ᠴᠤᠮᠪᠤᠩ ᠲᠤᠭᠤᠷᠠᠢ ᠲᠠᠢ ᠬᠦᠷᠡᠩ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠣᠳᠣᠳ ᠤᠨ ᠬᠠᠮᠳᠤᠷᠠᠯᠴᠠᠭ᠎ᠠ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 20370
ᠴᠠᠭ᠄ 2007 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠳᠠᠭᠤᠴᠢᠨ : ᠦᠷ᠊᠌ᠢ᠌ᠠᠳᠤᠶᠠᠭ᠎ᠠ᠂ ᠡᠷᠳᠡᠨᠢᠴᠢᠮᠡᠭ᠌᠂ ᠨᠤᠮᠢᠠᠠᠷᠳᠠᠨᠢ

 

ᠴᠤᠮᠪᠣᠩ ᠳᠤᠭᠤᠷᠢ ᠲᠡᠶ ᠯᠠ ᠭᠦᠷᠡᠩ ᠨᠢ

ᠴᠤᠭᠢᠯᠠᠭᠰᠠᠨ ᠬᠠᠷ᠎ᠠ ᠯᠠ ᠠᠯᠬᠤᠭ᠎ᠠ ᠲᠡᠶ

ᠴᠤᠪᠣᠭᠤᠯᠢᠭ ᠶᠠᠩᠵᠤ ᠶᠢᠨ ᠢᠭᠢᠮ᠎ᠠ

ᠰᠤᠴᠢᠭᠠᠤᠨ ᠰᠡᠷᠢᠭᠦᠯᠡᠷ ᠰᠠᠨᠠᠭᠳᠠᠨ᠎ᠠ

 

ᠳᠤᠮᠳᠠ ᠬᠤᠧᠨ ᠶᠢᠨ ᠡᠩᠭᠡᠷ ᠳᠡᠭᠡᠷ᠎ᠡ

ᠳᠠᠭᠤ ᠲᠡᠶ ᠮᠦᠨᠳᠤᠷ ᠱᠠᠭᠢᠭᠠᠤᠨ ᠪᠠᠢ᠌ᠨ᠎ᠠ

ᠳᠤᠷᠠᠰᠬᠠᠯ ᠪᠣᠯᠤᠭᠰᠠᠨ ᠢᠭᠢᠮ᠎ᠠ ᠶᠢᠨ

ᠳᠠᠭᠤᠤ ᠶᠢ ᠨᠢ ᠰᠤᠨᠤᠰᠬᠤ ᠳᠤ ᠳᠤᠳᠤᠬᠠᠨ ᠳ᠋ᠠ

 

ᠠᠷᠤ ᠬᠤᠧᠨ ᠶᠢᠨ ᠡᠩᠭᠡᠷ ᠳᠡᠭᠡᠷ᠎ᠡ

ᠠᠵᠢᠷᠭᠠᠨ ᠪᠣᠷᠤᠭᠠᠨ ᠱᠠᠭᠢᠭᠠᠤᠨ ᠪᠠᠢ᠌ᠨ᠎ᠠ

ᠠᠮᠠᠷᠠᠭ ᠬᠤᠩᠭ᠋ᠤᠷ ᠢᠭᠢᠮ᠎ᠠ ᠶᠢᠨ

ᠠᠮᠤᠷ ᠢ ᠨᠢ ᠡᠷᠢᠭᠡᠳ ᠮᠤᠷᠳᠠᠶ᠎ᠠ ᠳ᠋ᠠ

 

ᠨᠡᠭᠦᠭᠡᠳ ᠶᠠᠪᠣᠭᠰᠠᠨ ᠨᠤᠳᠤᠭ ᠨᠢ

ᠨᠥᠭᠡᠯᠳᠡᠨ ᠪᠠᠷᠠᠳᠠᠭᠠᠤᠨ ᠬᠠᠷᠠᠭᠳᠠᠨ᠎ᠠ

ᠨᠡᠭᠦᠳᠡᠯ ᠤᠨ ᠬᠣᠢ᠌ᠨ᠎ᠠ ᠡᠴᠡ ᠬᠠᠷᠠᠬᠤ ᠳᠤ

ᠨᠢᠳᠤ ᠪᠠᠷ ᠳᠦᠭᠦᠷᠡᠩ ᠨᠢᠯᠪᠣᠰᠤ ᠲᠡᠶ

 

ᠪᠠᠷᠠᠯᠠᠨ ᠬᠠᠷᠠᠭᠳᠠᠬᠤ ᠭᠦᠡᠳᠡᠢ

ᠪᠠᠢ᠌ᠭᠰᠠᠨ ᠨᠤᠳᠤᠭ ᠤᠨ ᠪᠠᠷ᠎ᠠ

ᠪᠠᠭ᠎ᠠ ᠶᠢᠨ ᠠᠮᠠᠷᠠᠭ ᠢᠭᠢᠮ᠎ᠠ ᠶᠢᠨ

ᠪᠠᠷ᠎ᠠ ᠶᠢ ᠨᠢ ᠬᠠᠷᠠᠭᠠᠤᠨ ᠪᠠᠶᠠᠰᠤᠨ᠎ᠠ ᠳ᠋ᠠ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