ᠬᠠᠳᠠᠭ ᠤᠨ ᠢᠷᠦᠭᠡᠯ
᠊᠊᠊᠊᠊᠊᠊᠊᠊᠊᠊᠊᠊᠊᠊ ᠣᠴᠠᠷᠠᠨ ᠵᠤᠯᠭᠠᠬᠤ ᠶᠢᠨ ᠳᠡᠭᠡᠳᠤ ᠪᠠᠯᠡᠭ᠌

ᠠᠷᠢᠭᠤᠨ ᠴᠠᠭᠠᠨ ᠊ᠭ᠍ᠭᠢᠪ ᠬᠠᠳᠠᠭ

ᠠᠢ᠌ᠷᠠᠭ ᠰᠦ᠋ ᠶᠢᠨ ᠳᠡᠭᠡᠵᠢ᠂

ᠠᠮᠪᠠᠨ ᠴᠠᠭᠠᠨ ᠬᠤᠨᠢ

ᠠᠰᠢᠳᠠ ᠶᠢᠨ ᠭᠤᠷᠪᠠᠨ ᠪᠠᠯᠡᠭ᠌᠄

ᠡᠵᠡᠨ ᠴᠢᠩᠭᠢᠰ ᠤᠨ ᠦᠷᠠᠰ ᠳᠤ

ᠦᠪ ᠪᠣᠯᠤᠭᠰᠠᠨ ᠬᠠᠳᠠᠭ᠂

ᠡᠷᠡᠯᠭᠡᠭ᠌ ᠮᠤᠩᠭ᠋ᠤᠯᠴᠤᠳ ᠤᠨ ᠭᠠᠷ ᠳᠤ

ᠡᠷᠳᠡᠨᠢ ᠪᠣᠯᠤᠭᠰᠠᠨ ᠬᠠᠳᠠᠭ᠃

ᠡᠵᠢ ᠠᠪᠣ ᠳᠠᠭᠠᠨ ᠣᠴᠠᠷᠠᠬᠤ ᠳ᠋ᠤ

ᠭᠦᠡᠳᠦᠳᠭᠡᠯ ᠪᠣᠯᠤᠭᠰᠠᠨ ᠬᠠᠳᠠᠭ᠂

ᠡᠯᠢᠭᠡᠰᠡᠭ ᠨᠠᠢ᠌ᠵᠢ ᠲᠡᠶ ᠪᠠᠨ ᠵᠤᠯᠭᠠᠬᠤ ᠳ᠋ᠤ

ᠢᠷᠦᠭᠡᠯ ᠪᠣᠯᠤᠭᠰᠠᠨ ᠬᠠᠳᠠᠭ᠃

ᠥᠩᠭᠡ ᠶᠢ ᠨᠢ ᠭᠡᠯᠡᠪᠠᠯ

ᠯᠠᠪᠠᠢ ᠴᠠᠭᠠᠨ ᠬᠠᠰ ᠮᠠᠳᠤ᠂   

ᠥᠡᠴᠦᠭ᠌ ᠢ ᠨᠢ ᠵᠣᠢ᠌ᠷᠯᠠᠪᠠᠯ

ᠳᠡᠨᠢᠭᠡᠷ ᠠᠭᠤᠳᠠᠮ ᠳᠠᠯ᠎ᠠ ᠰᠢᠭ᠃

ᠦᠯᠵᠡᠢ ᠬᠤᠳᠤᠭ ᠣᠷᠤᠰᠢᠨ

ᠳᠡᠭᠦᠰ ᠪᠢᠯᠢᠭ᠌ ᠪᠦᠷᠢᠯᠳᠦᠭ᠍ᠰᠡᠨ᠂

ᠦᠨᠳᠦᠰᠦᠳᠠᠨ ᠤ ᠳᠤᠭ ᠳᠤ

ᠭᠢᠯᠪᠠᠭ᠎ᠠ ᠨᠡᠮᠡᠭ᠍ᠰᠡᠨ ᠬᠠᠳᠠᠭ᠃

ᠰᠠᠳᠤᠨ ᠳᠦᠷᠤᠯ ᠵᠤᠯᠭᠠᠬᠤ ᠳ᠋ᠤ

ᠰᠡᠳᠭᠢᠯ ᠬᠤᠯᠪᠣᠭᠰᠠᠨ ᠬᠠᠳᠠᠭ᠂

ᠰᠠᠯᠵᠤ ᠠᠶᠠᠷᠯᠠᠬᠤ ᠶᠢᠨ ᠦᠶᠡᠰ ᠳᠤ

ᠳᠤᠷᠠᠰᠬᠠᠯ ᠪᠣᠯᠭᠠᠳᠠᠭ ᠬᠠᠳᠠᠭ᠃

ᠰᠠᠠᠨᠠᠭ᠎ᠠ ᠰᠡᠳᠭᠢᠯ ᠤᠨ ᠣᠴᠢᠷ ᠢ

ᠳᠤᠪᠴᠢᠯᠠᠵᠤ ᠠᠬᠤᠭᠤᠯᠤᠭᠰᠠᠨ ᠬᠠᠳᠠᠭ᠂

ᠰᠠᠪᠠ ᠫᠢᠯᠠ ᠶᠢᠨ ᠳᠡᠭᠡᠵᠢᠨ ᠳ᠋ᠤ

ᠴᠢᠮᠡᠭ᠌ ᠪᠣᠯᠤᠭᠰᠠᠨ ᠬᠠᠳᠠᠭ᠃

ᠠᠯᠳᠠ ᠴᠠᠭᠠᠨ ᠬᠠᠳᠠᠭ

ᠠᠷᠢᠭᠤᠨ ᠰᠡᠳᠭᠢᠯ ᠤᠨ ᠪᠠᠯᠡᠭ᠌᠂

ᠣᠴᠠᠷᠠᠨ ᠵᠤᠯᠭᠠᠭᠰᠠᠨ ᠪᠠᠶᠠᠷ ᠢ

ᠠᠭᠤᠰᠭᠢ ᠵᠢᠷᠦᠭᠡᠨ ᠡᠴᠠ ᠪᠠᠨ ᠳᠡᠮᠳᠡᠭᠯᠡᠨ᠎ᠡ᠃

ᠳᠠᠨ ᠤ ᠮᠠᠨ ᠤ ᠵᠤᠯᠭᠠᠯᠳᠠ

ᠡᠩᠭᠡ ᠮᠥᠩᠭᠡ ᠶᠢᠨ ᠳᠤᠷᠠᠰᠤᠯ ᠪᠣᠯᠵᠤ᠂

ᠦᠨᠡᠠᠴᠢ ᠰᠡᠳᠭᠢᠯ ᠤᠨ ᠶᠠᠪᠣᠯᠴᠠᠭ᠎ᠠ

ᠦᠷ᠎ᠡ ᠬᠣᠢ᠌ᠴᠢ ᠳᠤ ᠮᠢᠨᠢ ᠣᠯᠠᠮᠵᠢᠯᠠᠭ ︕


      ᠬᠠᠳᠠᠮᠵᠢ᠄

    1. ᠬᠠᠳᠠᠭ ᠊᠊᠊᠊᠊᠊᠊᠊᠊᠊᠊᠊᠊᠊᠊ ᠲᠦᠪᠡᠳ ᠥᠭᠡ

    2. ᠬᠠᠳᠠᠭ ᠊᠊᠊᠊᠊᠊᠊᠊᠊᠊᠊᠊᠊᠊᠊ ᠲᠦᠪᠡᠳ ᠡᠴᠠ ᠢᠷᠠᠯᠳᠠᠢ ᠪᠣᠯᠪᠠᠴᠤ ᠬᠠᠳᠠᠭ ᠪᠠᠷᠢᠵᠤ ᠮᠡᠡᠳᠦᠴᠢᠯᠡᠳᠡᠭ᠌ ᠨᠢ ᠮᠤᠩᠭ᠋ᠤᠯᠴᠤᠳ ᠤᠨ ᠣᠯᠠᠮᠵᠢᠯᠠᠯᠳᠤ ᠵᠠᠩᠰᠢᠯ᠃

    3. ᠬᠠᠳᠠᠭ ᠊᠊᠊᠊᠊᠊᠊᠊᠊᠊᠊᠊᠊᠊᠊ ᠮᠤᠩᠭ᠋ᠤᠯᠴᠤᠳ ᠪᠠᠯᠡᠭ᠌ ᠪᠠᠷᠢᠬᠤ ᠶᠢ ᠶᠡᠭᠡ ᠡᠷᠭᠢᠮ ᠳᠤ ᠥᠵᠡᠳᠡᠭ᠌᠂   ᠬᠠᠳᠠᠭ ᠶᠢᠡᠨ ᠠᠯᠢᠪᠠ ᠪᠠᠯᠡᠭ᠌ ᠤᠨ ᠳᠡᠷᠢᠭᠦᠨ ᠳᠤ ᠪᠠᠷᠢᠳᠠᠭ᠃ ᠡᠷᠳᠡ ᠣᠵᠢᠭᠤᠷ ᠤᠨ ᠮᠤᠩᠭ᠋ᠤᠯᠴᠤᠳ ᠤᠨ ᠬᠠᠮᠤᠭ ᠤᠨ ᠭᠦᠡᠳᠤ ᠪᠠᠯᠡᠭ᠌ ᠪᠣᠯᠬᠤ 《ᠶ‍ᠢᠰᠤ ᠶ‍ᠢᠰᠤ ᠨᠠᠶᠠᠨ ᠨᠢᠭᠡᠨ ᠤ ᠪᠠᠯᠡᠭ᠌》 ᠲᠤ ᠴᠤ ᠠᠷᠢᠭᠤᠨ ᠴᠠᠭᠠᠨ ᠬᠠᠳᠠᠭ ᠬᠠᠮᠤᠭ ᠳᠡᠭᠡᠳᠤ ᠪᠠᠯᠡᠭ᠌ ᠪᠣᠯᠵᠤ ᠮᠠᠩᠯᠠᠢ ᠳᠡᠭᠡᠵᠢ ᠳᠤ ᠣᠷᠤᠳᠠᠭ᠃

       《ᠡᠷᠳᠡᠨ ᠤ ᠰᠤᠷᠪᠣᠯᠵᠢ ᠪᠢᠴᠢᠭ᠌》 ᠲᠤ ᠦᠵᠡ᠃

      ᠪᠠ᠊ · ᠷᠢᠠᠴᠢᠨ ᠳᠡᠮᠳᠡᠭᠯᠡᠪᠡ᠃

  2012.2.3


ᠵᠤᠬᠢᠶᠠᠭᠴᠢ ᠶᠢᠨ ᠬᠠ‍‌ᠶᠢᠭ ᠄ ᠣᠯᠠᠭᠠᠠᠴᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 3502
ᠴᠠᠭ᠄ 2012 ᠤᠨ ᠤ 02 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