠᠭᠯᠠᠨ ᠦᠨᠳᠠᠢ᠌ᠵᠤ᠂ ᠰᠤᠯᠤᠭᠠᠢ ᠭᠠᠷ ᠶᠢᠡᠷ ᠶᠢᠡᠨ ᠦᠮᠦᠳᠦ ᠪᠠᠨ ᠰᠢᠪᠳᠤᠯᠤᠨ ᠠᠯᠠᠭ᠎ᠠ ᠪᠠᠨ ᠳᠠᠪᠢᠰᠤᠨ ᠭᠡᠰᠡᠭ᠌ ᠵᠠᠭᠤᠷ᠎ᠠ ᠵᠠᠭᠨᠠᠢ᠌ᠨ ᠭᠡᠪᠳᠡᠭ᠍ᠰᠡᠨ ᠶᠢᠡᠨ

᠊᠊᠊᠊᠊᠊᠊᠊᠊᠊᠊᠊᠊᠊᠊ ᠡ᠂ ᠭᠤᠶᠤᠯᠭᠠᠴᠢᠨ᠂ ᠪᠠᠰᠠ ᠯᠠ ᠭᠠᠷᠬᠤ ᠦᠭᠡᠶ ᠨᠢ ᠁ ᠢᠩᠭᠢᠭᠡᠤᠨ ᠯᠠ ᠬᠠᠳᠠᠵᠤ ᠥᠭᠦᠳᠡᠭ᠌ ᠪᠠᠢ᠌ᠨ᠎ᠠ ᠳ᠋ᠠ︕ ᠭᠡᠤᠨ ᠭᠦᠨ ᠬᠠᠷᠠᠭᠤᠰᠠᠯᠳᠠᠢ᠌ᠶ᠎ᠠ ᠪᠣᠭᠢᠨᠢᠳᠤᠨ ᠥᠭᠦᠯᠡᠪᠡ᠃ ᠳᠤᠯᠤᠭᠠᠢ ᠨᠢ ᠮᠠᠩᠰᠢᠭᠤᠷᠠᠨ ᠳᠠᠭᠠᠭᠠᠭᠳᠠᠬᠤ ᠦᠭᠡᠶ ᠪᠣᠯᠵᠠᠢ᠃ ᠳᠤᠳᠤᠷ᠎ᠠ ᠨᠢ ᠬᠠᠷᠠᠩᠭ᠋ᠣᠢ᠌ᠯᠠᠵᠤ᠂ ᠠᠮᠢᠰᠬᠤᠭ᠎ᠠ ᠨᠢ ᠳᠠᠪᠬᠤᠴᠠᠨ᠎ᠠ᠃ ᠣᠯᠠᠭᠠᠨ ᠨᠢᠳᠤᠨ ᠤ ᠭᠢᠨᠢ ᠬᠠᠷᠠᠴᠠ ᠪᠦᠭᠦᠵᠤ ᠪᠣᠢ ᠵᠤᠯᠠ ᠰᠢᠭ ᠰᠦᠮᠠᠢ᠌ᠵᠤ ᠰᠥᠮᠡᠢ᠌ᠭ᠍ᠰᠡᠭᠡᠷ ᠶᠠᠭᠤᠮ᠎ᠠ ᠴᠤ ᠥᠵᠡᠭᠦ ᠰᠤᠯᠢ ᠦᠭᠡᠶ ᠪᠣᠯᠤᠭᠰᠠᠨ ᠳᠤ ᠵᠤᠪᠭᠢ ᠨᠢ ᠠᠨᠢᠨ᠂ ᠳᠠᠷᠠ ᠭᠦᠮᠤᠨ ᠥᠷᠭᠡᠨ ᠵᠤᠵᠠᠭᠠᠨ ᠴᠡᠭᠡᠵᠢ ᠪᠠᠷ ᠶᠢᠡᠨ ᠭᠠᠵᠠᠷ ᠳᠡᠪᠠᠷᠢᠭᠡᠤᠨ ᠥᠭᠡ ᠰᠥᠭ᠌ ᠦᠭᠡᠶ ᠣᠨᠠᠴᠢᠬᠠᠯ᠎ᠠ᠃

ᠥᠷᠯᠦᠭᠡᠨ ᠡᠴᠡ ᠬᠣᠢ᠌ᠰᠢ ᠳᠡᠭ᠍ᠷᠢ ᠳᠤ ᠬᠤᠷᠠᠭᠰᠠᠨ ᠡᠭᠦᠯᠡ ᠠᠷᠠᠢ᠌ᠭᠢᠨ ᠪᠦᠭᠡᠮᠨᠡᠷᠡᠨ᠂ ᠠᠭᠠᠷ ᠡᠴᠡ ᠭᠢᠷᠪᠣᠰᠤ ᠥᠨᠦᠷᠳᠡᠭ᠍ᠳᠡᠯ᠎ᠡ ᠳᠦᠭᠡᠨᠡᠵᠤ ᠪᠠᠢ᠌ᠭᠰᠠᠨ ᠨᠠᠷᠠ ᠶᠢ ᠬᠠᠭᠠᠭᠠᠤᠨ᠂ ᠭᠠᠵᠠᠷ ᠳᠡᠯᠡᠭᠡᠢ ᠳᠤ ᠥᠵᠡᠭ᠍ᠳᠡᠰᠢ ᠦᠭᠡᠶ ᠪᠣᠯᠤᠭᠰᠠᠨ ᠡᠭᠦᠯᠡᠨ ᠰᠡᠭᠦᠳᠡᠷ ᠢ ᠭᠡᠳᠤᠨ ᠣᠳᠠᠭ᠎ᠠ ᠬᠠᠢ᠌ᠷᠠᠯᠠᠭᠰᠠᠨ ᠳᠠᠳᠤᠢ ᠦᠭᠡᠶ᠂ ᠶᠡᠭᠡ ᠦᠳᠡ ᠶᠢᠨ ᠣᠷᠴᠢᠮ ᠬᠤᠶᠠᠷ ᠰᠠᠭᠠᠬᠠᠯᠳᠠ ᠶᠢᠨ ᠭᠢᠷᠢ ᠵᠤᠷᠪᠣᠰ ᠭᠠᠵᠠᠷ ᠭᠡᠳᠤᠨ ᠮᠦᠴᠡ ᠶᠢᠨ ᠬᠠᠯᠠᠭᠤᠨ ᠪᠣᠷᠤᠭ᠎ᠠ ᠠᠰᠬᠠᠷᠠᠵᠠᠢ᠃ ᠴᠠᠢ᠌ᠳᠠᠮ ᠤᠨ ᠴᠠᠭᠠᠨ ᠳᠠᠯ᠎ᠠ ᠳᠤ ᠭᠤᠤᠯ ᠲᠡᠶ ᠭᠤᠤᠯ ᠦᠭᠡᠶ ᠶᠢᠨ ᠬᠤᠭᠤᠷᠤᠠᠳᠤ ᠣᠷᠤᠵᠤ ᠢᠷᠡᠭᠡᠤᠨ᠂ ᠬᠠᠭᠠᠰ ᠡᠳᠦᠷ ᠮᠥᠯᠭᠦᠨ ᠮᠦᠨ ᠯᠠ ᠳᠠᠷᠠ ᠦᠨᠡᠰᠤᠨ ᠰᠠᠷᠠᠯ ᠳᠠᠯ᠎ᠠ ᠰᠢᠭ ᠶᠢᠡᠨ ᠠᠮᠢᠳᠠᠨ ᠤ ᠰᠢᠠᠵᠢ ᠶᠢ ᠬᠤᠷᠢᠶᠠᠵᠤ ᠳᠠᠯ᠎ᠠ ᠪᠠᠨ ᠳᠠᠪᠠᠷᠢᠨ ᠥᠭᠦᠯᠳᠤᠨ ᠭᠡᠪᠳᠡᠭ᠍ᠰᠡᠨ ᠨᠥᠭᠦᠭᠡ ᠡᠷ᠎ᠡ ᠶᠢᠨ ᠡᠷᠡᠮᠳᠡᠭ᠌ ᠵᠡᠷᠡᠮᠳᠡᠭ᠌ ᠪᠠᠶ᠎ᠠ ᠠᠳᠤᠷᠢᠯᠳᠤᠨ ᠭᠦᠳᠡᠯᠦᠭ᠍ᠰᠡᠨ ᠶᠢᠡᠨ ᠨᠢᠭᠤᠷ ᠨᠢ ᠳᠠᠳᠠᠪᠠᠯᠵᠠᠨ᠂ ᠵᠤᠪᠭᠢ ᠨᠢ ᠠᠯᠭᠤᠷ ᠨᠡᠭᠡᠭᠡᠭ᠍ᠳᠡᠵᠤ᠂ ᠰᠤᠷᠮᠤᠤᠰᠤ ᠨᠢ ᠠᠮᠢᠯᠠᠨ ᠴᠠᠪᠴᠢᠯᠠᠪᠠ᠃ ᠪᠣᠷᠤᠭᠠᠨ ᠤ ᠰᠡᠭᠦᠯ᠂ ᠣᠷᠢᠳᠤ ᠭᠢᠷ᠎ᠠ ᠳᠡᠭᠡᠭᠦᠷ ᠴᠠᠢ᠌ᠷᠠᠨ ᠳᠠᠯᠳᠠ ᠣᠷᠤᠵᠤ ᠪᠠᠢ᠌ᠯ᠎ᠠ᠃ ᠳᠤᠳᠤᠷ ᠬᠠᠯᠠᠭᠤᠨ ᠳᠠᠭᠠᠨ ᠪᠣᠯᠵᠤ ᠪᠠᠶ᠎ᠠ ᠨᠢ ᠠᠭᠵᠠᠭᠠᠨᠠᠨ ᠴᠡᠴᠡᠷᠡᠭᠦ ᠪᠦᠭᠡᠤᠨ ᠰᠢᠷᠬ᠎ᠠ ᠨᠢ ᠱᠠᠷᠭᠢᠷᠠᠨ ᠡᠪᠠᠳᠦᠭ᠍ᠰᠡᠨ ᠭᠡᠪ ᠶᠢᠡᠷ ᠠᠵᠤᠭᠤ᠃

