ᠶᠢᠰᠦᠳᠦᠭᠡᠷ ᠪᠦᠯᠦᠭ ᠂ ᠨᠤᠭᠤᠴᠠᠭ᠎ᠠ ᠶᠡᠬᠡᠳᠡᠢ ᠠᠮᠢᠳᠤᠷᠠᠯ ᠤᠨ ᠠᠶᠠᠨ
ᠭᠤᠷᠪᠠᠳᠤᠭᠠᠷ ᠬᠡᠰᠡᠭ ᠂ ᠰᠡᠭᠡᠭᠡᠷᠡᠯ

ᠠᠵᠢᠯ ᠣᠢ᠌ᠯᠠᠰ ᠲᠡᠭᠡᠨ ᠠᠮᠵᠢᠯᠳᠠ ᠣᠯᠤᠶ᠎ᠠ ᠭᠡᠪᠠᠯ ᠵᠠᠪᠠᠯ ᠥᠪᠠᠷᠳᠡᠭᠡᠨ ᠴᠢᠷᠮᠠᠢ᠌ᠬᠤ ᠭᠡᠷᠡᠭ᠍ᠳᠡᠢ᠃ ᠬᠠᠷᠢᠨ ᠪᠣᠰᠤᠳ ᠢ ᠦᠯᠠᠮᠠᠢ᠌ᠳᠠᠨ ᠭᠤᠶᠤᠵᠤ ᠣᠯᠬᠤ ᠪᠢᠰᠢ ᠡ᠃


᠊᠊᠊᠊᠊᠊᠊᠊᠊᠊᠊᠊᠊᠊᠊᠊᠊᠊᠊᠊᠊᠊᠊᠊ ᠹ᠊᠂ ᠮᠢᠰᠢᠠᠵ


ᠪᠢ ᠳᠠᠷᠠ ᠨᠢᠭᠡ ᠨᠠᠷᠠ ᠳᠤᠨᠤᠷᠠᠵᠤ ᠴᠡᠴᠡᠭ᠌ ᠮᠢᠷᠠᠯᠵᠠᠭᠰᠠᠨ ᠡᠳᠦᠷ ᠢ ᠭᠡᠵᠢᠶᠡᠳᠡ ᠮᠠᠷᠳᠠᠬᠤ ᠦᠭᠡᠶ᠃

ᠲ᠋ᠠᠷᠠ ᠪᠣᠯ ᠡᠵᠢ ᠨᠥᠭ᠍ᠴᠢᠭ᠍ᠰᠡᠨ ᠤ ᠳᠠᠷᠠᠭᠠᠬᠠᠨ ᠪᠣᠯᠤᠭᠰᠠᠨ ᠣᠴᠢᠷ ᠶᠤᠮ᠃ ᠪᠢ ᠪᠣᠰᠤᠳ ᠤᠨ ᠠᠷᠠᠯᠵᠢᠶ᠎ᠠ ᠭᠢᠵᠤ ᠪᠠᠶᠠᠵᠢᠭᠰᠠᠨ ᠵᠢᠱᠢᠶ᠎ᠠ ᠶᠢ ᠠᠷᠪᠢᠨ ᠴᠤ ᠬᠠᠷᠡᠯ᠎ᠡ᠂ ᠶᠡᠭᠡᠯ᠎ᠡ ᠠᠮᠠᠷᠬᠠᠨ ᠰᠢᠭ ᠰᠠᠨᠠᠭᠳᠠᠨ᠎ᠠ ᠪᠢᠯᠠ᠃ ᠲ᠋ᠠᠭᠢᠪᠠᠯ ᠦᠪᠡᠷ ᠤᠨ ᠣᠢ ᠮᠡᠳᠡᠯᠭᠡ ᠶᠠᠷᠤᠨᠢ ᠳᠠᠳᠠᠨ ᠡᠴᠡ ᠬᠤᠯᠠ ᠳᠠᠪᠠᠬᠤ ᠮᠠᠳᠤ ᠪᠣᠳᠤᠭᠳᠠᠭᠰᠠᠭᠠᠷ ᠢᠷᠡᠭ᠍ᠰᠡᠨ ᠳᠤᠯᠠ ᠮᠠᠢ᠌ᠮᠠᠢ ᠭᠢᠭ᠍ᠰᠡᠨ ᠪᠣᠯ ᠭᠡᠳᠥᠢᠨᠡᠢ ᠪᠠᠶᠠᠵᠢᠴᠢᠬᠠᠭᠰᠠᠨ ᠭᠡᠵᠤ ᠪᠠᠶ᠎ᠠ ᠪᠠᠨ ᠳᠤᠭᠤᠵᠤ ᠪᠠᠢ᠌ᠭᠰᠠᠨ ᠢ ᠶᠠᠭᠤᠨ ᠥᠭᠦᠯᠡᠭᠦ᠃ ᠪᠠᠢ᠌ᠯᠳᠦᠭᠠᠡᠳᠤ ᠣᠯᠤᠰ ᠤᠨ ᠶ‍ᠥᠸᠠᠢ ᠭᠦᠷᠤᠨ ᠤ ᠴᠡᠷᠢᠭ᠌ ᠤᠨ ᠪᠠᠭᠰᠢ ᠹᠠᠨ ᠯᠢ ᠳᠤᠰᠢᠶᠠᠯ ᠶᠢᠡᠨ ᠰᠤᠯᠠᠯᠠᠭᠰᠠᠨ ᠤ ᠳᠠᠷᠠᠭ᠎ᠠ᠂ ᠠᠷᠠᠯᠵᠢᠶ᠎ᠠ ᠭᠢᠭᠡᠤᠨ ᠶᠡᠭᠡ ᠪᠠᠶᠠᠵᠢᠵᠤ ᠮᠦᠷᠠᠨ ᠤ ᠡᠮᠦᠨᠡᠳᠤ ᠶᠢᠨ ᠳᠤᠮᠤ ᠭᠦᠷᠦᠩᠭᠡᠳᠡᠨ ᠪᠣᠯᠤᠯ᠎ᠠ ᠭᠡᠳᠡᠭ᠌᠃ ᠤᠯᠳᠦᠢ ᠮᠢᠨᠤ ᠪᠠᠶ᠎ᠠ ᠣᠬᠠᠭᠠᠨ ᠡᠷᠳᠡᠮ ᠶᠢᠡᠷ ᠳᠡᠭᠦᠨ ᠯᠦᠭᠡ ᠬᠠᠷᠢᠴᠠᠭᠤᠯᠬᠤ ᠶᠢᠨ ᠠᠷᠭ᠎ᠠ ᠦᠭᠡᠶ ᠪᠠᠢ᠌ᠯ᠎ᠠ ᠴᠤ᠂ ᠨᠢᠭᠡ ᠭᠡᠷ ᠤᠨ ᠪᠠᠭ᠎ᠠ ᠠᠮᠢᠳᠤᠷᠠᠯ ᠶᠢᠡᠨ ᠠᠷᠭᠠᠴᠠᠭᠠᠬᠤ ᠳᠤ ᠶᠠᠭᠠᠭᠢᠪᠠᠴᠤ ᠭᠦᠴᠢᠷᠳᠡᠭᠦ ᠦᠭᠡᠶ ᠪᠠᠢ᠌ᠮᠠᠷ ᠰᠡᠨᠡᠭᠳᠡᠨ᠎ᠡ᠃ ᠲ᠋ᠡᠭᠡᠭᠡᠤᠨ ᠰᠠᠳᠤᠨ ᠲᠦᠷᠦᠯ ᠶᠢᠡᠨ ᠮᠤᠬᠤᠭᠠᠨ ᠰᠠᠢ᠌ᠨ ᠠᠬ᠎ᠠ ᠳᠡᠭᠦᠤ ᠪᠠᠨ ᠬᠠᠰᠢᠷᠭᠠᠵᠤ ᠪᠠᠢ᠌ᠭᠠᠤᠨ ᠳᠠᠪᠤᠨ ᠮᠢᠩᠭ᠋ᠠᠨ ᠵᠤᠭᠤᠰ ᠵᠢᠭᠡᠯᠡᠵᠤ ᠭᠠᠷᠤᠭᠠᠤᠨ ᠱᠢ ᠵᠢᠶᠠ ᠵᠤᠸᠠᠩ ᠳᠤ ᠣᠴᠢᠵᠤ ᠵᠤᠭᠤᠰ ᠬᠤᠠᠵᠢᠴᠢᠬᠠᠮᠠᠷ ᠪᠠᠷᠠᠭ᠎ᠠ ᠭᠡᠳᠤᠨ ᠪᠠᠭᠯᠠᠭ᠎ᠠ ᠠᠪᠳᠠᠯ᠎ᠠ ᠵᠤᠭᠤᠰ ᠶᠢᠡᠨ ᠪᠠᠷᠠᠬᠤ ᠰᠢᠬᠠᠵᠡᠢ᠃ ᠢᠩᠭᠢᠭᠡᠤᠨ ᠨᠤᠳᠤᠭ ᠲᠠᠭᠠᠨ ᠬᠠᠷᠢᠵᠤ ᠦᠨᠦᠭᠢ ᠪᠠᠷᠠᠭ᠎ᠠ ᠪᠠᠨ ᠪᠣᠷᠤᠯᠠᠭᠤᠯᠬᠤ ᠭᠡᠰᠡᠨ ᠴᠢᠨᠢ ᠰᠤᠯᠠ ᠪᠠᠷ ᠬᠤᠳᠠᠯᠳᠤᠬᠤ ᠳᠤ ᠮᠥᠩᠭᠦ ᠬᠤᠠᠵᠢᠬᠤ ᠵᠠᠢ ᠨᠢ ᠶᠡᠭᠡ ᠪᠠᠢ᠌ᠯ᠎ᠠ ᠴᠤ ᠪᠦᠭᠡᠮ ᠶᠢᠡᠷ ᠦᠭ‍ᠭᠦᠭ᠍ᠰᠡᠭᠡᠷ ᠵᠠᠮ ᠤᠨ ᠵᠤᠭᠤᠰ ᠶᠢᠡᠨ ᠴᠤ ᠣᠯᠵᠤ ᠳᠡᠢ᠌ᠯᠭᠦ ᠦᠭᠡᠶ᠃ ᠵᠡᠭᠡᠯᠢ ᠪᠠᠷ ᠳᠡᠯᠭᠡᠵᠤ ᠬᠤᠳᠠᠯᠳᠤᠶ᠎ᠠ ᠭᠡᠭᠦ ᠳᠤ᠂ ᠬᠤᠳᠠᠯᠳᠤᠭᠠᠨ ᠪᠠᠢ᠌ᠷᠢ ᠳᠦᠷᠢᠶᠡᠰᠦᠯᠡᠭᠦ᠂ ᠵᠡᠬ᠎ᠠ ᠳᠡᠯᠭᠡᠭᠦᠷ ᠤᠨ ᠬᠠᠮᠢᠶᠠᠷᠤᠯᠳᠠ ᠶᠢᠨ ᠰᠥᠢᠦᠡᠭᠡᠯ ᠮᠠᠳᠤ ᠶᠢᠨ ᠣᠯᠠᠨ ᠶᠠᠷᠰᠢᠭ ᠳᠦᠪᠠᠭ᠍ᠳᠡᠢ ᠶᠠᠪᠣᠳᠠᠯ ᠪᠠᠢ᠌ᠬᠤ ᠪᠦᠭᠡᠤᠨ᠂ ᠡᠳᠡᠭᠡᠷ ᠢ ᠭᠦᠢᠴᠤᠨᠭᠡᠵᠤ ᠢᠷᠠᠪᠠᠯ ᠮᠢᠨᠤ ᠳᠠᠷᠠ ᠪᠠᠭ᠎ᠠ ᠪᠠᠷᠠᠭᠠᠨ ᠡᠴᠡ ᠣᠯᠬᠤ ᠬᠤᠠᠵᠢᠪᠣᠷᠢ ᠶᠠᠭᠤ ᠴᠤ ᠪᠣᠯᠬᠤ ᠦᠭᠡᠶ ᠡᠡᠵᠢ᠃ ᠢᠩᠭᠢᠭᠡᠤᠨ ᠪᠢ ᠴᠢᠨᠢ ᠦᠨᠦᠭᠢ ᠪᠠᠷᠠᠭ᠎ᠠ ᠪᠠᠨ ᠡᠭᠦᠷᠴᠤ ᠴᠢᠷᠦᠭᠡᠤᠨ ᠪᠣᠰᠤᠳ ᠠᠢ᠌ᠮᠠᠭ ᠬᠤᠰᠢᠭᠤᠳ ᠶᠢᠡᠷ ᠶᠠᠪᠣᠵᠤ᠂ ᠨᠠᠢ᠌ᠳᠠᠵᠤ ᠪᠣᠯᠤᠮᠠᠷ ᠳᠠᠨᠢᠯ ᠠᠬ᠎ᠠ ᠳᠡᠭᠦᠤ ᠳᠡᠭᠡᠨ ᠨᠠᠢ᠌ᠳᠠᠭᠰᠠᠨ ᠪᠣᠯᠪᠠᠴᠤ ᠳᠠᠷᠠ ᠨᠢ ᠳᠡᠯᠭᠡᠭᠦᠷ ᠲᠤ ᠭᠡᠪᠳᠡᠵᠤ ᠵᠤᠭᠤᠰ ᠬᠤᠪᠢᠯᠬᠤ ᠨᠢ ᠡᠯᠵᠢᠭᠡᠨ ᠵᠢᠯ ᠯᠠᠭᠤᠰᠠᠨ ᠬᠠᠪᠣᠷ ᠢ ᠭᠦᠯᠢᠶᠡᠭᠦ ᠶᠠᠪᠣᠳᠠᠯ ᠪᠣᠯᠪᠠ᠃ ᠠᠷᠠᠯᠵᠢᠶᠠᠴᠢ ᠭᠦᠮᠤᠨ ᠠᠯᠢ ᠣᠯᠠᠷᠢᠯ ᠳᠤ ᠶᠠᠮᠠᠷ ᠪᠠᠷᠠᠭ᠎ᠠ ᠴᠢᠬᠤᠯᠠᠴᠢᠯᠠᠭᠳᠠᠬᠤ ᠶᠢ ᠮᠠᠳᠠᠵᠤ ᠪᠠᠢ᠌ᠳᠠᠭ ᠶᠢᠡᠷ ᠱᠠᠭᠠᠷᠳᠠᠯᠭ᠎ᠠ ᠪᠠᠨ ᠦᠨᠳᠦᠰᠦᠯᠠᠵᠤ ᠪᠠᠷᠠᠭ᠎ᠠ ᠣᠷᠤᠭᠤᠯᠬᠤ ᠪᠣᠶᠤ ᠵᠠᠭᠢᠶᠠᠯᠭ᠎ᠠ ᠶᠢᠨ ᠭᠡᠮᠵᠢᠶ᠎ᠡ ᠪᠠᠷ ᠶᠢᠡᠨ ᠣᠷᠤᠭᠤᠯᠳᠠᠭ ᠪᠣᠯᠬᠤᠷ ᠪᠠᠷᠠᠭ᠎ᠠ ᠳᠠᠷᠤᠭᠳᠠᠬᠤ ᠶᠠᠪᠣᠳᠠᠯ ᠭᠠᠷᠬᠤ ᠦᠭᠡᠶ ᠪᠠᠢ᠌ᠳᠠᠭ᠃ ᠭᠡᠳᠡᠯ᠎ᠡ ᠨᠢᠳᠤ ᠦᠭᠡᠶ ᠢᠯᠠᠭ᠎ᠠ ᠠᠳᠠᠯᠢ ᠮᠢᠨᠤ ᠰᠤᠬᠤᠷ ᠪᠠᠯᠠᠢ ᠪᠠᠷ ᠣᠷᠤᠭᠤᠯᠤᠭᠰᠠᠨ ᠶᠠᠭᠤᠮ᠎ᠠ ᠶᠠᠭᠠᠭᠢᠵᠤ ᠵᠠᠬ᠎ᠠ ᠳᠡᠯᠭᠡᠭᠦᠷ ᠲᠤ ᠳᠦᠷᠭᠡᠨ ᠪᠣᠷᠤᠯᠠᠭᠤᠯᠤᠭᠳᠠᠵᠤ ᠴᠢᠳᠠᠬᠤ ᠪᠢᠯᠠ᠂ ᠠᠷᠠᠯᠵᠢᠶ᠎ᠠ ᠮᠠᠢ᠌ᠮᠠᠢ ᠭᠡᠳᠡᠭ᠌ ᠴᠢᠨᠢ ᠭᠢᠵᠤ ᠪᠠᠢ᠌ᠭᠠᠤᠨ ᠣᠬᠠᠭᠠᠨ ᠭᠦᠯ ᠢ ᠨᠢ ᠣᠯᠤᠭᠰᠠᠨ ᠭᠦᠮᠤᠨ ᠳᠤ ᠠᠮᠠᠷᠬᠠᠨ ᠠᠵᠢᠯ ᠪᠣᠯᠪᠠᠴᠤ᠂ ᠰᠠ‍‌ᠶᠢ ᠵᠠᠮ ᠶᠢᠡᠨ ᠡᠯᠭᠦᠵᠤ ᠪᠠᠢ᠌ᠭ᠎ᠠ ᠭᠦᠮᠤᠨ ᠨᠠᠯᠢᠶᠠᠤᠨ ᠳᠤᠭᠠᠨ ᠤ 《ᠰᠤᠷᠤᠯᠭ᠎ᠠ ᠶᠢᠨ ᠰᠥᠢᠦᠡᠭᠡᠯ》 ᠲ᠋ᠦᠰᠢᠶᠡᠬᠤ ᠡᠴᠡ ᠮᠤᠯᠳᠠᠷᠠᠵᠤ ᠴᠢᠳᠠᠬᠤ ᠦᠭᠡᠶ ᠠᠵᠢ᠃ ᠨᠠᠳᠠ ᠰᠢᠭ ᠳᠠᠷᠴᠢᠭ ᠠᠮᠢᠳᠠᠨ ᠳᠤ ᠯᠢ ᠪᠠᠢ ᠵᠢᠨ 《ᠮᠢᠩᠭ᠋ᠠᠨ ᠯᠠᠩ ᠢ ᠰᠦᠷᠴᠢᠭᠡᠤᠨ ᠬᠠᠶᠠᠯ᠎ᠠ ᠴᠤ ᠮᠦᠳᠳᠤ ᠳᠠᠭᠢᠨ ᠪᠣᠴᠠᠭᠠᠤᠨ ᠢᠷᠡᠨ᠎ᠡ》 ᠭᠡᠰᠡᠨ ᠶᠡᠭᠡ ᠣᠮᠤᠭ ᠪᠠᠢ᠌ᠵᠤ ᠴᠢᠳᠠᠬᠤ ᠦᠭᠡᠶ ᠪᠦᠭᠡᠤᠨ᠂ ᠭᠦᠷᠦᠩᠭᠡ ᠮᠠᠯ ᠶᠢᠡᠨ ᠭᠦᠡᠳᠦᠷᠴᠤ ᠪᠠᠷᠠᠭᠰᠠᠨ ᠨᠠᠳᠠᠳᠤ ᠪᠠᠯᠠ ᠣᠷᠪᠠᠭᠤᠯᠤᠨ ᠵᠢᠭᠡᠯᠡᠯᠭᠡ ᠪᠣᠴᠠᠭᠠᠬᠤ ᠶᠢᠨ ᠳᠠᠷ ᠪᠠᠢ᠌ᠭᠰᠠᠨ ᠦᠭᠡᠶ᠃ ᠠᠷᠠᠯᠵᠢᠶᠠᠨ ᠤ ᠳᠠᠯᠠᠪᠣᠷ ᠳᠡᠭᠡᠷ᠎ᠡ 《ᠤᠯᠦᠨ᠎ᠡ ᠭᠡᠤᠨ ᠠᠯᠳᠠᠴᠢᠬᠤ᠂ ᠠᠮᠢᠳᠤᠷᠠᠨ᠎ᠠ ᠭᠡᠤᠨ ᠥᠭᠦᠴᠢᠭᠦ》 ᠨᠢ ᠡᠩ ᠤᠨ ᠣᠴᠢᠷ ᠪᠣᠯᠪᠠᠴᠤ᠂ ᠦᠨᠳᠦᠷ ᠭᠦᠤ ᠲᠡᠶ ᠵᠢᠭᠡᠯᠡᠯᠭᠡ ᠪᠠᠷ ᠨᠡᠮᠡᠭᠦᠤ ᠥᠷᠳᠡᠭ᠌ ᠭᠤᠷᠢᠳᠠᠭᠰᠠᠨ ᠨᠠᠳᠠᠳᠤ ᠡᠨᠡ ᠣᠳᠠᠭᠠᠨ ᠤ ᠠᠷᠠᠯᠵᠢᠶ᠎ᠠ ᠨᠢ ᠬᠠᠷᠢᠨ ᠠᠮᠢᠨ ᠳᠤ ᠭᠦᠷᠦᠮ᠎ᠡ ᠴᠤᠭᠢᠯᠳᠠ ᠪᠠᠢ᠌ᠵᠠᠢ᠃

