ᠶᠠᠭᠤ ᠪᠤᠢ ᠶᠠᠭᠤ ᠪᠤᠢ ᠶᠠᠭᠤ

ᠳᠠᠭᠤᠴᠢᠨ᠄ THE HU BAND
ᠴᠤᠮᠤᠭ ᠤᠨ ᠬᠠᠷᠢᠶ᠎ᠠ᠄ THE HU - EP
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠬᠦᠭᠡᠮᠡᠢᠤᠶᠠᠩᠭ᠎ᠠ ᠶᠢᠨ ᠳᠠᠭᠤᠤ
ᠳᠠᠷᠤᠮ᠄ 451
ᠴᠠᠭ᠄ 2018 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ burgud
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠶᠡᠬᠡ ᠯᠡ ᠤᠳᠠᠭᠠᠨ ᠢᠳᠡᠵᠦ ᠤᠤᠭᠤᠭᠠᠳ ᠨᠠᠷᠭᠢᠵᠤ ᠴᠡᠩᠭᠡᠭᠡᠳ ᠬᠠᠴᠢᠨ ᠶᠠᠭᠤᠮ᠎ᠠ ᠪᠤᠢ

        ᠶᠠᠭᠤ ᠪᠤᠢ᠂ ᠶᠠᠭᠤ ᠪᠤᠢ ᠶᠠᠭᠤ

ᠡᠴᠢᠭᠡ ᠡᠪᠦᠭᠡᠳ ᠮᠤᠩᠭᠤᠯ ᠭᠡᠳ ᠯᠡ ᠴᠡᠭᠡᠵᠢ ᠪᠡᠨ ᠳᠡᠯᠡᠳᠦᠨ ᠬᠤᠳᠠᠯ ᠤᠷᠢᠯᠬᠤ ᠨᠢ

        ᠶᠠᠭᠤ ᠪᠤᠢ᠂ ᠶᠠᠭᠤ ᠪᠤᠢ ᠶᠠᠭᠤ

ᠡᠷᠭᠢᠵᠦ ᠪᠤᠴᠠᠭᠠᠳ ᠬᠡᠯᠡᠭᠰᠡᠨ ᠦᠭᠡᠨ ᠳᠦ ᠪᠡᠨ ᠡᠵᠡᠨ ᠪᠤᠯᠳᠠᠭ ᠦᠭᠡᠢ ᠠᠨᠳᠠᠭᠠᠢ ᠡᠷᠭᠦᠳᠡᠭ ᠨᠢ

        ᠶᠠᠭᠤ ᠪᠤᠢ᠂ ᠶᠠᠭᠤ ᠪᠤᠢ ᠶᠠᠭᠤ

ᠡᠴᠢᠭᠡ ᠡᠬᠡ ᠶᠢᠨ ᠵᠠᠬᠢᠵᠤ ᠬᠡᠯᠡᠭᠰᠡᠨ ᠦᠨᠡᠲᠦ ᠰᠤᠷᠭᠠᠯ ᠦᠨ᠎ᠡ ᠦᠭᠡᠢ ᠪᠤᠯᠳᠠᠭ ᠨᠢ

        ᠶᠠᠭᠤ ᠪᠤᠢ᠂ ᠶᠠᠭᠤ ᠪᠤᠢ ᠶᠠᠭᠤ᠂ ᠶᠠᠭᠤ ᠪᠤᠢ᠂ ᠶᠠᠭᠤ ᠪᠤᠢ ᠶᠠᠭᠤ

 

ᠡ ᠳᠦᠯᠵᠢᠨ᠂ ᠰᠦᠭᠦᠳᠡ ᠰᠦᠭᠦᠳᠡ

ᠡ ᠯᠦᠩᠳᠡᠩ᠂ ᠪᠠᠭᠤᠭ ᠪᠠᠭᠤᠭ

 

ᠳᠡᠭᠡᠳᠦᠰ ᠦᠨ ᠵᠠᠶᠠᠭ᠎ᠠ ᠶᠢ ᠦᠪᠯᠡᠵᠦ ᠲᠦᠷᠦᠴᠢᠬᠡᠭᠡᠳ ᠤᠨᠳᠠᠵᠤ ᠬᠡᠪᠲᠡᠭᠡᠳ ᠰᠡᠷᠢᠳᠡᠭ ᠦᠭᠡᠢ ᠶᠠᠭᠤᠮ᠎ᠠ ᠪᠤᠢ

        ᠶᠠᠭᠤ ᠪᠤᠢ᠂ ᠶᠠᠭᠤ ᠪᠤᠢ ᠶᠠᠭᠤ

ᠳᠡᠯᠡᠬᠡᠢ ᠳᠦ ᠭᠠᠭᠴᠠᠬᠠᠨ ᠮᠤᠩᠭᠤᠯ ᠭᠡᠳ ᠯᠡ ᠠᠮᠠ ᠪᠠᠨ ᠬᠠᠲᠠᠲᠠᠯ᠎ᠠ ᠬᠤᠳᠠᠯ ᠶᠠᠷᠢᠳᠠᠭ ᠨᠢ

        ᠶᠠᠭᠤ ᠪᠤᠢ᠂ ᠶᠠᠭᠤ ᠪᠤᠢ ᠶᠠᠭᠤ

ᠳᠡᠭᠡᠳᠦᠰ  ᠶᠢᠡᠷ ᠠᠮᠢᠳᠤᠷᠠᠬᠤ ᠵᠠᠶᠠᠭᠠᠨ ᠳᠤ ᠲᠦᠷᠦᠭᠰᠡᠨ ᠮᠤᠩᠭᠤᠯ ᠲᠦᠮᠡᠨ ᠮᠢᠨᠢ ᠨᠢᠭᠡᠳᠴᠦ ᠴᠢᠳᠠᠳᠠᠭ ᠦᠭᠡᠢ ᠨᠢ

        ᠶᠠᠭᠤ ᠪᠤᠢ᠂ ᠶᠠᠭᠤ ᠪᠤᠢ ᠶᠠᠭᠤ

ᠳᠠᠷᠬᠠᠨ ᠮᠤᠩᠭᠤᠯ ᠤᠯᠤᠰ ᠶᠢᠠᠨ ᠮᠠᠨᠳᠤᠭᠤᠯᠵᠤ ᠦᠭᠡᠳᠡ ᠨᠢ ᠲᠠᠲᠠᠵᠤ ᠰᠡᠷᠭᠦᠭᠡᠵᠦ ᠴᠢᠳᠠᠳᠠᠭ ᠦᠭᠡᠢ ᠨᠢ

        ᠶᠠᠭᠤ ᠪᠤᠢ᠂ ᠶᠠᠭᠤ ᠪᠤᠢ ᠶᠠᠭᠤ᠂ ᠶᠠᠭᠤ ᠪᠤᠢ᠂ ᠶᠠᠭᠤ ᠪᠤᠢ ᠶᠠᠭᠤ

 

ᠡ ᠳᠦᠯᠵᠢᠨ᠂ ᠰᠦᠭᠦᠳᠡ ᠰᠦᠭᠦᠳᠡ

ᠡ ᠯᠦᠩᠳᠡᠩ᠂ ᠪᠠᠭᠤᠭ ᠪᠠᠭᠤᠭ

 

ᠡᠪᠦᠭᠡ ᠳᠡᠭᠡᠳᠦᠰ ᠦᠨ ᠦᠪᠯᠡᠵᠦ ᠦᠭᠭᠦᠭᠰᠡᠨ ᠭᠠᠵᠠᠷ ᠰᠢᠷᠤᠢ ᠶᠢ ᠬᠠᠢᠷᠠᠯᠠᠵᠤ ᠴᠢᠳᠠᠳᠠᠭ ᠦᠭᠡᠢ ᠨᠢ

        ᠶᠠᠭᠤ ᠪᠤᠢ᠂ ᠶᠠᠭᠤ ᠪᠤᠢ ᠶᠠᠭᠤ

ᠦᠲᠡᠭᠦᠰ ᠪᠤᠭᠤᠷᠤᠯ ᠤᠨ ᠵᠠᠬᠢᠵᠤ ᠬᠡᠯᠡᠭᠰᠡᠨ ᠦᠨᠡᠲᠦ ᠰᠤᠷᠭᠠᠯ ᠬᠤᠲᠠᠯ ᠪᠤᠯᠳᠠᠭ ᠨᠢ

        ᠶᠠᠭᠤ ᠪᠤᠢ᠂ ᠶᠠᠭᠤ ᠪᠤᠢ ᠶᠠᠭᠤ

ᠦᠨᠦ ᠯᠡ ᠮᠦᠩᠬᠡ ᠮᠠᠨᠳᠤᠨ ᠪᠠᠳᠠᠷᠠᠬᠤ ᠴᠢᠨᠤᠨ ᠰᠦᠯᠳᠡᠳᠦ ᠮᠤᠩᠭᠤᠯ ᠲᠦᠮᠡᠨ ᠲᠩᠷᠢ ᠶᠢᠨ ᠲᠠᠮᠠᠭ᠎ᠠ ᠲᠠᠢ

ᠬᠦᠪᠴᠢᠨ ᠳᠡᠯᠡᠬᠡᠢ ᠳᠦ ᠨᠡᠷ᠎ᠡ ᠪᠡᠨ ᠳᠤᠷᠠᠰᠭᠠᠵᠤ ᠬᠦᠮᠦᠨ ᠲᠠᠬᠢᠯᠭᠠᠲᠤ ᠡᠵᠡᠨ ᠴᠢᠩᠭᠢᠰ ᠨᠠᠷᠠᠲᠤ ᠳᠤ ᠵᠠᠯᠠᠷᠠᠨ᠎ᠠ᠂

        ᠨᠠᠷᠠᠲᠤ ᠳᠤ ᠵᠠᠯᠠᠷᠠᠨ᠎ᠠ

 

ᠡ ᠬᠠᠷ᠎ᠠ ᠰᠦᠯᠳᠡ᠂ ᠰᠡᠷᠢ ᠰᠡᠷᠢ

ᠡ ᠬᠠᠭᠠᠨ ᠲᠦᠷᠦ ᠮᠦᠩᠬᠡ ᠮᠠᠨᠳᠠ᠂ ᠮᠦᠩᠬᠡ ᠮᠠᠨᠳᠠ

 

ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠬᠠᠴᠢᠨ ᠶᠠᠭᠤᠮ᠎ᠠ ᠪᠤᠢ

ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠶᠠᠭᠤ ᠪᠤᠢ᠂ ᠬᠠᠴᠢᠨ ᠶᠠᠭᠤᠮ᠎ᠠ ᠪᠤᠢ

 

ᠡ ᠬᠠᠷ᠎ᠠ ᠰᠦᠯᠳᠡ᠂ ᠰᠡᠷᠢ ᠰᠡᠷᠢ

ᠡ ᠬᠠᠭᠠᠨ ᠲᠦᠷᠦ ᠮᠦᠩᠬᠡ ᠮᠠᠨᠳᠠ᠂ ᠮᠦᠩᠬᠡ ᠮᠠᠨᠳᠠ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