ᠡᠭᠡ ᠭᠡᠯᠡ ᠮᠢᠨᠢ

ᠭᠦᠭᠡ ᠮᠤᠩᠭ᠋ᠤᠯ ᠤᠨ ᠠᠭᠤᠤ ᠭᠡᠯᠡ

ᠭᠦᠮᠤᠨ ᠠᠷᠠᠤᠨ ᠤᠨ ᠣᠢ᠌ᠯᠠ ᠶᠢᠨ ᠮᠦᠷ

ᠭᠦᠳᠡᠭᠡ ᠳᠠᠯ᠎ᠠ ᠶᠢᠨ ᠠᠵᠢᠯᠴᠢ ᠭᠡᠯᠡ

ᠭᠦᠰᠡᠯ ᠵᠤᠷᠢᠯ ᠤᠨ ᠳᠤᠶᠠᠭᠠᠳᠤ ᠭᠡᠯᠡ


ᠨᠠᠷᠠᠨ ᠤ ᠡᠭᠡᠯᠢ ᠲᠡᠶ ᠨᠠᠢ᠌ᠷᠠᠮᠳᠠᠯ ᠤᠨ ᠭᠡᠯᠡ

ᠨᠠᠴᠢᠨ ᠤ ᠵᠤᠯᠢ ᠲᠡᠶ ᠵᠢᠪᠬᠤᠭᠠᠳᠠᠢ ᠭᠡᠯᠡ

ᠦᠪᠡᠷ ᠢ ᠪᠠᠨ ᠡᠵᠡᠮᠳᠡᠭᠦ ᠡᠵᠡᠨ ᠭᠡᠯᠡ

ᠦᠨᠢᠷ ᠨᠥᠮᠵᠦᠭ᠌ ᠭᠦᠭ᠍ᠵᠢᠯᠳᠤ ᠭᠡᠯᠡ


ᠰᠠᠷᠠᠨ ᠤ ᠭᠢᠯᠪᠠᠭ᠎ᠠ ᠲᠡᠶ ᠰᠠᠢ᠌ᠬᠠᠨ ᠭᠡᠯᠡ

ᠰᠠᠴᠠᠨ ᠴᠢᠮᠡᠭ᠌ ᠲᠡᠶ ᠣᠬᠠᠭᠠᠠᠳᠤ ᠭᠡᠯᠡ

ᠰᠡᠷᠭᠦᠯᠡᠩ ᠣᠮᠤᠭ ᠲᠡᠶ ᠥᠭᠡᠳᠡ ᠭᠡᠯᠡ

ᠰᠠᠮᠠᠭ᠎ᠠ ᠯᠢᠩᠬᠸ᠎ᠠ ᠲ᠋ᠠᠢ ᠭᠤᠸ᠎ᠠ ᠭᠡᠯᠡ


ᠢᠯᠠᠯᠳᠠ ᠠᠮᠵᠢᠯᠳᠠ ᠲᠡᠶ ᠪᠠᠭᠠᠳᠤᠷ ᠭᠡᠯᠡ

ᠠᠷᠠᠳᠴᠢᠯᠠᠯ ᠤᠨ ᠨᠢᠩᠵᠢᠨ ᠲᠡᠶ ᠵᠢᠷᠤᠮᠳᠤ ᠭᠡᠯᠡ

ᠠᠶᠤᠤᠯᠢᠬᠠᠢ ᠳᠤ ᠪᠠᠨ ᠰᠡᠳᠭᠢᠯ ᠲᠡᠶ ᠪᠠᠶᠠᠯᠢᠭ ᠭᠡᠯᠡ

ᠢᠪᠠᠭᠡᠯ ᠤᠨ ᠳᠡᠭᠡᠳᠦᠰ ᠲᠡᠶ ᠳᠠᠭᠢᠮᠳᠠᠭᠤ ᠭᠡᠯᠡ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3591
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