ᠡᠨᠡ ᠪᠣᠯ ᠪᠠᠽᠠᠷ ᠪᠠᠢ᠌ᠪᠠ᠃ ᠳᠠᠷᠠᠪᠠᠷ ᠠᠷᠪᠠᠨ ᠬᠤᠷᠤᠭᠤᠨ ᠤ ᠪᠠᠨ ᠥᠡᠳᠡᠭᠡ ᠪᠠᠷ ᠭᠠᠵᠠᠷ ᠰᠠᠮᠠᠷᠤᠨ ᠪᠠᠵᠠᠵᠤ ᠭᠡᠰᠡᠭ᠌ ᠨᠣᠢ᠌ᠳᠠᠨ ᠰᠢᠷᠤᠢ ᠠᠪᠣᠭᠠᠤᠨ ᠨᠢᠭᠤᠷᠤᠨ ᠳᠠᠭᠠᠨ ᠪᠠᠷᠤᠭ ᠳᠤᠯᠭᠠᠨ ᠬᠠᠷᠠᠵᠤ᠂ ᠰᠠ‍‌ᠶᠢ ᠯᠠ ᠨᠢᠳᠤᠨ ᠳᠡᠭᠡᠨ ᠢᠳᠡᠭᠡᠭ᠍ᠰᠡᠨ ᠪᠣᠯᠤᠯᠳᠠᠢ᠄

᠊᠊᠊᠊᠊᠊᠊᠊᠊᠊᠊᠊᠊᠊᠊ ᠪᠣᠷᠤᠭ᠎ᠠ︕ ᠁ ᠪᠣᠷᠤᠭ᠎ᠠ ᠣᠷᠤᠵᠠᠢ︕ ᠭᠡᠵᠤ ᠬᠠᠰᠭᠢᠷᠬᠤ ᠠᠶᠠᠳᠠᠭᠠᠤᠨ ᠪᠠᠷᠠᠭᠤᠨ ᠭᠠᠷ ᠤᠨ ᠶᠢᠡᠨ ᠠᠤᠠᠬᠤᠨ ᠳ᠋ᠠᠭᠢ ᠰᠢᠷᠤᠢ ᠡᠴᠡ ᠭᠡᠰᠡᠭ᠌ ᠢ ᠡᠮᠭᠦᠨ᠂ ᠣᠰᠤ ᠶᠢ ᠨᠢ ᠰᠢᠮᠠᠵᠤ ᠵᠠᠯᠭᠢᠭᠠᠤᠨ ᠳᠤᠷᠭᠢᠪᠠ᠃ 《ᠡ︕ ᠠᠯᠳᠠᠨ ᠣᠪᠣᠭ᠎ᠠ ᠮᠢᠨᠢ᠂ ᠬᠠᠨ ᠳᠡᠭ᠍ᠷᠢ ᠮᠢᠨᠢ︕ ᠮᠢᠨᠤ ᠣᠯᠠᠭᠠᠨ ᠬᠤᠭᠤᠯᠠᠢ ᠪᠠᠷ ᠡᠭᠦᠨ ᠡᠴᠡ ᠦᠨᠡᠳᠠᠢ ᠶᠠᠭᠤᠮ᠎ᠠ ᠶᠠᠷᠤ ᠳᠠᠪᠠᠭ᠎ᠠ ᠦᠭᠡᠶ ᠡ︕》 ᠭᠡᠮᠡᠨ ᠬᠤᠷ᠎ᠠ ᠬᠠᠢ᠌ᠷᠠᠯᠠᠭᠰᠠᠨ ᠣᠭᠳᠠᠷᠭᠤᠢ ᠳᠤ ᠡᠷᠭᠡ ᠦᠭᠡᠶ ᠰᠥᠰᠦᠭᠯᠡᠨ ᠪᠣᠳᠤᠵᠠᠢ᠃ ᠳᠡᠭᠡᠳᠡᠯ᠎ᠡ ᠬᠠᠵᠠᠭᠤᠬᠠᠨ ᠳᠠᠯ᠎ᠠ ᠳᠤ ᠨᠢ ᠨᠢᠭᠡ ᠶᠠᠭᠤᠮ᠎ᠠ ᠫᠦᠤᠨ ᠭᠢᠨ ᠣᠨᠠᠪᠠ᠃ ᠬᠠᠷᠠᠪᠠᠯ ᠨᠥᠭᠦᠭᠡ ᠴᠠᠷᠴᠠ᠂ ᠬᠠᠯᠴᠠᠭᠠᠢ ᠭᠠᠵᠠᠷ ᠪᠠᠭᠤᠴᠢᠬᠠᠭᠰᠠᠨ ᠨᠣᠢ᠌ᠳᠠᠨ ᠳᠠᠯᠠᠪᠴᠢ ᠶᠢᠨ ᠶᠢᠡᠨ ᠣᠰᠤ ᠶᠢ ᠰᠡᠭ᠍ᠰᠦᠷᠴᠤ ᠪᠠᠢ᠌ᠨ᠎ᠠ ᠦᠦ ᠳ᠋ᠠ ᠭᠡᠯᠳᠡᠢ ᠳᠠᠯᠪᠢᠭᠠᠨᠠᠨ ᠰᠠᠭᠤᠯ᠎ᠠ᠃ ᠪᠠᠽᠠᠷ ᠥᠭᠦᠭ᠍ᠰᠡᠨ ᠶᠤᠮ ᠰᠢᠭ᠌ ᠭᠦᠯᠳᠡᠢ᠌ᠭᠡᠤᠨ ᠶᠠᠪᠣᠴᠢᠬᠠᠪᠠ᠃ ᠳᠡᠭᠡᠭᠡᠤᠨ ᠣᠯᠠᠭᠠᠨ ᠨᠢᠳᠤ ᠪᠠᠨ ᠣᠭᠳᠤ ᠴᠠᠪᠴᠢᠯ ᠴᠠᠷᠴᠠ ᠶᠢ ᠭᠦᠯᠢᠷᠡᠨ᠂ ᠪᠠᠶ᠎ᠠ ᠪᠠᠨ ᠬᠤᠷᠢᠶᠠᠵᠤ ᠭᠡᠪᠳᠡᠭ᠍ᠰᠡᠨ ᠶᠢᠡᠨ ᠪᠠᠷᠠᠭᠤᠨ ᠭᠠᠷ ᠶᠢᠡᠨ ᠶᠠᠪᠣᠭᠤᠯᠤᠨ ᠭᠠᠭᠴᠠᠬᠠᠨ ᠫᠠᠤᠨ ᠭᠢᠯᠭᠡᠭ᠍ᠰᠡᠨ ᠨᠢ ᠳᠠᠷᠤᠭᠠᠤᠨ ᠠᠪᠴᠢᠬᠠᠵᠠᠢ᠃ ᠶᠠᠷᠤ ᠡᠴᠡ ᠭᠡᠵᠢᠶ᠎ᠡ ᠴᠤ ᠡᠨᠡ ᠮᠠᠳᠤ ᠭᠦᠷᠦᠭᠡ ᠭᠢᠵᠤ ᠪᠠᠢ᠌ᠭ᠎ᠠ ᠦᠭᠡᠶ ᠭᠢᠷᠢᠨ᠎ᠠ ᠳᠤᠯᠤᠭᠠᠢ ᠶᠢ ᠨᠢ ᠬᠤᠶᠠᠷ ᠳᠠᠯᠠᠪᠴᠢ ᠲᠡᠶ ᠨᠢ ᠱᠠᠯᠠᠮᠠᠭ ᠭᠡᠭ᠍ᠴᠢ ᠠᠪᠴᠤ ᠬᠠᠶᠠᠴᠢᠬᠠᠭᠠᠤᠨ ᠠᠯᠠᠭᠠᠨ ᠳᠡᠭᠡᠷ᠎ᠡ ᠪᠠᠨ ᠳᠠᠯᠪᠢᠵᠤ ᠨᠢᠳᠤ ᠪᠠᠨ ᠪᠦᠯᠳᠡᠢ᠌ᠯᠭᠡᠨ ᠭᠡᠰᠡᠭ᠌ ᠵᠠᠭᠤᠷ᠎ᠠ ᠰᠢᠨᠤᠯᠳᠠᠢ ᠨᠢ ᠠᠷᠭ᠎ᠠ ᠦᠭᠡᠶ ᠬᠠᠷᠠᠪᠠ᠃ ᠳᠡᠭᠡᠭᠡᠤᠨ ᠠᠷᠪᠠᠯᠵᠠᠨ ᠳᠠᠳᠠᠪᠠᠭᠠᠨᠠᠵᠤ ᠪᠠᠢ᠌ᠭ᠎ᠠ ᠭᠦᠯ ᠢ ᠨᠢ ᠭᠦᠳᠡᠯᠭᠦ ᠦᠭᠡᠶ ᠪᠣᠯᠤᠮᠠᠭᠴᠠ᠂ ᠭᠡᠳᠦᠢ ᠳᠤ ᠨᠢ ᠶᠤᠮ ᠪᠣᠢ ᠠᠩᠭ᠋ᠠᠢ᠌ᠴᠢᠬᠠᠭᠰᠠᠨ ᠠᠮᠠ ᠣᠷᠤᠭᠤ ᠪᠠᠨ ᠴᠢᠯᠠᠭᠤᠳᠠᠵᠤ ᠣᠷᠭᠢᠬᠤ ᠨᠢ ᠳᠠᠷᠠ᠃ ᠬᠤᠶᠠᠷ ᠵᠠᠪᠠᠵᠢᠨ ᠳᠠᠭᠠᠨ ᠨᠢᠭᠡ ᠨᠢᠭᠡ ᠭᠢᠵᠤ ᠵᠠᠵᠢᠯᠤᠭᠠᠤᠨ ᠪᠣᠯᠠᠭ ᠮᠠᠳᠤ ᠣᠠᠳᠤᠷᠤᠭᠰᠠᠨ ᠰᠢᠯᠤᠰᠤ ᠲᠡᠶ ᠪᠠᠨ ᠬᠤᠯᠢᠨ ᠳᠠᠭᠠᠳᠠᠢ ᠨᠢ ᠠᠷᠭ᠎ᠠ ᠦᠭᠡᠶ ᠵᠠᠯᠭᠢᠴᠢᠬᠠᠯ᠎ᠠ᠃ ᠳᠤᠬᠤᠨ ᠤ ᠭᠢᠨᠢ ᠭᠦᠢᠳᠡᠨ ᠭᠦᠯᠦᠰᠤ ᠳᠠᠭᠠᠪᠣᠷᠢᠯᠠᠵᠤ ᠪᠠᠢ᠌ᠪᠠ᠃ ᠪᠦᠭᠦᠯᠢ ᠬᠤᠨᠢᠨ ᠤ ᠮᠢᠬ᠎ᠠ ᠢᠳᠡᠴᠢᠭᠡᠭ᠍ᠰᠡᠨ ᠶᠤᠮ ᠰᠢᠭ᠌ ᠪᠣᠯᠵᠤ ᠥᠯᠦᠰᠭᠦ ᠭᠡᠳᠡᠭ᠌ ᠢ ᠠᠮᠰᠠᠭᠰᠠᠨ ᠭᠦᠮᠤᠨ ᠴᠠᠤᠠᠬᠤ ᠭᠡᠳᠡᠭ᠌ ᠢ ᠦᠵᠡᠯ᠎ᠠ︕ ᠁ ᠭᠡᠳᠡᠯ᠎ᠡ ᠭᠡᠳᠤᠨ ᠬᠤᠷᠤᠮ ᠤᠨ ᠳᠠᠷᠠᠭ᠎ᠠ ᠭᠠᠢ᠌ᠬᠠᠯᠳᠠᠢ ᠬᠠᠴᠢᠨ ᠶᠢᠡᠷ ᠶᠡᠭᠡ ᠦᠯᠦᠰᠪᠠ᠃ ᠰᠥᠷᠦᠭ᠌ ᠠᠳᠤᠭᠤ ᠴᠤ ᠳᠠᠭᠤᠭᠠᠤᠨ ᠢᠷᠡᠭ᠍ᠰᠡᠨ ᠪᠦᠭᠦᠳᠡ ᠶᠢ ᠨᠢ ᠢᠳᠠᠵᠤ ᠣᠷᠭᠢᠴᠢᠬᠠᠮᠠᠷ ᠰᠠᠨᠠᠭᠳᠠᠨ᠎ᠠ᠃ ᠳᠠᠷᠠ ᠭᠦᠮᠤᠨ ᠬᠤᠳᠠᠨ ᠳᠤ ᠣᠢ᠌ᠷᠠᠳᠤᠭᠰᠠᠨ ᠴᠢᠨ᠋ᠸ᠎ᠠ ᠮᠠᠳᠤ ᠭᠡᠯᠡ ᠠᠮᠠ ᠪᠠᠨ ᠳᠤᠯᠢᠶᠠᠨ ᠳᠤᠭᠰᠢᠨ ᠣᠯᠠᠭᠠᠨ ᠨᠢᠳᠤ ᠪᠠᠷ ᠡᠢ᠌ᠰᠢ ᠳᠠᠢ᠌ᠰᠢ ᠪᠠᠨ ᠰᠢᠯᠪᠠᠯᠵᠠᠨ ᠬᠠᠷᠠᠵᠠᠢ᠃ ᠨᠢᠳᠤᠨ ᠳᠤ ᠨᠢ ᠬᠠᠷᠠᠭᠳᠠᠬᠤ ᠶᠠᠭᠤᠮ᠎ᠠ ᠦᠭᠡᠶ ᠪᠣᠯᠬᠤᠯᠠᠷ ᠭᠡᠳᠡᠭᠦ ᠮᠠᠳᠤ ᠨᠠᠪᠳᠠᠢ᠌ᠭᠠᠤᠨ ᠴᠢᠭᠢ ᠪᠠᠨ ᠳᠠᠯᠪᠢᠨ ᠴᠢᠩᠨᠠᠵᠠᠢ᠃ ᠭᠡᠪᠠᠴᠤ ᠰᠥᠷᠡᠭᠡᠢ ᠭᠦᠭᠡᠷᠦᠭᠡᠤᠨ ᠬᠠᠷᠴᠢᠭᠢᠨᠠᠨ ᠨᠢᠰᠭᠦ ᠴᠠᠷᠴᠠᠨ ᠤ ᠴᠢᠮᠡᠭᠡ᠂ ᠭᠤᠯᠢᠶ᠎ᠠ ᠶᠢᠨ ᠢᠰᠭᠢᠷᠤᠯᠳᠠ᠂ ᠣᠭᠤᠳᠤᠨ᠎ᠠ ᠶᠢᠨ ᠳᠠᠭᠤ ᠠᠯᠢ ᠶᠢ ᠨᠢ ᠴᠤ ᠪᠠᠷᠢᠵᠤ ᠰᠤᠨᠤᠰᠤᠭᠰᠠᠨ ᠦᠭᠡᠶ᠃ ᠭᠡᠳᠤ ᠮᠥᠯᠭᠦᠭ᠍ᠰᠡᠨ ᠶᠢᠡᠨ᠄