ᠪᠢ ᠪᠣᠴᠠᠬᠤ ᠳᠡᠷᠭᠡᠨ ᠤ ᠪᠧᠯᠧᠲ᠋ ᠶᠢᠡᠨ ᠠᠪᠣᠭᠠᠤᠨ ᠳᠡᠷᠭᠡᠨ ᠥᠷᠳᠡᠭᠡᠨ ᠤ ᠠᠭᠤᠳᠠᠮ ᠳᠠᠯᠠᠪᠠᠢ ᠪᠠᠷ ᠡᠷᠭᠢᠴᠡᠵᠤ ᠪᠠᠢ᠌ᠨ᠎ᠠ᠃ ᠨᠠᠳᠠᠳᠤ ᠭᠡᠷ ᠲᠡᠭᠡᠨ ᠪᠣᠴᠠᠬᠤ ᠨᠢᠭᠤᠷ ᠦᠭᠡᠶ ᠪᠣᠯᠵᠤ᠂ ᠪᠠᠯᠠ ᠪᠠᠨ ᠠᠯᠳᠠᠭᠰᠠᠨ ᠵᠡᠩᠭᠦᠢᠳᠡ ᠠᠳᠠᠯᠢ ᠠᠰᠠᠷ ᠡᠴᠡ ᠬᠠᠷᠠᠢ᠌ᠬᠤ ᠯᠠ ᠵᠠᠮ ᠦᠯᠠᠳᠠᠵᠠᠢ᠃ ᠬᠤᠪᠢ ᠵᠠᠶᠠᠭ᠎ᠠ ᠭᠡᠭ᠍ᠴᠢ ᠳᠠᠩᠳᠠ ᠯᠠ 《ᠳᠠᠪᠬᠤᠷ ᠶᠢᠡᠷ ᠢᠷᠡᠭᠦ ᠪᠠᠶᠠᠷ ᠦᠭᠡᠶ᠂ ᠲ᠋ᠠᠩ ᠶᠢᠡᠷ ᠳᠤᠰᠬᠤ ᠵᠤᠪᠠᠯᠠᠩ ᠦᠭᠡᠶ》 ᠪᠠᠢ᠌ᠳᠠᠭ ᠬᠤᠢ᠌ᠨ᠎ᠠ᠂ ᠡᠭᠡᠨᠡᠷ ᠮᠢᠨᠢ ᠴᠢᠰᠤ ᠴᠠᠢ᠌ᠬᠤ ᠡᠪᠠᠦᠡᠴᠢᠨ ᠳᠤᠰᠤᠭᠠᠤᠨ ᠳᠠᠪᠤᠨ ᠵᠢᠯ ᠡᠮᠨᠡᠭᠦᠯᠦᠭᠡᠤᠨ ᠠᠵᠤ ᠠᠬᠤᠢ ᠶᠢᠨ ᠰᠠᠭᠤᠷᠢ ᠶᠢ ᠭᠣᠢ᠌ᠪᠠᠯᠵᠠᠭᠤᠯᠵᠤ ᠣᠷᠭᠢᠭᠰᠠᠨ ᠪᠠᠢ᠌ᠳᠡᠯ᠎ᠡ᠂ ᠡᠵᠢ ᠵᠠᠯᠭᠠᠭᠠᠤᠨ ᠬᠠᠷ᠎ᠠ ᠪᠦᠭᠡᠷᠡᠨ ᠤ ᠥᠭᠦᠵᠢᠯ ᠳᠤᠰᠤᠭᠠᠤᠨ ᠬᠤᠭᠰᠢᠯ ᠶᠢᠡᠨ ᠬᠤᠭᠤᠰᠤᠯᠠᠵᠤ ᠦᠷᠢᠨ ᠤ ᠨᠥᠭᠡ ᠣᠩᠭ᠋ᠣᠢ᠌ᠯᠭᠠᠭᠠᠤᠨ ᠶᠡᠪᠦᠵᠡᠢ᠃ ᠡᠨᠡᠭᠦ ᠠᠵᠤ ᠠᠬᠤᠢ ᠪᠠᠷ ᠰᠠᠭᠤᠷᠢᠯᠠᠭᠰᠠᠨ ᠴᠠᠭ ᠲᠦᠷᠦ ᠳᠤ ᠵᠤᠭᠤᠰ ᠶᠢᠡᠷ ᠵᠤᠭᠤᠰ ᠳᠦᠷᠦᠭᠦᠯᠭᠦ ᠳᠤ ᠠᠮᠠᠷᠬᠠᠨ ᠪᠠᠢ᠌ᠳᠠᠭ ᠴᠤ᠂ ᠭᠦᠷᠦᠩᠭᠡ ᠦᠭᠡᠶ ᠭᠦᠮᠤᠨ ᠵᠤᠭᠤᠰ ᠵᠢᠭᠡᠯᠡᠭᠦ ᠨᠢ ᠭᠣᠢ᠌ᠷᠠᠠᠴᠢᠯᠠᠭᠰᠠᠨ ᠡᠴᠡ ᠴᠠᠭᠠᠰᠢ ᠪᠠᠢ᠌ᠳᠠᠭ᠃ ᠡᠢ᠌ᠮᠤ ᠪᠠᠢ᠌ᠳᠠᠯ᠎ᠠ ᠪᠠᠨ 《ᠳᠠᠮᠴᠢ ᠪᠠᠨ ᠦᠭ‍ᠭᠦᠭᠡᠤᠨ ᠶᠠᠭᠠᠭᠢᠶ᠎ᠠ ᠭᠡᠵᠤ ᠪᠠᠢ᠌ᠭᠠᠤᠨ ᠳᠡᠭᠡᠷ᠎ᠡ ᠨᠢ ᠰᠢᠳᠤᠯᠠᠩ ᠨᠡᠮᠡᠷᠢᠯᠡᠵᠤ》 ᠵᠢᠭᠡᠯᠡᠭ᠍ᠰᠡᠨ ᠦᠷᠢ ᠪᠠᠨ ᠶᠠᠭᠠᠭᠢᠵᠤ ᠪᠣᠴᠠᠭᠠᠬᠤ ᠪᠠᠨ ᠣᠯᠬᠤ ᠦᠭᠡᠶ ᠭᠠᠴᠢᠭᠳᠠᠪᠠ᠃ ᠪᠢ ᠪᠠᠷᠭᠡ ᠬᠠᠳᠠᠭᠤᠵᠢᠯᠳᠠᠢ ᠪᠠᠭ᠎ᠠ ᠨᠠᠰᠤ ᠶᠢ ᠥᠩᠭᠡᠷᠡᠭᠦᠯᠵᠤ ᠢᠷᠠᠯ᠎ᠠ ᠴᠤ ᠪᠠᠢ᠌ᠬᠤ ᠦᠭᠡᠶ ᠪᠣᠯ ᠵᠠᠷᠤᠬᠤ ᠦᠭᠡᠶ ᠪᠠᠢ᠌ᠭᠰᠠᠨ ᠶᠢᠡᠷ ᠦᠷᠢᠨ ᠳᠤ ᠭᠠᠴᠢᠭᠳᠠᠬᠤ ᠶᠢᠨ ᠵᠤᠪᠠᠯᠠᠩ ᠦᠭᠡᠶ ᠠᠵᠢ᠃

