ᠪᠣᠷᠴᠠ ᠵᠠᠵᠢᠯᠬᠤ ᠶᠢᠨ ᠊ᠭ᠍ᠱᠡᠨ ᠳᠤ ᠁
᠊᠊᠊᠊᠊᠊᠊᠊᠊᠊᠊᠊᠊᠊᠊ ᠪᠠᠭᠡᠵᠢᠩ ᠳᠤ ᠪᠢᠴᠢᠭ᠍ᠰᠡᠨ ᠰᠢᠯᠦᠭ᠌

                          

ᠵᠢᠩ ᠤᠨ ᠭᠤᠪᠢ ᠳᠠᠭᠠᠨ ᠳᠡᠮᠡᠭᠡ ᠪᠠᠨ ᠵᠠᠯᠠᠭ᠎ᠠ ᠠᠪᠣ ᠶᠢᠨ ᠳᠤᠭᠤᠰᠤᠳᠠᠢ ᠴᠢᠷᠠᠢ ᠬᠠᠷᠠᠭᠳᠠᠨ᠎ᠠ

ᠵᠠᠷᠠᠭ ᠤᠨ ᠳᠠᠳᠠᠯᠠᠭᠤᠷ ① ᠶ᠋ᠢᠡᠨ ᠡᠯᠡᠭ᠍ᠳᠡᠳᠡᠯ᠎ᠡ ᠪᠦᠯᠢᠭᠡ ᠡᠵᠢ ᠶᠢᠨ ᠳᠤᠰᠤᠳᠠᠢ ᠬᠤᠷᠮᠤᠢ ᠥᠨᠦᠷᠳᠦᠭ᠍ᠳᠡᠨ᠎ᠡ

ᠵᠠᠳᠠᠭᠠᠢ ᠰᠠᠯᠭᠢ ᠪᠠᠷ ᠣᠷᠤᠭᠤᠯ ᠶᠢᠡᠨ ᠥᠨᠦᠰᠦᠭᠦᠯᠦᠭᠡ ᠪᠦᠰᠡᠭᠦᠢ ᠶᠢᠨ ᠴᠠᠢ᠌ᠯᠭᠠᠨ ᠰᠡᠳᠭᠢᠯ ᠢᠷᠠᠨ᠎ᠡ

ᠵᠠᠪᠠᠭ ᠤᠨ ᠵᠠᠪᠰᠠᠷ ᠶᠢᠡᠷ ᠨᠢᠭᠤᠭᠳᠠᠵᠤ ᠰᠢᠷᠭᠤᠭᠰᠠᠨ ᠨᠤᠳᠤᠭ ᠤᠨ ᠬᠠᠯᠠᠭᠤᠨ ᠰᠢᠷᠤᠢ ᠠᠮᠳᠠᠯᠠᠭᠳᠠᠨ᠎ᠠ


ᠭᠡᠭᠡᠷ᠎ᠡ ᠶᠢᠨ ᠳᠤᠷᠠᠯᠠᠯ ᠢ ᠠᠯᠢᠶᠠᠯᠠᠵᠤ ᠰᠡᠪᠠᠨᠡᠳᠡᠭ᠌ ᠭᠦᠳᠡᠭᠡ ᠶᠢᠨ ᠴᠠᠪᠠᠷ ᠰᠠᠯᠭᠢ ᠥᠭᠡᠢ᠌ᠯᠡᠭ᠍ᠳᠡᠨ᠎ᠡ

ᠭᠡᠯᠡ ᠲᠡᠶ ᠶᠤᠮ ᠰᠢᠭ ᠵᠡᠭᠦᠳᠤᠨ ᠳᠤ ᠳᠠᠭᠤᠯᠠᠳᠠᠭ ᠠᠶᠠᠨ ᠤ ᠰᠢᠪᠠᠭᠤᠳ ᠤᠨ ᠭᠠᠩᠭ᠋ᠠᠨᠠᠭ᠎ᠠ ᠡᠷᠢᠭ᠍ᠳᠡᠨ᠎ᠡ

ᠭᠡᠷ ᠤᠨ ᠰᠡᠭᠦᠳᠡᠷ ᠲᠤ ᠱᠤᠤᠭᠢᠳᠠᠯ᠎ᠠ ᠢᠰᠦᠭ᠍ᠰᠡᠨ ᠠᠢ᠌ᠷᠠᠭ ᠤᠨ ᠭᠦᠴᠦᠯᠢᠭ᠌ ᠠᠮᠳᠠ ᠳᠠᠮᠰᠢᠶᠠᠯᠠᠭᠳᠠᠨ᠎ᠠ

ᠭᠡᠭᠡᠨ ᠰᠦᠨᠢ ᠶᠢ ᠭᠦᠭ᠍ᠵᠢᠮᠳᠡᠵᠤ ᠴᠠᠢ᠌ᠯᠭᠠᠳᠠᠭ ᠭᠤᠷᠤᠬ᠎ᠠ ᠶᠢᠨ ᠭᠦᠢᠳᠡᠨ ᠣᠰᠤ ᠵᠠᠯᠭᠢᠭᠳᠠᠨ᠎ᠠ


ᠣᠷᠤᠰᠬᠤ ᠨᠢᠯᠪᠣᠰᠤ ᠪᠠᠨ ᠬᠠᠠᠴᠤᠨ ᠳᠠᠭᠠᠨ ᠰᠢᠩᠭᠡᠭᠡᠨ ᠳᠠᠢ᠌ᠳᠬᠤᠷᠠᠳᠠᠭ ᠪᠣᠭᠤᠷᠤᠯ ᠤᠳ ᠮᠢᠨᠢ ᠥᠭᠡᠢ᠌ᠡᠯᠡᠭ᠍ᠳᠡᠨ᠎ᠡ

ᠣᠴᠠᠭᠠᠷ ᠭᠤᠮᠤᠳᠠᠯ ᠶᠢᠡᠨ ᠴᠡᠭᠡᠵᠢᠨ ᠳᠡᠭᠡᠨ ᠬᠠᠳᠠᠭᠠᠯᠠᠳᠠᠭ ᠦᠭᠡᠶ ᠦᠶ᠎ᠡ ᠶᠢᠨ ᠮᠠᠭᠤ ᠨᠠᠢ᠌ᠵᠠ ᠨᠡᠷ ᠡᠷᠢᠭ᠍ᠳᠡᠨ᠎ᠡ

ᠣᠤᠭᠠᠯ ᠨᠤᠳᠤᠭ ᠤᠨ ᠡᠪᠠᠰᠤᠨ ᠳᠤ ᠭᠦᠷᠳᠡᠯ᠎ᠡ ᠳᠠᠨᠢᠭᠳᠠᠭᠰᠠᠨ ᠮᠤᠩᠭ᠋ᠤᠯ ᠵᠤᠴᠢᠠᠰᠠᠭ ᠵᠠᠩ ᠰᠠᠨᠠᠭᠳᠠᠨ᠎ᠠ

ᠣᠳᠤᠮ ᠤᠨ ᠴᠢᠰᠤᠨ ᠡᠴᠡ ᠢᠯᠭᠠᠷᠠᠭᠠᠤᠨ ᠭᠠᠷᠬᠤ ᠦᠭᠡᠶ ᠮᠢᠨᠤ ᠠᠷᠠᠤᠨ ᠤᠨ ᠳᠠᠭᠤᠤ ᠰᠤᠨᠤᠰᠳᠠᠨ᠎ᠠ


ᠬᠤᠨᠢᠨ ᠳᠤ ᠣᠨᠤᠳᠠᠭ ᠮᠤᠷᠢᠨ ᠤ ᠭᠦᠯᠦᠰᠤ ᠲᠡᠶ ᠳᠤᠬᠤᠮ ᠥᠵᠡᠭ᠍ᠳᠡᠨ᠎ᠡ

ᠬᠤᠯᠠ ᠰᠣᠢ᠌ᠳᠠᠭ ᠠᠳᠠᠨ ᠤ ᠰᠠᠢ᠌ᠷᠰᠤ ᠲᠡᠶ ᠳᠤᠮᠤ ᠳᠠᠪᠠᠭ ᠭᠢᠯᠠᠯᠵᠠᠨ᠎ᠡ

ᠬᠣᠢ᠌ᠮᠤᠷ ᠤᠨ ᠠᠪᠳᠠᠷ᠎ᠠ ᠳᠤ ᠬᠠᠳᠠᠭᠠᠯᠠᠭ᠎ᠠ ᠮᠦᠰᠤᠨ ᠰᠢᠭᠢᠷ ᠵᠠᠵᠢᠯᠠᠭᠳᠠᠨ᠎ᠠ

ᠬᠤᠯᠢᠯᠴᠠᠭ᠎ᠠ ᠦᠭᠡᠶ ᠣᠰᠤ ᠪᠠᠷ ᠴᠢᠨᠠᠭᠰᠠᠨ ᠰᠦ᠋ ᠲᠡᠶ ᠴᠠᠢ ᠤᠭᠤᠴᠢᠭᠳᠠᠨ᠎ᠠ


ᠨᠢᠰᠭᠦ ᠭᠡᠳ ᠪᠠᠢ᠌ᠳᠠᠭ ᠰᠡᠳᠭᠢᠯ ᠮᠢᠨᠢ ᠠᠷᠭᠠᠯᠠᠭᠳᠠᠨ᠎ᠠ

ᠨᠢᠰᠦᠭᠡᠳ ᠭᠦᠷᠳᠡᠭ᠌ ᠦᠭᠡᠶ ᠮᠦᠷᠦᠭᠡᠳᠦᠯ ᠮᠢᠨᠢ ᠣᠶᠠᠭᠳᠠᠨ᠎ᠠ

ᠳᠠᠭᠤᠯᠠᠵᠤ ᠰᠠᠭᠤᠳᠠᠭ ᠵᠢᠷᠦᠭᠡ ᠮᠢᠨᠢ ᠳᠤᠭᠳᠤᠯᠤᠨ᠎ᠡ

ᠳᠠᠭᠤᠯᠠᠭᠠᠤᠨ ᠶᠠᠳᠠᠷᠠᠳᠠᠭ ᠦᠭᠡᠶ ᠬᠤᠭᠤᠯᠠᠢ ᠮᠢᠨᠢ ᠵᠠᠩᠭᠢᠷᠠᠨ᠎ᠠ


ᠪᠣᠭᠤᠷᠤᠯ ᠨᠤᠳᠤᠭ ᠤᠨ ᠭᠦᠯᠦᠰᠤ ᠲᠡᠶ ᠴᠢᠯᠠᠭᠤ ᠵᠢᠷᠦᠭᠡᠨ ᠳᠤ ᠣᠨᠠᠨ ᠪᠦᠮᠪᠦᠷᠢᠨ᠎ᠡ

ᠪᠣᠳᠠᠩᠳᠤ ᠭᠤᠪᠢ ᠶᠢᠨ ᠳᠤᠰᠤ ᠲᠡᠶ ᠪᠣᠷᠤᠭ᠎ᠠ ᠪᠣᠳᠤᠯ ᠳᠤ ᠱᠠᠭᠢᠭᠠᠤᠨ ᠥᠩᠭᠡᠷᠡᠨ᠎ᠡ

ᠪᠣᠴᠠᠬᠤ ᠡᠳᠦᠷ ᠤᠨ ᠬᠦᠩᠭᠡᠨ ᠭᠤᠨᠢᠭ ᠪᠠᠭᠡᠵᠢᠩ ᠡᠴᠡ ᠨᠢᠰᠤᠨ ᠠᠯᠳᠠᠭᠳᠠᠨ᠎ᠠ

ᠪᠢᠴᠢᠭ᠍ᠰᠡᠨ ᠰᠢᠯᠦᠭ᠌ ᠤᠨ ᠮᠦᠷ ᠮᠦᠰᠭᠡᠨ ᠮᠢᠨᠤ ᠰᠡᠳᠭᠢᠯ ᠭᠦᠶᠤᠨ᠎ᠡ ᠡ ︕


                   2011 ᠣᠨ ᠤ 5 ᠰᠠᠷ᠎ᠠ ᠶᠢᠨ 17 ᠊ᠤ ᠦᠷᠯᠦᠭᠡ

                   《  ᠦᠨᠢᠷ ᠴᠡᠴᠡᠭ᠌》  ᠊ᠤᠨ 2011 ᠣᠨ ᠤ ᠳᠤᠯᠤᠳᠤᠭᠠᠷ ᠬᠤᠭᠤᠴᠠᠭᠠᠨ ᠡᠴᠡ ᠰᠢᠯᠵᠢᠭᠦᠯᠪᠡ᠃


① ᠠᠢ᠌ᠷᠠᠭ ᠪᠦᠯᠢᠳᠡᠭ᠌ ᠰᠠᠪᠠ ᠪᠠ ᠪᠦᠯᠢᠭᠦ ᠪᠠᠭᠠᠵᠢ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2011 ᠤᠨ ᠤ 07 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