᠊᠊᠊᠊᠊᠊᠊᠊᠊᠊᠊᠊᠊᠊᠊ ᠭᠦᠶ‍ᠢ᠂ ᠬᠦ᠊ ᠊᠊᠊᠊᠊᠊᠊᠊᠊᠊᠊᠊᠊᠊᠊ ᠶ‍ᠢ ᠭᠡᠮᠡᠨ ᠣᠴᠢᠷ ᠵᠥᠭ᠌ ᠦᠭᠡᠶ ᠮᠠᠭᠤᠬᠠᠢ ᠣᠷᠢᠯᠠᠨ ᠬᠠᠰᠭᠢᠷᠪᠠ᠃ ᠳᠡᠭᠡᠭᠡᠤᠨ ᠳᠠᠭᠢᠨ ᠴᠢᠩᠨᠠᠯ᠎ᠠ᠃ ᠶᠠᠷᠤ ᠶᠠᠮᠠᠷ ᠴᠤ ᠴᠢᠮᠡᠭᠡ ᠠᠨᠢᠷ ᠠᠯᠠᠭ᠎ᠠ᠃ ᠠᠷᠭ᠎ᠠ ᠪᠠᠷᠠᠭᠰᠠᠨ ᠪᠠᠽᠠᠷ ᠭᠠᠵᠠᠷ ᠳᠠᠪᠠᠷᠢᠨ ᠭᠡᠪᠳᠡᠭᠡᠤᠨ ᠨᠣᠢ᠌ᠳᠠᠨ ᠰᠢᠷᠤᠢ ᠡᠮᠭᠦᠯᠡᠨ ᠳᠤᠷᠭᠢᠯᠠᠵᠤ ᠭᠠᠷᠤᠯ᠎ᠠ᠃

ᠪᠣᠶᠠᠠᠳᠠᠢ ᠳᠠᠷᠠ ᠪᠣᠷᠤᠭᠠᠨ ᠤ ᠠᠴᠢ ᠪᠠᠷ ᠪᠠᠶᠠᠨ ᠤ ᠭᠢᠨᠢ ᠭᠠᠩᠳᠠᠭ᠎ᠠ ᠲᠦᠷ ᠴᠤ ᠠᠳᠤᠭᠠᠢ ᠳᠠᠢ᠌ᠯᠤᠭᠳᠠᠭᠰᠠᠨ ᠭᠦᠮᠤᠨ ᠪᠦᠳᠤᠨ ᠴᠠᠷᠴᠠ ᠢᠳᠠᠵᠤ᠂ ᠡᠪᠠᠰᠤᠨ ᠤ ᠣᠰᠤ ᠰᠤᠷᠤᠭᠠᠤᠨ ᠪᠦᠷ ᠴᠤ ᠣᠪᠣᠭ᠎ᠠ ᠰᠡᠷᠭᠦᠴᠢᠭᠡᠪᠡ᠃ ᠥᠭᠡᠵᠢᠭ᠌᠂ ᠬᠤᠩᠭ᠋ᠤᠨ ᠤ ᠭᠢᠨᠢ ᠰᠢᠷᠬ᠎ᠠ ᠵᠠᠳᠠᠷᠠᠭᠰᠠᠨ ᠳᠤᠯᠠ ᠰᠠᠭᠤᠵᠤ ᠪᠣᠯᠤᠭᠰᠠᠨ ᠦᠭᠡᠶ᠃ ᠳᠠᠭᠠᠭᠤᠯᠡᠷ ᠨᠢ ᠳᠠᠪᠠᠬᠠᠢ ᠪᠠᠷ ᠶᠢᠡᠨ ᠭᠠᠵᠠᠷ ᠭᠢᠰᠭᠢᠨ ᠰᠢᠭᠤᠳ ᠳᠦᠷᠪᠡᠨ ᠭᠦᠯᠯᠡᠨ ᠥᠡᠳᠡᠢ᠌ᠭ᠍ᠰᠡᠨ ᠳᠤ ᠶᠠᠷᠤ ᠪᠣᠰᠴᠢᠬᠠᠵᠤ ᠪᠣᠯᠤᠮᠠᠷ ᠰᠠᠨᠠᠭᠳᠠᠵᠠᠢ᠃ ᠭᠡᠳᠤᠨ ᠬᠤᠷᠤᠮ ᠤᠨ ᠳᠠᠷᠠᠭ᠎ᠠ ᠪᠠᠽᠠᠷ ᠬᠤᠶᠠᠷ ᠭᠦᠯ ᠳᠡᠭᠡᠷ᠎ᠡ ᠪᠠᠨ ᠵᠤᠭᠰᠤᠵᠤ ᠪᠠᠢ᠌ᠯ᠎ᠠ᠃ 《ᠡᠨᠡ ᠠᠮᠢ ᠠᠮᠢᠰᠬᠤᠯ ᠬᠤᠷᠢᠶᠠᠭᠰᠠᠨ ᠵᠡᠪᠠᠭᠡᠢ ᠴᠠᠭᠠᠨ ᠳᠠᠯ᠎ᠠ ᠳᠤ ᠭᠠᠭᠴᠠ ᠪᠢ ᠯᠠ ᠠᠮᠢᠳᠤ ᠪᠠᠢ᠌ᠨ᠎ᠠ᠃ ᠪᠢ ᠥᠭᠦᠭᠡ ᠦᠭᠡᠶ ᠪᠠᠢ᠌ᠨ᠎ᠠ᠃ ᠪᠢ ᠵᠤᠭᠰᠤᠵᠤ ᠪᠠᠢ᠌ᠨ᠎ᠠ》 ᠭᠡᠵᠤ ᠪᠣᠳᠤᠬᠤ ᠡᠴᠡ ᠬᠠᠰᠭᠢᠷᠤᠮᠠᠷ ᠰᠠᠨᠠᠭᠳᠠᠪᠠ᠃ ᠳᠡᠭᠡᠭᠡᠤᠨ ᠭᠡᠨ ᠳᠤ ᠪᠠᠨ ᠴᠤ ᠭᠡᠵᠤ ᠬᠠᠰᠭᠢᠷᠬᠤ ᠶᠤᠮ ᠪᠢᠯᠠ ᠳ᠋ᠠ ᠭᠡᠵᠤ ᠪᠣᠳᠤᠯ᠎ᠠ᠃ ᠳᠡᠭᠡᠭ᠍ᠰᠡᠨ ᠶᠢᠡᠨ ᠭᠦᠯ ᠳᠡᠭᠡᠷ᠎ᠡ ᠪᠠᠨ ᠥᠡᠳᠡᠢ᠌ᠭ᠍ᠰᠡᠨ ᠳᠡᠭᠡᠨ ᠦᠪᠡᠷ ᠤᠨ ᠶᠢᠡᠨ ᠳᠠᠭᠤ ᠶᠢ ᠨᠢᠭᠡ ᠰᠤᠨᠤᠰᠤᠶ᠎ᠠ ᠭᠡᠵᠤ ᠰᠠᠨᠠᠭᠠᠤᠨ᠄