ᠲ᠋ᠡᠷᠭᠡ ᠭᠦᠳᠡᠯᠭᠦ ᠣᠢ᠌ᠷᠠᠳᠤᠪᠠ᠃ ᠵᠢᠷᠭᠤᠭᠠᠨ ᠰᠠᠷ᠎ᠠ ᠶᠢᠨ ᠨᠠᠷᠠ ᠬᠤᠷᠴᠠ ᠭᠡᠷᠡᠯ ᠶᠢᠡᠷ ᠶᠢᠡᠨ ᠡᠭᠡ ᠳᠡᠯᠡᠭᠡᠢ ᠶᠢ ᠳᠤᠯᠠᠢ᠌ᠯᠭᠠᠵᠤ ᠪᠠᠢ᠌ᠭᠰᠠᠨ ᠴᠤ᠂ ᠨᠠᠳᠠᠳᠤ ᠶᠠᠭ ᠮᠠᠨᠠᠨ ᠭᠦᠳᠡᠩ ᠪᠠᠭᠤᠭᠰᠠᠨ ᠠᠳᠠᠯᠢ ᠪᠦᠦᠳᠡᠭᠡᠷ ᠰᠠᠨᠠᠭᠳᠠᠵᠤ᠂ ᠲᠦᠮᠡᠨ ᠠᠮᠢᠳᠠᠨ ᠤ ᠥᠢᠮᠡᠭᠡᠨ ᠴᠢᠭᠢᠨ ᠭᠡᠩᠭᠡᠷᠭᠡ ᠶᠢ ᠳᠠᠯᠠᠰᠴᠤ ᠪᠠᠢ᠌ᠭᠰᠠᠨ ᠴᠤ ᠨᠠᠳᠠᠳᠤ ᠶᠠᠮᠠᠷ ᠴᠤ ᠴᠢᠮᠡᠭᠡ ᠰᠤᠨᠤᠰᠳᠠᠬᠤ ᠦᠭᠡᠶ᠂ ᠢᠯᠤᠮ ᠵᠢᠯᠤᠮ ᠠᠬᠤᠢ ᠳᠤ ᠣᠷᠤᠭᠰᠠᠨ ᠮᠠᠳᠤ ᠰᠠᠤᠠᠭᠢᠯ ᠵᠢᠷᠦᠭᠡᠨ ᠳᠤ ᠬᠠᠷ᠎ᠠ ᠭᠦᠰᠢᠭᠡ ᠪᠠᠭᠤᠭᠰᠠᠨ ᠪᠠᠢ᠌ᠨ᠎ᠠ᠃

ᠭᠡᠨᠡᠳᠲᠡ ᠨᠢᠭᠡ ᠮᠡᠳᠡᠭᠦ ᠳᠤ ᠡᠭᠡᠯᠵᠢ ᠶᠢᠨ ᠮᠠᠰᠢᠨ ᠪᠦᠷ ᠴᠤᠪᠣᠵᠤ ᠪᠠᠷᠠᠭᠠᠤᠨ ᠳᠡᠷᠭᠡᠨ ᠥᠷᠳᠡᠭᠡ ᠬᠠᠭᠠᠯᠭ᠎ᠠ ᠪᠠᠨ ᠳᠠᠷᠤᠵᠠᠢ᠃ ᠠᠭᠤᠳᠠᠮ ᠳᠠᠯᠠᠪᠠᠢ ᠳᠡᠭᠡᠷ᠎ᠡ ᠬᠤᠶᠠᠷ ᠥᠵᠡᠯᠭᠡᠴᠢᠨ ᠨᠢ᠋ᠮᠠᠨ ᠭᠦᠯᠢᠯ ᠵᠢᠷᠤᠭᠰᠠᠨ ᠪᠦᠰ ᠶᠢᠡᠨ ᠳᠡᠯᠭᠡᠵᠤ᠂ ᠲ᠋ᠡᠭᠡᠷ᠎ᠡ ᠨᠢ ᠱᠤ᠂ ᠥᠵᠡᠯᠭᠡ ᠶᠢᠨ ᠪᠢᠴᠢᠭ᠌ ᠶᠢᠡᠨ ᠳᠡᠯᠭᠡᠵᠤ ᠰᠠᠭᠤᠨ᠎ᠠ᠃ ᠦᠳᠠᠰᠢ ᠶᠢᠨ ᠨᠠᠷᠠᠨ ᠠᠭᠤᠯᠠᠨ ᠳᠤᠯᠤᠭᠠᠢ ᠰᠢᠭᠦᠷᠴᠤ᠂ ᠬᠤᠯᠡ ᠶᠢᠨ ᠠᠶᠠᠨ ᠤ ᠮᠠᠰᠢᠨ ᠳᠡᠷᠭᠡ ᠨᠢᠭᠡ ᠬᠤᠶᠠᠷ ᠢᠷᠠᠪᠠᠴᠤ ᠥᠷᠳᠡᠭᠡᠨ ᠤ ᠭᠠᠳᠠᠨ᠎ᠠ ᠵᠤᠭᠰᠤᠭᠠᠤᠨ ᠠᠶᠠᠠᠴᠢᠳ ᠶᠢᠡᠨ ᠪᠠᠭᠤᠯᠭᠠᠨ᠎ᠠ᠃ ᠮᠢᠨᠤ ᠰᠠᠤᠠᠭᠢᠯ ᠨᠢᠭᠡᠯᠡ ᠳᠤᠤᠷ᠎ᠠ ᠬᠤᠭᠤᠰᠤᠳᠠᠵᠤ᠂ ᠣᠢ ᠰᠠᠷᠠᠯ ᠊ᠤᠨ 《ᠹᠢᠯᠢᠮ》 ᠲ᠋ᠡᠭᠡᠷᠡᠭᠢ ᠠᠯᠢᠪᠠ ᠥᠩᠭᠡᠷᠡᠯᠳᠡ ᠳᠡᠮᠳᠡᠭᠯᠡᠯ ᠪᠦᠷ ᠠᠷᠴᠢᠭᠳᠠᠭᠰᠠᠨ ᠶᠤᠮᠰᠢᠭ ᠴᠠᠪ ᠴᠡᠪᠠᠷᠭᠡᠨ ᠪᠣᠯᠴᠢᠬᠠᠵᠠᠢ᠃ ᠨᠠᠳᠠ ᠡᠴᠡ ᠭᠡᠳᠤᠨ ᠠᠯᠬᠤᠮ ᠤᠨ ᠴᠠᠭᠠᠨ᠎ᠠ ᠨᠢᠭᠡ ᠭᠤᠶᠤᠯᠭᠠᠴᠢᠨ ᠬᠤᠶᠠᠷ ᠨᠢᠳᠤ ᠨᠢ ᠰᠢᠷᠭᠢᠴᠢᠭ᠍ᠰᠡᠨ ᠭᠠᠷ ᠰᠠᠷᠪᠠᠢ᠌ᠨ ᠭᠤᠶᠤᠵᠤ ᠰᠠᠭᠤᠨ᠎ᠠ᠃ ᠣᠢ᠌ᠮᠤᠰᠤ ᠬᠤᠳᠠᠯᠳᠤᠭᠴᠢ ᠪᠦᠰᠡᠭᠦᠢ ᠠᠷᠰᠠᠷ ᠵᠣᠢ᠌ᠯᠠᠰ ᠶᠢᠡᠨ ᠬᠤᠷᠢᠶᠠᠵᠤ ᠪᠠᠢ᠌ᠭᠰᠠᠨ ᠶᠢᠡᠨ ᠶᠠᠭᠤ ᠪᠣᠳᠤᠭᠰᠠᠨ ᠢ ᠮᠡᠳᠡᠭ᠍ᠰᠡᠨ ᠦᠭᠡᠶ ᠳᠠᠭᠢᠭᠠᠤᠨ ᠪᠣᠴᠠᠭᠠᠨ ᠳᠠᠯᠪᠢᠵᠠᠢ᠃ ᠵᠠᠮ ᠤᠨ ᠭᠦᠮᠤᠨ ᠭᠤᠶᠤᠯᠭᠠᠴᠢᠨ ᠤ ᠬᠠᠳᠠᠭᠰᠠᠨ ᠨᠢᠳᠤ ᠶᠢ ᠭᠢᠯᠤᠪᠭᠢᠨ ᠬᠠᠷᠠᠵᠤ ᠠᠪᠣᠭᠠᠤᠨ ᠬᠤᠯᠠᠭᠤᠷ ᠵᠠᠢ᠌ᠯᠠᠵᠤ ᠭᠠᠷᠤᠨ᠎ᠠ᠃ 《ᠪᠢ ᠪᠠᠰᠠ ᠠᠷᠭ᠎ᠠ ᠪᠠᠨ ᠪᠠᠷᠠᠬᠤ ᠦᠶᠡᠰ ᠡᠨᠡ ᠭᠤᠶᠤᠯᠭᠠᠴᠢᠨ ᠠᠳᠠᠯᠢ ᠪᠣᠳᠠᠭ᠎ᠠ ᠭᠤᠶᠤᠬᠤ ᠳᠡᠭᠡᠷ᠎ᠡ ᠭᠦᠷᠭᠦ ᠭᠡᠵᠢ ᠦᠦ︖》 ᠭᠡᠰᠡᠨ ᠪᠣᠳᠤᠯ ᠳᠠᠷᠢᠭᠢᠨ ᠳᠤ ᠬᠠᠷᠪᠤᠨ ᠣᠷᠤᠵᠤ ᠢᠷᠡᠭᠦ ᠳᠤ᠂ ᠣᠯᠠᠨ ᠭᠦᠮᠤᠨ ᠤ ᠭᠤᠯᠤᠵᠤ ᠵᠢᠭ᠍ᠰᠢᠭ᠍ᠰᠡᠨ᠂ ᠡᠡᠶ‍ᠦᠵᠤ ᠵᠢᠪᠠᠭᠦᠴᠡᠭ᠍ᠰᠡᠨ ᠵᠣᠢ᠌ᠯ ᠵᠢᠰᠤᠮ ᠤᠨ ᠰᠢᠷᠦᠭᠦᠨ ᠬᠠᠷᠠᠴᠠ ᠶᠠᠭ ᠯᠠ ᠦᠳᠦᠨ ᠵᠠᠪᠠ ᠮᠠᠳᠤ ᠳᠦᠷᠪᠡᠨ ᠵᠥᠭ᠌ ᠡᠴᠡ ᠨᠢᠰᠤᠨ ᠢᠷᠠᠵᠤ ᠪᠦᠭᠦ ᠪᠠᠶᠠᠨ ᠳᠤ ᠬᠠᠳᠠᠭᠰᠠᠨ ᠠᠳᠡᠯᠢ 《ᠠᠭᠵᠡᠰ》 ᠭᠢᠯᠭᠡᠵᠤ ᠠᠪᠣᠪᠠ᠃ 《ᠥᠨᠡᠭᠡᠷ ᠳᠠᠢ᠌ᠮᠤ ᠭᠡᠮᠵᠢᠶᠡᠨ ᠳᠤ ᠭᠦᠷᠪᠠᠯ ᠥᠭᠦᠴᠢᠭᠦ ᠦᠭᠡᠶ ᠠᠮᠢᠳᠤᠷᠠᠭᠠᠤᠨ ᠶᠠᠭᠤ ᠪᠠᠨ ᠭᠢᠭᠦ ᠪᠢᠯᠠ︕》 ᠭᠡᠤᠨ ᠳᠤᠤᠷ᠎ᠠ ᠪᠠᠨ ᠵᠠᠵᠢᠭᠤᠷ ᠵᠡᠭᠤᠪᠡ᠃ ᠡᠨᠡ ᠦᠶ᠎ᠡ ᠳᠤ ᠣᠢ᠌ᠮᠤᠰᠤ ᠬᠤᠳᠠᠯᠳᠤᠭᠴᠢ ᠪᠦᠰᠡᠭᠦᠢ ᠪᠣᠯᠤᠨ ᠰᠤᠬᠤᠷ ᠭᠤᠶᠤᠯᠭᠠᠴᠢᠨ ᠬᠤᠶᠠᠷ ᠵᠤᠭᠤᠭᠳᠠᠵᠤ ᠪᠠᠢ᠌ᠨ᠎ᠡ᠃ ᠪᠦᠰᠡᠭᠦᠢ :

《ᠴᠢ ᠨᠢᠭᠡ ᠡᠳᠦᠷ ᠭᠤᠶᠤᠭᠠᠤᠨ ᠭᠡᠳᠦᠢ ᠵᠤᠭᠤᠰ ᠣᠯᠪᠠ︖》 ᠭᠡᠪᠠᠯ :

《ᠨᠢᠭᠡ ᠳᠦᠭᠦᠷᠢᠭ᠌ ᠢᠯᠡᠭᠦᠤ ᠯᠠ᠃ ᠨᠢᠭᠡ ᠭᠡᠰᠡᠭ᠌ ᠳᠡᠯᠬ᠎ᠠ᠂ ᠨᠢᠭᠡ ᠵᠢᠵᠢᠭ᠌ ᠣᠭᠤᠳᠠ ᠳᠠᠪᠣᠰᠤᠳᠠᠢ ᠨᠤᠭᠤᠭ᠎ᠠ ᠠᠪᠴᠤ ᠳᠡᠢ᠌ᠯᠦᠨ᠎ᠡ》 ᠭᠡᠵᠤ ᠭᠤᠶᠤᠯᠭᠠᠴᠢᠨ ᠬᠠᠷᠢᠭᠤᠯᠪᠠ᠃

《ᠳᠠ ᠳᠡᠭᠡᠭᠡᠤᠨ ᠨᠢᠭᠡ ᠡᠳᠦᠷ ᠡᠳᠥᠢᠭᠡᠨ ᠢᠳᠡᠭᠡᠤᠨ ᠥᠯᠦᠰᠭᠦ ᠦᠭᠡᠶ ᠶᠤᠮ ᠦᠦ︖》 ᠭᠡᠵᠤ ᠳᠠᠭᠢᠨ ᠠᠰᠠᠭᠤᠪᠠ᠃

《ᠪᠠᠭ᠎ᠠ ᠢᠳᠠᠪᠠᠯ ᠪᠠᠭ᠎ᠠ ᠭᠦᠳᠡᠯᠭᠡᠭᠡᠨ ᠭᠢᠨ᠎ᠠ᠂ ᠢᠩᠭᠢᠪᠠᠯ ᠥᠯᠦᠰᠭᠦ ᠦᠭᠡᠶ ᠮᠥᠷᠳᠡᠭᠡᠨ ᠵᠤᠷᠯᠤᠩ ᠳᠤ ᠶᠠᠪᠣᠬᠤ ᠶᠢᠨ ᠶᠠᠷᠰᠢᠭ ᠦᠭᠡᠶ ᠪᠤᠯᠤᠨ᠎ᠠ》 ᠭᠡᠵᠡᠢ᠃ ᠥᠢᠮᠦᠰᠤ ᠬᠤᠳᠠᠯᠳᠤᠭᠴᠢ ᠪᠦᠰᠡᠭᠦᠢ ᠰᠤᠨᠤᠰᠤᠭᠠᠤᠨ ᠣᠷᠳᠤᠬᠠᠨ ᠭᠡᠭ᠍ᠴᠢ ᠰᠡᠭᠦᠷᠡᠰᠤ ᠠᠯᠳᠠᠭᠠᠤᠨ :

《ᠴᠢᠮ᠎ᠠ ᠰᠢᠭ ᠰᠤᠬᠤᠷ ᠢ ᠥᠵᠡᠭ᠍ᠰᠡᠨ ᠯᠠ ᠳ᠋ᠡ᠂ ᠪᠦᠷ ᠯᠠ ᠠᠮᠢ ᠪᠠᠨ ᠳᠡᠵᠢᠭᠡᠭᠦ ᠠᠵᠢᠯ ᠣᠯᠤᠭᠠᠤᠨ ᠭᠢᠵᠤ ᠪᠠᠢ᠌ᠨ᠎ᠠ᠂ ᠴᠢᠮ᠎ᠠ ᠰᠢᠭ ᠭᠠᠷ ᠰᠠᠷᠪᠠᠢ᠌ᠭᠠᠤᠨ ᠠᠮᠢᠳᠤᠷᠠᠵᠤ ᠪᠠᠢ᠌ᠬᠤ ᠭᠦᠮᠤᠨ ᠴᠥᠭᠡᠨ ᠡ》 ᠭᠡᠵᠡᠢ᠃ ᠡᠭᠦᠨ ᠳᠤ ᠰᠤᠬᠤᠷ ᠭᠤᠶᠤᠯᠭᠠᠴᠢᠨ ᠴᠢᠷᠠᠢ ᠪᠠᠨ ᠣᠯᠠᠢ᠌ᠯᠭᠠᠨ 《ᠭᠢ ᠭᠢ》 ᠢᠨᠢᠶᠡᠭᠡᠤᠨ :

