ᠵᠢᠷᠭᠤᠳᠤᠭᠠᠷ ᠪᠦᠯᠦᠭ ᠂ ᠰᠤᠶᠤᠯ ᠠᠬᠤᠢ ᠶᠢᠨ ᠵᠤᠬᠢᠴᠠᠯ
ᠲᠠᠪᠤᠳᠤᠭᠠᠷ ᠬᠡᠰᠡᠭ ᠂ ᠦᠷᠦᠨᠡᠳᠠᠬᠢᠨ ᠢ ᠦᠢᠮᠡᠭᠦᠯᠦᠭᠰᠡᠨ ᠲᠤᠬᠤᠭᠤ

ᠰᠠᠯᠠᠩ ᠵᠠᠳᠠᠭᠠᠢ ᠶᠠᠪᠣᠭᠰᠠᠨ ᠭᠦᠮᠤᠨ ᠨᠠᠰᠤᠨ ᠳᠠᠭᠠᠨ ᠶᠠᠭᠤᠮ᠎ᠠ ᠪᠦᠳᠦᠭᠡᠵᠤ ᠴᠢᠳᠠᠬᠤ ᠦᠭᠡᠶ᠃


᠊᠊᠊᠊᠊᠊᠊᠊᠊᠊᠊᠊᠊᠊᠊᠊᠊᠊᠊᠊᠊᠊᠊ ᠭᠧᠲ᠋ᠧ


ᠪᠧᠷᠢᠨ᠋ᠭ᠍ᠧ ᠫᠷᠤᠹᠧᠰᠰᠤᠷ ᠪᠣᠯ ᠭᠧᠷᠮᠡᠨ ᠤ ᠸᠢᠷᠢᠰᠪᠣ ᠶᠡᠭᠡ ᠰᠤᠷᠭᠠᠭᠤᠯᠢ ᠶᠢᠨ ᠨᠠᠷᠠᠳᠤ ᠡᠷᠳᠡᠮᠳᠡᠨ ᠪᠣᠯᠤᠨ᠎ᠠ᠃ ᠳᠠᠷᠠ ᠠᠮᠢᠳᠠᠨ ᠤ ᠴᠢᠯᠠᠭᠤᠵᠢᠮᠠᠯ ᠪᠠ ᠬᠠᠳᠠᠨ ᠵᠢᠷᠤᠭ ᠰᠤᠳᠤᠯᠬᠤ ᠳᠤᠷᠠᠳᠠᠢ ᠪᠦᠭᠡᠤᠨ᠂ ᠠᠮᠢᠳᠠᠨ ᠣᠷᠭᠤᠮᠠᠯ ᠭᠦᠷᠦᠰᠤᠨ ᠳᠤᠤᠷ᠎ᠠ ᠪᠣᠯᠠᠭᠳᠠᠭᠠᠤᠨ ᠣᠨ ᠣᠳᠠᠪᠠᠯ ᠴᠢᠯᠠᠭᠤᠵᠢᠮᠠᠯ ᠪᠣᠯᠤᠨ᠎ᠠ ᠭᠡᠰᠡᠨ ᠦᠵᠡᠯᠳᠠ ᠶᠢ ᠡᠷᠡᠰ ᠡᠰᠡᠷᠭᠦᠴᠡᠵᠤ᠂ ᠬᠤᠪᠢᠯᠭᠠᠨ ᠰᠠᠭᠢᠭᠤᠯᠰᠤᠨ ᠨᠡᠷ ᠬᠠᠶᠠ ᠣᠷᠮᠠᠰ ᠭᠦᠳᠡᠯᠭᠦ ᠪᠠᠷ ᠬᠠᠳᠠ ᠴᠢᠯᠠᠭᠤᠨ ᠳᠤ ᠰᠡᠢ᠌ᠯᠦᠭᠡᠤᠨ ᠬᠠᠶᠠᠭᠰᠠᠨ ᠶᠠᠭᠤᠮ᠎ᠠ ᠭᠡᠵᠤ ᠦᠯᠢᠶᠠᠨ ᠭᠦᠭᠡᠷᠭᠡᠳᠡᠳᠡᠭ᠌ ᠪᠠᠢ᠌ᠵᠠᠢ᠃ ᠳᠠᠷᠠ ᠪᠠᠰᠠ ᠣᠮᠤᠷᠬᠠᠭ ᠶᠡᠭᠡᠷᠭᠡᠭ᠌ ᠠᠭᠠᠰᠢ ᠲᠡᠶ᠂ ᠦᠪᠡᠷ ᠤᠨ ᠪᠣᠳᠤᠭᠰᠠᠨ ᠶᠢᠡᠨ ᠵᠦᠪ ᠭᠡᠵᠤ ᠮᠤᠵᠢᠭᠤᠤᠠᠯᠠᠨ ᠵᠢᠦᠡᠭᠦᠳᠡᠭ᠌ ᠵᠥᠷᠢᠭᠦᠤᠨ ᠵᠠᠩ ᠲᠡᠶ ᠭᠦᠮᠤᠨ ᠪᠢᠯᠠ᠃ ᠳᠠᠷᠠ ᠦᠪᠡᠷ ᠤᠨ ᠦᠵᠡᠯᠳᠠ ᠪᠠᠨ ᠨᠤᠳᠠᠯᠠᠬᠤ ᠶᠢᠨ ᠳᠦᠯᠦᠭᠡ ᠭᠤᠷᠪᠠᠨ ᠵᠠᠯᠠᠭᠤ ᠭᠦᠯᠦᠰᠦᠯᠡᠵᠤ᠂ ᠣᠢ᠌ᠷ᠎ᠠ ᠣᠷᠴᠢᠮ ᠤᠨ ᠬᠠᠳᠠᠨ ᠠᠭᠤᠢ ᠡᠴᠡ ᠴᠢᠯᠠᠭᠤᠵᠢᠮᠠᠯ ᠮᠠᠯᠳᠠᠭᠤᠯᠵᠠᠢ᠃ ᠠᠪᠴᠢᠷᠠᠭᠰᠠᠨ ᠴᠢᠯᠠᠭᠤᠵᠢᠮᠠᠯ ᠢ ᠬᠠᠯᠳᠤ ᠰᠢᠷᠪᠢᠮᠡᠭ᠍ᠴᠡ ᠨᠢᠭᠡ ᠳᠠᠯ᠎ᠠ ᠳ᠋ᠤᠨᠢ ᠬᠠᠶᠠᠵᠤ᠂ ᠦᠪᠡᠷ ᠤᠨ ᠪᠣᠳᠤᠯ ᠶᠢᠡᠷ ᠶᠢᠡᠨ ᠨᠢᠭᠡ ᠶᠠᠭᠤᠮ᠎ᠠ ᠪᠢᠴᠢᠨ᠎ᠠ᠃ ᠳᠡᠭᠡᠭᠦ ᠳᠤ ᠭᠤᠶᠤ ᠰᠠᠢ᠌ᠬᠠᠨ ᠵᠢᠷᠤᠭ ᠲᠡᠶ ᠬᠠᠳᠠ ᠯᠠ ᠶᠤᠮ ᠪᠣᠯ ᠡᠷᠭᠢᠮᠨᠡᠨ ᠨᠠᠠᠳᠢᠩᠨᠠᠵᠤ᠂ ᠭᠡᠳᠤᠨ ᠳᠠᠯ᠎ᠠ ᠡᠴᠡ ᠨᠢ ᠵᠢᠷᠤᠭ ᠠᠪᠴᠤ ᠰᠡᠭᠦᠳᠡᠷᠯᠡᠭᠦ ᠡᠴᠡ ᠪᠢᠰᠢ᠂ ᠠᠲ᠋ᠤᠮ ᠤᠨ ᠪᠦᠳᠦᠴᠡ ᠠᠷᠭᠢᠯᠤᠭᠢ ᠶᠢᠨ ᠰᠤᠳᠤᠯᠤᠯ ᠭᠡᠵᠤ ᠭᠢᠳᠡᠭ᠌ ᠦᠭᠡᠶ ᠪᠠᠢ᠌ᠯ᠎ᠠ᠃ ᠦᠨᠦ ᠭᠤᠷᠪᠠᠨ ᠵᠠᠯᠠᠭᠤ ᠶᠢᠨ ᠮᠠᠯᠳᠠᠵᠤ ᠠᠪᠴᠢᠷᠠᠭᠰᠠᠨ ᠶᠠᠭᠤᠮᠠᠰ ᠴᠤ ᠶᠠᠭ ᠯᠠ ᠪᠧᠷᠢᠨ᠋ᠭ᠍ᠧ ᠶᠢᠨ ᠣᠨᠤᠯ ᠢ ᠪᠠᠳᠤᠯᠠᠬᠤ ᠭᠡᠰᠡᠨ ᠰᠢᠭ᠌ ᠣᠷᠠᠯᠢᠭ ᠨᠠᠷᠢᠯᠢᠭ ᠰᠠᠢ᠌ᠯᠤᠭᠰᠠᠨ ᠠᠮᠢᠳᠠᠨ ᠣᠷᠭᠤᠮᠠᠯ ᠤᠨ ᠵᠢᠷᠤᠭ ᠪᠠᠢ᠌ᠬᠤ ᠡᠴᠡ ᠭᠠᠳᠠᠨ᠎ᠠ᠂ ᠨᠠᠷᠠ ᠰᠠᠷᠠ ᠣᠳᠤᠨ ᠭᠠᠷᠢᠭ ᠤᠨ ᠪᠠᠢ᠌ᠷᠢᠰᠢᠯ᠂ ᠳᠤᠭᠤᠷᠢᠯᠳᠠ ᠶᠢᠨ ᠵᠠᠮ ᠵᠡᠷᠭᠡ ᠶᠢ ᠵᠢᠷᠤᠭᠰᠠᠨ ᠳᠡᠦᠭᠡᠨ ᠳᠤ ᠦᠭᠡᠶ ᠢᠯᠡᠷᠡᠭᠦᠯᠦᠯᠳᠡ ᠪᠠᠢ᠌ᠬᠤ ᠮᠥᠷᠳᠡᠭᠡᠨ ᠯᠠᠲ᠋ᠢᠨ ᠥᠰᠦᠭ᠌᠂ ᠠᠷᠠᠪ ᠥᠰᠦᠭ᠌᠂ ᠰᠢᠪᠷᠠᠢ ᠥᠰᠦᠭ᠌ ᠶᠢᠡᠷ ᠪᠢᠴᠢᠭ᠍ᠰᠡᠨ 《ᠢᠰᠦ᠋ᠰ》 ᠭᠡᠰᠡᠨ ᠥᠰᠦᠭ᠌ ᠰᠡᠢ᠌ᠯᠦᠭᠡᠰᠦᠳᠡᠢ ᠪᠠᠢ᠌ᠭᠰᠠᠨ ᠨᠢ ᠪᠧᠷᠢᠨ᠋ᠭ᠍ᠧ ᠶᠢ ᠬᠠᠭ᠎ᠠ ᠪᠠᠶᠠᠷᠯᠠᠭᠤᠯᠵᠠᠢ᠃ ᠡᠨᠡ ᠣᠯᠳᠠᠭᠰᠠᠨ ᠬᠤᠶᠠᠷ ᠮᠢᠩᠭ᠋᠎ᠠ ᠢᠯᠡᠭᠦᠤ ᠭᠡᠰᠡᠭ᠌ ᠴᠢᠯᠠᠭᠤᠨ ᠳᠤᠳᠤᠷ᠎ᠠ ᠣᠢ᠌ᠷ᠎ᠠ ᠶᠢᠨ ᠮᠢᠩᠭ᠋ᠠᠨ ᠭᠠᠵᠠᠷ ᠲᠤ ᠭᠠᠷᠳᠠᠭ ᠦᠭᠡᠶ ᠴᠠᠭᠠᠨ ᠭᠠᠠᠳᠢᠭ ᠴᠢᠯᠠᠭᠤ ᠪᠠᠢ᠌ᠭᠰᠠᠨ ᠪᠣᠯᠪᠠᠴᠤ᠂ ᠰᠠᠯᠠᠩ ᠵᠠᠩ ᠲᠡᠶ ᠪᠧᠷᠢᠨ᠋ᠭ᠍ᠧ ᠫᠷᠤᠹᠧᠰᠰᠤᠷ ᠣᠭᠳᠤ ᠠᠩᠬᠠᠷᠤᠭᠰᠠᠨ ᠦᠭᠡᠶ ᠥᠩᠭᠡᠷᠡᠵᠡᠢ᠃ ᠳᠠᠷᠠ ᠡᠳᠡᠭᠡᠷ ᠴᠢᠯᠠᠭᠤᠳ ᠢ ᠦᠨᠳᠦᠰᠦᠯᠠᠵᠤ ᠪᠠᠢ᠌ᠭᠠᠤᠨ 《ᠰᠠᠭᠢᠭᠤᠯᠰᠤᠨ ᠤ ᠪᠦᠳᠦᠭᠡᠯ》 ᠭᠡᠭᠦ ᠭᠤᠶᠤ ᠬᠠᠪᠢᠰᠤᠳᠠᠢ ᠵᠢᠷᠤᠭ ᠰᠡᠭᠦᠳᠡᠷ ᠶᠢᠡᠷ ᠭᠤᠤᠯᠳᠠᠭᠤᠯᠤᠭᠰᠠᠨ ᠳᠠᠪᠳᠠᠷ ᠭᠡᠪᠯᠡᠭᠦᠯᠦᠭᠡᠤᠨ ᠪᠦᠭᠦᠢ᠌ᠯᠡ ᠧᠦᠷᠦᠫᠡ ᠳᠢᠪ ᠤᠨ ᠡᠷᠳᠡᠮ ᠰᠢᠡᠵᠢᠯᠡᠭᠡᠨ ᠤ ᠳᠠᠪᠴᠠᠩ ᠢ ᠳᠤᠩᠰᠤᠯᠭᠠᠭᠰᠠᠨ ᠪᠠᠢ᠌ᠨ᠎ᠠ᠃

ᠡᠨᠡ ᠳᠠᠪᠳᠠᠷ ᠳᠠᠷᠬᠠᠭᠳᠠᠭᠠᠤᠨ ᠳᠠᠮᠠᠢ ᠣᠳᠠᠭᠰᠠᠨ ᠦᠭᠡᠶ᠂ ᠦᠨᠦ ᠭᠤᠷᠪᠠᠨ ᠵᠠᠯᠠᠭᠤ ᠶᠢᠨ ᠮᠠᠯᠳᠠᠵᠤ ᠠᠪᠴᠢᠷᠠᠭᠰᠠᠨ ᠴᠢᠯᠠᠭᠤᠨ ᠳᠤᠳᠤᠷ᠎ᠠ 《ᠪᠧᠷᠢᠨ᠋ᠭ᠍ᠧ ᠪᠣᠯ ᠢᠰᠦ᠋ᠰ ᠤᠨ ᠭᠦᠤ ᠮᠦᠨ》 ᠭᠡᠰᠡᠨ ᠯᠠᠲ᠋ᠢᠨ ᠥᠰᠦᠭ᠌ ᠲᠡᠶ ᠴᠢᠯᠠᠭᠤ ᠢᠯᠡᠷᠡᠭ᠍ᠰᠡᠨ ᠳᠤ᠂ ᠪᠧᠷᠢᠨ᠋ᠭ᠍ᠧ ᠶᠡᠭᠡᠳᠡ ᠰᠤᠴᠢᠵᠤ ᠦᠪᠡᠷ ᠤᠨ ᠮᠡᠭᠡᠯᠡᠭ᠍ᠳᠡᠭ᠍ᠰᠡᠨ ᠶᠢᠡᠨ ᠰᠠ‍‌ᠶᠢ ᠮᠠᠳᠠᠵᠠᠢ᠃ ᠴᠠᠭᠳᠠᠭᠠᠨ ᠤ ᠭᠢᠨ ᠤ ᠮᠦᠷᠳᠠᠵᠤ ᠪᠠᠢ᠌ᠴᠠᠭᠠᠭᠰᠠᠨ ᠳ᠋ᠦ᠋ᠩ ᠳᠤ᠂ ᠪᠧᠷᠢᠨ᠋ᠭ᠍ᠧ ᠲᠡᠶ ᠬᠠᠮᠳᠤ ᠠᠵᠢᠯᠯᠠᠵᠤ ᠪᠠᠢ᠌ᠭ᠎ᠠ ᠯᠦᠳᠠᠯᠢᠺ ᠫᠷᠤᠹᠧᠰᠰᠤᠷ᠂ ᠪᠧᠷᠢᠨ᠋ᠭ᠍ᠧ ᠶᠢᠨ ᠰᠠᠤᠠᠭᠢᠯᠴᠢ ᠦᠵᠡᠯ ᠤᠨ ᠣᠨᠤᠯ ᠢ ᠡᠷᠡᠰ ᠡᠰᠡᠷᠭᠦᠴᠡᠵᠤ᠂ ᠪᠠᠷᠳᠠᠮ ᠰᠠᠭᠰᠠᠭᠤ ᠵᠠᠩ ᠢ ᠨᠢ ᠦᠵᠡᠨ ᠶᠠᠳᠠᠳᠠᠭ ᠪᠣᠯᠬᠤᠷ ᠨᠤᠮ ᠤᠨ ᠰᠠᠩ ᠤᠨ ᠬᠠᠮᠢᠶᠠᠷᠤᠭᠴᠢ ᠠᠢ᠌ᠺᠧᡁᠢᠳᠠᠷ ᠲᠡᠶ ᠬᠠᠮᠰᠠᠨ ᠬᠠᠭᠤᠷᠮᠠᠭ ᠬᠠᠳᠠᠨ ᠵᠢᠷᠤᠭ ᠰᠡᠢ᠌ᠯᠦᠭᠡᠤᠨ᠂ ᠪᠧᠷᠢᠨ᠋ᠭ᠍ᠧ ᠶᠢᠨ ᠭᠦᠯᠦᠰᠦᠯᠦᠭ᠍ᠰᠡᠨ ᠭᠤᠷᠪᠠᠨ ᠭᠦᠮᠤᠨ ᠤ ᠨᠢᠭᠡ ᠶᠢ ᠨᠢ ᠵᠤᠭᠤᠰ ᠶᠢᠡᠷ ᠬᠤᠳᠠᠯᠳᠤᠵᠤ ᠠᠪᠣᠭᠠᠤᠨ ᠵᠤᠬᠢᠶᠠᠮᠠᠯ ᠬᠠᠳᠠᠨ ᠵᠢᠷᠤᠭ ᠪᠣᠯᠠᠭᠰᠠᠨ ᠭᠠᠵᠠᠷ ᠶᠢᠡᠨ ᠳᠠᠭᠠᠭᠤᠯᠵᠤ ᠠᠪᠠᠴᠢᠳᠠᠭ ᠪᠣᠯᠬᠤᠷ ᠡᠨᠡ ᠳᠤᠭᠯᠠᠭᠠᠮ ᠢ ᠥ ᠰᠠᠪ ᠦᠭᠡᠶ ᠥᠢᠯᠡᠳᠦᠭ᠍ᠰᠡᠨ ᠪᠠᠢ᠌ᠵᠠᠢ᠃ ᠯᠦᠳᠠᠯᠢᠺ ᠨᠡᠷ ᠤᠨ ᠣᠭ ᠰᠠᠨᠠᠭ᠎ᠠ ᠴᠤ ᠪᠧᠷᠢᠨ᠋ᠭ᠍ᠧ ᠶᠢᠨ ᠣᠮᠤᠷᠬᠠᠭ ᠰᠠᠭᠰᠠᠭᠤ ᠵᠠᠩ ᠢ ᠭᠤᠯᠤᠵᠤ᠂ ᠡᠷᠳᠡᠮ ᠰᠢᠡᠵᠢᠯᠭᠡᠨ ᠤ ᠠᠵᠢᠯ ᠳᠤ ᠰᠠᠯᠠᠩ ᠵᠠᠳᠠᠭᠠᠢ ᠬᠠᠠᠳᠤᠳᠠᠭ ᠣᠪᠣᠷ ᠶᠢᠡᠷ ᠨᠢ ᠨᠠᠭᠠᠳᠤᠮ ᠳᠤᠬᠤᠭᠤ ᠭᠢᠭᠦ ᠭᠡᠰᠡᠨ ᠳᠤᠯᠠ ᠵᠥᠪᠭᠡᠨ ᠵᠢᠮᠡᠯᠠᠯ ᠭᠦᠷᠳᠡᠭᠡᠤᠨ ᠯᠠ ᠥᠩᠭᠡᠷᠡᠵᠤ᠂ ᠰᠢᠡᠵᠢᠯᠡᠭᠦ ᠣᠬᠠᠭᠠᠨ ᠶᠢᠡᠷ ᠳᠤᠬᠤᠭᠤ ᠭᠢᠭ᠍ᠰᠡᠨ ᠪᠧᠷᠢᠨ᠋ᠭ᠍ᠧ ᠫᠷᠤᠹᠧᠰᠰᠤᠷ ᠬᠠᠷᠢᠨ ᠢᠴᠢᠭᠡᠤᠨ ᠨᠢᠭᠤᠷ ᠶᠢᠡᠨ ᠭᠢᠭᠦ ᠭᠠᠵᠠᠷ ᠦᠭᠡᠶ ᠪᠣᠯᠪᠠ᠃ ᠳᠡᠭᠡᠭᠡᠤᠨ ᠳᠠᠷᠠ ᠪᠠᠢ᠌ᠳᠠᠭ ᠭᠦᠷᠦᠩᠭᠡ ᠪᠠᠨ ᠭᠦᠡᠳᠦᠷᠴᠤ ᠪᠠᠢ᠌ᠭᠠᠤᠨ ᠳᠠᠷᠬᠠᠭᠠᠭᠰᠠᠨ ᠨᠤᠮ ᠶᠢᠡᠨ ᠦᠨᠳᠦᠷ ᠦᠨ᠎ᠡ ᠪᠠᠷ ᠬᠤᠳᠠᠯᠳᠤᠨ ᠠᠪᠴᠢᠷᠠᠭᠠᠤᠨ ᠭᠠᠯᠳᠠᠭᠰᠠᠨ ᠪᠢᠯᠠ᠃

ᠪᠣᠳᠠᠳᠤ ᠠᠬᠤᠢ ᠪᠣᠯ ᠦᠪᠡᠷ ᠤᠨ ᠣᠷᠤᠰᠢᠬᠤ ᠵᠢᠮ᠎ᠠ ᠶᠤᠰᠤ ᠪᠠᠷ ᠶᠢᠡᠨ ᠣᠷᠤᠰᠢᠬᠤ ᠡᠴᠡ ᠪᠢᠰᠢ ᠭᠦᠮᠦᠰ ᠤᠨ ᠭᠦᠰᠡᠯ ᠭᠤᠷᠢᠳᠠᠯ ᠶᠢᠡᠷ ᠬᠤᠪᠢᠷᠠᠳᠠᠭ ᠶᠠᠭᠤᠮ᠎ᠠ ᠪᠢᠰᠢ᠃ ᠪᠧᠷᠢᠨ᠋ᠭ᠍ᠧ ᠫᠷᠤᠹᠧᠰᠰᠤᠷ᠂ ᠪᠣᠰᠤᠤᠠᠴᠢ ᠠᠬᠤᠢ ᠶᠢ ᠦᠪᠡᠷ ᠤᠨ ᠰᠠᠤᠠᠭᠢᠯᠴᠢ ᠦᠵᠡᠯ ᠶᠢᠡᠷ ᠶᠢᠡᠨ ᠳᠠᠢ᠌ᠯᠪᠣᠷᠢᠯᠠᠬᠤ ᠭᠡᠵᠤ ᠰᠢᠡᠵᠢᠯᠡᠭᠦ ᠣᠬᠠᠭᠠᠨ ᠤ ᠰᠤᠳᠤᠯᠤᠯ ᠳᠤ ᠬᠠᠰᠢ ᠶᠠᠰᠢ ᠣᠪᠣᠷ ᠶᠢᠡᠷ ᠬᠠᠠᠳᠤᠭᠰᠠᠨ ᠶᠢᠡᠷ᠂ ᠳᠡᠦᠭᠡᠨ ᠳᠠᠪᠴᠠᠩ ᠳᠡᠭᠡᠷ᠎ᠡ ᠰᠢᠪᠰᠢᠭ᠌ ᠤᠨ ᠬᠠᠭᠤᠳᠠᠰᠤ ᠪᠠᠨ ᠪᠢᠴᠢᠭᠯᠡᠭ᠍ᠰᠡᠨ ᠪᠠᠢ᠌ᠪᠠ᠃

ᠪᠢᠳᠠ ᠡᠷᠳᠡᠮ ᠮᠡᠳᠡᠯᠭᠡ ᠶᠢ ᠰᠤᠷᠴᠤ ᠡᠵᠡᠮᠰᠢᠭᠦ ᠳᠡᠭᠡᠨ ᠵᠠᠪᠠᠯ ᠨᠠᠷᠢᠨ ᠭᠢᠨᠠᠮᠠᠭᠠᠢ ᠣᠪᠣᠷ ᠶᠢᠡᠷ ᠬᠠᠠᠳᠤᠬᠤ ᠭᠡᠷᠡᠭ᠍ᠳᠡᠢ᠃ ᠰᠢᠡᠵᠢᠯᠡᠭᠦ ᠣᠬᠠᠭᠠᠨ ᠨᠢ ᠮᠡᠳᠡᠯᠭᠡ ᠶᠢᠨ 