ᠬᠤᠶᠠᠳᠤᠭᠠᠷ ᠪᠦᠯᠦᠭ ᠂ ᠮᠡᠳᠡᠯᠭᠡ ᠪᠤᠯ ᠬᠦᠴᠦᠨ ᠮᠦᠨ
ᠲᠠᠪᠤᠳᠤᠭᠠᠷ ᠬᠡᠰᠡᠭ ᠂ ᠪᠠᠭᠰᠢ ᠪᠠᠷᠢᠭᠰᠠᠨ ᠨᠢ

ᠠᠮᠵᠢᠯᠳᠠ ᠣᠯᠬᠤ ᠶᠢᠨ ᠵᠠᠩᠭᠢᠯᠭ᠎ᠠ ᠨᠢ ᠳᠤᠭᠳᠠᠭᠰᠠᠨ ᠬᠠᠷᠠᠯᠳᠠ ᠪᠠᠨ ᠡᠭᠦᠷᠢᠳᠡ ᠬᠤᠪᠢᠷᠠᠭᠠᠬᠤ ᠦᠭᠡᠶ ᠳᠤ ᠪᠠᠢ᠌ᠨ᠎ᠠ᠃


᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠷᠦᠰᠣ᠋


ᠡᠷᠳᠡ ᠣᠷᠢᠳᠤ ᠶᠢᠨ ᠴᠠᠭ ᠲᠤ ᠨᠢᠭᠡ ᠰᠥᠷᠡᠭᠡᠢ ᠡᠷᠳᠡᠮ ᠲᠡᠶ ᠪᠠᠭᠰᠢ ᠪᠠᠢ᠌ᠳᠠᠭ ᠭᠡᠨ᠎ᠡ᠃ ᠨᠢᠭᠡᠨ ᠡᠳᠦᠷ ᠬᠤᠶᠠᠷ ᠵᠠᠯᠠᠭᠤ ᠭᠦᠷᠴᠤ ᠣᠴᠢᠭᠠᠤᠨ ᠱᠠᠪᠢ ᠣᠷᠤᠬᠤ ᠪᠠᠷ ᠭᠦᠴᠦᠯᠡᠨ ᠭᠤᠶᠤᠬᠤ ᠳᠤ᠂ ᠲ᠋ᠠᠳᠠ ᠬᠤᠶᠠᠷ ᠲᠤ ᠨᠢᠵᠡᠭᠡᠤᠨ ᠭᠦᠷᠵᠡ ᠥᠭ᠍ᠴᠤ᠂ ᠬᠤᠳᠳᠤᠭ ᠮᠠᠯᠳᠠᠭᠠᠤᠨ ᠡᠡᠯᠢ︕ ᠭᠡᠵᠡᠢ᠃

ᠡᠨ ᠵᠠᠯᠠᠭᠤ ᠳᠠᠷᠤᠤ ᠭᠢᠴᠢᠶᠡᠩᠭᠦᠢ ᠵᠠᠩ ᠲᠡᠶ᠂ ᠠᠬᠠᠮᠠᠤᠨ ᠤᠨ ᠵᠢᠭᠠᠭᠰᠠᠨ ᠶᠢᠡᠷ ᠨᠢᠮᠪᠠᠢ ᠠᠵᠢᠯᠯᠠᠳᠠᠭ ᠪᠠᠢ᠌ᠬᠤ ᠳᠤ᠂ ᠡ ᠵᠠᠯᠠᠭᠤ ᠬᠠᠷᠢᠨ ᠭᠦᠪᠰᠦᠷ ᠰᠠᠭᠰᠠᠭᠤ ᠵᠠᠩ ᠲᠡᠶ᠂ ᠦᠪᠡᠷ ᠤᠨ ᠪᠣᠳᠤᠯ ᠶᠢᠡᠷ ᠶᠢᠡᠨ ᠭᠤᠶᠠᠳᠠᠳᠠᠭ ᠡᠴᠡ ᠪᠢᠰᠢ ᠪᠣᠰᠤᠳ ᠤᠨ ᠰᠠᠨᠠᠭᠤᠯᠭ᠎ᠠ ᠶᠢ ᠠᠪᠳᠠᠭ ᠦᠭᠡᠶ᠃ ᠡᠨ ᠵᠠᠯᠠᠭᠤ ᠡ ᠵᠠᠯᠠᠭᠤ ᠳᠤ :