《ᠭᠦᠮᠤᠨ ᠭᠦᠮᠤᠨ ᠤ ᠴᠢᠳᠠᠯ ᠡᠷᠳᠡᠮ ᠠᠳᠠᠯᠢ ᠦᠭᠡᠶ ᠶᠤᠮ ᠴᠢᠨᠢ᠂ ᠨᠠᠳᠠ ᠡᠴᠡ ᠰᠠᠢ᠌ᠨ ᠪᠠᠶ᠎ᠠ ᠡᠷᠡᠭᠦᠯ ᠮᠠᠬᠠᠪᠣᠤᠨ ᠲᠡᠶ ᠣᠯᠤᠰ ᠬᠤᠯᠠᠭᠠᠢ ᠬᠤᠳᠠᠯ ᠭᠢᠵᠤ᠂ ᠪᠦᠰᠡᠭᠦᠢ ᠪᠠᠭᠠᠴᠤᠤᠯ ᠢ ᠳᠠᠷᠤᠯᠠᠨ ᠮᠥᠩᠭᠦ ᠪᠣᠯᠢᠶᠠᠭᠠᠤᠨ ᠪᠠᠶᠠᠨ ᠳᠠᠩᠰᠤᠭ ᠠᠮᠢᠳᠤᠷᠠᠵᠤ ᠭᠦᠮᠤᠨ ᠪᠠᠢ᠌ᠬᠤ ᠯᠠ ᠳ᠋ᠡ᠃ ᠭᠡᠳᠡᠯ᠎ᠡ ᠪᠢ ᠳᠡᠭᠡᠭᠦ ᠦᠭᠡᠶ᠂ ᠭᠦᠮᠦᠰ ᠤᠨ ᠥᠭ᠍‍ᠭᠢᠶᠡᠮᠦᠷᠴᠢ ᠰᠠᠤᠠᠭᠢᠯ ᠳᠤ ᠲᠦᠰᠢᠵᠤ ᠪᠠᠭ᠎ᠠ ᠰᠠᠭ᠎ᠠ ᠣᠯᠤᠭᠠᠤᠨ ᠠᠮᠢ ᠪᠠᠨ ᠳᠦᠩᠭᠡᠪᠠᠯ ᠪᠤᠯᠴᠢᠬᠠᠨ᠎ᠡ᠃ ᠭᠦᠮᠤᠨ ᠭᠡᠳᠡᠭ᠌ ᠠᠮᠢᠳᠠᠨ ᠠᠮᠢᠳᠤ ᠰᠡᠷᠢᠭᠦᠨ ᠦᠶ᠎ᠡ ᠳᠡᠭᠡᠨ ᠨᠠᠷ᠎ᠠ ᠠᠰᠢᠭ ᠭᠡᠤᠨ ᠭᠦᠵᠦᠭᠦᠤ ᠰᠤᠩᠭ᠋ᠠᠨ ᠥᠭᠦᠯᠳᠡᠵᠤ᠂ ᠬᠤᠭᠰᠢᠯ ᠠᠷᠪᠢᠨ ᠨᠢ ᠬᠤᠯᠠᠭᠠᠢ ᠳᠤ ᠠᠯᠳᠠᠬᠤ ᠡᠴᠡ ᠪᠠᠨ ᠡᠮᠢᠶᠡᠵᠤ᠂ ᠭᠦᠷᠦᠩᠭᠡ ᠪᠠᠭᠠᠳᠠᠢ ᠨᠢ ᠬᠤᠷᠮᠤᠢ ᠳᠦᠭᠦᠷᠡᠭᠦ ᠦᠭᠡᠶ ᠡᠴᠡ ᠵᠤᠪᠠᠭᠠᠤᠨ ᠨᠢᠭᠡ ᠴᠠᠭ ᠴᠤ ᠠᠮᠤᠷ ᠵᠢᠮᠤᠷ ᠣᠯᠵᠤ ᠠᠮᠢᠳᠤᠷᠠᠳᠠᠭ ᠦᠭᠡᠶ᠃ ᠲ᠋ᠡᠭᠡᠭᠦ ᠳᠤ ᠨᠠᠳᠠᠳᠤ ᠬᠤᠯᠠᠭᠠᠢ ᠳᠡᠭᠡᠷᠡᠮ ᠤᠨ ᠠᠶᠤᠯ ᠦᠭᠡᠶ᠂ ᠬᠤᠭᠰᠢᠯ ᠮᠥᠩᠭᠦᠨ ᠤ ᠰᠢᠨᠠᠯᠭᠠᠯ ᠦᠭᠡᠶ ᠶ‍ᠢᠷᠳᠢᠠᠴᠤ ᠶᠢᠨ ᠭᠦᠮᠤᠨ ᠲᠡᠶ ᠠᠳᠠᠯᠢ ᠪᠠᠷ ᠡᠭᠡ ᠪᠠᠢ᠌ᠭᠠᠯᠢ ᠶᠢᠨ ᠨᠠᠷᠠ ᠬᠤᠷ᠎ᠠ ᠶᠢ ᠭᠦᠷᠳᠡᠵᠤ ᠰᠠᠤᠠᠭᠢᠯ ᠰᠠᠨᠠᠭ᠎ᠠ ᠲᠦᠪᠰᠢᠨ ᠠᠮᠤᠷᠯᠢᠩᠭ᠋ᠤᠢ ᠵᠢᠷᠭᠠᠵᠤ ᠰᠡᠭᠤᠨ᠎ᠡ᠂ ᠡᠭᠦᠨ ᠡᠴᠡ ᠢᠯᠡᠭᠦᠤ ᠵᠤᠯ ᠵᠢᠷᠭᠠᠯ ᠭᠡᠵᠤ ᠬᠠᠮᠢᠭ᠎ᠠ ᠪᠠᠢ᠌ᠳᠠᠭ ᠪᠣᠢ︖》 ᠭᠡᠵᠤ ᠳᠠᠢ᠌ᠪᠣᠭᠤᠬᠠᠨ ᠶᠠᠷᠢᠵᠠᠢ᠃ ᠣᠢ᠌ᠮᠤᠰᠤ ᠬᠤᠳᠠᠯᠳᠤᠭᠴᠢ ᠪᠦᠰᠡᠭᠦᠢ ᠡᠭᠦᠨ ᠢ ᠰᠤᠨᠤᠰᠤᠭᠠᠤᠨ ᠭᠡᠰᠡᠭ᠌ ᠮᠡᠭᠡᠢ᠌ᠷᠡᠵᠤ ᠠᠪᠣᠭᠰᠠᠨ ᠶᠢᠡᠨ ᠠᠷᠰᠠᠷ ᠶᠠᠭᠤᠮ᠎ᠠ ᠪᠠᠨ ᠪᠠᠭᠴᠠᠯᠠᠵᠤ ᠠᠪᠣᠮᠠᠭᠴᠠ ᠭᠦᠮᠤᠨ ᠤ ᠣᠷᠤᠰᠬᠠᠯ ᠳᠤ ᠣᠷᠤᠭᠠᠤᠨ ᠠᠯᠠᠭ᠎ᠠ ᠪᠣᠯᠪᠠ᠃

