ᠬᠡᠦᠬᠡᠳ ᠤᠨ ᠤᠬᠠᠭᠠᠷᠠᠯ ᠳ᠋ᠤ

ᠬᠤᠷ᠎ᠠ ᠪᠣᠷᠤᠭᠠᠨ᠂ ᠬᠤᠢ ᠰᠠᠯᠭᠢ ᠴᠤ

ᠬᠤᠷᠮᠤᠰᠳᠠ ᠳᠡᠭ᠍ᠷᠢ ᠶᠢᠨ ᠮᠠᠠᠳᠠᠯ ᠡᠴᠠ ᠡᠭᠦᠰᠦᠯ ᠳᠠᠢ

ᠬᠤᠪᠢᠯᠭᠠᠨ ᠮᠡᠷᠭᠡᠨ᠂ ᠬᠡᠦᠬᠡᠳ ᠪᠠᠭᠠᠴᠤᠳ ᠴᠤ

ᠬᠤᠪᠢᠠᠴᠢ ᠰᠠᠭᠢᠭᠤᠰᠤ ᠡᠴᠢᠭᠡ ᠡᠭᠡ ᠡᠴᠠ ᠢᠷᠠᠯ ᠳᠠᠢ


ᠭᠦᠰᠡᠯ ᠪᠠᠶᠡᠯᠡᠭ᠍ᠳᠡᠵᠤ ᠴᠢᠳᠠᠬᠤ ᠦᠭᠡᠶ ᠨᠢ

ᠭᠦᠪᠰᠦᠭᠡᠷ ᠡᠭᠦᠯᠡ ᠰᠠᠯᠭᠢᠨ ᠳᠤ ᠰᠠᠷᠨᠢᠬᠤ ᠮᠠᠳᠤ

ᠬᠡᠦᠬᠡᠳ ᠥᠭᠡᠳᠡ ᠣᠷᠤᠭᠰᠢ ᠦᠭᠡᠶ ᠪᠣᠯᠬᠤ ᠨᠢ

ᠭᠦᠰᠢᠭᠦᠨ ᠪᠠᠶ᠎ᠠ ᠬᠠᠷ᠎ᠠ ᠳᠠᠷᠤᠬᠤ ᠮᠠᠳᠤ

ᠭᠦᠮᠦᠡᠴᠢ ᠴᠢᠨᠠᠷ ᠤᠨ ᠭᠦᠨ ᠳᠠᠯᠠᠢ ᠳ᠋ᠤ

ᠭᠦᠷᠪᠠᠨ ᠣᠷᠪᠠᠨ ᠱᠤᠩᠪᠠᠵᠤ ᠳᠡᠢ᠌ᠯᠭᠦ ᠨᠢ

ᠭᠦᠭ᠍ᠵᠢᠯ ᠬᠤᠷᠣᠢ᠌ᠯᠠᠭᠰᠠᠨ ᠬᠡᠦᠬᠡᠳ ᠳᠡᠭᠦᠦᠨᠡᠷ

ᠭᠦᠰᠡᠯᠡᠩᠳᠤ ᠪᠠᠷᠢᠯᠭ᠎ᠠ ᠶᠢᠨ ᠦᠨᠳᠦᠰᠦᠨ ᠴᠤᠭᠴᠠᠯᠠᠭᠴᠢ


ᠪᠢᠠᠳᠠᠷᠢᠶᠠᠨ ᠶ‍ᠢᠷᠳᠢᠠᠴᠤ ᠶᠢᠨ ᠨᠢᠭᠡᠨ ᠵᠠᠢ ᠳ᠋ᠤ

ᠪᠠᠳᠢᠷᠴᠢᠨ ᠪᠣᠯᠤᠭᠰᠠ ᠴᠤ ᠣᠷᠤᠰᠢᠬᠤ ᠬᠤᠪᠢᠳᠠᠢ

ᠪᠢᠯᠢᠭ᠌ ᠰᠠᠴᠠᠨ ᠦᠬᠢᠳ ᠭᠦᠪᠠᠭᠦᠤᠨ ᠴᠤ

ᠪᠠᠶ᠎ᠠ ᠪᠠᠨ ᠳᠦᠷᠦᠭᠦᠯᠦᠭ᠍ᠰᠡᠨ ᠠᠪᠣ ᠡᠵᠢ ᠳᠡᠭᠡᠨ ᠮᠦᠷᠭᠦᠭᠦ ᠶᠤᠰᠤᠳᠠᠢ

ᠪᠢᠳᠡᠭᠦᠤ ᠬᠠᠳᠠᠭᠤ ᠰᠡᠳᠭᠢᠯ ᠲᠡᠶ ᠡᠴᠢᠭᠡ ᠡᠭᠡ ᠪᠠᠨ

ᠪᠢᠳᠡᠭᠡᠢ ᠳᠡᠨᠡᠭᠯᠡᠨ ᠵᠤᠪᠠᠭᠠᠴᠢ ᠬᠡᠦᠬᠡᠳ ᠤᠳ ᠡ

ᠪᠢᠷ ᠤᠨ ᠦᠵᠦᠭᠦᠷ ᠴᠢᠨᠢ ᠬᠤᠷᠴᠠᠯᠠᠨ ᠰᠢᠳᠢᠯᠡᠭᠦ ᠳ᠋ᠤ

ᠪᠢᠴᠢᠭ᠌ ᠤᠨ ᠣᠬᠠᠭᠠᠨ ᠪᠠᠶ᠎ᠠ ᠳᠤ ᠴᠢᠨᠢ ᠨᠡᠪᠳᠡᠷᠡᠭᠦ ᠶᠤᠮ


ᠭᠡᠢ ᠭᠦᠰᠡᠯ ᠤᠨ ᠳᠠᠮᠠᠢ᠌ᠷᠠᠯ ᠳ᠋ᠤ

ᠭᠡᠰᠢᠭ᠌ ᠪᠣᠶᠠᠨ ᠴᠤ ᠵᠠᠢ᠌ᠳᠠᠬᠤ ᠶᠤᠮ