《ᠪᠠᠭᠰᠢ ᠮᠠᠨ ᠢ ᠬᠤᠤᠠᠳᠤᠭ ᠮᠠᠯᠳᠠ ᠭᠡᠰᠡᠨ ᠡᠴᠡ ᠪᠢᠰᠢ᠂ ᠬᠠᠮᠢᠭ᠎ᠠ ᠶᠠᠭᠠᠭᠢᠵᠤ ᠮᠠᠯᠳᠠᠬᠤ ᠶᠢ ᠭᠡᠯᠡᠵᠤ ᠦᠭ‍ᠭᠦᠭ᠍ᠰᠡᠨ ᠦᠭᠡᠶ ᠳᠤᠯᠠ᠂ ᠪᠢᠳᠠ ᠬᠤᠶᠠᠷ ᠣᠷᠢᠳᠠᠪᠠᠷ ᠶᠠᠭᠠᠭᠢᠵᠤ ᠭᠢᠭᠦ ᠪᠠᠨ ᠵᠦᠪᠯᠠᠵᠤ ᠳᠤᠭᠢᠷᠠᠮᠵᠢᠳᠠᠢ ᠭᠠᠵᠠᠷ ᠰᠤᠩᠭ᠋ᠤᠬᠤ ᠭᠡᠷᠡᠭ᠍ᠳᠡᠢ ᠪᠠᠢ᠌ᠨ᠎ᠡ》 ᠭᠡᠰᠡᠨ ᠳᠤ ᠡ ᠵᠠᠯᠠᠭᠤ ᠦᠯᠦ ᠳᠤᠭᠤᠮᠰᠤᠷᠯᠠᠨ :

《ᠪᠠᠭᠰᠢ ᠶᠠᠷᠤ ᠨᠢ ᠪᠣᠯᠠᠭ ᠤᠨ ᠣᠰᠤ ᠢᠳᠡᠳᠡᠭ᠌ ᠪᠣᠯᠬᠤᠷ ᠬᠤᠤᠠᠳᠤᠭ ᠭᠡᠷᠡᠭ᠍ᠰᠡᠭᠦ ᠦᠭᠡᠶ᠃ ᠬᠤᠤᠠᠳᠤᠭ ᠮᠠᠯᠳᠠᠭᠤᠯᠬᠤ ᠭᠡᠰᠡᠨ ᠨᠢ ᠮᠠᠨ ᠤ ᠣᠬᠠᠭᠠᠨ ᠴᠢᠳᠠᠯ ᠢ ᠰᠢᠯᠭᠠᠵᠤ ᠥᠵᠡᠭᠦ ᠭᠡᠰᠡᠨ ᠳᠠᠳᠤᠢ ᠲ᠋ᠤᠯᠠ᠂ ᠪᠢᠳᠠ ᠦᠪᠡᠷ ᠦᠪᠡᠷ ᠤᠨ ᠰᠠᠨᠠᠭ᠎ᠠ ᠪᠠᠷ ᠶᠢᠡᠨ ᠭᠠᠵᠠᠷ ᠰᠤᠩᠭ᠋ᠤᠵᠤ᠂ ᠠᠰ ᠠᠰᠳᠠᠭᠠᠨ ᠮᠡᠯᠳᠡᠶ᠎ᠡ》 ᠭᠡᠵᠤ ᠳᠤᠷᠤᠮᠵᠢᠬᠠᠨ ᠬᠠᠷᠢᠭᠤᠯᠵᠠᠢ᠃ ᠡᠨ ᠵᠠᠯᠠᠭᠤ ᠰᠠᠠᠳᠤᠷᠴᠤ :

《ᠳᠡᠭᠡᠭᠡᠤᠨ ᠶᠠᠭᠠᠭᠢᠵᠤ ᠪᠣᠯᠬᠤ ᠪᠣᠢ︖ ᠪᠣᠯᠠᠭ ᠨᠢ ᠪᠠᠭᠰᠢ ᠶᠢᠨ ᠭᠡᠷ ᠡᠴᠡ ᠨᠠᠯᠢᠶᠠᠤᠨ ᠵᠠᠢ᠌ᠳᠠᠢ ᠪᠣᠯᠬᠤᠷ ᠪᠠᠭᠰᠢ ᠶᠢᠨ ᠡᠭᠦᠳᠡᠨ ᠳᠤ ᠬᠤᠤᠠᠳᠤᠭ ᠮᠠᠯᠳᠠᠪᠠᠯ ᠳᠠᠭᠠᠷᠠᠨ᠎ᠠ᠃ ᠬᠤᠤᠠᠳᠤᠭ ᠮᠠᠯᠳᠠᠬᠤ ᠨᠢ ᠭᠦᠡᠳᠤ ᠠᠵᠢᠯ ᠪᠣᠯᠬᠤᠷ ᠬᠤᠶᠠᠭᠤᠯᠠ ᠬᠠᠮᠵᠢᠯᠴᠠᠬᠤ ᠭᠡᠷᠡᠭ᠍ᠳᠡᠢ》 ᠭᠡᠰᠡᠨ ᠳᠤ᠂ ᠡ ᠵᠠᠯᠠᠭᠤ ᠡᠨ ᠵᠠᠯᠠᠭᠤ ᠶᠢᠨ ᠵᠥᠭ᠌ 《ᠳᠦᠢ᠌︕》 ᠭᠡᠳᠡᠯ᠎ᠡ ᠨᠢᠯᠪᠣᠭᠠᠤᠨ :

《ᠴᠢ ᠳᠤᠷᠠᠳᠠᠢ ᠪᠣᠯ ᠬᠠᠮᠢᠭ᠎ᠠ ᠪᠠᠨ ᠰᠤᠩᠭ᠋ᠤᠪᠠᠯ ᠰᠤᠩᠭ᠋ᠤ︕ ᠪᠢ ᠯᠠ ᠴᠢᠮ᠎ᠠ ᠲᠡᠶ ᠨᠢᠭᠡ ᠬᠤᠤᠠᠳᠤᠭ ᠮᠠᠯᠳᠠᠬᠤ ᠦᠭᠡᠶ》 ᠭᠡᠤᠨ ᠭᠦᠷᠵᠡ ᠪᠠᠨ ᠮᠦᠷᠤᠯᠠᠨ ᠴᠢᠨᠠᠭᠰᠢ ᠶᠠᠪᠣᠵᠠᠢ᠃

ᠡᠨ ᠵᠠᠯᠠᠭᠤ᠂ ᠪᠠᠭᠰᠢ ᠶᠢᠨ ᠭᠡᠷ ᠤᠨ ᠡᠭᠦᠳᠡᠨ ᠳᠤ ᠨᠠᠭᠠᠰᠢ ᠴᠠᠭᠠᠰᠢ ᠡᠷᠭᠢᠴᠡᠨ ᠭᠦᠷᠵᠡ ᠬᠠᠤᠠᠬᠤᠬᠤ ᠭᠠᠵᠠᠷ ᠶᠢᠡᠨ ᠣᠯ ᠶᠠᠳᠠᠨ ᠳᠦᠳᠡᠭᠡᠯᠵᠡᠨ᠎ᠡ᠃ ᠡᠨᠡ ᠦᠶᠡᠰ ᠡ ᠵᠠᠯᠠᠭᠤ ᠬᠤᠯᠠᠬᠠᠨ ᠵᠠᠢ ᠲᠡᠶ ᠭᠤᠪᠢ ᠶᠢᠨ ᠬᠤᠳᠤᠭᠤᠷ ᠢ ᠰᠤᠩᠭ᠋ᠤᠵᠤ᠂ ᠣᠳᠠᠭᠰᠠᠨ ᠴᠤ ᠦᠭᠡᠶ ᠭᠦᠮᠤᠨ ᠴᠢᠨᠡᠭᠡ ᠨᠥᠭᠡ ᠮᠠᠯᠳᠠᠴᠢᠬᠠᠵᠠᠢ᠃ ᠡᠨ ᠵᠠᠯᠠᠭᠤ ᠣᠳᠠᠳᠠᠯ᠎ᠠ ᠡᠷᠭᠢᠴᠡᠵᠤ ᠪᠠᠢ᠌ᠭᠠᠤᠨ ᠪᠠᠭᠰᠢ ᠶᠢᠨ ᠡᠭᠦᠳᠡᠨ ᠳᠤ ᠶᠠᠪᠣᠵᠤ ᠰᠠᠭᠤᠬᠤ ᠶᠢ ᠬᠠᠷᠰᠢᠯᠠᠬᠤ ᠦᠭᠡᠶ ᠦᠨᠳᠦᠷ ᠰᠢᠭ᠌ ᠭᠠᠵᠠᠷ ᠢ ᠰᠤᠩᠭ᠋ᠤᠵᠤ ᠪᠦᠳᠦᠭᠦᠨ ᠰᠢᠭ᠌ ᠠᠮᠰᠠᠷ ᠨᠡᠭᠡᠭᠡᠵᠤ ᠠᠵᠢᠯᠯᠠᠵᠤ ᠡᠭᠢᠯᠡᠵᠡᠢ᠃ ᠡ ᠵᠠᠯᠠᠭᠤ ᠰᠢᠷᠤᠢ ᠳᠤᠳᠠᠭᠤ ᠬᠠᠶᠠᠬᠤ ᠶᠢᠨ ᠳᠦᠯᠦᠭᠡ ᠴᠢᠬᠤᠯᠬᠠᠨ ᠠᠮᠰᠠᠷ ᠭᠠᠷᠭᠠᠭᠰᠠᠨ ᠡᠴᠡ ᠪᠣᠯᠵᠤ ᠬᠤᠶᠠᠷ ᠮᠸᠲ᠋ᠷ ᠡᠴᠡ ᠳᠤᠭᠤᠭᠰᠢᠯᠠᠮᠠᠭᠴᠠ ᠰᠢᠷᠤᠢ ᠪᠠᠨ ᠭᠠᠷᠭᠠᠬᠤ ᠳᠤ ᠭᠦᠴᠢᠷᠳᠡᠭᠦ ᠪᠣᠯᠵᠤ᠂ ᠠᠵᠢᠯ ᠤᠨ ᠶᠠᠪᠣᠴᠠ ᠶᠠᠪᠣᠬᠤ ᠳᠤᠳᠤᠮ ᠣᠳᠠᠭᠠᠰᠢᠷᠠᠭᠠᠤᠨ ᠭᠤᠷᠪᠠᠳᠤᠭᠠᠷ ᠡᠳᠦᠷ ᠨᠢ ᠵᠠᠯᠭᠠᠭᠠᠤᠨ ᠭᠢᠭᠦ ᠶᠢᠨ ᠠᠷᠭ᠎ᠠ ᠦᠭᠡᠶ ᠪᠣᠯᠤᠭᠰᠠᠨ ᠶᠢᠡᠷ᠂ ᠡᠨᠡ ᠨᠥᠭᠡ ᠪᠠᠨ ᠣᠷᠭᠢᠵᠤ ᠥᠭᠡᠷ᠎ᠡ ᠭᠠᠵᠠᠷ ᠳᠠᠭᠢᠵᠤ ᠮᠠᠯᠳᠠᠬᠤ ᠳᠤ ᠭᠦᠷᠪᠡ᠃ ᠡᠨ ᠵᠠᠯᠠᠭᠤ ᠬᠤᠤᠠᠳᠤᠭ ᠤᠨ ᠠᠮᠰᠠᠷ ᠶᠢᠡᠨ ᠪᠦᠳᠦᠭᠦᠨ ᠨᠡᠭᠡᠭᠡᠭ᠍ᠰᠡᠨ ᠶᠢᠡᠷ ᠪᠠᠷᠠᠬᠤ ᠦᠭᠡᠶ᠂ ᠨᠢᠭᠡ ᠳᠠᠯ᠎ᠠ ᠳ᠋ᠤᠨᠢ ᠭᠦᠯ ᠭᠠᠷᠭᠠᠵᠤ᠂ ᠬᠤᠵᠢᠮ ᠴᠢᠯᠠᠭᠤ ᠰᠢᠷᠤᠢ ᠵᠥᠭᠡᠭᠡᠭᠦ ᠳᠤ ᠳᠦᠭᠦᠮ ᠪᠤᠯᠭᠠᠯ᠎ᠠ᠃ ᠢᠩᠭᠢᠭ᠍ᠰᠡᠨ ᠶᠢᠡᠷ ᠠᠵᠢᠯ ᠨᠢ ᠣᠯᠠᠮ ᠭᠦᠡᠳᠦᠷᠡᠵᠤ ᠭᠤᠷᠪᠠᠨ ᠡᠳᠦᠷ ᠮᠠᠯᠳᠠᠭᠠᠤᠨ ᠬᠤᠶᠠᠷ ᠮᠸᠲ᠋ᠷ ᠡᠴᠡ ᠳᠠᠪᠠᠭᠰᠠᠨ ᠦᠭᠡᠶ᠃

ᠬᠤᠷᠢ ᠬᠤᠨᠤᠭ ᠤᠨ ᠳᠠᠷᠠᠭ᠎ᠠ᠂ ᠡᠨ ᠵᠠᠯᠠᠭᠤ ᠶᠢᠨ ᠮᠠᠯᠳᠠᠭᠰᠠᠨ ᠬᠤᠤᠠᠳᠤᠭ ᠣᠰᠤ ᠭᠠᠷᠤᠭᠠᠤᠨ᠂ ᠴᠢᠯᠠᠭᠤ ᠪᠠᠷ ᠬᠠᠰᠢᠵᠤ ᠵᠢᠩᠭᠢᠨᠢ ᠪᠠᠷ ᠠᠰᠢᠭᠯᠠᠯᠳᠠ ᠳᠤ ᠣᠷᠤᠭᠰᠠᠨ ᠪᠠᠢ᠌ᠬᠤ ᠳᠤ᠂ ᠡ ᠵᠠᠯᠠᠭᠤ ᠬᠠᠷᠢᠨ ᠨᠤᠮᠤᠨ ᠰᠤᠬᠤᠷ ᠠᠳᠠᠯᠢ ᠳᠠᠪᠣ ᠳᠤᠯᠤᠭᠠᠨ ᠨᠥᠭᠡ ᠮᠠᠯᠳᠠᠭᠠᠤᠨ ᠤᠷᠭᠢᠵᠡᠢ᠃ ᠶᠡᠭᠡ ᠪᠠᠭᠰᠢ ᠬᠤᠶᠠᠭᠤᠯᠠ ᠶᠢ ᠬᠠᠵᠠᠭᠤᠳᠠ ᠪᠠᠨ ᠳᠠᠭᠤᠳᠠᠨ ᠵᠤᠭᠰᠤᠭᠠᠭᠠᠤᠨ :

