ᠨᠢᠭᠡᠳᠦᠭᠡᠷ ᠪᠦᠯᠦᠭ ᠂ ᠶᠢᠷᠲᠢᠨᠴᠦ ᠲᠠᠢ ᠲᠠᠨᠢᠯᠴᠠᠶ᠎ᠠ
ᠲᠠᠪᠤᠳᠤᠭᠠᠷ ᠬᠡᠰᠡᠭ ᠂ ᠤᠤᠬᠠᠢ᠌ᠯᠡᠬᠤ ᠳᠠᠭᠤᠨ

ᠨᠥᠭᠦᠷᠯᠡᠯ ᠤᠨ ᠬᠠᠮᠤᠭ ᠭᠠᠢ᠌ᠬᠠᠮᠰᠢᠭᠳᠠᠢ ᠣᠢ᠌ᠯᠠᠳᠤᠯ ᠪᠣᠯ᠂ ᠪᠠᠶ‍ᠠᠷ ᠪᠠᠶ‍ᠠᠰᠤᠯ ᠶᠢᠡᠨ ᠨᠠᠢ᠌ᠵᠠ ᠳᠠᠭᠠᠨ ᠶ‍ᠠᠷᠢᠭᠰᠠᠨ ᠦᠶ᠎ᠠ ᠳᠤ ᠬᠤᠪᠢ ᠳᠠᠭᠢᠨ ᠪᠠᠶ‍ᠠᠰᠴᠤ ᠴᠢᠳᠠᠨ᠎ᠠ᠃ ᠭᠤᠨᠢᠭ ᠵᠤᠪᠠᠯᠠᠩ ᠶᠢᠡᠨ ᠠᠬ᠎ᠠ ᠳᠡᠭᠦᠤ ᠳᠡᠭᠡᠨ ᠳᠤᠭᠠᠴᠢᠪᠠᠯ ᠬᠠᠭᠠᠰ ᠢ ᠨᠢ ᠭᠦᠩᠭᠡᠷᠡᠭᠦᠯᠵᠤ ᠳᠠᠢ᠌ᠯᠤᠨ᠎ᠠ᠃


᠊᠊᠊᠊᠊᠊᠊᠊᠊᠊᠊᠊᠊᠊᠊᠊᠊᠊᠊᠊᠊᠊᠊᠊᠊ ᠪᠧᠢ᠌ᠺᠧᠨ


ᠭᠦᠮᠤᠨ ᠡᠩ ᠳᠡᠷᠢᠭᠦᠨ ᠳᠤ ᠨᠡᠢ᠌ᠭᠡᠮ ᠤᠨ ᠨᠢᠭᠡᠨ ᠡᠰ ᠪᠣᠯᠬᠤ ᠳᠤᠯᠠ᠂ ᠣᠷᠴᠢᠨ ᠳᠤᠭᠤᠷᠢᠨ ᠤ ᠪᠠᠨ ᠭᠦᠮᠤᠨ ᠲᠡᠶ ᠪᠠᠨ ᠬᠠᠷᠢᠯᠴᠠᠨ ᠨᠥᠯᠦᠭᠡᠯᠴᠡᠵᠤ ᠬᠠᠷᠢᠯᠴᠠᠨ ᠬᠠᠪᠰᠤᠷᠤᠯᠴᠠᠵᠤ ᠪᠠᠢ᠌ᠭᠠᠤᠨ ᠣᠷᠤᠰᠢᠨ ᠳᠤᠭᠳᠠᠨᠢᠬᠤ ᠪᠠᠷ ᠪᠠᠷᠠᠬᠤ ᠦᠭᠡᠶ᠂ ᠠᠰᠢᠭ ᠬᠤᠤᠷ ᠤᠨ ᠮᠥᠷᠭᠦᠯᠳᠦᠭᠡᠨ ᠳᠡᠭᠡᠷ᠎ᠡ ᠬᠠᠷᠢᠯᠴᠠᠨ ᠣᠢᠷᠢᠰᠤᠯᠳᠤᠵᠤ ᠪᠠᠢ᠌ᠭᠠᠤᠨ ᠣᠷᠤᠩᠨᠠᠬᠤ ᠣᠷᠤᠨ ᠵᠠᠢ ᠪᠠᠨ ᠳᠡᠯᠡᠳᠡᠭ᠌ ᠨᠢ ᠶ‍ᠢᠷᠳᠢᠠᠴᠤ ᠶᠢᠨ ᠵᠢᠮ᠎ᠠ ᠶ‍ᠦᠰᠤ᠃ ᠨᠢᠭᠡ ᠭᠦᠮᠤᠨ ᠤ ᠥᠭᠡ ᠭᠡᠯᠡ ᠣᠢ᠌ᠯᠠ ᠭᠦᠳᠡᠯᠭᠡᠭᠡᠨ ᠨᠢ ᠣᠷᠴᠢᠨ ᠠᠬᠤᠢ ᠳᠠᠭᠠᠨ ᠨᠥᠯᠦᠭᠡ ᠥᠵᠡᠭᠦᠯᠵᠤ᠂ ᠶ‍ᠡᠮᠡᠷᠪᠡ ᠨᠢᠭᠡ ᠭᠦᠳᠡᠯᠭᠡᠭᠡᠨ ᠨᠢ ᠠᠮᠢᠳᠤᠷᠠᠯ ᠤᠨ 《ᠳᠠᠢ᠌ᠪᠣᠩ ᠨᠠᠭᠤᠷ》 ᠊ᠤᠨ ᠣᠰᠤᠨ ᠳᠤ ᠴᠢᠯᠠᠭᠤ ᠰᠢᠳᠡᠭ᠍ᠰᠡᠨ ᠰᠢᠭ᠌ 《ᠡᠡᠷ》 ᠭᠠᠷᠭᠠᠳᠠᠭ ᠪᠠᠢ᠌ᠨ᠎ᠠ᠃ ᠣᠯᠠᠨ ᠭᠦᠮᠤᠨ ᠤ ᠨᠢᠭᠡᠳᠦᠭ᠍ᠰᠡᠨ ᠭᠦᠳᠡᠯᠭᠡᠭᠡᠨ ᠨᠢ ᠳᠡᠭ᠍ᠷᠢ ᠳᠤᠯᠤᠮ᠎ᠠ 《ᠳᠠᠪᠠᠯᠭᠠᠨ》 ᠪᠣᠰᠬᠠᠵᠤ᠂ ᠬᠠᠭᠤᠴᠢᠨ 《ᠬᠠᠰᠢᠯᠭ᠎ᠠ》 ᠪᠣᠯᠤᠭᠰᠠᠨ ᠣᠯᠠᠮᠵᠢᠯᠠᠯᠳᠤ ᠶ‍ᠤᠰᠤ ᠰᠤᠷᠳᠠᠬᠤᠨ ᠢ ᠢᠪ ᠳᠠᠷᠤᠭᠠᠤᠨ ᠬᠠᠶ‍ᠡᠴᠢᠬᠠᠳᠠᠭ᠃ ᠡᠢ᠌ᠮᠦᠷᠭᠦᠤ 《ᠡᠡᠷ》᠂ 《ᠳᠠᠪᠠᠯᠭᠠᠨ》 ᠨᠢ ᠵᠤᠭᠰᠤᠯ ᠦᠭᠡᠶ ᠶ‍ᠠᠪᠣᠭᠳᠠᠳᠠᠭ ᠡᠴᠡ ᠪᠣᠯᠵᠤ ᠨᠡᠢ᠌ᠭᠡᠮ ᠤᠨ ᠠᠭᠤᠷ ᠠᠮᠢᠰᠬᠤᠯ ᠢ ᠰᠢᠨᠠᠴᠢᠯᠠᠨ ᠳᠡᠦᠭᠡᠨ ᠭᠦᠷᠳᠤ ᠶᠢ ᠳᠦᠯᠭᠢᠨ ᠣᠷᠤᠭᠰᠢᠯᠠᠭᠤᠯᠵᠤ ᠪᠠᠢ᠌ᠳᠠᠭ ᠰᠠᠨ᠃

