ᠰᠢᠨ᠎ᠠ ᠵᠢᠯ ᠤᠨ ᠳᠡᠷᠢᠭᠦᠨ ᠡᠳᠦᠷ

ᠬᠠᠷᠠᠭᠴᠢᠨ ᠬᠤᠨᠢᠨ ᠵᠢᠯ ᠦᠵᠡᠵᠤ ᠬᠠᠷᠠᠬᠤ ᠶᠢᠨ ᠬᠤᠷᠤᠮ ᠳᠤ ᠠᠩᠭᠢᠵᠢᠷᠠᠵᠤ᠂ ᠭᠦᠭᠡ ᠪᠠᠴᠢᠨ ᠵᠢᠯ ᠣᠷᠤ ᠡᠵᠡᠯᠡᠨ ᠰᠢᠭᠤᠷᠮᠠᠢ᠌ᠯᠠᠨ ᠢᠷᠠᠯ᠎ᠠ᠃

ᠵᠢᠯ ᠤᠨ ᠡᠭᠢ ᠣᠨ ᠤ ᠳᠦᠷᠦᠭᠦᠤ ᠡᠳᠦᠷ ᠲᠤ ᠨᠠᠷᠠᠨ ᠭᠡᠢ᠌ᠵᠤ᠂ ᠰᠠᠯᠭᠢᠨ ᠨᠠᠮᠬᠠᠢ᠌ᠭᠠᠤᠨ ᠬᠠᠭᠢᠷ ᠡᠪᠦᠯ ᠤᠨ ᠳᠦᠷᠭᠦ ᠲᠡᠶ ᠴᠤ ᠪᠦᠯᠢᠶᠡᠨ ᠳᠤᠯᠠᠭᠠᠨ ᠨᠢ ᠬᠠᠪᠣᠷ ᠤᠨ ᠣᠷᠢᠨ ᠢ ᠰᠠᠨᠠᠭᠳᠠᠭᠤᠯᠵᠤ᠂ ᠭᠡᠭᠦᠳᠡᠭ᠌ ᠴᠡᠭᠡᠵᠢ ᠶᠢ ᠣᠷᠭᠢᠯᠠᠭᠤᠯᠤᠨ ᠨᠢᠭᠡ ᠭᠡᠮᠵᠢᠶᠡᠨ ᠤ ᠭᠦᠭ᠍ᠰᠡᠯ ᠣᠯᠭᠤᠭᠤᠯᠬᠤ ᠨᠢ ᠭᠡᠴᠡᠭᠦᠤ᠃ ᠨᠢᠭᠡ ᠨᠠᠰᠤ ᠨᠡᠮᠡᠭ᠍ᠳᠡᠵᠤ ᠪᠣᠳᠤᠯ ᠰᠠᠨᠠᠯ ᠠᠷᠪᠢᠵᠢᠭᠰᠠᠨ ᠤ ᠪᠢᠰᠢ ᠪᠢᠵᠠ ᠳ᠋ᠠ ᠭᠡᠵᠤ ᠦᠪᠡᠷ ᠤᠨ ᠪᠠᠶ᠎ᠠ ᠡᠴᠡ ᠪᠠᠨ ᠠᠰᠠᠭᠤᠬᠤ ᠣᠴᠢᠷ ᠲᠡᠶ ᠪᠣᠯᠵᠠᠢ᠃

ᠣᠳᠤᠭᠢ ᠨᠡᠢ᠌ᠭᠡᠮ ᠤᠨ ᠠᠮᠢᠳᠤᠷᠠᠯ ᠤᠨ ᠵᠢᠮ᠎ᠠ ᠪᠠᠷ ᠦᠷᠢ ᠲᠡᠶ ᠴᠤ ᠠᠰᠠᠷ ᠲᠤ ᠰᠠᠭᠤᠵᠤ᠂ ᠵᠢᠷᠭᠠᠯ ᠢ ᠣᠷᠢᠤᠠᠴᠢᠯᠠᠨ ᠡᠳ᠋ᠯᠡᠭᠦ ᠶᠤᠰᠤᠨ ᠡᠴᠡ ᠪᠠᠴᠢᠨ ᠵᠢᠯ ᠢ ᠴᠠᠭᠢᠯᠭᠠᠨ ᠳᠤᠯᠠᠯᠠᠭᠤᠷ ᠤᠨ ᠠᠴᠢ ᠪᠠᠷ ᠰᠡᠳᠭᠢᠯ ᠳᠦᠭᠦᠷᠡᠩ ᠣᠭᠳᠤᠨ ᠠᠪᠴᠤ ᠪᠢᠯᠠ᠃ ᠥᠷᠯᠦᠭᠡ ᠡᠷᠳᠡ ᠨᠣᠢ᠌ᠷ ᠡᠴᠡ ᠪᠠᠨ ᠰᠡᠷᠡᠭᠦ ᠳᠤ ᠥᠴᠦᠭᠡᠳᠦᠷ ᠦᠳᠡᠰᠢ ᠶᠢᠨ ᠰᠤᠷᠭᠠᠭᠤᠯᠢ ᠶᠢᠨ ᠰᠢᠨ᠎ᠠ ᠵᠢᠯ ᠢ ᠣᠭᠳᠤᠬᠤ ᠨᠠᠢ᠌ᠷ ᠲᠤ ᠣᠤᠭᠤᠭᠰᠠᠨ ᠪᠠᠶᠠᠷ ᠤᠨ ᠠᠷᠢᠭᠢ ᠳᠤᠯᠤᠭᠠᠢ ᠶᠢ ᠪᠠᠰᠠ ᠭᠦᠴᠦᠳᠡᠢ ᠳᠦᠨᠡᠷᠡᠭᠦᠯᠵᠤ ᠪᠠᠢ᠌ᠪᠠ᠃ ᠠᠩᠭ᠍ᠯᠢ ᠭᠡᠯᠡᠨ ᠤ ᠳᠠᠰᠤᠭ ᠲᠤ ᠳᠦᠷᠪᠠᠭᠡᠨ ᠭᠦᠮᠤᠨ ᠨᠠᠢ᠌ᠷ ᠭᠢᠭ᠍ᠰᠡᠨ ᠪᠣᠯᠪᠠᠴᠤ ᠪᠠᠶᠠᠷ ᠤᠨ ᠠᠭᠤᠷ ᠠᠮᠢᠰᠬᠤᠯ ᠶᠢᠡᠷ ᠪᠢᠯᠬᠠᠵᠤ᠂ ᠨᠤᠭᠤᠭ᠎ᠠ ᠵᠠᠭᠤᠰᠢ ᠭᠡᠳᠥᠢᠪᠠᠷ ᠳᠦᠭᠦᠮᠭᠡᠨ ᠴᠤ ᠰᠡᠳᠭᠢᠯ ᠤᠨ ᠪᠠᠶᠠᠷᠯᠠᠯ ᠳᠤ ᠡᠨᠡ ᠳᠡᠯᠡᠭᠡᠢ ᠳᠡᠭᠡᠷᠡᠭᠢ ᠬᠠᠮᠤᠭ ᠤᠨ ᠰᠤᠳᠤᠨ ᠣᠭᠢ ᠠᠮᠳᠠ ᠶᠢᠨ ᠡᠳ᠋ ᠢ ᠠᠮᠳᠠᠯᠠᠭᠰᠠᠨ ᠮᠠᠳᠤ ᠪᠣᠯᠵᠤ ᠦᠳᠡ ᠶᠢᠨ ᠬᠣᠢ᠌ᠨᠠᠭᠢ ᠭᠤᠷᠪᠠᠨ ᠴᠠᠭ ᠡᠴᠡ ᠳᠤᠯᠤᠭᠠᠨ ᠴᠠᠭ ᠭᠦᠷᠳᠡᠯ᠎ᠡ ᠠᠷᠢᠭᠢᠳᠠᠨ ᠵᠤᠭᠤᠭᠳᠠᠵᠤ᠂ ᠰᠢᠮ᠎ᠠ ᠲᠡᠶ ᠴᠤ ᠥᠩᠭᠡᠷᠡᠵᠤ ᠪᠢᠯᠠ᠃

ᠪᠢ ᠰᠡᠷᠡᠭᠦ ᠦᠶ᠎ᠡ ᠳᠤ ᠡᠭᠡᠨᠡᠷ ᠭᠡᠦᠭᠡᠨ ᠮᠢᠨᠢ ᠪᠠᠰᠠ ᠰᠡᠷᠡᠴᠢᠭᠡᠭᠡᠳ᠂ ᠦᠬᠢᠨ ᠮᠢᠨᠢ ᠮᠢᠨᠤ ᠡᠰᠡᠷᠭᠦ ᠳᠡᠮᠦᠯᠡᠭᠦ ᠳᠤ ᠡᠭᠡᠨᠡᠷ ᠮᠢᠨᠢ ᠬᠤᠷᠢᠭᠯᠠᠵᠤ ᠪᠠᠢ᠌ᠯ᠎ᠠ᠃ ᠦᠬᠢᠨ ᠤ ᠪᠠᠨ ᠳᠤᠷᠮᠤᠭᠤᠷ ᠬᠠᠷ᠎ᠠ ᠨᠢᠳᠤ ᠶᠢ ᠨᠢ ᠥᠵᠡᠭᠡᠳ᠂ 《ᠠᠪᠣ᠂ ᠠ᠊ ᠊᠊᠊᠊᠊᠊᠊᠊᠊᠊᠊᠊᠊᠊᠊ ᠪᠣ》 ᠭᠡᠵᠤ ᠰᠠ‍‌ᠶᠢ ᠭᠡᠯᠡᠨ ᠳᠤ ᠣᠷᠤᠵᠤ ᠪᠠᠢ᠌ᠭ᠎ᠠ ᠳᠠᠭᠤᠳᠠᠯᠭ᠎ᠠ ᠶᠢ ᠨᠢ ᠰᠤᠨᠤᠰᠤᠭᠠᠤᠨ ᠳᠤᠳᠤᠷ ᠮᠢᠨᠢ ᠨᠢᠭᠡ ᠯᠠ ᠶᠡᠭᠡ ᠪᠠᠶᠠᠷᠯᠠᠵᠤ ᠢᠭ᠍ᠳᠦᠯᠤᠨ ᠳᠤᠯᠤᠭᠠᠢ ᠡᠪᠠᠦᠡᠭᠦ ᠮᠢᠨᠢ ᠴᠤ ᠠᠷᠢᠯᠴᠢᠬᠠᠭᠰᠠᠨ ᠪᠣᠯᠤᠯ᠎ᠠ᠃ ᠵᠤᠴᠢᠨ ᠤ ᠥᠷᠦᠭᠡᠨ ᠡᠴᠡ ᠡᠵᠢ ᠶᠢᠨ ᠮᠢᠨᠢ ᠴᠤᠮᠤ ᠴᠠᠢ ᠶᠢ ᠠᠷᠢᠯᠭᠠᠵᠤ᠂ ᠰᠢᠷᠡᠭᠡ ᠰᠠᠠᠳᠠᠯᠢ ᠳᠡᠭ᠍ᠰᠢᠯᠡᠭᠦ ᠳᠠᠭᠤᠨ ᠴᠢᠮᠡᠭᠡᠷᠯᠡᠨ᠎ᠡ᠃ ᠦᠬᠢᠨ ᠮᠢᠨᠢ ᠴᠤ ᠰᠠᠷᠠᠨ ᠮᠡᠳᠡᠭ᠍ᠰᠡᠨ ᠶᠢᠡᠷ᠂ 《ᠨᠠᠢ ᠊᠊᠊᠊᠊᠊᠊᠊᠊᠊᠊᠊᠊᠊᠊ ᠨᠠᠢ︕》 ᠭᠡᠭᠦ ᠣᠶᠠᠷᠠᠭᠤᠨ ᠨᠢᠷᠠᠢ ᠳᠠᠭᠤᠨ ᠪᠠ 《ᠠᠢ ᠊᠊᠊᠊᠊᠊᠊᠊᠊᠊᠊᠊᠊᠊᠊ ᠠᠢ》 ᠭᠡᠭᠦ ᠡᠩᠭᠦᠷᠡᠢ᠌ᠯᠡᠨ ᠥᠭᠦᠭᠡᠷᠳᠡᠭᠦ ᠳᠠᠭᠤᠨ ᠬᠤᠤᠰᠯᠠᠭᠠᠤᠨ ᠠᠳᠠᠯ ᠭᠡᠷ ᠤᠨ ᠮᠢᠨᠢ ᠰᠢᠨ᠎ᠠ ᠨᠢᠭᠡᠨ ᠵᠢᠯ ᠤᠨ ᠪᠠᠯᠭᠡ ᠳᠠᠮᠪᠠᠷᠢᠯ ᠤᠨ ᠴᠤᠤᠷᠢᠶ᠎ᠠ ᠪᠣᠯᠵᠤ ᠣᠳᠠᠳᠠᠯ᠎ᠠ ᠴᠤᠤᠷᠢᠶᠠᠳᠤᠨ᠎ᠠ᠃ ᠴᠤᠩᠬᠤᠨ ᠣᠷᠭᠢᠭᠤᠯ ᠶᠢᠡᠨ ᠳᠠᠳᠠᠨ ᠰᠡᠭᠦᠭᠡᠭᠦ ᠳᠤ ᠡᠪᠦᠯ ᠤᠨ ᠥᠷᠯᠦᠭᠡ ᠶᠢᠨ ᠨᠠᠷᠠᠨ ᠤ ᠣᠯᠠᠭᠠᠨ ᠳᠤᠶᠠᠭ᠎ᠠ ᠭᠡᠭᠡᠪᠴᠢ ᠪᠠᠷ ᠨᠠᠪᠳᠠᠯᠤᠨ ᠣᠷᠤᠵᠤ ᠢᠷᠡᠭᠡᠳ ᠪᠠᠶᠠᠷᠯᠠᠨ ᠳᠤᠨᠢᠷᠬᠠᠵᠤ ᠪᠠᠢ᠌ᠭ᠎ᠠ ᠳᠦᠷᠪᠡᠨ ᠭᠦᠮᠤᠨ ᠤ ᠴᠢᠷᠠᠢ ᠶᠢ ᠣᠯᠠᠭ᠎ᠠ ᠪᠣᠳᠠᠷᠠᠭᠤᠯᠤᠨ᠎ᠠ᠃ ᠬᠠᠢ᠌ᠷ᠎ᠠ ᠲᠡᠶ᠂ ᠥᠭᠡᠳᠡ ᠲᠡᠶ ᠭᠡᠷ ᠪᠦᠯᠢ ᠶᠢᠨ ᠣᠨ ᠤ ᠳᠦᠷᠦᠭᠦᠤ ᠭᠡᠵᠤ ᠡᠢ᠌ᠮᠤ ᠯᠠ ᠰᠠᠢ᠌ᠬᠠᠨ ᠪᠠᠢ᠌ᠳᠠᠭ ᠠᠵᠠᠢ᠃ ᠣᠭᠢᠶᠠᠵᠤ ᠴᠡᠪᠠᠷᠯᠡᠭᠦ ᠪᠠᠨ ᠪᠠᠷᠠᠬᠤ ᠲᠡᠶ ᠵᠡᠷᠭᠡ ᠥᠷᠯᠦᠭᠡ ᠶᠢᠨ ᠬᠤᠭᠤᠯᠠ ᠳᠠᠭᠠᠨ ᠰᠢᠯᠢᠮᠳᠠᠯ᠎ᠠ᠃ ᠵᠤᠷᠰᠢᠯ ᠶᠢᠡᠷ ᠶᠢᠡᠨ ᠪᠢ ᠡᠭᠡᠨᠡᠷ ᠲᠡᠶ ᠪᠠᠨ ᠣᠷᠢᠳᠠᠪᠠᠷ ᠢᠳᠠᠵᠤ᠂ ᠡᠵᠢ ᠮᠢᠨᠢ ᠦᠬᠢᠨ ᠢ ᠳᠠᠪᠠᠷᠢᠵᠤ ᠪᠠᠢ᠌ᠭᠠᠤᠨ ᠪᠣᠳᠠᠭ᠎ᠠ ᠢᠳᠡᠭᠦᠯᠦᠨ᠎ᠡ᠃ ᠡᠵᠢ ᠶᠡᠷᠦᠳᠡᠭᠡᠨ ᠪᠢᠳᠠᠨ ᠤ ᠨᠢᠯᠬ᠎ᠠ ᠦᠬᠢᠨ ᠢ ᠳᠠᠪᠠᠷᠢᠵᠤ ᠪᠣᠳᠠᠭ᠎ᠠ ᠢᠳᠡᠭᠦᠯᠭᠦ ᠳᠤ ᠢᠳᠡᠭᠡᠭᠦ ᠦᠭᠡᠶ ᠪᠠᠢ᠌ᠳᠠᠭ ᠶᠤᠮ᠃ ᠬᠠᠷᠢᠨ ᠥᠪᠠᠷᠳᠡᠭᠡᠨ ᠨᠢᠭᠡ ᠨᠢᠭᠡ ᠬᠠᠯᠪᠠᠭ᠎ᠠ ᠨᠢᠭᠡ ᠨᠢᠭᠡ ᠰᠠᠪᠬ᠎ᠠ ᠪᠠᠷ ᠭᠢᠨᠠᠮᠠᠭᠠᠢ ᠢᠳᠡᠭᠦᠯᠵᠤ ᠪᠠᠷᠠᠭᠠᠭᠠᠤᠨ ᠰᠠ‍‌ᠶᠢ ᠰᠡᠳᠭᠢᠯ ᠠᠮᠠᠷᠠᠳᠠᠭ ᠪᠢᠯᠠ᠃ ᠨᠠᠰᠤᠳᠠᠢ ᠭᠦᠮᠤᠨ ᠤ ᠪᠣᠳᠤᠯ ᠭᠡᠵᠤ ᠭᠡᠵᠢᠶ᠎ᠡ ᠴᠤ ᠭᠡᠳ ᠡᠢ᠌ᠮᠤ ᠪᠠᠢ᠌ᠳᠠᠭ ᠪᠠᠢ᠌ᠯᠳᠠᠢ᠃ ᠮᠠᠨ ᠤ ᠨᠢᠭᠡ ᠡᠷᠡᠨ ᠤ ᠬᠤᠭᠤᠯᠠ ᠶᠡᠷᠦᠳᠡᠭᠡᠨ ᠨᠢᠭᠡ ᠴᠠᠭ ᠤᠨ ᠣᠷᠳᠤ ᠴᠠᠭ ᠢ ᠭᠡᠷᠡᠭ᠍ᠰᠡᠳᠡᠭ᠌ ᠶᠤᠮ᠂ ᠭᠡᠨ ᠠᠯᠢᠨ ᠨᠢ ᠬᠤᠳᠤᠭᠠᠳᠤ ᠳᠦᠭᠦᠷᠡᠩ ᠰᠡᠳᠭᠢᠯ ᠴᠠᠳᠬᠤᠯᠠᠩ ᠪᠣᠯᠪᠠᠯ ᠰᠠ‍‌ᠶᠢ ᠵᠤᠭᠰᠤᠳᠠᠭ ᠶᠤᠰᠤ ᠲᠡᠶ᠂ ᠭᠡᠭᠦ ᠳᠡᠭᠡᠨ ᠡᠨᠡ ᠴᠠᠭ ᠢ ᠭᠡᠨ ᠴᠤ ᠣᠷᠳᠤ ᠭᠡᠵᠤ ᠪᠣᠳᠤᠬᠤ ᠦᠭᠡᠶ᠂ ᠬᠷᠢᠨ ᠢᠨᠢᠶᠠᠳᠤ ᠭᠦᠭᠡᠷᠦᠯ ᠤᠨ ᠳᠤᠮᠳᠠ ᠮᠡᠳᠡᠭ᠍ᠰᠡᠨ ᠴᠤ ᠦᠭᠡᠶ ᠪᠠᠷ ᠥᠩᠭᠡᠷᠡᠳᠡᠭ᠌ ᠪᠠᠢ᠌ᠭᠰᠠᠨ᠂ ᠠᠮᠢᠳᠤᠷᠠᠯ ᠤᠨ ᠠᠭᠤᠯᠭ᠎ᠠ ᠭᠡᠵᠤ ᠡᠢ᠌ᠮᠤ ᠯᠠ ᠪᠠᠢ᠌ᠬᠤ ᠶᠤᠰᠤᠳᠠᠢ᠃ ᠪᠣᠳᠠᠭᠠᠨ ᠰᠢᠷᠡᠭᠡᠨ ᠤ ᠪᠠᠢ᠌ᠳᠠᠯ ᠡᠴᠡ ᠨᠢᠭᠡ ᠡᠷᠦᠭᠡ ᠭᠡᠷ ᠤᠨ ᠪᠠᠢ᠌ᠳᠠᠯ ᠢ ᠪᠠᠷᠤᠭᠴᠠᠭᠠᠯᠠᠵᠤ ᠳᠡᠢ᠌ᠯᠳᠡᠭ᠌ ᠶᠤᠮ᠃

ᠦᠳᠡ ᠶᠢᠨ ᠡᠮᠦᠨ᠎ᠡ ᠪᠢ ᠭᠠᠭᠴᠠᠭᠠᠷ ᠣᠭᠢᠶᠠᠯᠭ᠎ᠠ ᠶᠢᠨ ᠭᠠᠵᠠᠷ ᠪᠠᠶ᠎ᠠ ᠪᠠᠨ ᠣᠭᠢᠶᠠᠭᠠᠤᠨ ᠳᠠᠨᠢᠯ ᠦᠰᠦ ᠵᠠᠰᠠᠬᠤ ᠭᠠᠵᠠᠷ ᠲᠤ ᠦᠰᠦ ᠪᠠᠨ ᠵᠠᠰᠠᠭᠤᠯᠬᠤ ᠪᠠᠷ ᠣᠴᠢᠬᠤ ᠳᠤ ᠡᠵᠡᠭ᠍ᠳᠡᠢ ᠨᠢ ᠮᠤᠲ᠋ᠤᠷ ᠳᠡᠷᠭᠡᠨ ᠳᠤ ᠮᠥᠷᠭᠦᠭ᠍ᠳᠡᠭᠡᠳ ᠡᠮᠨᠡᠯᠭᠡ ᠳᠤ ᠪᠠᠢ᠌ᠨ᠎ᠠ ᠭᠡᠵᠤ ᠰᠤᠨᠤᠰᠤᠭᠠᠤᠨ᠂ ᠵᠡᠷᠭᠡᠯᠳᠡᠭᠡ ᠶᠢᠨ ᠦᠰᠦ ᠵᠠᠰᠠᠬᠤ ᠭᠡᠷ ᠳᠤᠨᠢ ᠣᠷᠤᠪᠠ᠃ ᠭᠠᠵᠠᠷ ᠰᠤᠯᠢᠭᠰᠠᠨ ᠤ ᠶᠤᠮ ᠦᠦ︖ ᠡᠮᠡᠭ᠍ᠳᠡᠢ ᠦᠰᠦ ᠵᠠᠰᠠᠭᠴᠢ ᠶᠢᠨ ᠨᠢᠯᠤᠭᠤᠨ ᠴᠢᠷᠠᠢ ᠡᠴᠡ ᠪᠣᠯᠤᠭᠰᠠᠨ ᠶᠤᠮ ᠦᠦ︖ ᠪᠣᠤ ᠮᠠᠳᠠ᠂ ᠦᠰᠦ ᠪᠠᠨ ᠬᠠᠭᠠᠰ ᠵᠠᠰᠠᠭᠤᠯᠤᠭᠠᠤᠨ ᠳᠤᠳᠤᠷ ᠮᠢᠨᠢ ᠭᠡᠮᠰᠢᠵᠤ ᠡᠭᠢᠯᠡᠯ᠎ᠡ᠂ ᠶᠠᠭᠤᠨ ᠳᠤ ᠡ᠊ᠨᠳᠡ ᠢᠷᠠᠵᠤ ᠵᠠᠰᠠᠭᠤᠯᠤᠭᠰᠠᠨ ᠪᠣᠢ︖ ᠶᠠᠮᠠᠷ ᠴᠤ ᠥᠩᠭᠡ ᠮᠠᠭᠤᠳᠠᠢ ᠶᠠᠭᠤᠮ᠎ᠠ ᠪᠣᠯᠭᠠᠬᠤ ᠪᠣᠯ ᠳ᠋ᠠ︖ ᠭᠡᠵᠤ ᠪᠣᠳᠤᠬᠤ ᠳᠠᠭᠠᠨ ᠨᠢᠳᠤ ᠪᠠᠨ ᠠᠨᠢᠨ ᠪᠣᠷᠬᠠᠨ ᠳᠠᠭᠠᠨ ᠵᠠᠯᠪᠢᠷᠠᠨ ᠰᠠᠭᠤᠵᠤ ᠪᠢᠯᠠ᠃ ᠬᠠᠯᠠ ᠲᠡᠶ ᠬᠠᠭᠠᠰ ᠢᠯᠡᠭᠦᠤ ᠮᠦᠴᠡ ᠶᠢ ᠥᠩᠭᠡᠷᠡᠭᠡᠳ ᠥᠨᠡᠭᠡᠷ ᠮᠢᠨᠤ ᠪᠣᠳᠤᠭᠰᠠᠨ ᠡᠴᠡ ᠭᠠᠷᠤᠭᠰᠠᠨ ᠦᠭᠡᠶ᠂ ᠨᠠᠯᠢᠶᠠᠤᠨ ᠣᠷᠳᠤ ᠪᠠᠢ᠌ᠭᠰᠠᠨ ᠴᠤ ᠳᠢᠭ᠌ ᠲᠡᠶ ᠰᠠᠨᠠᠭᠳᠠᠭᠰᠠᠨ ᠦᠰᠦ ᠮᠢᠨᠢ ᠳᠤᠮᠳᠠᠳᠤ ᠰᠤᠷᠭᠠᠭᠤᠯᠢ ᠶᠢᠨ᠂ ᠳᠡᠭᠦᠨ ᠡᠴᠡ ᠴᠢᠨᠠᠭᠰᠢᠯᠠᠨ ᠪᠠᠭ᠎ᠠ ᠰᠤᠷᠭᠠᠭᠤᠯᠢ ᠶᠢᠨ ᠳᠤᠮᠤᠭ᠎ᠠ ᠦᠭᠡᠶ ᠰᠤᠷᠤᠭᠴᠢ ᠶᠢᠨ ᠰᠢᠭ᠌᠂ ᠣᠭᠳᠤᠷ ᠪᠦᠭᠡᠳ ᠮᠠᠩᠨᠠᠢ ᠶᠢᠨ ᠭᠡᠰᠡᠭ᠌ ᠢ ᠨᠢ ᠳᠠᠪ ᠳᠡᠭ᠍ᠰᠢᠭᠡᠨ ᠬᠠᠢ᠌ᠴᠢᠯᠠᠴᠢᠬᠠᠭᠰᠠᠨ ᠮᠠᠯᠠᠭᠠᠢ ᠰᠢᠭ᠌ ᠶᠠᠭᠤᠮ᠎ᠠ ᠪᠣᠯᠭᠠᠭᠠᠤᠨ ᠦᠭ‍ᠴᠢᠭᠡᠵᠡᠢ᠃ ᠪᠢ ᠥᠨᠡᠭᠡᠷ ᠳᠤᠳᠤᠷ ᠳᠤᠯᠭᠠᠮᠳᠠᠨ ᠶᠠᠭᠤ ᠨᠢᠭᠡ ᠶᠢ ᠭᠡᠯᠡᠮᠡᠷ ᠰᠢᠭ᠌ ᠪᠣᠳᠤᠭᠰᠠᠨ ᠴᠤ ᠰᠢᠨ᠎ᠠ ᠵᠢᠯ ᠤᠨ ᠳᠦᠷᠦᠭᠦᠨ ᠤ ᠡᠳᠦᠷ ᠶᠠᠭᠤ ᠭᠢᠭᠦ ᠪᠢᠯᠠ ᠭᠡᠵᠤ ᠪᠣᠳᠤᠭᠠᠤᠨ᠂ ᠭᠦᠯᠦᠰᠤᠨ ᠮᠥᠩᠭᠦ ᠶᠢ ᠨᠢ ᠬᠤᠷᠳᠤᠨ ᠳᠦᠷᠭᠡᠨ ᠭᠠᠷᠳᠠᠭᠤᠯᠤᠭᠠᠤᠨ ᠨᠤᠤᠰᠤᠨ ᠳᠠᠪᠠᠯ ᠤᠨ ᠮᠠᠯᠠᠭᠠᠢ ᠪᠠᠷ ᠪᠠᠨ ᠳᠤᠯᠤᠭᠠᠢ ᠪᠠᠨ ᠪᠠᠭᠢᠯᠡᠭᠡᠳ ᠨᠢᠭᠡᠨ ᠬᠤᠯᠠᠭᠠᠢ ᠭᠡᠷᠡᠭ᠌ ᠭᠢᠭ᠍ᠰᠡᠨ ᠭᠦᠮᠤᠨ ᠮᠠᠳᠤ ᠮᠤᠲ᠋ᠤᠷ ᠶᠢᠡᠨ ᠣᠨᠤᠨ ᠭᠡᠷ ᠵᠥᠭ᠌ ᠶᠢᠡᠨ ᠭᠡᠢ᠌ᠰᠭᠡᠵᠤ ᠪᠢᠯᠠ᠃

ᠭᠡᠷ ᠲᠤ ᠭᠦᠷᠭᠦ ᠳᠤ ᠦᠳᠡ ᠶᠢᠨ ᠬᠤᠢ᠌ᠨᠠᠭᠢ ᠨᠢᠭᠡ ᠴᠠᠭ ᠤᠨ ᠭᠢᠷᠢ ᠪᠣᠯᠵᠤ ᠪᠠᠢ᠌ᠪᠠ᠃ ᠡᠵᠢ ᠶᠠᠰᠤᠨ ᠭᠦᠵᠦᠷ ᠨᠠᠭᠠᠳᠤᠭᠠᠤᠨ ᠪᠠᠰᠠ ᠬᠠᠷᠢᠵᠤ ᠢᠷᠡᠭᠡᠳᠦᠢ᠂ ᠶᠠᠷᠤ ᠳᠡᠭᠡᠨ ᠭᠤᠷᠪᠠᠨ ᠴᠠᠭ ᠤᠨ ᠭᠢᠷᠢ ᠪᠠᠷ ᠬᠠᠷᠢᠵᠤ ᠢᠷᠡᠳᠡᠭ᠌ ᠶᠤᠮ᠃ ᠡᠭᠡᠨᠡᠷ ᠮᠢᠨᠢ ᠭᠡᠵᠢᠭᠡ ᠶᠢ ᠥᠵᠡᠭᠡᠳ ᠳᠠᠭᠤ ᠦᠭᠡᠶ ᠵᠤᠮᠠᠯᠵᠠᠵᠤ ᠪᠠᠢ᠌ᠪᠠ᠃ 《ᠶᠡᠭᠡ ᠰᠠᠢ᠌ᠬᠠᠨ ᠵᠠᠰᠠᠵᠤ ᠥᠭ᠍ᠴᠡᠢ᠂ ᠶᠠᠭ ᠪᠠᠭ᠎ᠠ ᠬᠡᠦᠬᠡᠳ ᠰᠢᠭ ᠪᠣᠯᠴᠢᠬᠠᠵᠠᠢ᠂ ᠵᠠᠯᠠᠭᠤ ᠳᠦᠷᠢ ᠲᠡᠶ ᠪᠣᠯ ᠰᠠᠢ᠌ᠨ ᠦᠭᠡᠶ ᠦᠦ︖ ᠣᠳᠠᠬᠤ ᠦᠭᠡᠶ ᠥᠰᠦᠭᠡᠳ ᠭᠠᠷᠤᠭᠠᠤᠨ ᠢᠷᠡᠴᠢᠭᠡᠨ᠎ᠡ︕》 ᠭᠡᠵᠤ ᠯᠠ ᠦᠨᠡᠨ ᠲᠡᠶ ᠨᠠᠭᠠᠳᠤᠮ ᠲᠡᠶ ᠪᠠᠷ ᠨᠠᠮᠢ᠋ᠢ ᠳᠠᠢ᠌ᠤᠠᠬᠤᠷᠠᠭᠤᠯᠵᠤ ᠯᠠ ᠪᠠᠢ᠌ᠪᠠ᠃ ᠪᠢ ᠴᠤ ᠭᠡᠵᠤ ᠳᠡᠭᠦᠨ ᠤ ᠳᠤᠭᠤᠭᠢᠯᠠᠭᠰᠠᠨ ᠦᠭᠡᠶ ᠳ᠋ᠤᠨᠢ ᠳᠠᠯᠠᠷᠬᠠᠵᠤ ᠣᠷᠤᠢ ᠶᠢᠨ ᠪᠣᠳᠠᠭᠠᠨ ᠳᠤ ᠪᠠᠩᠰᠢ ᠪᠠᠷᠢᠬᠤ ᠪᠠᠷ ᠪᠣᠯᠵᠤ᠂ ᠳᠠᠪᠣᠰᠤᠯᠠᠭᠰᠠᠨ ᠴᠠᠭᠠᠨ ᠨᠤᠭᠤᠭ᠎ᠠ ᠪᠠ ᠬᠠᠷ᠎ᠠ ᠮᠢᠬ᠎ᠠ ᠪᠠᠷ ᠰᠢᠶᠠᠠᠽᠢ ᠶᠢ ᠨᠢ ᠨᠠᠷᠠᠭᠤᠯᠵᠤ᠂ ᠶᠠᠭ ᠪᠠᠩᠰᠢ ᠪᠠᠷᠢᠬᠤ ᠦᠶ᠎ᠡ ᠪᠠᠷ ᠡᠵᠢ ᠬᠠᠷᠢᠭᠠᠤᠨ ᠢᠷᠠᠪᠠ᠃