《ᠪᠠᠭᠰᠢ ᠨᠢ ᠳᠠᠨᠠᠷ ᠲᠤ ᠠᠵᠢᠯ ᠤᠨ ᠶᠤᠰᠤ ᠶᠢ ᠭᠡᠯᠡᠵᠤ ᠦᠭ‍ᠭᠦ ᠶᠢ ᠴᠢᠳᠠᠪᠠᠴᠤ ᠠᠵᠢᠯᠯᠠᠬᠤ ᠠᠷᠭ᠎ᠠ ᠶᠢ ᠪᠦᠭᠦᠨ ᠢ ᠵᠢᠭᠠᠨ ᠥᠭ᠍ᠴᠤ ᠴᠢᠳᠠᠬᠤ ᠦᠭᠡᠶ᠃ ᠡᠭᠦᠨ ᠢ ᠳᠠᠨᠠᠷ ᠠᠵᠢᠯ ᠤᠨ ᠶᠠᠪᠣᠴᠠ ᠳᠠᠭᠠᠨ ᠰᠤᠳᠤᠯᠵᠤ ᠮᠡᠳᠡᠭᠦ ᠪᠢᠵᠡ᠃ ᠡ ᠰᠤᠷᠤᠭᠴᠢ ᠨᠢᠭᠡᠯᠡ ᠰᠠᠤᠠᠭᠢᠯ ᠶᠢᠡᠷ ᠦᠷ᠎ᠡ ᠳ᠋ᠦ᠋ᠩ ᠭᠠᠷᠭᠠᠬᠤ ᠶᠢ ᠪᠣᠳᠤᠭᠰᠠᠨ ᠡᠴᠡ ᠪᠢᠰᠢ ᠠᠵᠢᠯ ᠤᠨ ᠭᠡᠷᠡᠭ᠍ᠴᠡᠭᠡ ᠪᠠ ᠬᠤᠵᠢᠮ ᠪᠣᠯᠵᠤ ᠮᠡᠳᠡᠭᠦ ᠦᠷ᠎ᠡ ᠳ᠋ᠦ᠋ᠩ ᠢ ᠣᠭᠳᠤ ᠪᠣᠳᠤᠯᠭᠢᠯᠠᠭᠰᠠᠨ ᠦᠭᠡᠶ᠃ ᠲ᠋ᠡᠭᠦᠨ ᠤ ᠮᠠᠯᠳᠠᠭᠰᠠᠨ ᠨᠥᠭᠡ ᠣᠰᠤ ᠭᠠᠷᠴᠢᠬᠤ ᠪᠠᠷ ᠪᠣᠳᠤᠭᠰᠠᠨ ᠴᠤ ᠨᠢᠭᠡᠯᠡ ᠦᠶᠡᠷ ᠲᠤ ᠣᠷᠤᠮ ᠥᠭᠡᠢ ᠪᠤᠯᠠᠭᠳᠠᠴᠢᠬᠠᠨ᠎ᠠ᠃ ᠡ ᠵᠠᠯᠠᠭᠤ ᠪᠠᠶ᠎ᠠ ᠪᠠᠨ ᠳᠡᠩᠳᠡᠭᠦᠤ ᠳᠤᠭᠤᠵᠤ ᠪᠣᠰᠤᠳ ᠤᠨ ᠵᠦᠪ ᠰᠠᠨᠠᠭᠤᠯᠭ᠎ᠠ ᠶᠢ ᠠᠪᠬᠤ ᠦᠭᠡᠶ ᠡᠴᠡ ᠪᠣᠯᠤᠭᠠᠤᠨ ᠮᠡᠳᠡᠯᠭᠡ ᠨᠢ ᠢᠪᠴᠤᠤ ᠬᠠᠷᠠᠴᠠ ᠨᠢ ᠣᠬᠤᠷ᠃ ᠶᠠᠭᠤ ᠶᠢ ᠴᠤ ᠭᠢᠵᠤ ᠴᠢᠳᠠᠬᠤ ᠮᠠᠶ‍ᠢᠭ ᠲᠡᠶ ᠪᠣᠯᠪᠠᠴᠤ ᠶᠠᠭᠤᠮ᠎ᠠ ᠪᠣᠯᠭᠠᠨ ᠢ ᠨᠠᠷᠢᠯᠢᠭ ᠭᠢᠵᠤ ᠴᠢᠳᠠᠬᠤ ᠦᠭᠡᠶ᠃ ᠡᠢ᠌ᠮᠤ ᠭᠦᠮᠤᠨ ᠤ ᠠᠮᠢᠳᠤᠷᠠᠯ ᠤᠨ ᠵᠤᠷᠢᠯᠭ᠎ᠠ ᠨᠢ ᠳᠤᠳᠤ ᠦᠭᠡᠶ᠂ ᠶᠠᠭᠤ ᠭᠢᠵᠤ ᠶᠠᠭᠠᠭᠢᠵᠤ ᠶᠠᠪᠣᠬᠤ ᠪᠠᠨ ᠮᠡᠳᠡᠭᠦ ᠦᠭᠡᠶ ᠳᠤᠯᠠ ᠶᠡᠭᠡ ᠣᠢ᠌ᠯᠠᠰ ᠢ ᠪᠦᠳᠦᠭᠡᠭᠦᠶ᠎ᠡ ᠪᠠᠷᠭᠡ᠃ ᠡᠨ ᠵᠠᠯᠠᠭᠤ ᠪᠣᠯ ᠶᠠᠭᠤᠨ ᠤ ᠳᠦᠯᠦᠭᠡ ᠬᠤᠤᠠᠳᠤᠭ ᠮᠠᠯᠳᠠᠬᠤ ᠪᠠᠨ ᠳᠤᠳᠤᠷᠬᠠᠢ ᠮᠠᠳᠠᠵᠤ ᠪᠠᠢ᠌ᠬᠤ ᠡᠴᠡ ᠵᠤᠭᠢᠰᠳᠠᠢ ᠭᠠᠵᠠᠷ ᠶᠢᠡᠨ ᠰᠤᠩᠭ᠋ᠤᠵᠤ ᠵᠦᠪ ᠠᠵᠢᠯᠯᠠᠵᠤ ᠴᠢᠳᠠᠭᠰᠠᠨ ᠪᠠᠢ᠌ᠨ᠎ᠠ᠃ ᠬᠤᠤᠠᠳᠤᠭ ᠢ ᠵᠤᠭᠢᠰᠳᠠᠢ ᠭᠠᠵᠠᠷ ᠮᠠᠯᠳᠠᠵᠤ ᠪᠦᠭᠡᠯᠢᠭ᠌ ᠬᠠᠰᠢᠭᠰᠠᠨ ᠪᠠᠢ᠌ᠪᠠᠯ ᠭᠡᠳᠤᠨ ᠦᠶ᠎ᠡ ᠪᠠᠷ ᠶᠢᠡᠨ ᠵᠠᠷᠤᠭᠰᠠᠨ ᠴᠤ ᠨᠤᠷᠠᠬᠤ ᠥᠭᠡᠢ᠃ ᠭᠦᠮᠤᠨ ᠤ ᠶ‍ᠢᠷᠳᠢᠠᠴᠤ ᠶᠢᠨ ᠵᠢᠮ᠎ᠠ ᠶᠤᠰᠤ ᠬᠤᠤᠠᠳᠤᠭ ᠮᠠᠯᠳᠠᠬᠤ ᠲᠡᠶ ᠶᠡᠭᠡ ᠳᠦᠰᠦᠭᠡᠳᠡᠢ᠃ ᠭᠦᠮᠤᠨ ᠲᠦᠷᠦᠯᠭᠢᠳᠠᠨ ᠳᠤ ᠠᠰᠢᠭᠳᠠᠢ ᠪᠦᠭᠡᠯᠢᠭ᠌ ᠶᠠᠭᠤᠮ᠎ᠠ ᠪᠦᠳᠦᠭᠡᠭ᠍ᠰᠡᠨ ᠪᠠᠢ᠌ᠪᠠᠯ ᠳᠡᠦᠭᠡᠨ ᠬᠠᠭᠤᠳᠠᠰᠤᠨ᠎ᠠ ᠴᠠᠳᠢᠭᠯᠠᠭᠳᠠᠨ ᠲᠦᠮᠡᠨ ᠣᠨ ᠣᠯᠠᠮᠵᠢᠯᠠᠵᠤ ᠴᠢᠳᠠᠳᠠᠭ ᠪᠠᠢ᠌ᠬᠤ ᠳᠤ᠂ ᠴᠠᠭ ᠤᠨ ᠣᠷᠤᠰᠬᠠᠯ ᠳᠤ ᠴᠢᠭᠯᠡᠭᠦᠯᠤᠨ ᠬᠠᠰᠢ ᠶᠠᠰᠢ ᠠᠯᠪᠠ ᠬᠠᠰᠢᠭᠰᠠᠨ ᠶᠠᠭᠤᠮ᠎ᠠ ᠰᠠᠯᠭᠢᠨ ᠤ ᠠᠮᠠᠨ ᠳ᠋ᠠᠭᠢ ᠦᠨᠡᠰᠤᠨ ᠣᠪᠣᠭ᠎ᠠ ᠠᠳᠠᠯᠢ ᠳᠦᠳᠡᠭᠡᠨ ᠵᠠᠭᠤᠷ᠎ᠠ ᠵᠠᠮᠬᠠᠷᠠᠳᠠᠭ ᠶᠤᠰᠤᠳᠠᠢ᠃ ᠲ᠋ᠠᠨᠤᠰ ᠠᠮᠢᠳᠤᠷᠠᠯ ᠤᠨ ᠵᠠᠮ ᠶᠢᠡᠨ ᠰᠤᠩᠭ᠋ᠤᠵᠤ ᠳᠤᠭᠳᠠᠭᠰᠠᠨ ᠤ ᠳᠠᠷᠠᠭ᠎ᠠ᠂ ᠠᠰᠯᠠᠭᠰᠠᠨ ᠵᠥᠭ᠌ ᠲᠡᠭᠡᠨ ᠳᠠᠪᠴᠢᠶᠠᠷᠢ ᠰᠢᠠᠳᠠᠰᠤ ᠲᠡᠶ ᠮᠠᠴᠤᠯᠭᠢᠯᠠᠬᠤ ᠦᠭᠡᠶ ᠪᠠᠷ᠂ ᠲ᠋ᠦᠳᠠ ᠵᠠᠮ ᠡᠷᠢᠵᠤ ᠡᠢ᠌ᠰᠢ ᠳᠠᠢ᠌ᠰᠢ ᠶᠠᠭᠤᠮ᠎ᠠ ᠪᠣᠯᠭᠠᠨ ᠳᠤ ᠰᠠᠷᠮᠠᠵᠤ ᠶᠠᠪᠣᠪᠠᠯ ᠶᠠᠭᠤ ᠴᠤ ᠪᠦᠳᠦᠭᠡᠵᠤ ᠴᠢᠳᠠᠬᠤ ᠦᠭᠡᠶ ᠬᠤᠭᠤᠰᠤᠳᠠᠬᠤ ᠳᠤ ᠭᠦᠷᠦᠨ᠎ᠡ᠃ ᠨᠡᠩ ᠴᠤ ᠭᠦᠮᠤᠨ ᠲᠦᠷᠦᠯᠭᠢᠳᠠᠨ ᠤ ᠬᠠᠮᠵᠢᠯᠴᠠᠭ᠎ᠠ ᠪᠣᠯ ᠠᠵᠢᠯ ᠣᠢ᠌ᠯᠠᠰ ᠳᠦᠷᠭᠡᠨ ᠠᠮᠵᠢᠯᠳᠠ ᠣᠯᠬᠤ ᠶᠢᠨ ᠳᠡᠷᠢᠭᠦᠨ ᠣᠷᠢᠳᠠᠯ ᠪᠣᠯᠤᠨ᠎ᠠ᠃ ᠵᠠ᠂ ᠪᠠᠭᠰᠢ ᠶᠢᠨ ᠬᠤᠪᠢ ᠡᠴᠡ ᠰᠤᠷᠭᠠᠬᠤ ᠶᠠᠭᠤᠮ᠎ᠠ ᠪᠣᠯ ᠡᠳᠥᠢᠭᠡᠨ᠃ ᠰᠤᠷᠭᠠᠭᠤᠯᠢ ᠳᠡᠭᠦᠰᠴᠢᠭᠡᠯ᠎ᠡ᠂ ᠲ᠋ᠡᠨᠦᠰ ᠬᠠᠷᠢᠵᠠᠭ᠎ᠠ》 ᠭᠡᠪᠡ᠃

ᠡᠭᠦᠨ ᠳᠤ ᠡ ᠵᠠᠯᠠᠭᠤ ᠳᠤᠯᠤᠭᠠᠢ ᠪᠠᠨ ᠮᠠᠭᠠᠵᠢᠨ ᠣᠬᠠᠭᠠᠨ ᠳᠦᠭᠦᠭᠡ ᠶᠢ ᠨᠢ ᠣᠯᠤᠭᠰᠠᠨ ᠦᠭᠡᠶ ᠳᠦᠭ᠍ᠳᠡᠷᠡᠰᠭᠢᠵᠤ ᠠᠪᠣᠭᠠᠤᠨ ;

《ᠶᠠᠭᠤ ᠭᠡᠨ᠎ᠡ︖ 〈ᠪᠠᠭᠰᠢ ᠶᠢᠨ ᠰᠤᠷᠭᠠᠯ〉 ᠭᠡᠭ᠍ᠴᠢ ᠨᠢ ᠡᠢ᠌ᠮᠤ ᠯᠠ ᠭᠡᠳᠤᠨ ᠭᠡᠷᠡᠭ᠌ ᠦᠭᠡᠶ ᠥᠭᠡ ᠰᠤᠨᠤᠰᠬᠤ ᠶᠢ ᠮᠡᠳᠡᠭ᠍ᠰᠡᠨ ᠪᠣᠯ ᠶᠠᠭᠤ ᠭᠡᠵᠤ ᠡᠳᠥᠢᠴᠢᠨᠡᠨ ᠡᠳᠦᠷ ᠣᠢ᠌ᠯᠠ ᠪᠠᠨ ᠥᠵᠡᠭᠦ ᠪᠢᠯᠡ》 ᠭᠡᠤᠨ ᠶᠡᠭᠡᠯ᠎ᠡ ᠣᠷᠮ᠎ᠠ ᠮᠠᠭᠤᠳᠠᠢ ᠰᠠᠯᠵᠤ ᠶᠡᠪᠦᠵᠡᠢ᠃ ᠭᠡᠳᠡᠯ᠎ᠡ ᠡᠨ ᠵᠠᠯᠠᠭᠤ ᠪᠠᠭᠰᠢ ᠳᠠᠭᠠᠨ ᠰᠥᠭᠦᠳᠤᠨ ᠠᠭᠢᠨ ᠳᠠᠭᠢᠨ ᠮᠥᠷᠭᠦᠵᠤ :