᠊᠊᠊᠊᠊᠊᠊᠊᠊᠊᠊᠊᠊᠊᠊ ᠬᠠᠢ᠂ ᠭᠦᠦᠭ᠌︕ ᠬᠠᠢ ᠭᠦᠤ᠋ ᠊᠊᠊᠊᠊᠊᠊᠊᠊᠊᠊᠊᠊᠊᠊ ᠊ᠭ᠌ ᠊᠊᠊᠊᠊᠊᠊᠊᠊᠊᠊᠊᠊᠊᠊ ᠊ᠦᠭ᠌ ᠭᠡᠵᠤ ᠬᠤᠭᠤᠯᠠᠢ ᠮᠠᠳᠠᠨ ᠣᠷᠢᠯᠠᠪᠠ᠃ ᠪᠠᠽᠠᠷ ᠳᠠᠭᠤ ᠪᠠᠨ ᠳᠠᠨᠢᠯ᠎ᠠ᠃ ᠰᠢᠯᠢ ᠶᠢᠨ ᠪᠣᠭᠳᠠ ᠶᠢᠨ ᠪᠠᠷᠠᠭᠤᠨ ᠬᠣᠢ᠌ᠳᠤ ᠭᠢᠷ᠎ᠠ ᠳᠤ ᠳᠤᠭᠠᠷ ᠨᠤᠶᠠᠨ ᠤ ᠭᠤᠷᠪᠠᠨ ᠮᠢᠩᠭ᠋ᠠᠨ ᠠᠳᠤᠭᠤ ᠶᠢ ᠬᠤᠷᠢᠶᠠᠴᠢᠬᠠᠭᠠᠤᠨ ᠨᠢᠭᠡ ᠳᠠᠯ᠎ᠠ ᠡᠴᠡ ᠨᠢ ᠬᠠᠰᠭᠢᠷᠬᠤ ᠳᠤ ᠨᠥᠭᠦᠭᠡ ᠳᠠᠯ᠎ᠠ ᠡᠴᠡ ᠪᠠᠨ ᠬᠤᠮᠢᠭᠳᠠᠵᠤ ᠪᠠᠢ᠌ᠳᠠᠭ ᠬᠠᠩᠭ᠋ᠠᠢ ᠪᠠᠽᠠᠷ ᠤᠨ ᠳᠠᠭᠤ ᠪᠢᠰᠢ ᠴᠤ ᠭᠡᠰᠡᠨ ᠶᠠᠷᠤ ᠨᠢ ᠦᠪᠡᠷ ᠤᠨ ᠭᠢᠨᠢ ᠳᠠᠭᠤ ᠮᠦᠨ ᠪᠠᠢ᠌ᠵᠠᠢ᠃

ᠨᠢᠳᠤᠨ ᠤ ᠭᠢᠨᠢ ᠥᠵᠦᠭᠦᠷ ᠲᠤ ᠶᠠᠪᠠᠭᠠᠨ ᠭᠦᠮᠤᠨ ᠪᠦᠷᠳᠦᠯᠵᠡᠭᠦ ᠰᠢᠭ᠌ ᠪᠣᠯᠤᠭᠰᠠᠨ ᠳᠤ ᠳᠤᠯᠤᠭᠠᠢ ᠡᠷᠭᠦᠨ ᠬᠠᠷᠠᠴᠠ ᠳᠤᠭᠳᠠᠭᠠᠵᠤ ᠪᠠᠷᠠᠭᠤᠨ ᠬᠤᠧᠨ ᠣᠷᠤᠭᠤ ᠭᠦᠯᠢᠷᠡᠪᠡ᠃ ᠶᠠᠭᠠᠭᠢᠬᠤ ᠠᠷᠭ᠎ᠠ ᠦᠭᠡᠶ ᠨᠢᠭᠡ ᠭᠦᠮᠤᠨ ᠦᠪᠡᠷ ᠢ ᠨᠢ ᠴᠢᠭᠯᠡᠨ ᠠᠢ᠌ᠰᠤᠢ ᠶᠠᠪᠣᠯ᠎ᠠ᠃ ᠭᠡᠳᠥᠢᠪᠠᠷ ᠥᠯᠦᠰᠭᠦᠯᠡᠩ ᠭᠤᠷᠢᠩᠭᠢ ᠭᠡᠪ ᠶᠢᠡᠷ ᠠᠪᠠᠴᠤ ᠰᠠᠶ‍ᠢᠬᠠᠨ ᠴᠠᠳᠤᠭ᠎ᠠ ᠦᠭᠡᠶ ᠪᠠᠨ ᠴᠠᠤᠠᠴᠤ᠂ ᠣᠮᠳᠠᠭᠠᠯᠠᠵᠤ ᠬᠠᠨᠤᠭ᠎ᠠ ᠦᠭᠡᠶ ᠪᠠᠨ ᠣᠮᠳᠠᠭᠠᠯᠠᠵᠤ ᠬᠠᠨᠤᠭᠰᠠᠨ ᠪᠠᠽᠠᠷ ᠡᠨᠡ ᠨᠠᠰᠤᠨ ᠳᠠᠭᠠᠨ ᠪᠠᠶᠠᠷᠯᠠᠭ᠎ᠠ ᠦᠭᠡᠶ ᠪᠠᠨ ᠪᠠᠶᠠᠷᠯᠠᠵᠠᠢ᠃ ᠳᠡᠪᠭᠡᠷᠡᠮᠡᠷ᠂ ᠭᠦᠶ‍ᠦᠮᠡᠷ ᠪᠠᠢ᠌ᠪᠠ᠃ ᠭᠡᠪᠠᠴᠤ ᠭᠡᠪ ᠶᠢᠡᠨ ᠮᠡᠳᠡᠭᠡᠤᠨ ᠳᠡᠭᠡᠭ᠍ᠰᠡᠨ ᠦᠭᠡᠶ᠃ ᠬᠠᠷᠢᠨ ᠭᠦᠮᠤᠨ ᠢ᠂ ᠢᠷᠠᠵᠤ ᠶᠠᠪᠣᠭ᠎ᠠ ᠳᠠᠷᠠ ᠠᠯᠳᠠ ᠰᠢᠭ ᠰᠠᠢ᠌ᠬᠠᠨ ᠭᠦᠮᠤᠨ ᠢ ᠬᠠᠷᠠᠭᠳᠠᠭᠤᠯᠬᠤ ᠦᠭᠡᠶ ᠨᠢᠳᠤ ᠶᠢ ᠨᠢ ᠪᠦᠷᠭᠦᠵᠤ᠂ ᠬᠠᠮᠠᠷ ᠤᠨ ᠭᠢᠨᠢ ᠬᠤᠶᠠᠷ ᠳᠠᠯ᠎ᠠ ᠪᠠᠷ ᠦᠶᠡᠷᠯᠠᠨ ᠣᠷᠤᠰᠬᠤ ᠪᠠᠶᠠᠷ ᠤᠨ ᠨᠢᠯᠪᠣᠰᠤ ᠪᠠᠨ ᠬᠠᠷ᠎ᠠ ᠭᠠᠷ ᠤᠨ ᠶᠢᠡᠨ ᠴᠥᠪᠦᠷᠢᠭᠦᠤ ᠳᠠᠭᠠᠭᠠᠭᠰᠠᠨ ᠥᠷᠭᠡᠰᠦᠳᠡᠢ ᠠᠯᠠᠭ᠎ᠠ ᠪᠠᠷ ᠠᠷᠴᠢᠭᠰᠠᠭᠠᠷ ᠭᠡᠢ᠌ᠴᠢᠨ ᠢ ᠳᠤᠰᠤᠨ ᠠᠯᠬᠤᠯᠠᠭᠰᠠᠨ ᠪᠣᠯᠤᠯ᠎ᠠ᠃ ᠭᠦᠮᠤᠨ︕ ᠭᠦᠮᠤᠨ ᠣᠯᠵᠤ ᠦᠵᠡᠨ᠎ᠠ ᠭᠡᠳᠡᠭ᠌ ᠶᠠᠮᠠᠷ ᠰᠠᠢ᠌ᠬᠠᠨ ᠪᠣᠢ︕ ᠨᠠᠷᠠᠨ ᠣᠷᠤᠬᠤ ᠵᠥᠭ᠌ ᠡᠴᠡ ᠳᠠᠷᠠ ᠡᠷ᠎ᠡ ᠶᠢᠨ ᠨᠠᠷᠠᠨ ᠭᠠᠷᠴᠤ ᠪᠠᠢ᠌ᠵᠠᠢ︕

ᠳᠦᠭᠦᠨ ᠳᠦᠭᠦᠭ᠍ᠰᠡᠭᠡᠷ ᠳᠠᠷᠠ ᠬᠤᠶᠠᠷ ᠤᠨ ᠵᠠᠪᠰᠠᠷ ᠮᠠᠠᠳᠤ ᠶᠢᠨ ᠰᠤᠯᠢᠭᠠᠨ ᠤ ᠭᠠᠵᠠᠷ ᠥᠯᠡᠳᠡᠭ᠍ᠰᠡᠨ ᠳᠤ ᠪᠠᠽᠠᠷ᠄