ᠨᠢᠭᠡᠭᠡᠨ ᠥᠭᠡ ᠪᠠᠷ ᠪᠦᠭᠯᠡᠭ᠍ᠳᠡᠭ᠍ᠰᠡᠨ ᠢ ᠤᠩᠭ᠋ᠥᠢ᠌ᠯᠭᠠᠵᠤ᠂ ᠨᠢᠵᠢᠭᠢᠨᠡᠭ᠍ᠰᠡᠨ ᠠᠶᠤᠩᠭ᠋᠎ᠠ ᠪᠠᠷ ᠪᠦᠭᠡᠮ ᠡᠭᠦᠯᠡᠰ ᠢ ᠵᠥᠰᠦᠭᠦ ᠠᠳᠠᠯᠢ ᠨᠠᠮᠢ᠋ᠢ ᠠᠶᠤᠮᠰᠢᠭᠳᠤ ᠵᠡᠭᠦᠳᠤᠨ ᠡᠴᠡ ᠳᠠᠭᠤᠳᠠᠵᠤ ᠰᠡᠷᠢᠭᠡᠯ᠎ᠡ᠃ ᠭᠤᠶ‍ᠦᠯᠭᠠᠴᠢᠨ ᠭᠡᠳᠥᠢ᠌ᠪᠠᠷ ᠬᠤᠶᠠᠷ ᠨᠢᠳᠤ ᠳᠠᠭ ᠰᠤᠬᠤᠷ ᠪᠠᠢ᠌ᠯ᠎ᠠ ᠴᠤ ᠶ‍ᠢᠷᠳᠢᠠᠴᠤ ᠶᠢᠨ ᠭᠦᠮᠤᠨ ᠤ ᠥᠵᠡᠭᠦ ᠶᠠᠭᠤᠮ᠎ᠠ ᠶᠢ ᠠᠳᠠᠯᠢᠬᠠᠨ ᠦᠵᠡᠵᠤ ᠴᠢᠳᠠᠳᠠᠭ ᠶᠢᠡᠷ ᠪᠠᠷᠠᠬᠤ ᠦᠭᠡᠶ᠂ ᠶ‍ᠢᠷᠳᠢᠠᠴᠤ ᠶᠢᠨ ᠭᠦᠮᠤᠨ ᠤ ᠣᠯᠵᠤ ᠥᠵᠡᠭᠦ ᠦᠭᠡᠶ ᠶᠠᠭᠤᠮ᠎ᠠ ᠶᠢ ᠴᠤ ᠣᠯᠤᠭᠠᠤᠨ ᠥᠵᠡᠴᠢᠭᠡᠳᠡᠭ᠌ ᠰᠢᠳᠢᠳᠠᠢ ᠭᠦᠮᠤᠨ ᠪᠠᠢ᠌ᠵᠠᠢ᠃ ᠵᠤᠭᠤᠰ ᠮᠥᠩᠭᠦ ᠥᠨᠡ᠊ᠨᠳᠡᠭᠡᠨ ᠶᠠᠭᠤ ᠯᠠ ᠪᠠᠢ᠌ᠬᠤᠪ᠂ ᠭᠡᠰᠡᠭ᠌ ᠡᠷᠢᠶᠡᠨ ᠴᠠᠭᠠᠰᠤ ᠳᠡᠳᠦᠢ᠃ ᠡᠨᠡ ᠶᠠᠭᠤᠮ᠎ᠠ ᠭᠡᠳᠦᠢ ᠠᠷᠪᠢᠨ ᠪᠠᠢ᠌ᠯ᠎ᠠ ᠴᠤ ᠠᠮᠤᠷᠯᠢᠩᠭ᠋ᠤᠢ ᠳᠤᠭᠳᠠᠭᠤᠨ ᠠᠮᠢᠳᠤᠷᠠᠯ ᠤᠨ ᠣᠷᠴᠢᠨ ᠠᠬᠤᠢ᠂ ᠭᠦᠭ᠍ᠰᠡᠭᠦᠤ ᠷᠤᠮᠠᠠᠲ᠋ᠢᠭ ᠣᠶᠤᠨ ᠤ ᠶ‍ᠢᠷᠳᠢᠠᠴᠤ ᠶᠢ ᠬᠤᠳᠠᠯᠳᠤᠨ ᠠᠪᠴᠢᠷᠠᠵᠤ ᠴᠢᠳᠠᠬᠤ ᠦᠭᠡᠶ ᠪᠦᠭᠡᠤᠨ᠂ ᠥᠭᠦᠭ᠍ᠰᠡᠨ ᠤ ᠬᠣᠢ᠌ᠨ᠎ᠠ ᠠᠯᠳᠠᠨ ᠬᠠᠢ᠌ᠷᠴᠠᠭ ᠲᠤ ᠰᠠᠪᠠᠯᠠᠯ᠎ᠠ ᠴᠤ ᠭᠡᠭᠦᠷ ᠶᠢᠡᠨ ᠡᠵᠡᠭᠦᠢ ᠬᠠᠶᠠᠭᠰᠠᠨ ᠲᠡᠶ ᠵᠦᠷᠢᠶᠠᠨ ᠲᠡᠶ ᠭᠠᠵᠠᠷ ᠪᠠᠢ᠌ᠬᠤ ᠦᠭᠡᠶ᠃ ᠨᠠᠳᠠᠳᠤ ᠠᠨᠢᠭᠠᠷ ᠴᠤ ᠭᠡᠰᠡᠨ ᠶᠠᠭᠤᠮ᠎ᠠ ᠶᠢ ᠳᠤᠳᠤ ᠬᠠᠷᠠᠬᠤ ᠬᠤᠶᠠᠷ ᠨᠢᠳᠤ ᠪᠣᠢ᠃ ᠪᠠᠷᠰᠠᠭᠠᠷ ᠴᠤ ᠭᠡᠰᠡᠨ ᠪᠠᠵᠠᠬᠤ ᠳᠠᠭᠠᠨ ᠴᠢᠩᠭ᠋᠎ᠠ ᠬᠤᠤᠰ ᠭᠠᠷ ᠪᠠᠢ᠌ᠬᠤ ᠳᠤᠯᠠ ᠭᠦᠴᠤ ᠭᠦᠯᠦᠰᠤ ᠪᠠᠨ ᠵᠠᠷᠤᠴᠠᠭᠤᠯᠳᠠᠭ ᠯᠠ ᠪᠣᠯ ᠶᠠᠮᠠᠷᠪᠠ ᠥᠷᠳᠡᠭ᠌ ᠢ ᠴᠤ ᠪᠦᠷ ᠡᠭᠦᠳᠤᠨ ᠪᠦᠳᠦᠭᠡᠵᠤ ᠴᠢᠳᠠᠨ᠎ᠠ᠃ ᠵᠤᠭᠤᠰ ᠮᠥᠩᠭᠦ ᠴᠤᠭᠯᠠᠭᠤᠯᠬᠤ ᠨᠢ ᠨᠢᠭᠡ ᠭᠦᠮᠤᠨ ᠤ ᠪᠦᠭᠦᠢᠯᠡ ᠠᠮᠢᠳᠤᠷᠠᠯ ᠤᠨ ᠠᠶᠠᠨ ᠤ ᠡᠴᠦᠰ ᠤᠨ ᠭᠦᠭᠡᠭᠡᠴᠡᠯᠳᠦᠯ ᠪᠢᠰᠢ᠂ ᠬᠠᠷᠢᠨ ᠠᠵᠢᠯ ᠣᠢ᠌ᠯᠠᠰ ᠤᠨ ᠵᠢᠦᠡᠭᠦᠯ ᠳᠠᠮᠠᠤᠯᠠᠯ ᠤᠨ ᠳᠤᠮᠳᠠ ᠡᠴᠡ ᠠᠮᠢ ᠨᠠᠰᠤᠨ ᠤ ᠣᠤᠠᠬ᠎ᠠ ᠠᠭᠤᠯᠭ᠎ᠠ ᠶᠢ ᠣᠢ᠌ᠯᠠᠭᠠᠵᠤ᠂ ᠣᠶᠤᠨ ᠰᠠᠨᠠᠭᠠᠨ ᠤ ᠭᠦᠰᠡᠯ ᠭᠦᠭᠡᠭᠡᠴᠡᠯᠳᠦᠯ ᠳᠡᠭᠦᠯᠳᠡᠷᠵᠢᠭᠦ ᠬᠠᠪᠣ ᠴᠡᠩᠭᠡᠯ ᠢ ᠡᠳᠡᠯᠡᠭᠦ ᠶᠠᠪᠣᠳᠠᠯ ᠪᠣᠯᠤᠨ᠎ᠠ᠃

ᠢᠩᠭᠢᠭᠡᠤᠨ ᠪᠢ ᠰᠡᠭᠡᠭᠡᠷᠡᠪᠡ᠃ ᠮᠤᠷᠥᠢ᠌ᠵᠤ ᠪᠠᠢ᠌ᠭᠰᠠᠨ ᠨᠢᠷᠤᠭᠤ ᠵᠢᠭᠢᠵᠤ ᠡᠭᠦᠯᠡᠰᠢᠵᠤ ᠪᠠᠢ᠌ᠭᠰᠠᠨ ᠴᠢᠷᠠᠢ ᠳᠤᠩᠭ᠋ᠠᠯᠠᠭᠰᠢᠭᠠᠤᠨ ᠠᠰ ᠤᠨ ᠪᠠᠶ᠎ᠠ ᠮᠢᠨᠢ ᠰᠢᠨ᠎ᠠ ᠠᠮᠢᠯᠠᠯ ᠶᠢᠡᠨ ᠣᠯᠤᠭᠰᠠᠨ ᠰᠢᠭ ᠪᠤᠯᠪᠠ᠃ ᠢᠩᠭᠢᠭᠡᠤᠨ ᠪᠢ ᠴᠢᠨᠢ ᠭᠡᠳᠥᠢᠴᠢᠨᠡᠨ ᠮᠥᠩᠭᠦ ᠬᠤᠠᠵᠢᠭᠰᠠᠨ ᠠᠳᠠᠯᠢ ᠪᠠᠶᠠᠷ ᠭᠦᠷ ᠲᠡᠶ ᠪᠠᠷ ᠰᠤᠬᠤᠷ ᠭᠤᠶᠤᠯᠭᠠᠴᠢᠨ ᠳᠤ ᠭᠡᠳᠤᠨ ᠵᠤᠭᠤᠰ ᠬᠠᠶᠠᠵᠤ ᠦᠭ‍ᠭᠦᠭᠡᠤᠨ ᠳᠦᠷᠢᠶᠠᠰᠤᠨ ᠮᠠᠰᠢᠨ ᠳᠠᠭᠤᠳᠠᠨ ᠪᠣᠴᠠᠬᠤ ᠵᠠᠮ ᠶᠢᠡᠨ ᠡᠯᠭᠦᠵᠤ ᠪᠢᠯᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6781
ᠴᠠᠭ᠄ 2009 ᠤᠨ ᠤ 04 ᠰᠠᠷ᠎ᠠ ᠶᠢᠨ 29