《ᠶᠡᠭᠡ ᠪᠠᠭᠰᠢ ᠶᠢᠨ ᠭᠡᠭᠡᠨ ᠰᠤᠷᠭᠠᠯ ᠢ ᠨᠢᠭᠡ ᠭᠦᠷᠳᠡᠪᠠᠯ ᠠᠷᠪᠠᠨ ᠵᠢᠯ ᠪᠢᠴᠢᠭ᠌ ᠣᠩᠰᠢᠭᠰᠠᠨ ᠡᠴᠡ ᠳᠠᠪᠠᠨ᠎ᠠ︕》 ᠭᠡᠤᠨ ᠳᠡᠭᠡᠷ᠎ᠡ ᠳᠡᠭᠡᠷ᠎ᠡ ᠨᠢ ᠳᠠᠯᠠᠷᠬᠠᠨ ᠨᠢᠯᠪᠣᠰᠤ ᠣᠨᠠᠭᠠᠨ ᠰᠠᠯᠵᠤ ᠡᠴᠢᠵᠡᠢ᠃

ᠡᠷᠡᠭ᠍ᠴᠢᠨ ᠳᠠᠭᠢᠶ᠎ᠠ᠂ ᠬᠤᠭ ᠤᠨ ᠣᠪᠣᠭᠠᠨ ᠳᠡᠭᠡᠷ᠎ᠡ ᠡᠴᠡ ᠭᠡᠳᠤᠨ ᠮᠥᠭᠦᠯᠢᠭ᠌ ᠰᠤᠪᠣᠤᠨ ᠮᠠᠯᠳᠠᠨ ᠭᠠᠷᠭᠠᠭᠠᠤᠨ ᠢᠰᠭᠦᠯᠤᠨ ᠶᠠᠪᠤᠭᠤᠯᠵᠠᠢ᠃ ᠲ᠋ᠡᠭᠦᠨ ᠳᠤ ᠭᠡᠳᠤᠨ ᠮᠥᠭᠦᠯᠢᠭ᠌ ᠰᠢᠰᠢ ᠣᠯᠳᠠᠭᠰᠠᠨ ᠪᠠᠢ᠌ᠪᠠᠯ ᠬᠤᠯᠠ ᠢᠯᠡᠭᠦᠤ ᠥᠷᠳᠡᠭ᠌ ᠲᠡᠶ ᠶᠤᠮᠰᠠᠨ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 7382
ᠴᠠᠭ᠄ 2009 ᠤᠨ ᠤ 04 ᠰᠠᠷ᠎ᠠ ᠶᠢᠨ 29