᠊᠊᠊᠊᠊᠊᠊᠊᠊᠊᠊᠊᠊᠊᠊ ᠵᠠ᠂ ᠳᠡᠭᠡᠭᠡᠤᠨ ᠰᠠᠢ᠌ᠨ ᠶᠠᠪᠣᠵᠤ ᠪᠠᠢ᠌ᠨ᠎ᠠ ᠦᠦ︖ ᠠᠮᠤᠷᠬᠠᠨ ᠰᠠᠢ᠌ᠨ ᠪᠢᠵᠠ ᠳ᠋ᠠ︖ ᠭᠡᠵᠤ ᠪᠠᠶᠠᠷᠯᠠᠭᠰᠠᠨ ᠳᠠᠭᠠᠨ ᠴᠡᠴᠡᠷᠡᠰᠭᠢᠭ᠍ᠰᠡᠨ ᠬᠤᠭᠤᠯᠠᠢ ᠪᠠᠷ ᠪᠠᠷᠤᠭ ᠬᠠᠰᠭᠢᠷᠤᠨ ᠭᠡᠯᠡᠵᠡᠢ᠃ ᠭᠡᠳᠡᠯ᠎ᠡ︕ ᠭᠡᠳᠡᠯ᠎ᠡ ᠁ ᠰᠢᠷᠤᠢ ᠶᠢᠨ ᠳᠤᠳᠤᠷ᠎ᠠ ᠡᠴᠡ ᠭᠠᠷᠤᠭ᠎ᠠ ᠶᠤᠮ ᠦᠦ ᠭᠡᠵᠤ ᠬᠠᠷᠠᠭᠳᠠᠬᠤ ᠵᠡᠪᠠᠭᠡᠢ ᠴᠠᠭᠠᠨ ᠴᠢᠷᠠᠢ᠌ᠳᠠᠢ ᠴᠠᠭᠠᠳᠤ ᠭᠦᠮᠤᠨ ᠮᠡᠡᠳᠦᠯᠡᠭ᠍ᠰᠡᠨ ᠦᠭᠡᠶ᠃ ᠬᠠᠷᠢᠨ ᠰᠢᠭᠤᠳ ᠶᠠᠪᠣᠵᠤ ᠢᠷᠡᠭᠡᠤᠨ ᠪᠠᠷᠠᠭᠤᠨ ᠭᠠᠷ ᠶᠢᠡᠷ ᠶᠢᠡᠨ ᠪᠠᠽᠠᠷ ᠤᠨ ᠪᠦᠰᠡᠨ ᠤ ᠳᠤᠰ ᠭᠠᠵᠠᠷ ᠡᠴᠡ ᠠᠤᠠᠬᠤᠵᠤ᠂ ᠪᠣᠭᠤᠨᠢᠬᠠᠨ ᠭᠦᠯ ᠶᠢᠡᠨ ᠭᠦᠯ ᠤᠨ ᠭᠢᠨᠢ ᠠᠷᠤ ᠳᠤ ᠭᠢᠰᠭᠢᠭᠡᠤᠨ ᠵᠢᠵᠢᠭ᠌ ᠪᠠᠶ᠎ᠠ ᠶᠢᠨ ᠶᠢᠡᠨ ᠳᠡᠩᠭᠡᠭᠡ ᠪᠠᠷ ᠲᠦᠯᠬᠢᠨ᠂ ᠪᠠᠽᠠᠷ ᠢ ᠣᠨᠠᠭᠠᠬᠤ ᠭᠡᠵᠤ ᠣᠷᠤᠯᠳᠤᠪᠠ᠃ ᠳᠤᠳᠤᠷ᠎ᠠ ᠨᠢ ᠵᠠᠷᠤᠰᠭᠢᠵᠤ ᠳᠤᠯᠤᠭᠠᠢ ᠲᠡᠶ ᠦᠰᠦ ᠨᠢ ᠪᠣᠰᠬᠤ ᠰᠢᠭ ᠪᠣᠯᠤᠭᠰᠠᠨ ᠪᠠᠽᠠᠷ ᠠᠷᠠᠢ᠌ᠭᠢᠨ ᠳᠤᠭᠳᠠᠭᠠᠤᠨ᠂ ᠠᠷᠪᠠᠨ ᠳᠦᠷᠪᠡᠨ ᠨᠠᠰᠤᠨ ᠤ ᠭᠡᠦᠭᠡᠤᠨ ᠤᠨ ᠭᠢᠷᠢ ᠨᠠᠮᠬᠠᠨ ᠪᠠᠶᠠᠳᠠᠢ ᠳᠠᠷᠠ ᠬᠠᠳᠠᠩᠭᠢ ᠳᠤᠷᠠᠩᠬᠠᠢ ᠭᠦᠮᠤᠨ ᠤ ᠳᠡᠭᠡᠷ᠎ᠡ ᠡᠴᠡ᠂ ᠪᠣᠤᠷᠠᠨ ᠭᠦᠡᠳᠤ ᠴᠡᠭᠡᠵᠢ ᠳᠠᠯᠪᠢᠨ ᠰᠥᠭᠦᠷᠡᠭ᠍ᠰᠡᠨ ᠳᠤ᠂ ᠴᠠᠭᠠᠳᠤᠭᠢ ᠨᠢ ᠴᠢᠦᠡᠭᠦᠷ ᠰᠢᠭ᠌ ᠰᠥᠭᠦᠭᠡ ᠭᠠᠷᠭᠠᠨ ᠰᠤᠭᠤᠨ ᠳᠤᠤᠭᠤᠷ ᠨᠢ ᠮᠤᠯᠳᠤᠷᠠᠨ ᠵᠠᠢ᠌ᠯᠠᠪᠠ᠃ ᠪᠠᠽᠠᠷ ᠭᠠᠵᠠᠷ ᠳᠠᠪᠠᠷᠢᠨ ᠣᠨᠠᠪᠠ᠃ ᠴᠠᠭᠠᠳᠤ ᠭᠦᠮᠤᠨ ᠵᠤ᠋ ᠳᠡᠭᠡᠷ᠎ᠡ ᠨᠢ ᠮᠤᠷᠳᠠᠵᠤ ᠠᠪᠣᠭᠠᠤᠨ ᠨᠢᠭᠡ ᠭᠠᠷ ᠶᠢᠡᠷ ᠶᠢᠡᠨ ᠳᠠᠪᠠᠯ ᠤᠨ ᠭᠢᠨᠢ ᠵᠠᠬᠠᠨ ᠡᠴᠡ ᠪᠠᠵᠠᠨ᠂ ᠨᠥᠭᠦᠭᠡ ᠭᠠᠷ ᠶᠢᠡᠷ ᠶᠢᠡᠨ ᠭᠢᠯᠠᠷ ᠵᠢᠳᠠᠮᠪᠠ ᠶᠢᠨ ᠳᠤᠷᠠᠰᠬᠠᠯ ᠪᠣᠯᠭᠠᠵᠤ ᠦᠭ‍ᠭᠦᠭ᠍ᠰᠡᠨ ᠮᠠᠭᠤ ᠭᠠᠤᠯᠢᠨ ᠪᠦᠭᠡᠵᠢ ᠶᠢ ᠬᠤᠷᠤᠭᠤᠨ ᠡᠴᠡ ᠨᠢ ᠰᠠᠯᠭᠠᠬᠤ ᠭᠡᠵᠤ ᠪᠠᠷᠠᠭᠤᠨ ᠭᠠᠷ ᠤᠨ ᠭᠢᠨᠢ ᠳᠤᠯᠤᠪᠣᠷ ᠬᠤᠷᠤᠭᠤ ᠶᠢ ᠮᠤᠰᠭᠢᠨ ᠴᠢᠩᠭ᠋ᠠᠭᠠᠪᠠ᠃ ᠪᠠᠽᠠᠷ ᠪᠠᠷᠠᠭᠤᠨ ᠭᠠᠷ ᠶᠢᠡᠨ ᠮᠦᠷᠤᠨ ᠳᠡᠭᠡᠭᠦᠷ ᠶᠢᠡᠨ ᠶᠠᠪᠣᠭᠤᠯᠤᠨ ᠳᠠᠭᠠᠷᠢᠯᠳᠤᠭᠰᠠᠨ ᠭᠠᠵᠠᠷ ᠡᠴᠡ ᠨᠢ ᠪᠠᠵᠠᠵᠤ᠂ ᠮᠤᠰᠭᠢᠨ ᠳᠤᠭᠳᠠᠷᠠᠭᠰᠠᠨ ᠳᠤ ᠴᠠᠭᠠᠳᠤᠭᠢ ᠨᠢ ᠳᠤᠯᠤᠭᠠᠢ ᠳᠡᠭᠡᠭᠦᠷ ᠨᠢ ᠣᠩᠭ᠋ᠠᠰᠤᠨ ᠳᠦᠭᠦᠳᠡᠭ᠌ ᠰᠢᠭ᠌ ᠣᠷᠤᠭᠠᠤᠨ ᠢᠷᠠᠵᠠᠢ᠃

᠊᠊᠊᠊᠊᠊᠊᠊᠊᠊᠊᠊᠊᠊᠊ ᠴᠢ᠂ ᠴᠢ ᠁ ᠴᠢ ᠶᠠᠭᠠᠭᠢᠵᠤ ᠪᠠᠢ᠌ᠨ᠎ᠠ ⁈ ᠬᠠᠨᠢ ᠨᠥᠭᠦᠷ ᠢᠷᠠᠯ᠎ᠠ ᠭᠡᠵᠤ ᠪᠠᠶᠠᠷᠯᠠᠭᠰᠠᠨ ᠴᠢᠨᠢ ᠁ ᠬᠠᠷᠢᠨ ᠳᠡᠭᠡᠷᠡᠮᠴᠢᠨ ᠪᠠᠢ᠌ᠬᠤ ᠨᠢ ᠦᠦ⁉ ᠭᠡᠵᠤ ᠪᠠᠽᠠᠷ ᠰᠥᠭᠡᠩᠭᠢ ᠪᠠᠷᠭᠤᠨ ᠬᠤᠭᠤᠯᠠᠢ ᠪᠠᠷ ᠬᠠᠰᠭᠢᠷᠤᠭᠰᠠᠭᠠᠷ ᠭᠠᠠᠳᠠᠨ ᠱᠤ ᠶᠢ ᠨᠢ ᠳᠤᠮᠤ ᠭᠠᠷ ᠶᠢᠡᠷ ᠶᠢᠡᠨ ᠬᠠᠪᠬᠠᠳᠠᠨ ᠠᠤᠠᠬᠤᠵᠤ᠂ ᠡᠯᠢᠭᠡ ᠪᠠᠷ ᠶᠢᠡᠨ ᠭᠤᠯᠰᠤᠨ ᠴᠡᠭᠡᠵᠢᠨ ᠳᠡᠭᠡᠷ᠎ᠡ ᠨᠢ ᠭᠠᠷᠴᠤ ᠭᠡᠪᠳᠡᠪᠡ᠃ 《ᠭᠡᠢ᠌ᠴᠢᠨ》 ᠭᠡᠳᠤ ᠠᠭᠵᠠᠯᠵᠠᠨ ᠣᠭᠢᠭᠰᠠᠨ ᠶᠢᠡᠨ ᠥᠭᠦᠭ᠍ᠰᠡᠨ ᠪᠣᠤᠷ᠎ᠠ ᠶᠢᠨ ᠴᠡᠭᠡᠵᠢ ᠮᠠᠳᠤ ᠳᠤᠮᠤ ᠪᠠᠶᠠᠨ ᠳᠤᠤᠷ᠎ᠠ ᠡᠴᠡ ᠭᠠᠷᠬᠤ ᠦᠭᠡᠶ ᠪᠣᠯᠤᠭᠰᠠᠨ ᠶᠢᠡᠨ ᠨᠢᠭᠡᠨᠲᠡ ᠣᠢ᠌ᠯᠠᠭᠠᠵᠠᠢ᠃ ᠳᠠᠷᠠᠪᠠᠷ ᠭᠢᠳᠤᠭ᠎ᠠ ᠮᠠᠳᠤ ᠰᠦᠯᠪᠠᠯᠵᠠᠨ ᠪᠠᠢ᠌ᠭᠰᠠᠨ ᠵᠤᠤᠪᠠᠩ ᠨᠤᠭᠤᠭᠠᠨ ᠨᠢᠳᠤᠨ ᠤ ᠪᠠᠨ ᠬᠠᠷᠠᠴᠠ ᠶᠢ ᠵᠥᠭᠡᠯᠡᠯᠡᠨ᠄