ᠭᠢᠳᠠᠯ ᠣᠷᠤᠯᠳᠤᠯᠭ᠎ᠠ ᠶᠢᠨ ᠳᠠᠮ ᠳ᠋ᠤ

ᠭᠡᠯᠳᠡᠭᠡᠢ ᠵᠠᠶᠠᠭ᠎ᠠ ᠴᠤ ᠳᠡᠭ᠍ᠰᠢᠷᠡᠭᠦ ᠶᠤᠮ

ᠬᠤᠷᠤᠰᠤᠯ ᠠᠳᠠᠭᠠᠷᠬᠠᠯ ᠤᠨ ᠨᠢᠭᠤᠴᠠ ᠭᠦᠴᠤᠨ ᠳ᠋ᠤ

ᠬᠤᠪᠢ ᠳᠠᠪᠢᠯᠠᠩ ᠴᠤ ᠥᠭᠡᠷᠡᠴᠢᠯᠡᠭ᠍ᠳᠡᠭᠦ ᠮᠠᠭᠠᠤᠨ

ᠬᠤᠪᠢᠰᠤᠩᠭ᠋ᠤᠢ ᠪᠣᠳᠠᠰᠴᠢ ᠦᠵᠠᠯ ᠤᠨ ᠠᠷᠭ᠎ᠠ ᠳ᠋ᠤ

ᠬᠤᠴᠤᠷᠠᠩᠭ᠋ᠤᠢ ᠠᠮᠢᠳᠤᠷᠠᠯ ᠴᠤ ᠳᠡᠭ᠍ᠵᠢᠷᠡᠭᠦ ᠮᠠᠭᠠᠤᠨ


ᠳᠡᠪᠠᠯᠭᠦ ᠠᠮᠢᠳᠤᠷᠠᠯ ᠳᠤ ᠴᠢᠨᠢ ᠶᠤᠰᠤᠨ ᠪᠣᠢ

ᠳᠡᠭᠡᠳᠦᠯᠡᠭᠦ ᠶᠤᠰᠤᠨ ᠳᠤ ᠴᠢᠨᠢ ᠤᠳᠬ᠎ᠠ ᠪᠣᠢ

ᠳᠡᠷᠭᠡᠳᠡᠭᠢ ᠪᠠᠢ᠌ᠭᠠᠯᠢ ᠳᠤ ᠴᠢᠨᠢ ᠰᠢᠳᠢ ᠪᠣᠢ

ᠳᠡᠭᠡᠳᠦᠰ ᠪᠣᠭᠤᠷᠤᠯ ᠳᠤ ᠴᠢᠨᠢ ᠭᠡᠰᠢᠭ᠌ ᠪᠣᠢ

ᠣᠯᠠᠢ᠌ᠬᠤ ᠪᠣᠯᠪᠠᠰᠤᠷᠠᠯ᠂ ᠣᠢ᠌ᠤᠠᠬᠤ ᠦᠭᠡᠶ ᠵᠢᠳᠭᠦᠯ ᠳ᠋ᠤ

ᠣᠯᠠᠰᠢᠷᠠᠬᠤ ᠮᠡᠳᠡᠯᠭᠡ ᠶᠢᠨ ᠣᠷᠭᠢᠯ ᠮᠠᠴᠤᠭᠳᠠᠳᠠᠭ

ᠬᠠᠳᠠᠭᠤ ᠰᠢᠯᠭᠠᠯᠳᠠ᠂ ᠴᠢᠩᠭ᠎ᠠ ᠰᠤᠷᠢᠯᠳᠠ ᠳ᠋ᠤ

ᠬᠠᠷᠠᠯᠳᠠ ᠳᠤᠳᠤᠷᠠᠵᠤ ᠳᠠᠪᠰᠢᠯᠳᠠ ᠥᠡᠳᠦᠷᠯᠡᠳᠡᠭ᠌

ᠭᠦᠭᠡᠷᠦᠭᠦᠨ ᠬᠡᠦᠬᠡᠳ ᠤᠳ ᠮᠢᠨᠢ ︕

ᠠᠬᠠᠮᠠᠤᠨ᠂ ᠪᠠᠭᠰᠢ ᠪᠠᠨ ᠭᠦᠡᠳᠦᠯᠡᠵᠤ ᠶᠠᠪᠣ

ᠠᠠᠳᠠ ᠨᠥᠭᠦᠤᠨ ᠶᠢᠡᠨ ᠬᠠᠢ᠌ᠷᠠᠯᠠᠵᠤ ᠶᠠᠪᠣ

ᠠᠷᠢᠭᠤᠨ ᠨᠤᠮ ᠳᠠᠭᠠᠨ ᠰᠢᠮᠳᠠᠵᠤ ᠶᠠᠪᠣ

ᠠᠯᠳᠠᠩᠬᠠᠨ ᠴᠠᠭ ᠲᠠᠭᠠᠨ ᠡᠷᠳᠡᠮ ᠲᠡᠶ ᠶᠠᠪᠣ




ᠵᠤᠬᠢᠶᠠᠭᠴᠢ ᠶᠢᠨ ᠬᠠ‍‌ᠶᠢᠭ ᠄ ᠪᠠᠷᠠᠭᠤᠨ ᠰᠦᠨᠢᠳ ᠬᠤᠰᠢᠭᠤ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1772
ᠴᠠᠭ᠄ 2013 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