ᠡᠵᠢ ᠶᠢᠨ ᠣᠷᠤᠭᠤ ᠴᠢᠷᠠᠢ᠌ᠯᠠᠵᠤ ᠪᠠᠢ᠌ᠬᠤ ᠪᠠᠢ᠌ᠳᠠᠯ ᠡᠴᠡ ᠥᠵᠡᠭᠦ ᠳᠤ ᠨᠠᠭᠠᠳᠤᠮ ᠳᠠᠭᠠᠨ ᠵᠤᠭᠤᠰ ᠬᠤᠠᠵᠢᠭᠳᠠᠭᠰᠠᠨ ᠮᠠᠶ‍ᠢᠭ ᠭᠠᠷᠴᠤ ᠪᠠᠢ᠌ᠯ᠎ᠠ᠃ ᠭᠡᠳᠡᠯ᠎ᠡ ᠭᠡᠳᠦᠷᠭᠡᠢ ᠵᠤᠪᠠᠬᠤ ᠡᠴᠡ ᠨᠢ ᠠᠶᠤᠭᠠᠤᠨ ᠪᠢ ᠳᠤᠤᠭᠠᠷᠤᠭᠰᠠᠨ ᠦᠭᠡᠶ᠂ ᠨᠠᠯᠢᠶᠠᠤᠨ ᠣᠯᠠᠨ ᠢᠨᠢᠶᠠᠳᠤᠮ ᠱᠤᠭ ᠤᠨ ᠥᠭᠡ ᠭᠡᠯᠡᠭᠡᠳ ᠪᠠᠩᠰᠢ ᠪᠠᠨ ᠢᠳᠡᠵᠡᠭᠡᠪᠡ᠃

ᠡᠵᠢ ᠣᠷᠤᠢ ᠳᠤᠯᠤᠭᠠᠨ ᠴᠠᠭ ᠤᠨ ᠭᠢᠷᠢ ᠪᠠᠷ ᠣᠠᠳᠠᠬᠤ ᠪᠣᠯᠪᠠ᠃ ᠨᠠᠰᠤᠳᠠᠢ ᠭᠦᠮᠤᠨ ᠭᠦᠵᠦᠷ ᠨᠠᠭᠠᠳᠬᠤ ᠭᠡᠵᠤ ᠨᠠᠯᠢᠶᠠᠤᠨ ᠶᠠᠳᠠᠷᠠᠯᠳᠠᠢ ᠶᠠᠪᠣᠳᠠᠯ ᠶᠤᠮ᠃ ᠪᠢ ᠴᠤ ᠡᠵᠢ ᠶᠢ ᠡᠷᠳᠡ ᠣᠠᠳᠠᠭᠤᠯᠬᠤ ᠭᠡᠵᠤ ᠳᠸᠯᠸᠢᠰ ᠥᠵᠡᠭ᠍ᠰᠡᠨ ᠦᠭᠡᠶ ᠣᠷᠤᠨ ᠳᠠᠭᠠᠨ ᠣᠷᠤᠪᠠ᠃ ᠭᠡᠳᠡᠯ᠎ᠡ ᠭᠡᠴᠢᠨᠡᠨ ᠣᠳᠠᠭᠠᠤᠨ ᠣᠠᠳᠠᠵᠤ ᠣᠷᠤᠬᠤ ᠦᠭᠡᠶ᠂ ᠨᠠᠰᠤᠳᠠᠢ ᠭᠦᠮᠤᠨ ᠨᠢᠭᠡ ᠭᠡᠷᠡᠭ᠌ ᠣᠴᠢᠷ ᠢ ᠭᠡᠵᠢᠶᠡᠳᠡ ᠪᠠᠳᠤ ᠪᠣᠳᠤᠨ ᠰᠡᠳᠭᠢᠯ ᠳᠡᠭᠡᠨ ᠳᠠᠯᠪᠢᠳᠠᠭ ᠶᠤᠮ᠂ ᠨᠠᠭᠠᠳᠤᠮ ᠳᠤ ᠣᠯᠵᠤ ᠱᠥᠭᠦᠭ᠍ᠳᠡᠭ᠍ᠰᠡᠨ ᠢ ᠨᠢ ᠠᠰᠠᠭᠤᠭᠠᠤᠨ ᠳᠠᠢ᠌ᠤᠠᠬᠤᠷᠠᠭᠤᠯᠤᠭᠰᠠᠨ ᠪᠣᠯ ᠵᠦᠪ ᠪᠠᠢ᠌ᠭᠰᠠᠨ ᠶᠤᠮ᠂ ᠭᠡᠨ ᠴᠤ ᠳᠤᠤᠭᠠᠷᠬᠤ ᠦᠭᠡᠶ ᠪᠠᠷ ᠣᠴᠢᠷ ᠢ ᠨᠢ ᠨᠢᠭᠡ ᠯᠠ ᠭᠦᠮᠤᠨ ᠳᠤ ᠳᠠᠷᠤᠭᠠᠰᠤ ᠪᠣᠯᠭᠠᠪᠠᠯ ᠵᠢᠵᠢᠭ᠌ ᠣᠴᠢᠷ ᠴᠤ ᠳᠤᠮᠤ ᠠᠰᠠᠭᠤᠳᠠᠯ ᠪᠣᠯᠵᠤ ᠨᠦᠰᠠᠷᠯᠠᠨ ᠢᠷᠡᠭᠦ ᠶᠤᠰᠤᠳᠠᠢ᠃ ᠬᠤᠵᠢᠮ ᠣᠴᠢᠷ ᠶᠠᠪᠣᠳᠠᠯ ᠢ ᠰᠢᠦᠡᠪᠦᠷᠢᠯᠡᠭᠦ ᠳᠡᠭᠡᠨ ᠡᠮᠦᠨ᠎ᠡ ᠬᠣᠢ᠌ᠨᠠᠭᠢ ᠶᠢ ᠨᠢ ᠰᠠᠢ᠌ᠬᠠᠨ ᠳᠤᠩᠭ᠋ᠠᠨ ᠪᠣᠳᠤᠬᠤ ᠭᠡᠷᠡᠭ᠍ᠳᠡᠢ ᠳ᠋ᠠ᠃

ᠡᠨᠡ ᠰᠦᠨᠢ ᠮᠤᠲ᠋ᠤᠷ ᠳᠡᠷᠭᠡ ᠪᠠᠨ ᠭᠦᠮᠦᠷᠭᠡᠨ ᠳ᠋ᠤᠨᠢ ᠣᠷᠤᠭᠤᠯᠬᠤ ᠶᠢ ᠮᠠᠷᠳᠠᠭᠠᠤᠨ ᠰᠦᠨᠢ ᠶᠢᠨ ᠨᠢᠭᠡ ᠴᠠᠭ ᠤᠨ ᠭᠢᠷᠢ ᠪᠠᠷ ᠪᠠᠭᠤᠵᠤ ᠥᠵᠡᠭᠦ ᠳᠤ ᠨᠢᠭᠡ ᠳᠠᠯ᠎ᠠ ᠶᠢᠨ ᠳᠤᠯᠢ ᠶᠢ ᠨᠢ ᠬᠤᠯᠠᠭᠠᠢ᠌ᠴᠢ ᠠᠪᠠᠴᠢᠴᠢᠬᠠᠭᠰᠠᠨ ᠪᠠᠢ᠌ᠪᠠ᠃

ᠰᠢᠨ᠎ᠠ ᠵᠢᠯ ᠢ ᠣᠭᠳᠤᠵᠤ ᠰᠢᠨ᠎ᠠ ᠠᠮᠢᠳᠤᠷᠠᠯ ᠤᠨ ᠵᠠᠮ ᠢ ᠡᠭᠢᠯᠡᠭᠦ ᠳᠤ ᠭᠦᠮᠤᠨ ᠪᠦᠭᠦᠨ ᠤ ᠳᠦᠷᠦᠭᠦᠨ ᠤ ᠠᠯᠬᠤᠮ ᠨᠢ ᠪᠦᠷ ᠠᠳᠠᠯᠢ ᠦᠭᠡᠶ ᠪᠢᠯᠠ᠂ ᠡ᠊ᠨᠳᠡ ᠯᠤ ᠰᠢᠶᠥ᠋ᠨ ᠠᠪᠣᠭᠠᠢ ᠶᠢᠨ ᠨᠢᠭᠡ ᠥᠭᠡ ᠪᠠᠷ ᠳᠤᠰ ᠵᠤᠬᠢᠶᠠᠯ ᠤᠨ ᠶᠢᠡᠨ ᠳᠡᠭᠦᠰᠭᠡᠯ ᠪᠣᠯᠭᠠᠶ᠎ᠠ᠂ 《ᠭᠠᠵᠠᠷ ᠳᠡᠭᠡᠷ᠎ᠡ ᠣᠤᠯ ᠡᠴᠡ ᠪᠠᠨ ᠵᠠᠮ ᠭᠡᠵᠤ ᠠᠯᠠᠭ᠎ᠠ ᠶᠠᠪᠣᠬᠤ ᠭᠦᠮᠤᠨ ᠣᠯᠠᠨ ᠪᠣᠯᠬᠤᠷ ᠵᠠᠮ ᠭᠠᠷᠴᠢᠬᠠᠳᠠᠭ ᠪᠢᠯᠠ︕》


ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠯᠢ ᠳᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2969
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