᠊᠊᠊᠊᠊᠊᠊᠊᠊᠊᠊᠊᠊᠊᠊ ᠳᠠ ᠮᠢᠨᠢ ᠠᠮᠢ ᠠᠪᠣᠷᠠᠭᠠᠴᠢ︕ ᠭᠡᠵᠤ ᠮᠤᠩᠭ᠋ᠤᠯ ᠭᠡᠯᠡ ᠣᠷᠤᠢ ᠰᠤᠷᠤᠭᠰᠠᠨ ᠭᠢᠳᠠᠤᠨ ᠭᠦᠮᠤᠨ ᠵᠥᠭᠡᠯᠡᠨ ᠳᠤᠯᠳᠤᠷᠢᠭ᠎ᠠ ᠠᠶᠠᠯᠭᠤ ᠪᠠᠷ ᠠᠮᠢᠰᠬᠤᠭᠠᠳᠠᠨ ᠭᠡᠯᠡᠪᠡ᠃ ᠡᠳᠦᠢ ᠪᠣᠯᠳᠠᠯ᠎ᠠ ᠳᠤᠤᠭᠠᠷᠤᠭ᠎ᠠ ᠦᠭᠡᠶ ᠳᠠᠷᠠ ᠠᠮᠢᠳᠠᠨ ᠤ ᠴᠢᠩᠭᠢᠵᠤ ᠭᠦᠮᠤᠨ ᠤ ᠭᠡᠯᠡ ᠪᠠᠷ ᠠᠮᠠ ᠨᠡᠭᠡᠭᠡᠭ᠍ᠰᠡᠨ ᠳᠤ ᠪᠠᠽᠠᠷ ᠤᠨ ᠰᠠᠤᠠᠭᠢᠯ ᠨᠢᠭᠡᠨᠲᠡ ᠣᠩᠭ᠋ᠣᠢ᠌ᠵᠤ ᠪᠢᠯᠠ᠃

᠊᠊᠊᠊᠊᠊᠊᠊᠊᠊᠊᠊᠊᠊᠊ ᠴᠢ ᠶᠠᠭᠤᠨ ᠤ ᠭᠦᠮᠤᠨ ᠪᠣᠢ︖

᠊᠊᠊᠊᠊᠊᠊᠊᠊᠊᠊᠊᠊᠊᠊ ᠬᠠᠢ ᠪᠢ᠂ ᠪᠢ ᠮᠤᠩᠭ᠋ᠤᠯ ᠭᠦᠮᠤᠨ᠃

᠊᠊᠊᠊᠊᠊᠊᠊᠊᠊᠊᠊᠊᠊᠊ ᠠᠯᠢ ᠬᠤᠰᠢᠭᠤᠨ ᠤ ᠭᠢ︖

᠊᠊᠊᠊᠊᠊᠊᠊᠊᠊᠊᠊᠊᠊᠊ ᠢᠯᠢ ᠳᠠᠷᠪᠠᠭᠠᠳᠠᠢ ᠨᠤᠳᠤᠭ ᠲᠡᠶ ᠳ᠋ᠠ᠃

᠊᠊᠊᠊᠊᠊᠊᠊᠊᠊᠊᠊᠊᠊᠊ ᠳᠠᠷᠠ ᠴᠢᠨᠢ ᠬᠠᠮᠢᠭ᠎ᠠ ᠪᠠᠢ᠌ᠳᠠᠭ ᠶᠤᠮ ᠪᠣᠢ︖

᠊᠊᠊᠊᠊᠊᠊᠊᠊᠊᠊᠊᠊᠊᠊ ᠰᠢᠠᠵᠢᠶᠠᠩ ᠭᠢᠵᠠᠭᠠᠷ︕

᠊᠊᠊᠊᠊᠊᠊᠊᠊᠊᠊᠊᠊᠊᠊ ᠪᠢ ᠮᠡᠳᠡᠭᠦ ᠦᠭᠡᠶ ᠶᠤᠮ ᠪᠠᠢ᠌ᠨ᠎ᠠ᠂ ᠳᠡᠭᠦᠨ ᠡᠴᠡ ᠭᠠᠳᠠᠨ᠎ᠠ ᠴᠢ ᠮᠤᠩᠭ᠋ᠤᠯ ᠭᠦᠮᠤᠨ ᠪᠢᠰᠢ ᠪᠠᠢ᠌ᠨ᠎ᠠ᠃ ᠴᠢᠨᠤ ᠭᠡᠯᠡ ᠴᠤ ᠪᠢᠰᠢ ᠪᠠᠢ᠌ᠨ᠎ᠠ᠃ ᠴᠢᠷᠠᠢ ᠴᠤ ᠪᠢᠰᠢ ᠪᠠᠢ᠌ᠨ᠎ᠠ᠃ ᠵᠠ᠂ ᠳᠠᠷᠠ ᠶᠠᠭᠠᠭᠢᠬᠤᠪ᠃ ᠴᠢ ᠨᠠᠮᠢ᠋ᠢ ᠠᠯᠠᠬᠤ ᠭᠡ ᠦᠦ︖

᠊᠊᠊᠊᠊᠊᠊᠊᠊᠊᠊᠊᠊᠊᠊ ᠦᠭᠡᠶ ᠡ᠃

᠊᠊᠊᠊᠊᠊᠊᠊᠊᠊᠊᠊᠊᠊᠊ ᠬᠤᠳᠠᠯ ᠪᠢᠳᠡᠭᠡᠢ ᠭᠡᠯᠡ︕ ᠴᠢ ᠪᠠᠰᠠ ᠦᠨᠡᠨ ᠶᠠᠭᠤᠮ᠎ᠠ ᠶᠠᠷᠢᠵᠤ ᠴᠢᠳᠠᠬᠤ ᠦᠭᠡᠶ ᠳᠡᠭᠡᠷᠡᠮᠴᠢᠨ ᠦᠦ︖ ᠮᠢᠨᠤ ᠡᠨᠡ ᠴᠢᠨᠢ ᠠᠯᠳᠠ ᠪᠢᠰᠢ ᠰᠢᠤ ᠳ᠋ᠠ︕ ᠭᠡᠪᠠᠯ ᠴᠠᠭᠠᠳᠤᠭᠢ ᠭᠦᠮᠤᠨ᠄

᠊᠊᠊᠊᠊᠊᠊᠊᠊᠊᠊᠊᠊᠊᠊ ᠳᠠᠢ᠌ᠮᠤ ᠪᠠᠢ᠌ᠨ᠎ᠠ᠃ ᠪᠢ ᠡ᠊ᠨᠳᠡᠭᠦᠷᠡᠵᠡᠢ᠃ ᠭᠡᠵᠤ ᠦᠨᠡᠨ ᠭᠤᠤᠯ ᠡᠴᠡ ᠡᠷᠡᠭᠡ ᠦᠭᠡᠶ ᠭᠡᠯᠡᠪᠡ᠃

᠊᠊᠊᠊᠊᠊᠊᠊᠊᠊᠊᠊᠊᠊᠊ ᠴᠢ ᠬᠤᠷᠤᠭᠠᠬᠤ ᠭᠡᠰᠡᠨ ᠦᠦ︖

᠊᠊᠊᠊᠊᠊᠊᠊᠊᠊᠊᠊᠊᠊᠊ ᠪᠦᠯᠡᠵᠢᠩ ᠢ ᠴᠢᠨᠢ ᠪᠣᠯᠢᠶᠠᠵᠤ ᠠᠪᠴᠤ ᠴᠢᠳᠠᠬᠤ ᠦᠭᠡᠶ ᠪᠣᠯ ᠪᠢ ᠳᠡᠭᠡᠭᠦ ᠪᠠᠢ᠌ᠭᠰᠠᠨ᠃

᠊᠊᠊᠊᠊᠊᠊᠊᠊᠊᠊᠊᠊᠊᠊ ᠨᠢᠭᠡᠨᠲᠡ ᠴᠢ ᠴᠢᠳᠠᠭ᠎ᠠ ᠦᠭᠡᠶ ᠪᠣᠯᠬᠤᠷ ᠪᠢ ᠣᠳᠤ ᠴᠢᠮᠢ᠋ᠢ ᠬᠤᠷᠤᠭᠠᠨ᠎ᠠ ᠳ᠋ᠠ︕ ᠭᠡᠵᠤ ᠪᠠᠽᠠᠷ ᠳᠤᠬᠤᠭᠤᠷᠬᠠᠭᠰᠠᠨ ᠶᠢᠡᠨ ᠨᠢᠭᠤᠨ ᠭᠡᠯᠡᠭ᠍ᠰᠡᠨ ᠳᠤ ᠴᠠᠭᠠᠳᠤᠭᠢ ᠨᠢ ᠪᠦᠮᠪᠦᠭᠡᠨᠡᠳᠡᠯ᠎ᠡ ᠴᠠᠴᠠᠷᠠᠨ᠄

᠊᠊᠊᠊᠊᠊᠊᠊᠊᠊᠊᠊᠊᠊᠊ ᠳᠠ ᠪᠢᠳᠡᠭᠡᠢ ᠨᠠᠮᠢ᠋ᠢ ᠬᠤᠷᠤᠭ᠎ᠠ᠃ ᠪᠢᠳᠡᠭᠡᠢ ᠬᠤᠷᠤᠭᠠᠭᠠᠴᠢ︕ ᠮᠢᠨᠤ ᠬᠠᠪᠴᠢᠭ ᠲᠤ ᠢᠳᠡᠭᠦ ᠶᠠᠭᠤᠮ᠎ᠠ ᠪᠣᠢ᠃ ᠳᠠ ᠢᠳᠠ᠂ ᠳᠠ ᠪᠦᠭᠦᠳᠡ ᠶᠢ ᠠᠪ ᠭᠡᠵᠡᠢ᠃

᠊᠊᠊᠊᠊᠊᠊᠊᠊᠊᠊᠊᠊᠊᠊ ᠬᠠᠪᠴᠢᠭ ᠴᠢᠨᠢ ᠬᠠᠮᠢᠭ᠎ᠠ ᠪᠠᠢ᠌ᠨ᠎ᠠ︖

᠊᠊᠊᠊᠊᠊᠊᠊᠊᠊᠊᠊᠊᠊᠊ ᠪᠢ ᠬᠠᠮᠢᠭ᠎ᠠ ᠳᠠᠯᠪᠢᠭᠰᠠᠨ ᠶᠢᠡᠨ ᠰᠠᠨᠠᠬᠤ ᠦᠭᠡᠶ ᠨᠢ ᠡ᠃

ᠪᠠᠽᠠᠷ ᠳᠤᠯᠤᠭᠠᠢ ᠪᠠᠨ ᠡᠷᠭᠦᠨ ᠬᠠᠷᠠᠭᠰᠠᠨ ᠳᠤ ᠥᠨᠡᠭᠡᠷ ᠠᠷᠪᠠᠭᠠᠤᠨ ᠠᠯᠬᠤᠮ ᠤᠨ ᠭᠠᠵᠠᠷ ᠭᠠᠩᠳᠠᠵᠤ ᠥᠭᠦᠰᠢᠷᠡᠭ᠍ᠰᠡᠨ ᠨᠢᠭᠡ ᠮᠠᠭᠤ ᠪᠠᠠᠵᠠᠨ ᠬᠠᠪᠴᠢᠭ ᠭᠡᠪᠳᠡᠵᠤ ᠬᠠᠷᠠᠭᠳᠠᠯ᠎ᠠ᠃ ᠢᠳᠡᠭᠦ ᠶᠠᠭᠤᠮᠠᠨ ᠤ ᠰᠤᠷᠠᠭ ᠶᠢᠡᠷ ᠨᠢᠳᠤ ᠨᠢ ᠬᠠᠷᠠᠩᠭ᠋ᠣᠢ᠌ᠯᠠᠨ᠂ ᠳᠤᠯᠤᠭᠠᠢ ᠨᠢ ᠡᠷᠭᠢᠭᠦ ᠰᠢᠭ᠌ ᠪᠣᠯᠤᠭᠰᠠᠨ ᠳᠤ ᠪᠠᠽᠠᠷ᠂ ᠬᠠᠪᠴᠢᠭ ᠲᠤ ᠭᠦᠷᠭᠦ ᠪᠠᠷ ᠰᠢ᠌ᠤᠠᠴᠠᠢ᠃ ᠳᠡᠭᠡᠭ᠍ᠰᠡᠨ ᠶᠢᠡᠨ ᠭᠡᠨᠡᠳᠲᠡ ᠨᠢᠭᠡ ᠶᠢ ᠰᠠᠨᠠᠵᠤ ᠳᠡᠭᠡᠷᠡᠮᠴᠢᠨ ᠤ ᠴᠡᠭᠡᠵᠢᠨ ᠳᠡᠭᠡᠷ᠎ᠡ ᠳᠠᠭᠢᠨ ᠭᠡᠪᠳᠡᠭᠡᠤᠨ᠄

᠊᠊᠊᠊᠊᠊᠊᠊᠊᠊᠊᠊᠊᠊᠊ ᠴᠢᠨᠤ ᠭᠢᠳᠤᠭ᠎ᠠ ᠬᠠᠮᠢᠭ᠎ᠠ ᠪᠠᠢ᠌ᠨ᠎ᠠ︖ ᠭᠡᠪᠡ᠃

᠊᠊᠊᠊᠊᠊᠊᠊᠊᠊᠊᠊᠊᠊᠊ ᠨᠠᠳᠠᠳᠤ ᠭᠢᠳᠤᠭ᠎ᠠ ᠪᠠᠢ᠌ᠬᠤ ᠦᠭᠡᠶ᠃

᠊᠊᠊᠊᠊᠊᠊᠊᠊᠊᠊᠊᠊᠊᠊ ᠬᠤᠳᠠᠯ ᠪᠢᠳᠡᠭᠡᠢ ᠭᠡᠯᠡ᠃ ᠴᠢ ᠨᠠᠮᠢ᠋ᠢ ᠠᠯᠠᠬᠤ ᠭᠡ ᠦᠭᠡᠶ ᠪᠢᠯᠢᠤ ⁈ ᠴᠢ ᠮᠠᠭᠤ ᠰᠠᠨᠠᠵᠤ ᠮᠠᠭᠠᠤᠨ ᠳᠤᠯᠠ ᠭᠢᠳᠤᠭ᠎ᠠ ᠶᠢ ᠴᠢᠨᠢ ᠬᠤᠷᠢᠶᠠᠬᠤ ᠭᠡᠰᠡᠨ ᠶᠤᠮ︕ ᠴᠢ ᠣᠬᠠᠭᠠᠷᠠᠪᠠ ᠦᠦ⁉

᠊᠊᠊᠊᠊᠊᠊᠊᠊᠊᠊᠊᠊᠊᠊ ᠠᠩ ᠣᠬᠠᠭᠠᠷᠠᠯ᠎ᠠ᠃

᠊᠊᠊᠊᠊᠊᠊᠊᠊᠊᠊᠊᠊᠊᠊ ᠵᠠ᠂ ᠳᠡᠭᠡᠭᠡᠤᠨ ᠭᠢᠳᠤᠭ᠎ᠠ ᠴᠢᠨᠢ ᠬᠠᠮᠢᠭ᠎ᠠ ᠪᠠᠢ᠌ᠨ᠎ᠠ︖

᠊᠊᠊᠊᠊᠊᠊᠊᠊᠊᠊᠊᠊᠊᠊ ᠨᠠᠳᠠᠳᠤ ᠭᠢᠳᠤᠭ᠎ᠠ ᠪᠠᠢ᠌ᠬᠤ ᠦᠭᠡᠶ᠃

᠊᠊᠊᠊᠊᠊᠊᠊᠊᠊᠊᠊᠊᠊᠊ ᠬᠤᠳᠠᠯ᠃ ᠭᠢᠳᠤᠭ᠎ᠠ ᠦᠭᠡᠶ ᠪᠠᠷ ᠭᠦᠮᠤᠨ ᠠᠯᠠᠵᠤ᠂ ᠳᠡᠭᠡᠷᠡᠮᠳᠡᠵᠤ ᠪᠣᠯᠬᠤ ᠦᠭᠡᠶ︕

᠊᠊᠊᠊᠊᠊᠊᠊᠊᠊᠊᠊᠊᠊᠊ ᠪᠣᠯᠤᠨ᠎ᠠ᠃

᠊᠊᠊᠊᠊᠊᠊᠊᠊᠊᠊᠊᠊᠊᠊ ᠵᠠ᠂ ᠳᠠᠢ᠌ᠮᠤ ᠪᠠᠢ᠌ᠳᠠᠭ ᠪᠠᠢ᠌ᠵᠠᠢ᠃

᠊᠊᠊᠊᠊᠊᠊᠊᠊᠊᠊᠊᠊᠊᠊ ᠴᠢᠨᠤ ᠨᠠᠷ᠎ᠠ ᠭᠡᠨ ᠪᠣᠢ︖

᠊᠊᠊᠊᠊᠊᠊᠊᠊᠊᠊᠊᠊᠊᠊ ᠯᠢ᠂ ᠨᠠᠮ᠎ᠠ ᠶᠢ ᠯᠢ ᠣᠪᠣᠭᠳᠤ ᠭᠡᠳᠡᠭ᠌ ᠶᠤᠮ᠃

᠊᠊᠊᠊᠊᠊᠊᠊᠊᠊᠊᠊᠊᠊᠊ ᠴᠢ ᠦᠪᠡᠷ ᠢ ᠪᠠᠨ ᠮᠤᠩᠭ᠋ᠤᠯ ᠣᠭᠰᠠᠭᠠᠳᠠᠢ ᠭᠡᠵᠤ ᠶᠠᠭᠤ ᠭᠡᠵᠤ ᠬᠤᠳᠠᠯ ᠭᠡᠯᠡᠪᠡ︖

᠊᠊᠊᠊᠊᠊᠊᠊᠊᠊᠊᠊᠊᠊᠊ ᠳᠠᠨ ᠢ ᠠᠯᠠᠬᠤ ᠦᠭᠡᠶ ᠪᠠᠢ᠌ᠬ᠎ᠠ ᠭᠡᠵᠤ︕

᠊᠊᠊᠊᠊᠊᠊᠊᠊᠊᠊᠊᠊᠊᠊ ᠴᠢ ᠡ᠊ᠨᠳᠡᠭᠦᠷᠡᠵᠡᠢ᠃ ᠠᠯᠢᠪ ᠭᠢᠳᠤᠭ᠎ᠠ ᠴᠢᠨᠢ ᠬᠠᠮᠢᠭ᠎ᠠ ᠪᠠᠢ᠌ᠨ᠎ᠠ︖ ᠭᠡᠯᠡᠭᠦ ᠦᠭᠡᠶ ᠪᠣᠯ ᠪᠠᠭᠠᠯᠵᠤᠤᠷ ᠢ ᠴᠢᠨᠢ ᠰᠢᠬᠠᠵᠤ ᠠᠯᠠᠯ᠎ᠠ︕ ᠭᠡᠤᠨ ᠪᠠᠽᠠᠷ ᠬᠤᠭᠤᠯᠠᠢ ᠳᠡᠭᠡᠷ᠎ᠡ ᠨᠢ ᠭᠠᠷ ᠶᠢᠡᠨ ᠳᠠᠯᠪᠢᠭᠰᠠᠨ ᠳᠤ ᠴᠠᠭᠠᠳᠤ ᠡᠷ᠎ᠡ ᠪᠦᠮᠪᠦᠭᠡᠨᠡᠳᠡᠯ᠎ᠡ ᠴᠡᠴᠡᠷᠡᠭᠡᠤᠨ᠄

᠊᠊᠊᠊᠊᠊᠊᠊᠊᠊᠊᠊᠊᠊᠊ ᠠᠮᠢ ᠦᠷᠦᠰᠢᠶᠠ︕ ᠁ ᠭᠤᠳᠤᠯ ᠤᠨ ᠳᠦᠷᠠᠢ ᠳᠤ ᠪᠣᠢ ᠭᠡᠵᠡᠢ᠃

ᠪᠣᠭᠤᠨᠢᠬᠠᠨ ᠣᠢ᠌ᠰᠤᠨ ᠣᠯᠠᠭᠠᠨ ᠡᠰᠢ ᠲᠡᠶ᠂ ᠭᠦᠨ ᠬᠤᠪᠢᠯ ᠲᠡᠶ ᠳᠤᠭᠤᠯ ᠰᠡᠭᠦᠯ ᠭᠢᠳᠤᠭ᠎ᠠ ᠪᠠᠢ᠌ᠪᠠ᠃ ᠬᠠᠪᠴᠢᠭ ᠣᠷᠤᠭᠤ ᠨᠢ ᠣᠬᠠᠭᠠᠨ ᠳᠠᠯᠪᠢᠨ ᠬᠠᠷᠠᠢ᠌ᠭ᠎ᠠ ᠦᠭᠡᠶ ᠳᠡᠭᠡᠨ ᠪᠠᠶᠠᠷᠯᠠᠵᠤ ᠪᠠᠽᠠᠷ