ᠭᠦᠮᠤᠨ᠂ ᠡᠡᠮᠢᠳᠦᠷᠡᠨ ᠳᠤᠭᠳᠠᠨᠢᠬᠤ ᠣᠷᠴᠢᠨ ᠠᠬᠤᠢ ᠳᠠᠭᠠᠨ ᠨᠢᠭᠡ ᠪᠦᠯᠦᠭ᠌ ᠳᠦᠷᠤᠯ ᠰᠠᠳᠤᠨ᠂ ᠰᠠᠤᠠᠭᠢᠯ ᠢ ᠮᠡᠳᠡᠭ᠍ᠴᠢ ᠰᠠᠢ᠌ᠨ ᠠᠬ᠎ᠠ ᠳᠡᠭᠦᠤ ᠪᠠᠢ᠌ᠵᠤ᠂ ᠠᠮᠢᠳᠤᠷᠠᠯ ᠤᠨ ᠳᠤᠮᠳᠠᠭᠢ ᠵᠤᠪᠠᠯ ᠵᠢᠷᠭᠠᠯ ᠶᠢᠡᠨ ᠬᠤᠪᠢᠶ‍ᠡᠯᠴᠡᠨ᠂ ᠨᠡᠢ᠌ᠭᠡᠮ ᠤᠨ ᠭᠦᠳᠡᠯᠭᠡᠭᠡᠨ ᠳᠤᠮᠳᠠᠭᠢ ᠣᠯᠤᠯ ᠠᠯᠳᠠᠯ ᠶᠢᠡᠨ ᠳᠤᠩᠭ᠋ᠠᠨ ᠰᠢᠭᠦᠮᠵᠢᠯᠡᠵᠤ ᠰᠠᠤᠠᠭᠢᠯ ᠶᠢᠡᠨ ᠠᠭᠤᠵᠢᠷᠠᠳᠠᠯ᠎ᠠ ᠶ‍ᠠᠷᠢᠯᠴᠠᠬᠤ ᠨᠢ ᠨᠢᠭᠡ ᠶ‍ᠤᠰᠤᠨ ᠤ ᠵᠤᠯ ᠵᠢᠷᠭᠠᠯ ᠪᠣᠯᠤᠨ᠎ᠠ᠃ ᠿᠸᠤ ᠱᠢ 《ᠨᠢᠯᠪᠣᠰᠤ ᠪᠠᠨ ᠪᠠᠰᠠ ᠣᠨᠠᠭᠠᠬᠤ ᠭᠠᠵᠠᠷ ᠦᠭᠡᠶ ᠭᠦᠮᠤᠨ ᠪᠣᠯ ᠶ‍ᠢᠷᠳᠢᠠᠴᠤ ᠳᠡᠭᠡᠷᠡᠭᠢ ᠬᠠᠮᠤᠭ ᠤᠨ ᠵᠤᠪᠠᠯᠠᠩᠳᠠᠢ ᠭᠦᠮᠤᠨ ᠮᠥᠨ》 ᠭᠡᠵᠤ ᠭᠡᠯᠡᠵᠡᠢ᠃ ᠴᠢᠨᠤ ᠭᠦᠴᠢᠷ ᠪᠠᠷᠭᠡᠰᠢᠶ‍ᠡᠯ ᠲᠡᠶ ᠦᠶ᠎ᠠ ᠳᠤ ᠬᠠᠯᠠᠭᠤᠨ ᠭᠠᠷ ᠶᠢᠡᠨ ᠰᠤᠩᠭ᠋ᠠᠵᠤ ᠨᠢᠭᠡ ᠮᠦᠷᠤᠨ ᠤ ᠭᠦᠴᠤ ᠳᠤᠰᠠᠯᠠᠬᠤ ᠪᠠᠷ ᠪᠠᠷᠠᠬᠤ ᠦᠭᠡᠶ᠂ ᠵᠤᠪᠠᠯᠠᠩᠳᠠᠢ ᠴᠠᠭ ᠲᠤ ᠰᠠᠤᠠᠭᠢᠯ ᠢ ᠴᠢᠨᠢ ᠪᠠᠶ‍ᠠᠰᠬᠠᠨ ᠣᠢ᠌ᠤᠠᠬᠠᠷ ᠢ ᠴᠢᠨᠢ ᠰᠡᠷᠭᠦᠭᠡᠵᠤ ᠥᠭ᠍ᠳᠡᠭ᠌ ᠰᠠᠢ᠌ᠨ ᠨᠠᠢ᠌ᠵᠠ ᠪᠠᠢ᠌ᠳᠠᠭ ᠯᠠ ᠪᠣᠯ᠂ ᠴᠠᠰᠤ ᠬᠣᠢ᠌ᠯᠠᠷᠠᠨ ᠰᠠᠯᠭᠢ ᠢᠰᠭᠢᠷᠦᠭᠰᠡᠨ ᠵᠤᠳ ᠰᠢᠭᠤᠷᠭᠠᠠᠳᠠᠢ ᠶ‍ᠢᠷᠳᠢᠠᠴᠤ ᠶᠢᠨ ᠪᠠᠷᠠᠭᠠᠨ ᠰᠦᠨᠢ ᠤᠳ ᠢ ᠦᠶᠦᠭ‍ᠬᠡᠨ ᠳᠠᠪᠠᠳᠠᠢ ᠥᠩᠭᠡᠷᠡᠭᠦᠯᠵᠤ ᠴᠢᠳᠡᠨ᠎ᠡ᠃ ᠡᠢ᠌ᠮᠤ ᠨᠢᠭᠡ ᠪᠦᠯᠦᠭ᠌ ᠭᠦᠮᠤᠨ ᠪᠠᠢ᠌ᠬᠤ ᠶᠢᠨ ᠠᠴᠢ ᠪᠠᠷ ᠴᠢᠨᠤ ᠠᠮᠵᠢᠯᠳᠠ ᠪᠦᠳᠦᠭᠡᠯ ᠭᠠᠷᠭᠠᠬᠤ ᠪᠦᠷᠢ ᠰᠠᠢ᠌ᠰᠢᠶ‍ᠠᠨ ᠤᠤᠬᠠᠢ᠌ᠯᠠᠵᠤ᠂ ᠠᠯᠳᠠᠭ᠎ᠠ ᠳᠤᠳᠠᠭᠳᠠᠯ ᠭᠠᠷᠭᠠᠬᠤ ᠴᠠᠭ ᠲᠤ ᠢᠤᠠᠬᠠᠨ ᠰᠠᠨᠠᠭᠤᠯᠵᠤ ᠣᠶ‍ᠤᠨ ᠰᠠᠨᠠᠭᠠᠨ ᠤ ᠴᠢᠨᠢ ᠳᠦᠰᠢᠭ᠌ ᠳᠤᠯᠭᠠᠭᠤᠷᠢ ᠪᠣᠯᠤᠨ ᠥᠭ᠍ᠴᠤ ᠴᠢᠳᠠᠳᠠᠭ ᠪᠠᠢ᠌ᠨ᠎ᠡ᠃ ᠲ᠋ᠡᠭᠡᠭᠦᠯᠡᠷ ᠤᠤᠬᠠᠢ᠌ᠯᠠᠬᠤ ᠳᠠᠭᠤᠨ ᠦᠭᠡᠶ ᠠᠮᠢᠳᠤᠷᠠᠯ ᠪᠣᠯ ᠣᠮᠠᠷᠠᠳᠤ ᠳᠣᠢ᠌ᠯ ᠤᠨ ᠰᠦᠨᠢ ᠠᠳᠠᠯᠢ ᠣᠤᠠᠬ᠎ᠠ ᠠᠭᠤᠯᠭ᠎ᠠ ᠦᠭᠡᠶ ᠨᠤᠵᠤᠭᠠᠷᠠᠭᠰᠠᠨ ᠬᠠᠷᠠᠩᠭ᠋ᠤᠢ ᠠᠮᠢᠳᠤᠷᠠᠯ ᠪᠣᠯᠤᠨ᠎ᠠ᠃

ᠭᠤᠯᠠᠹ ᠪᠦᠮᠪᠦᠭᠡ ᠨᠠᠭᠠᠤᠠᠬᠤ ᠳᠤᠷᠠᠳᠠᠢ ᠱᠠᠰᠢᠨ ᠤ ᠡᠪᠯᠡᠯ ᠤᠨ ᠨᠢᠭᠡ ᠫᠠᠷᠣ᠋᠂ ᠶ‍ᠠᠭᠤ ᠴᠤ ᠭᠢᠵᠤ ᠪᠣᠯᠬᠤ ᠦᠭᠡᠶ ᠢᠪᠷᠠᠢ ᠱᠠᠰᠢᠨ ᠤ ᠠᠮᠠᠷᠠᠯᠳᠠ ᠶᠢᠨ ᠡᠳᠦᠷ ᠭᠤᠯᠠᠹ ᠪᠦᠮᠪᠦᠭᠡ ᠶᠢᠨ ᠬᠤᠷᠤᠬᠠᠢ ᠨᠢ ᠭᠦᠳᠡᠯᠦᠭᠡᠤᠨ ᠳᠡᠰᠭᠦ ᠦᠭᠡᠶ ᠪᠣᠯᠬᠤ ᠳᠠᠭᠠᠨ ᠪᠦᠮᠪᠦᠭᠡ ᠶᠢᠨ ᠳᠠᠯᠠᠪᠠᠢ ᠳᠤ ᠭᠤᠯᠭᠤᠨ ᠡᠴᠢᠭᠡᠤᠨ ᠭᠤᠯᠠᠹ ᠪᠦᠮᠪᠦᠭᠡ ᠴᠤᠭᠢᠵᠠᠢ᠃

ᠶ‍ᠢᠷᠳᠢᠠᠴᠤ ᠶᠢ ᠴᠠᠭᠳᠠᠵᠤ ᠶ‍ᠠᠪᠣᠭ᠎ᠠ ᠳᠡᠭ᠍ᠷᠢ ᠶᠢᠨ ᠡᠯᠴᠢ ᠥᠵᠡᠭᠡᠤᠨ ᠬᠠᠭᠠᠨ ᠬᠤᠷᠮᠤᠰᠳᠠ ᠳᠤ ᠵᠠᠭᠠᠯᠳᠤᠭᠰᠠᠨ ᠳ᠋ᠤ 《ᠳᠡᠭᠦᠨ ᠢ ᠬᠠᠮᠤᠭ ᠭᠦᠡᠳᠤ ᠪᠠᠷ ᠶ‍ᠡᠯᠡᠯᠡᠶ᠎ᠡ》 ᠭᠡᠪᠡ᠃

ᠢᠩᠭᠢᠭ᠍ᠰᠡᠨ ᠶᠢᠡᠷ ᠳᠠᠷᠠ ᠫᠠᠷᠣ᠋ ᠶᠢᠨ ᠴᠤᠭᠢᠭᠰᠠᠨ ᠪᠦᠮᠪᠦᠭᠡ ᠨᠢᠭᠡ ᠴᠤ ᠠᠯᠳᠠᠯ ᠦᠭᠡᠶ ᠨᠥᠭᠡᠨ ᠳᠡᠭᠡᠨ ᠤᠷᠦᠵᠡᠢ᠃ ᠡᠢ᠌ᠮᠦᠷᠭᠦᠤ ᠶ‍ᠢᠷᠳᠢᠠᠴᠤ ᠳᠤ ᠬᠤᠪᠣᠷᠬᠠᠨ ᠦᠠᠳᠤᠷ ᠳᠡᠮᠳᠡᠭᠯᠡᠯ ᠡᠭᠦᠳᠦᠭ᠍ᠰᠡᠨ ᠫᠠᠷᠣ᠋ ᠭᠤᠸᠠᠢ ᠦᠰᠤᠷᠳᠠᠯ᠎ᠠ ᠪᠠᠶ‍ᠠᠷᠯᠠᠭᠠᠤᠨ ᠵᠠᠯᠭᠠᠭᠠᠤᠨ ᠠᠷᠪᠠᠨ ᠨᠢ᠋ᠮᠠ ᠴᠤᠭᠢᠭᠰᠠᠨ ᠳᠤ ᠪᠦᠷ ᠨᠥᠭᠡᠨ ᠳᠡᠭᠡᠨ ᠣᠷᠤᠭᠰᠠᠨ ᠪᠠᠢ᠌ᠨ᠎ᠡ᠃ ᠡᠭᠦᠨ ᠳᠤ ᠳᠡᠭ᠍ᠷᠢ ᠶᠢᠨ ᠡᠯᠴᠢ ᠳᠤᠷ᠎ᠠ ᠥᠭᠡᠢ᠌ᠴᠡᠵᠤ ᠄

《ᠳᠠ ᠳᠡᠭᠦᠨ ᠢ ᠭᠦᠡᠳᠤ ᠶ‍ᠠᠯᠠᠯᠠᠬᠤ ᠭᠡᠰᠡᠨ ᠪᠠᠢ᠌ᠭᠠᠤᠨ ᠪᠦᠮᠪᠦᠭᠡ ᠶᠢ ᠨᠢ ᠪᠦᠷ ᠣᠷᠤᠭᠤᠯᠬᠤ ᠨᠢ ᠶ‍ᠠᠭᠤ ᠪᠣᠢ 》 ᠭᠡᠵᠤ ᠠᠰᠠᠭᠤᠪᠠᠯ᠂ ᠬᠠᠭᠠᠨ ᠬᠤᠷᠮᠤᠰᠳᠠ ᠄

《ᠡᠨᠡ ᠫᠠᠷᠣ᠋ ᠰᠠᠭᠢᠯ ᠢ ᠵᠦᠷᠢᠴᠠᠨ ᠣᠯᠠᠨ ᠨᠠᠢ᠌ᠳᠠ ᠶᠢᠨ ᠠᠮᠠᠷᠠᠯᠳᠠ ᠶᠢᠨ ᠡᠳᠦᠷ ᠭᠦᠮᠤᠨ ᠤ ᠳᠠᠯᠳᠠᠭᠤᠷ ᠭᠡᠳᠦᠢ ᠦᠠᠳᠤᠷ ᠳᠡᠮᠳᠡᠭᠯᠡᠯ ᠡᠭᠦᠳᠦᠭ᠍ᠰᠡᠨ ᠴᠤ ᠥᠵᠡᠭ᠍ᠰᠡᠨ ᠭᠦᠮᠤᠨ ᠦᠭᠡᠶ ᠭᠡᠷᠡᠴᠢᠯᠡᠭᠦ ᠠᠮᠢᠳᠠᠨ ᠦᠭᠡᠶ ᠪᠣᠯ ᠳᠠᠷᠠ ᠨᠢ ᠶ‍ᠠᠮᠠᠷᠴᠤ ᠣᠤᠠᠬ᠎ᠠ ᠠᠭᠤᠯᠭ᠎ᠠ ᠦᠭᠡᠶ ᠶ‍ᠠᠭᠤᠮ᠎ᠠ ᠪᠣᠯᠤᠨ᠎ᠠ᠃ ᠤᠤᠬᠠᠢ᠌ᠯᠠᠬᠤ ᠳᠠᠭᠤᠨ ᠦᠭᠡᠶ᠂ ᠣᠯᠠᠨ ᠭᠦᠮᠤᠨ ᠤ ᠰᠠᠢ᠌ᠰᠢᠶ‍ᠠᠯ ᠢ ᠣᠯᠬᠤ ᠦᠭᠡᠶ ᠦᠠᠳᠤᠷ ᠠᠮᠵᠢᠯᠳᠠ ᠨᠢ ᠪᠠᠶ‍ᠠᠷᠯᠠᠭᠤᠰᠢᠳᠠᠢ ᠣᠴᠢᠷ ᠪᠢᠰᠢ ᠬᠠᠷᠢᠨ ᠬᠠᠷᠠᠮᠰᠠᠯᠳᠠᠢ ᠶ‍ᠠᠪᠣᠳᠠᠯ ᠶ‍ᠤᠮ ᠰᠢᠤ》 ᠭᠡᠵᠡᠢ᠃

ᠪᠣᠳᠤᠵᠤ ᠦᠵᠠᠯ ᠳ᠋ᠠ᠂ ᠴᠢᠨᠤ ᠣᠯᠤᠭᠰᠠᠨ ᠦᠠᠳᠤᠷ ᠬᠤᠪᠢ ᠰᠢᠯᠭᠠᠷᠠᠭᠰᠠᠨ ᠪᠦᠳᠦᠭᠡᠯ ᠴᠢᠨᠢ ᠨᠠᠢ᠌ᠳᠠ ᠣᠯᠠᠨ ᠳᠤ ᠮᠡᠳᠡᠷᠡᠭ᠍ᠳᠡᠭᠦ ᠦᠭᠡᠶ᠂ ᠨᠠᠭᠠᠳᠤ ᠵᠠᠬ᠎ᠠ ᠳᠠᠭᠠᠨ ᠭᠡᠳᠤᠨ ᠰᠠᠢ᠌ᠨ ᠠᠬ᠎ᠠ ᠳᠡᠭᠦᠤ ᠶᠢᠨ ᠶᠢᠡᠨ ᠰᠠᠢ᠌ᠰᠢᠶ‍ᠠᠯ ᠣᠤᠬᠠᠢ᠌ᠯᠠᠯ ᠢ ᠴᠤ ᠣᠯᠬᠤ ᠦᠭᠡᠶ ᠶ‍ᠤᠮ ᠪᠣᠯ ᠶ‍ᠠᠭᠠᠭᠢᠭᠰᠠᠨ ᠵᠤᠯ ᠪᠣᠰᠤ ᠣᠴᠢᠷ ᠪᠢᠯᠡ᠃ ᠲ᠋ᠡᠭᠡᠭᠦᠯᠡᠷ ᠬᠠᠮᠳᠤ ᠰᠤᠷᠤᠭᠴᠢ ᠪᠣᠶ‍ᠤ ᠣᠷᠴᠢᠨ ᠳᠤᠭᠤᠷᠢᠨ ᠤ ᠭᠦᠮᠤᠨ ᠴᠢᠨᠢ ᠰᠠᠢ᠌ᠨ ᠪᠦᠳᠦᠭᠡᠯ ᠭᠠᠷᠭᠠᠬᠤ ᠦᠶ‍ᠠᠰ᠂ ᠴᠢ ᠪᠠᠰᠠ ᠠᠯᠠᠭ᠎ᠠ ᠳᠠᠰᠢᠨ ᠣᠤᠬᠠᠢ᠌ᠯᠠᠨ ᠣᠷᠮᠠᠰᠢᠭᠤᠯᠵᠤ ᠪᠠᠢ᠌ᠭᠰᠠᠨ ᠪᠣᠯᠪᠠᠤ ᠳ᠋ᠠ 《ᠥᠭᠡᠷ ᠶᠢᠡᠷ ᠳᠤᠰᠠᠯᠠᠬᠤ ᠪᠠᠷ ᠶᠢᠡᠨ ᠥᠭᠡ ᠪᠠᠷ ᠳᠤᠰᠡᠯᠡ》 ᠭᠡᠵᠤ ᠮᠤᠩᠭ᠋ᠤᠯᠴᠤᠳ ᠭᠡᠯᠡᠳᠡᠭ᠌ ᠨᠢ ᠶ‍ᠠᠭ ᠡᠨᠡ ᠶ‍ᠤᠰᠤ ᠶᠢ ᠶ‍ᠠᠷᠢᠭᠰᠠᠨ ᠶ‍ᠤᠮ᠃ ᠴᠢ ᠵᠥᠪᠭᠡᠨ ᠪᠣᠰᠤᠳ ᠤᠨ ᠳᠤᠰᠠᠯᠠᠮᠵᠢ ᠶᠢ ᠭᠤᠷᠢᠳᠠᠭᠠᠤᠨ ᠪᠠᠢ᠌ᠵᠤ ᠪᠣᠯᠬᠤ ᠦᠭᠡᠶ᠂ ᠬᠠᠷᠢᠨ ᠪᠣᠰᠤᠳ ᠤᠨ ᠭᠦᠴᠢᠷ ᠵᠤᠪᠠᠯᠠᠩᠳᠠᠢ ᠦᠶ᠎ᠠ ᠳᠤ ᠢᠯᠡᠭᠦᠭᠡᠨ ᠬᠠᠯᠠᠮᠵᠢᠯᠠᠨ ᠵᠤᠷᠢᠭᠵᠢᠭᠤᠯᠵᠤ᠂ ᠪᠦᠭᠦ ᠭᠦᠴᠤ ᠪᠠᠷ ᠶᠢᠡᠨ ᠬᠠᠪᠰᠤᠷᠤᠨ ᠳᠠᠮᠵᠢᠪᠠᠯ ᠳᠠᠭᠠᠷᠠᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 7495
ᠴᠠᠭ᠄ 2009 ᠤᠨ ᠤ 04 ᠰᠠᠷ᠎ᠠ ᠶᠢᠨ 29