《ᠥᠭᠡᠳᠡᠰᠤ》 ᠪᠠᠷ ᠵᠠᠢ ᠵᠠᠪᠰᠠᠷ ᠦᠭᠡᠶ 《ᠵᠣᠢ᠌ᠵᠤ》 ᠭᠠᠷᠭᠠᠭᠰᠠᠨ ᠨᠢᠭᠡ ᠪᠦᠭᠦᠯᠢ ᠴᠤᠭᠴᠠ ᠪᠣᠯᠬᠤ ᠶᠤᠮ᠃ ᠠᠯᠢ ᠭᠡᠰᠡᠭ᠌ ᠳᠤᠨᠢ ᠪᠠᠭ᠎ᠠ ᠰᠠᠭ᠎ᠠ ᠥ ᠰᠠᠪ ᠭᠠᠷᠬᠤ ᠳᠤ ᠭᠦᠷᠪᠠᠯ ᠡᠨᠡ ᠴᠤᠭᠴᠠ ᠪᠦᠷᠢᠯᠳᠦᠭᠦ ᠶᠢᠨ ᠠᠷᠭ᠎ᠠ ᠦᠭᠡᠶ ᠪᠣᠯᠳᠠᠭ᠃ ᠳᠤᠰ ᠵᠠᠭᠤᠨ ᠤ ᠡᠭᠢᠨ ᠳᠤ᠂ ᠠᠮᠸᠷᠢᠺᠠ ᠶᠢᠨ ᠬᠠᠷᠪᠣᠭᠰᠠᠨ 《ᠺᠤᠯᠤᠮᠪᠢᠶ᠎ᠠ ᠨᠠᠷᠠᠮᠵᠢᠳᠤ》 ᠪᠣᠯᠤᠨ 《ᠢᠯᠡᠷᠡᠭᠦᠯᠦᠯᠳᠡ ᠨᠠᠷᠠᠮᠵᠢᠳᠤ》 ᠬᠤᠶᠠᠷ ᠰᠠᠠᠰᠠᠷ ᠤᠨ ᠭᠦᠯᠭᠡ ᠣᠩᠭ᠋ᠤᠴᠠ ᠨᠢ ᠨᠢᠭᠡ ᠠᠯᠠᠭᠠᠨ ᠭᠢᠷᠢ ᠶᠢᠨ ᠬᠠᠯᠠᠭᠤᠨ ᠢ ᠬᠠᠯᠬᠠᠯᠠᠬᠤ ᠸᠠᠭᠠᠷ ᠣᠨᠠᠭᠰᠠᠨ ᠪᠣᠶᠤ ᠨᠢᠭᠡ ᠪᠢᠴᠢᠬᠠᠨ ᠡᠷᠭᠢ ᠳᠤ ᠬᠠᠪᠴᠢᠭᠤᠯᠤᠭᠰᠠᠨ ᠭᠤᠮ ᠢᠯᠳᠠᠰᠤ ᠬᠠᠳᠠᠭᠤᠷᠠᠭᠰᠠᠨ ᠡᠴᠡ ᠪᠣᠯᠵᠤ ᠡ᠊ᠨᠳᠡᠭᠡᠤᠨ ᠠᠷᠪᠠᠨ ᠳᠦᠷᠪᠡᠨ ᠰᠠᠠᠰᠠᠷᠴᠢᠨ ᠠᠮᠢ ᠪᠠᠨ ᠠᠯᠳᠠᠭᠰᠠᠨ ᠪᠠᠢ᠌ᠨ᠎ᠠ᠃ ᠰᠢᠡᠵᠢᠯᠡᠭᠦ ᠣᠬᠠᠭᠠᠨ ᠤ ᠰᠤᠳᠤᠯᠭᠠᠨ ᠳᠤ ᠡᠢ᠌ᠮᠦᠷᠭᠦᠤ ᠭᠡᠨᠡᠳᠡᠯ ᠪᠠᠢ᠌ᠩᠭ᠋ᠤ ᠣᠴᠠᠷᠠᠳᠠᠭ ᠨᠢ ᠠᠯᠢ ᠨᠢᠭᠡ ᠵᠢᠭᠠᠬᠠᠨ ᠭᠡᠮ ᠢ ᠨᠢ ᠣᠮᠳᠠᠭᠠᠢ᠌ᠯᠠᠭᠰᠠᠨ ᠡᠴᠡ ᠪᠣᠯᠤᠭᠰᠠᠨ ᠪᠢᠯᠠ᠃ ᠳᠠᠭᠢᠪᠠᠯ ᠰᠠᠠᠰᠠᠷ ᠤᠨ ᠭᠦᠯᠭᠡ ᠣᠩᠭ᠋ᠤᠴᠠ ᠳᠡᠯᠡᠭᠡᠢ ᠶᠢᠨ ᠪᠦᠮᠪᠦᠷᠴᠡᠭ᠌ ᠳᠡᠭᠡᠷ᠎ᠡ ᠪᠠᠭᠤᠬᠤ ᠴᠡᠭ᠌ ᠢ ᠣᠨᠤᠪᠴᠢᠳᠠᠢ ᠪᠣᠳᠤᠬᠤ ᠳᠤ᠂ ᠴᠠᠭ ᠢ ᠨᠢ ᠮᠢᠩᠭ᠋ᠠᠨ ᠤ ᠨᠢᠭᠡ ᠰᠸᠺᠦ᠋ᠡᠳ᠋ ᠵᠥᠷᠢᠭᠦᠯᠪᠠᠯ ᠪᠠᠭᠤᠬᠤ ᠴᠡᠭ᠌ ᠨᠢ ᠨᠠᠶᠠᠨ ᠺᠢᠯᠤᠮᠸᠲ᠋ᠷ ᠵᠥᠷᠢᠴᠢᠳᠡᠭ᠌ ᠪᠠᠢ᠌ᠨ᠎ᠠ᠃ ᠡᠭᠦᠨ ᠡᠴᠡ ᠪᠢᠳᠠ ᠰᠢᠡᠵᠢᠯᠡᠭᠦ ᠣᠬᠠᠭᠠᠨ ᠳᠤ ᠥᠴᠦᠭᠡᠨ ᠳᠠᠳᠤᠢ ᠴᠤ ᠥ ᠰᠠᠪ ᠪᠠᠢ᠌ᠬᠤ ᠶᠢ ᠵᠥᠪᠰᠢᠶᠡᠷᠡᠭᠦ ᠦᠭᠡᠶ ᠶᠢ ᠮᠠᠳᠠᠵᠤ ᠪᠣᠯᠤᠨ᠎ᠠ᠃ ᠬᠠᠷᠢᠨ ᠪᠧᠷᠢᠨ᠋ᠭ᠍ᠧ ᠫᠷᠤᠹᠧᠰᠰᠤᠷ ᠠᠳᠠᠯᠢ ᠥᠷᠦᠭᠡ ᠭᠡᠷ ᠲᠡᠭᠡᠨ ᠳᠠᠩᠭ᠋ᠠᠢ᠌ᠵᠤ ᠭᠡᠪᠳᠡᠭᠡᠤᠨ ᠥᠭᠡᠷ᠎ᠡ ᠭᠦᠮᠤᠨ ᠤ ᠣᠯᠵᠤ ᠢᠷᠡᠭᠦ ᠶᠠᠭᠤᠮᠠᠰ ᠶᠢᠡᠷ ᠰᠢᠡᠵᠢᠯᠡᠭᠦ ᠣᠬᠠᠭᠠᠨ ᠤ ᠰᠤᠳᠤᠯᠤᠯᠳᠠ ᠭᠢᠭᠦ ᠶᠤᠮ ᠪᠣᠯ ᠰᠢᠭᠤᠳ ᠳᠡᠭ᠍ᠷᠢ ᠳᠡᠭᠡᠷ᠎ᠡ ᠡᠴᠡ ᠱᠠᠯᠪᠢᠩ ᠣᠨᠠᠬᠤ ᠶᠢ ᠭᠦᠯᠢᠶᠡᠭᠦ ᠡᠴᠡ ᠶᠠᠭᠤᠨ ᠥᠭᠡᠷ᠎ᠡ︖

ᠵᠤᠬᠢᠶᠠᠭᠴᠢ᠄ ᠨᠣ᠋·ᠪᠠᠭᠠᠳᠤᠷ
ᠳᠠᠷᠤᠮ᠄ 6799
ᠴᠠᠭ᠄ 2009 ᠤᠨ ᠤ 04 ᠰᠠᠷ᠎ᠠ ᠶᠢᠨ 29