᠊᠊᠊᠊᠊᠊᠊᠊᠊᠊᠊᠊᠊᠊᠊ ᠪᠣᠰ︕ ᠭᠡᠵᠤ ᠴᠠᠭᠠᠳᠤᠭᠢ ᠪᠠᠨ ᠥᠡᠳᠡᠢ᠌ᠯᠭᠡᠭᠡᠤᠨ

᠊᠊᠊᠊᠊᠊᠊᠊᠊᠊᠊᠊᠊᠊᠊ ᠡᠢ᠌ᠮᠤ ᠳᠠᠢ᠌ᠮᠤ ᠶᠠᠭᠤᠮ᠎ᠠ ᠪᠣᠳᠤᠵᠤ ᠰᠠᠷᠪᠠᠯᠵᠠᠪᠠᠯ ᠴᠢᠨᠢ ᠪᠦᠯᠢᠵᠤ ᠣᠷᠭᠢᠨ᠎ᠠ ᠰᠢᠤ︕ ᠠᠯᠢᠪ ᠴᠠᠭᠠᠰᠢ ᠬᠠᠷᠠ︕ ᠵᠠ ᠪᠢ ᠡᠨᠡ ᠭᠦᠷᠮ᠎ᠡ ᠰᠢᠭ᠌ ᠶᠠᠭᠤᠮᠠᠨ ᠤ ᠴᠢᠨᠢ ᠰᠢᠯᠢᠨ ᠳᠡᠭᠡᠷ᠎ᠡ ᠡᠴᠡ ᠪᠠᠷᠢᠯ᠎ᠠ᠃ ᠣᠤᠬᠠᠢ᠌ᠰ ᠳ᠋ᠠ᠂ ᠳᠡᠭᠡᠭᠡᠤᠨ ᠳᠤᠩᠭ᠋ᠣᠢ᠌ᠵᠤ ᠪᠠᠢ︕ ᠠᠯᠢᠪ ᠭᠢᠳᠤᠭᠠᠨ ᠤ ᠪᠠᠨ ᠥᠵᠦᠭᠦᠷ ᠢ ᠨᠢᠷᠤᠭᠤᠨ ᠳᠤ ᠴᠢᠨᠢ ᠵᠤᠭᠤᠴᠢᠬᠠᠶ᠎ᠠ︕ ᠵᠠ᠂ ᠰᠠᠭᠤᠭ᠎ᠠ ᠪᠠᠷ ᠶᠢᠡᠨ ᠵᠥᠭᠡᠯᠡᠭᠡᠨ ᠶᠠᠪᠣᠭᠠᠷᠠᠢ︕ ᠢᠩᠭᠢᠵᠤ ᠣᠴᠢᠭᠠᠤᠨ ᠬᠠᠪᠴᠢᠭ ᠡᠴᠡ ᠪᠠᠨ ᠢᠳᠡᠭᠦ ᠶᠠᠭᠤᠮ᠎ᠠ ᠪᠠᠨ ᠭᠠᠷᠭ᠎ᠠ︕ ᠨᠢᠷᠤᠭᠤᠨ ᠳᠤ ᠴᠢᠨᠢ ᠭᠢᠳᠤᠭ᠎ᠠ ᠵᠤᠭᠤᠯᠳᠠᠳᠠᠢ ᠶᠢ ᠮᠠᠷᠳᠠᠪᠠ ᠳ᠋ᠠ︕ ᠴᠢ ᠮᠢᠨᠤ ᠭᠡᠯᠡᠭᠡᠤᠨ ᠪᠠᠢ᠌ᠭ᠎ᠠ ᠶᠢ ᠣᠬᠠᠭᠠᠷᠠᠵᠤ ᠪᠠᠢ᠌ᠭ᠎ᠠ ᠪᠢᠵᠠ ⁉

᠊᠊᠊᠊᠊᠊᠊᠊᠊᠊᠊᠊᠊᠊᠊ ᠪᠢ ᠣᠬᠠᠭᠠᠷᠠᠵᠤ ᠪᠠᠢ᠌ᠨ᠎ᠠ᠃

᠊᠊᠊᠊᠊᠊᠊᠊᠊᠊᠊᠊᠊᠊᠊ ᠴᠢᠨᠤ ᠢᠩᠭᠢᠳᠠᠯ᠎ᠠ ᠪᠠᠨ ᠮᠤᠩᠭ᠋ᠤᠯ ᠭᠡᠯᠡ ᠁ ᠵᠠ᠂ ᠣᠤᠬᠠᠢ᠃ ᠢᠳᠡᠭᠦ ᠶᠠᠭᠤᠮ᠎ᠠ ᠪᠠᠨ ᠭᠠᠷᠭᠠᠭᠠᠤᠨ ᠢᠷ᠎ᠠ︕ ᠡᠨ ᠵᠣᠢ᠌ᠳᠠᠢ᠂ ᠬᠤᠷᠤᠳ ᠦᠷᠦᠮ᠎ᠡ︕ ᠁

ᠪᠠᠽᠠᠷ ᠭᠢᠳᠤᠭ᠎ᠠ ᠪᠠᠨ ᠵᠡᠭᠦᠨ ᠭᠠᠷ ᠲᠠᠭᠠᠨ ᠰᠢᠯᠵᠢᠭᠦᠯᠵᠤ ᠪᠠᠷᠢᠭᠠᠤᠨ ᠪᠠᠷᠠᠭᠤᠨ ᠭᠠᠷ ᠶᠢᠡᠷ ᠶᠢᠡᠨ ᠦᠷᠦᠮ᠎ᠡ ᠬᠤᠷᠤᠳ ᠡᠴᠡ ᠨᠢ ᠠᠪᠴᠤ ᠡᠮᠭᠦᠯᠡᠯ᠎ᠡ᠃

ᠴᠠᠭᠠᠳᠤᠭᠢ ᠨᠢ ᠭᠠᠭᠴᠠᠬᠠᠨ ᠵᠤᠯᠤᠪ ᠥᠰᠦᠷᠦᠭ᠍ᠰᠡᠨ ᠨᠢ ᠪᠠᠽᠠᠷ ᠤᠨ ᠭᠠᠷ ᠡᠴᠡ ᠮᠤᠯᠳᠤᠷᠠᠨ ᠬᠤᠯᠠᠤᠠᠴᠠᠢ᠃ ᠳᠡᠭᠡᠭᠡᠤᠨ ᠡᠮᠦᠨ᠎ᠡ ᠵᠥᠭ᠌ ᠣᠴᠢᠷ ᠦᠭᠡᠶ ᠳᠤᠠᠳᠤᠭᠤᠨᠠᠨ ᠭᠦᠶ‍ᠦᠭᠡᠤᠨ ᠶᠠᠪᠣᠴᠢᠬᠠᠪᠠ᠁

ᠪᠠᠽᠠᠷ 《ᠦᠯ ᠵᠠᠯᠭᠠᠭᠤᠯᠳᠠᠭ ᠪᠣᠶᠠᠨ ᠲᠡᠶ ᠳᠡᠭᠡᠷᠡᠮᠴᠢᠨ ᠪᠣᠯ ᠳ᠋ᠠ︕》 ᠭᠡᠵᠤ ᠪᠣᠳᠤᠭᠠᠤᠨ ᠳᠠᠷᠠ ᠵᠢᠭᠠᠬᠠᠨ ᠭᠦᠮᠤᠨ ᠤ ᠬᠠᠪᠴᠢᠭ ᠡᠴᠡ ᠪᠠᠨ ᠭᠠᠷᠭᠠᠵᠤ ᠦᠭ‍ᠭᠦᠭ᠍ᠰᠡᠨ ᠦᠷᠦᠮ᠎ᠡ ᠠᠭᠠᠷᠤᠤᠯ ᠡᠴᠡ ᠳᠠᠢ᠌ᠪᠣᠭᠤᠨ ᠢᠳᠠᠵᠤ ᠳᠤᠳᠤᠷ ᠶᠢᠡᠨ ᠠᠮᠠᠷᠠᠭᠠᠨ ᠬᠤᠴᠤᠷᠴᠤ ᠪᠢᠯᠠ᠃ ᠳᠡᠭᠡᠵᠤ ᠨᠠᠯᠢᠶᠠᠤᠨ ᠰᠠᠭᠤᠭᠰᠠᠨ ᠤ ᠳᠠᠷᠠᠭ᠎ᠠ ᠠᠶᠠᠷᠬᠠᠨ ᠪᠣᠰᠴᠤ ᠣᠴᠢᠭᠠᠤᠨ ᠳᠡᠭᠡᠷᠡᠮᠴᠢᠨ ᠤ ᠣᠷᠭᠢᠵᠤ ᠶᠠᠪᠣᠭᠰᠠᠨ ᠭᠦᠰᠡᠷᠢ ᠮᠤᠳᠤᠨ ᠬᠠᠪᠴᠢᠭ ᠢ ᠠᠪᠴᠤ ᠣᠩᠭ᠋ᠣᠢ᠌ᠯᠭᠠᠭᠰᠠᠨ ᠶᠢᠡᠨ᠄

᠊᠊᠊᠊᠊᠊᠊᠊᠊᠊᠊᠊᠊᠊᠊ ᠡ᠂ ᠠᠯᠳᠠᠨ ᠣᠪᠣᠭ᠎ᠠ ᠮᠢᠨᠢ︕ ᠭᠡᠵᠤ ᠳᠠᠭᠤ ᠠᠯᠳᠠᠭᠠᠤᠨ ᠴᠢᠯᠠᠭᠤᠳᠠᠴᠢᠬᠠᠯ᠎ᠠ᠃ ᠬᠠᠪᠴᠢᠭ ᠡᠵᠡᠨ ᠤ ᠪᠠᠨ ᠠᠷᠤ ᠡᠴᠡ ᠶᠠᠪᠣᠬᠤ ᠭᠡᠰᠡᠨ ᠮᠠᠳᠤ ᠭᠠᠵᠠᠷ ᠤᠨ ᠭᠡᠪᠠᠭᠡᠢ ᠲᠠᠭᠠᠨ ᠭᠡᠳᠤ ᠪᠦᠮᠪᠦᠷᠢᠭ᠍ᠰᠡᠨ ᠶᠢᠡᠨ ᠠᠮᠠ ᠪᠠᠷ ᠶᠢᠡᠨ ᠰᠢᠷᠤᠢ ᠡᠮᠭᠦᠨ ᠵᠤᠭᠰᠤᠵᠠᠢ᠃ ᠪᠠᠽᠠᠷ ᠳᠡᠭᠡᠷᠡᠮᠴᠢᠨ ᠤ ᠭᠢᠳᠤᠭ᠎ᠠ ᠶᠢ ᠳᠦᠷᠠᠢ ᠳᠡᠭᠡᠨ ᠭᠢᠵᠤ ᠣᠷᠭᠢᠭᠠᠤᠨ ᠬᠣᠢ᠌ᠳᠤ ᠵᠥᠭ᠌ ᠭᠡᠯᠳᠦᠷᠢᠨ ᠭᠦᠳᠡᠯᠦᠯ᠎ᠡ᠃

ᠵᠤᠬᠢᠶᠠᠭᠴᠢ᠄ ᠳ·ᠮᠠᠮ᠎ᠠ
ᠳᠠᠷᠤᠮ᠄ 7193
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